12 ᠰᠠᠷ᠎ᠠ ᠶᠢᠨ 24 ᠤ ᠡᠳᠤᠷ᠂ ︽ᠤᠶᠤᠡᠳᠠᠨᠠ︾ ᠤᠷᠠᠯᠢᠭ ᠤᠨ ᠪᠤᠯᠪᠠᠰᠤᠷᠠᠯ ᠤᠨ ᠲᠦᠪ ᠪᠤᠯᠤᠨ ︽ | ᠤᠷᠠᠨ ᠲᠢᠭ︾ ᠪᠦᠵᠢᠭ ᠤᠨ ᠠᠩᠬᠢ ᠵᠢᠴᠢ ︽ᠠᠪᠠᠭ᠎ᠠ MISS︾ ᠮᠤᠳᠧᠯ ᠤᠨ ᠠᠩᠬᠢ ᠠᠴᠠ ᠬᠠᠮᠳᠤᠷᠠᠨ | ᠡᠷᠬᠢᠯᠡᠭᠰᠡᠨ ︽ᠠᠪᠢᠶᠠᠰ ᠢᠶᠠᠨ ᠬᠦᠭᠯᠡᠬᠦᠢ︾ ᠤᠷᠠᠨ ᠰᠠᠶᠢᠬᠠᠨ ᠤ ᠬᠠᠷᠢᠭᠤ ᠮᠠᠳᠡᠬᠦᠯᠤᠯᠳᠠ ᠶᠢᠨ ᠲᠤᠭᠯᠠᠯᠳᠠ ᠨᠢ | ᠬᠤᠰᠢᠭᠤ ᠤᠯᠠᠭᠠᠡᠮᠦ᠋ᠴᠢᠷ ᠤᠨ ᠲᠤᠭᠯᠠᠯᠳᠠ ᠶᠢᠨ ᠲᠢᠩᠬᠢᠮ ᠳᠤ ᠨᠢᠵᠢᠬᠡᠷ ᠰᠠᠶᠢᠬᠠᠨ ᠶᠠᠪᠤᠭᠳᠠᠵᠤ᠂ ᠪᠠᠭᠠᠴᠤᠳ | ᠬᠡᠤᠬᠡᠳ ᠤᠨ ᠨᠢᠬᠡ ᠵᠢᠯ ᠤᠨ ᠤᠷ᠎ᠠ ᠠᠪᠢᠶᠠᠰ ᠤᠨ ᠰᠤᠷᠭᠠᠯᠳᠠ ᠶᠠᠮᠠᠷᠬᠠᠨ ᠪᠤᠯᠤᠭᠰᠡᠨ᠂ ᠠᠪᠢᠶᠠᠰᠯᠢᠭ ᠬᠡᠤᠬᠡᠳ ᠤᠳ | ᠤᠨ ᠡᠵᠡᠮᠰᠢᠭᠰᠡᠨ ᠲᠦᠪᠰᠢᠨ ᠬᠢᠷᠢ ᠪᠠᠶᠢᠭ᠎ᠠ ᠬᠡᠳᠡᠭ ᠢ ᠬᠡᠷ ᠤᠨ ᠠᠬᠠᠮᠠᠳ ᠬᠢᠬᠡᠳ ᠦᠵᠡᠭᠴᠢ ᠲᠦᠮᠡᠨ ᠳᠤ ᠪᠠᠨ | ᠲᠤᠯᠢᠯᠠᠭᠤᠯᠤᠭᠰᠡᠨ ᠪᠠᠶᠢᠨ᠎ᠠ᠃ | ᠲᠤᠭᠯᠠᠯᠳᠠ ᠨᠢ ︽ᠮᠠᠡᠳᠤᠴᠢᠯᠡᠭᠡ︾ ᠬᠡᠬᠦ ᠬᠠᠮᠳᠤ ᠶᠢᠨ ᠪᠦᠵᠢᠭ ᠢᠶᠠᠷ ᠬᠦᠰᠢᠬᠡ ᠪᠠᠨ ᠰᠠᠬᠦᠵᠤ᠂ | ᠶᠠᠳᠤᠭ᠎ᠠ᠂ ᠲᠠᠭᠤᠤ᠂ ᠮᠤᠳᠧᠯ᠂ ᠪᠦᠵᠢᠭ ᠵᠡᠷᠬᠡ ᠤᠯᠠᠨ ᠠᠭᠤᠯᠭ᠎ᠠ ᠶᠢ ᠬᠠᠮᠤᠷᠤᠨ᠂ ᠲᠤᠭᠯᠠᠯᠳᠠ ᠳᠤ | ᠤᠷᠤᠯᠴᠠᠭᠰᠡᠨ ᠨᠠᠶᠠᠭᠠᠳ ᠬᠡᠤᠬᠡᠳ ᠤᠳ ᠦᠪᠠᠷ ᠤᠨ ᠰᠤᠷᠴᠤ ᠡᠵᠡᠮᠰᠢᠭᠰᠡᠨ ᠤᠷ᠎ᠠ ᠠᠪᠢᠶᠠᠰ ᠢᠶᠠᠨ ᠬᠠᠷᠠᠭᠤᠯᠤᠨ᠂ | ᠰᠤᠷᠤᠯᠭ᠎ᠠ ᠶᠢᠨ ᠪᠦᠳᠤᠮᠵᠢ ᠪᠠᠨ ᠬᠠᠷᠢᠭᠤ ᠮᠠᠳᠡᠬᠦᠯᠦᠭᠰᠡᠨ ᠤᠳᠬ᠎ᠠ ᠲᠡᠬᠦᠰ ᠲᠤᠭᠯᠠᠯᠳᠠ ᠪᠤᠯᠵᠤ᠂ ᠦᠵᠡᠭᠴᠢ | ᠤᠯᠠᠨ ᠤ ᠪᠠᠭᠷᠬᠠᠯ ᠲᠠᠭᠠᠰᠢᠶᠠᠯ ᠳᠤ ᠬᠦᠷᠴᠤ ᠠᠯᠠᠭ᠎ᠠ ᠲᠠᠰᠢᠯᠳᠠ ᠶᠢᠨ ᠲᠠᠭᠤᠨ ᠦᠷᠬᠦᠯᠵᠢᠯᠡᠵᠤ ᠪᠠᠶᠢᠯ᠎ᠠ᠃ | ᠲᠤᠰ ᠤᠳᠠᠭᠠᠨ ᠤ ᠬᠠᠷᠢᠭᠤ ᠮᠠᠳᠡᠬᠦᠯᠤᠯᠳᠠ ᠶᠢᠨ ᠲᠤᠭᠯᠠᠯᠳᠠ ᠨᠢ ᠪᠠᠭᠰᠢ ᠶᠢᠨ ᠬᠦᠳᠡᠯᠮᠤᠷᠢ ᠶᠢᠨ ᠬᠠᠷᠢᠭᠤ | ᠂ ᠰᠤᠷᠤᠭᠴᠢᠳ ᠤᠨ ᠠᠪᠢᠶᠠᠰ ᠴᠢᠳᠠᠪᠤᠷᠢ ᠶᠢᠨ ᠡᠵᠡᠮᠰᠢᠯ ᠬᠢᠬᠡᠳ ᠴᠤᠭ ᠵᠢᠪᠬᠤᠭ᠎ᠠ ᠶᠢ ᠬᠠᠷᠠᠭᠤᠯᠵᠤ᠂ | ᠤᠯᠠᠮᠵᠢᠯᠠᠯᠳᠤ ᠪᠠ ᠤᠳᠤ ᠦᠶ᠎ᠠ ᠶᠢᠨ ᠲᠠᠭᠤᠤ ᠤᠷᠠᠯᠢᠭ ᠢ ᠠᠭᠤᠰᠤᠯᠴᠠᠭᠤᠯᠤᠨ᠂ ᠰᠤᠷᠤᠭᠴᠢᠳ ᠤᠨ ᠤᠷ᠎ᠠ | ᠠᠪᠢᠶᠠᠰ ᠲᠤ ᠲᠤᠬᠢᠷᠠᠭᠰᠡᠨ ᠮᠠᠰᠢ ᠦᠪᠡᠷᠮᠢᠴᠠ ᠤᠡᠴᠠᠯᠢᠭ ᠢ ᠪᠦᠷᠢᠳᠤᠬᠦᠯᠦᠭᠰᠡᠨ ᠪᠠᠶᠢᠨ᠎ᠠ᠃ | ᠦᠢᠯᠠᠭᠠᠭᠰᠡᠨ ᠢᠶᠠᠷ᠂ ᠡᠪᠤᠯ ᠤᠨ ᠠᠮᠠᠷᠠᠯᠳᠠ ᠶᠢᠨ ᠬᠤᠭᠤᠴᠠᠭᠠᠨ ᠳᠤ᠂ ︽ᠤᠶᠤᠡᠳᠠᠨᠠ︾ ᠤᠷᠠᠯᠢᠭ ᠤᠨ | ᠪᠤᠯᠪᠠᠰᠤᠷᠠᠯ ᠤᠨ ᠲᠦᠪ ᠠᠴᠠ 10 ᠡᠳᠤᠷ ᠤᠨ ᠬᠤᠭᠤᠴᠠᠭ᠎ᠠ ᠲᠠᠢ ᠤᠷᠳᠤ ᠶᠢᠨ ᠲᠠᠭᠤᠤ ᠪᠤᠯᠤᠨ ᠶᠠᠳᠤᠭ᠎ᠠ ᠶᠢᠨ | ᠠᠩᠬᠢ ᠡᠷᠬᠢᠯᠡᠨ ᠶᠠᠪᠤᠭᠳᠠᠭᠤᠯᠵᠤ᠂ ᠦᠪᠤᠷ ᠮᠤᠩᠭᠤᠯ ᠤᠨ ᠪᠠᠭᠠᠴᠤᠳ ᠬᠡᠤᠬᠡᠳ ᠤᠨ ᠴᠠᠭᠠᠨ ᠰᠠᠷ᠎ᠠ ᠶᠢᠨ | ᠦᠳᠡᠰᠢᠯᠡᠭᠡ ᠳᠤ ᠤᠷᠤᠯᠴᠠᠭᠤᠯᠬᠤ ᠪᠡᠯᠡᠳᠬᠡᠯ ᠠᠵᠢᠯ ᠢᠶᠠᠨ ᠬᠢᠬᠦ ᠪᠠᠷ ᠪᠠᠶᠢᠨ᠎ᠠ᠃ | | |