ᠬᠡᠬᠡᠷ᠎ᠠ ᠶᠢᠨ ᠠᠮᠢᠳᠠᠨ ᠢ ᠠᠪᠤᠷᠠᠨ ᠬᠠᠮᠠᠭᠠᠯᠠᠵᠤ ᠠᠮᠢ ᠠᠬᠤᠢ ᠶᠢᠨ ᠡᠶ᠎ᠡ ᠵᠤᠬᠢᠴᠠᠯ ᠢ ᠠᠬᠢᠭᠤᠯᠤᠶ᠎ᠠ
ᠨᠡᠶᠢᠲᠡᠯᠡᠭᠰᠡᠨ ᠴᠠᠭ᠄
2023/3/29
      3 ᠰᠠᠷ᠎ᠠ ᠶᠢᠨ 27᠎ ᠤ ᠡᠳᠤᠷ᠂ ᠶᠡᠬᠡᠭᠤᠤᠯ ᠰᠤᠮᠤᠨ ᠤ ᠬᠢᠯᠢ ᠶᠢᠨ ᠬᠠᠮᠠᠭᠠᠯᠠᠯᠳᠠ ᠶᠢᠨ ᠲᠤᠮᠢᠯᠠᠭᠰᠡᠨ ᠰᠠᠯᠪᠤᠷᠢ ᠶᠢᠨ ᠴᠠᠭᠳᠠᠭ᠎ᠠ ᠨᠠᠷ ᠡᠳᠤᠷ ᠲᠤᠳᠤᠮ ᠤᠨ ᠴᠠᠭᠳᠠᠯᠳᠠ ᠶᠢᠨ ᠲᠤᠮᠳᠠ ᠪᠠᠨ ᠨᠢᠬᠡᠨ ᠰᠢᠷᠬᠠᠳᠤᠭᠰᠡᠨ ᠬᠤᠵᠢᠭᠢᠷ ᠲᠠᠰ ᠢ ᠠᠪᠤᠷᠠᠵᠠᠢ᠃       ᠬᠤᠵᠢᠬᠢᠷ ᠲᠡᠰ ᠪᠤᠯ ᠲᠤᠮᠤ ᠬᠡᠯᠪᠡᠷᠢ ᠶᠢᠨ ᠮᠢᠬᠠᠴᠢᠨ ᠵᠢᠬᠦᠷᠳᠠᠨ᠂ ᠦᠳᠤ ᠨᠢ ᠭᠤᠤᠯᠳᠠᠭᠤ ᠬᠠᠷ᠎ᠠ ᠬᠦᠷᠠᠩ ᠦᠩᠬᠡᠳᠡᠢ ᠪᠠᠶᠢᠵᠤ ᠮᠦᠬᠦᠬᠦ ᠰᠢᠬᠠᠭᠰᠡᠨ ᠠᠮᠢᠳᠤ ᠪᠤᠳᠠᠰ ᠤᠨ ᠲᠦᠷᠤᠯ ᠳᠤ ᠲᠤᠭᠠᠴᠠᠭᠳᠠᠵᠤ᠂ 2021 ᠤᠨ ᠳᠤ ᠤᠯᠤᠰ ᠤᠨ ᠨᠢᠬᠡᠳᠤᠬᠡᠷ ᠲᠠᠰ ᠤᠨ ᠬᠠᠮᠠᠭᠠᠯᠠᠯᠳᠠ ᠶᠢᠨ ᠠᠮᠢᠳᠠᠨ ᠢᠶᠠᠷ ᠨᠠᠷᠠᠶᠢᠳᠦᠭᠳᠡᠭᠰᠡᠨ ᠶᠤᠮ᠃       ᠡᠨᠡᠬᠦ ᠰᠢᠷᠬᠠᠳᠤᠭᠰᠡᠨ ᠰᠢᠪᠠᠭᠤ ᠪᠤᠯ ᠤᠯᠤᠰ ᠤᠨ ᠨᠢᠬᠡᠳᠤᠬᠡᠷ ᠲᠡᠰ ᠤᠨ ᠬᠠᠮᠠᠭᠠᠯᠠᠯᠳᠠ ᠶᠢᠨ ᠠᠮᠢᠳᠠᠨ ᠪᠤᠯᠬᠤ ᠬᠤᠵᠢᠬᠢᠷ ᠲᠠᠰ ᠪᠤᠯᠤᠨ᠎ᠠ᠃ ᠬᠤᠵᠢᠬᠢᠷ ᠲᠠᠰ ᠤᠨ ᠵᠢᠬᠦᠷ ᠨᠢ ᠰᠢᠷᠬᠠᠳᠤᠵᠤ᠂ ᠨᠢᠬᠡᠨᠳᠡ ᠬᠡᠪ ᠤᠨ ᠪᠠᠶᠢᠳᠠᠯ ᠎ ᠢᠶᠠᠷ ᠨᠢᠰᠴᠤ ᠲᠠᠶᠢᠯᠬᠦ ᠦᠬᠡᠢ ᠪᠤᠯᠤᠭᠰᠡᠨ ᠪᠠᠶᠢᠪᠠ᠃ ᠡᠶᠢᠡᠬᠦ ᠴᠠᠭᠳᠠᠭ᠎ᠠ ᠨᠠᠷ ᠬᠤᠵᠢᠭᠢᠷ ᠲᠠᠰ ᠢ ᠲᠡᠵᠢᠬᠡᠨ ᠲᠡᠩᠬᠡᠷᠡᠬᠦᠯᠦᠭᠰᠡᠨ ᠤ ᠲᠠᠷᠠᠭ᠎ᠠ ᠰᠢᠯᠢᠩᠬᠤᠳᠠ ᠶᠢᠨ ᠬᠡᠬᠡᠷ᠎ᠠ ᠶᠢᠨ ᠠᠮᠢᠳᠠᠨ ᠤ ᠬᠠᠮᠠᠭᠠᠯᠠᠯᠳᠠ ᠶᠢᠨ ᠦᠷᠳᠡᠭᠡ ᠳᠤ ᠬᠦᠷᠬᠡᠵᠤ ᠡᠮᠨᠡᠬᠦᠯᠤᠨ᠂ ᠰᠢᠷᠬ᠎ᠠ ᠨᠢ ᠡᠳᠡᠬᠡᠭᠰᠡᠨ ᠬᠤᠶᠢᠨ᠎ᠠ ᠡᠬᠡ ᠪᠠᠶᠢᠭᠠᠯᠢ ᠳᠤ ᠨᠢ ᠪᠤᠴᠠᠭᠠᠪᠠ᠃      ᠲᠠᠷᠠᠭᠠᠴᠢ ᠶᠢᠨ ᠠᠯᠬᠤᠮ ᠳᠤ᠂ ᠠᠪᠠᠭ᠎ᠠ ᠬᠤᠰᠢᠭᠤᠨ ᠤ ᠲᠤᠳᠤᠭᠠᠳᠤ ᠶᠢ ᠬᠠᠮᠠᠭᠠᠯᠠᠬᠤ ᠲᠤᠪᠴᠢᠶ᠎ᠠ ᠨᠢ ᠤᠷᠴᠢᠨ ᠲᠤᠭᠤᠷᠢᠨ ᠪᠠ ᠬᠡᠬᠡᠷ᠎ᠠ ᠶᠢᠨ ᠠᠮᠢᠳᠠᠨ ᠤᠷᠭᠤᠮᠠᠯ ᠤᠨ ᠬᠠᠮᠠᠭᠠᠯᠠᠯᠳᠠ ᠶᠢᠨ ᠡᠷᠴᠢᠮ ᠢᠶᠠᠨ ᠦᠷᠬᠦᠯᠵᠢᠯᠡᠨ ᠴᠢᠩᠭᠠᠷᠠᠭᠤᠯᠵᠤ᠂ ᠪᠤᠳᠠᠳᠤ ᠠᠵᠢᠯᠯᠠᠭ᠎ᠠ ᠪᠠᠷ ᠢᠶᠠᠨ ᠡᠬᠡ ᠤᠯᠤᠰ ᠤᠨ ᠤᠮᠠᠷᠠᠳᠤ ᠬᠢᠯᠢ ᠶᠢ ᠡᠷᠡᠰ ᠰᠠᠬᠢᠨ ᠬᠠᠮᠠᠭᠠᠯᠠᠬᠤ ᠶᠢᠨ ᠬᠠᠮᠳᠤ ᠬᠠᠷᠢᠶᠠᠳᠤ ᠤᠷᠤᠨ ᠤ ᠤᠯᠠᠨ ᠲᠦᠮᠡᠨ ᠤ ᠬᠡᠬᠡᠷ᠎ᠠ ᠶᠢᠨ ᠠᠮᠢᠳᠠᠨ ᠤᠷᠭᠤᠮᠠᠯ ᠢ ᠬᠠᠮᠠᠭᠠᠯᠠᠬᠤ ᠦᠵᠡᠯ ᠤᠬᠠᠮᠰᠠᠷ ᠢ ᠪᠦᠳᠤᠮᠵᠢᠳᠡᠢ ᠲᠡᠬᠡᠭᠰᠢᠯᠡᠬᠦᠯᠬᠦ ᠪᠤᠯᠤᠨ᠎ᠠ᠃     ︽ᠪᠦᠬᠦᠳᠠ ᠨᠠᠶᠢᠷᠠᠮᠳᠠᠬᠤ ᠲᠤᠮᠳᠠᠳᠤ ᠠᠷᠡᠳ ᠤᠯᠤᠰ ᠤᠨ ᠡᠷᠡᠬᠦᠦ ᠶᠢᠨ ᠬᠠᠤᠯᠢ︾᠎ ᠶᠢᠨ ᠭᠤᠷᠪᠡᠨ ᠵᠠᠭᠤ ᠲᠦᠴᠢᠨ ᠨᠢᠬᠡᠳᠤᠬᠡᠷ ᠵᠦᠢᠯ ᠳᠤ ᠤᠯᠤᠰ ᠤᠨ ᠭᠤᠤᠯᠳᠠᠯᠭ᠎ᠠ ᠲᠠᠢ ᠬᠠᠮᠠᠭᠠᠯᠠᠯᠳᠠ ᠳᠤ ᠪᠠᠶᠢᠭ᠎ᠠ ᠬᠤᠪᠤᠷ ᠨᠠᠡᠳᠢᠨ᠂ ᠮᠦᠬᠦᠬᠦ ᠰᠢᠬᠠᠭᠰᠡᠨ ᠬᠡᠬᠡᠷ᠎ᠠ ᠶᠢᠨ ᠠᠮᠢᠳᠠᠨ ᠢ ᠬᠠᠤᠯᠢ ᠪᠤᠰᠤ ᠪᠠᠷ ᠠᠩᠨᠠᠭᠰᠡᠨ ᠡᠰᠡᠬᠦᠯ᠎ᠠ ᠲᠡᠬᠦᠨ ᠤ ᠦᠢᠯᠡᠳᠬᠦᠨ ᠢ ᠬᠠᠤᠯᠢ ᠪᠤᠰᠤ ᠪᠠᠷ ᠬᠤᠳᠠᠯᠳᠤᠨ ᠠᠪᠤᠭᠰᠡᠨ᠂ ᠵᠦᠬᠡᠬᠡᠪᠤᠷᠢᠯᠡᠭᠰᠡᠨ᠂ ᠬᠤᠳᠠᠯᠳᠤᠭᠰᠡᠨ ᠪᠠᠶᠢᠪᠠᠯ᠂ ᠲᠠᠪᠤᠨ ᠵᠢᠯ ᠠᠴᠠ ᠲᠤᠷᠤᠭᠰᠢ ᠬᠤᠭᠤᠴᠠᠭ᠎ᠠ ᠲᠠᠢ ᠬᠤᠷᠢᠬᠤ ᠪᠤᠶᠤ ᠬᠦᠳᠡᠯᠮᠤᠷᠢ ᠪᠠᠷ ᠦᠬᠡᠷᠡᠴᠢᠯᠡᠬᠦ ᠶᠢᠨ ᠬᠠᠮᠳᠤ ᠵᠤᠭᠤᠰ ᠢᠶᠠᠷ ᠲᠤᠷᠭᠠᠵᠤ ᠰᠢᠢᠳᠬᠡᠨ᠎ᠠ︔ ᠦᠢᠯᠡ ᠠᠵᠢᠯᠯᠭ᠎ᠠ ᠨᠢ ᠬᠦᠡᠳᠤ ᠨᠤᠴᠢᠳᠡᠢ ᠪᠤᠯ ᠲᠠᠪᠤᠨ ᠵᠢᠯ ᠠᠴᠠ ᠲᠡᠬᠡᠭᠰᠢ ᠠᠷᠪᠠᠨ ᠵᠢᠯ ᠠᠴᠠ ᠲᠤᠷᠤᠭᠰᠢ ᠬᠤᠭᠤᠴᠠᠭ᠎ᠠ ᠲᠠᠢ ᠬᠤᠷᠢᠵᠤ ᠵᠤᠭᠤᠰ ᠢᠶᠠᠷ ᠲᠤᠷᠭᠠᠵᠤ ᠰᠢᠢᠳᠬᠡᠨ᠎ᠠ︔ ᠦᠢᠯᠡ ᠠᠵᠢᠯᠯᠠᠭ᠎ᠠ ᠎ ᠨᠢ ᠤᠡᠴᠠᠭᠠᠢ ᠬᠦᠡᠳᠤ ᠨᠤᠴᠢᠳᠡᠢ ᠪᠤᠯ ᠠᠷᠪᠠᠨ ᠵᠢᠯ ᠠᠴᠠ ᠲᠡᠬᠡᠭᠰᠢ ᠬᠤᠭᠤᠴᠠᠭ᠎ᠠ ᠲᠠᠢ ᠬᠤᠷᠢᠵᠤ ᠵᠤᠭᠤᠰ ᠢᠶᠠᠷ ᠲᠤᠷᠭᠠᠬᠤ ᠪᠤᠶᠤ ᠬᠠᠤᠯᠢ ᠶᠤᠰᠤᠭᠠᠷ ᠡᠳ᠋ ᠬᠦᠷᠤᠩᠬᠡ ᠶᠢ ᠨᠢ ᠬᠤᠷᠢᠶᠠᠵᠤ ᠰᠢᠢᠳᠬᠡᠨ᠎ᠠ᠃
 
ᠢᠷᠡᠯᠲᠡ᠄ ᠦᠵᠡᠰᠭᠦᠯᠡᠩᠲᠦ ᠠᠪᠠᠭ᠎ᠠ ᠸᠢᠴᠠᠲ ᠳᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号