ᠨᠢᠬᠡ᠂ ᠡᠯᠰᠡᠬᠦ ᠵᠤᠷᠢᠯᠭ᠎ᠠ ᠬᠢᠬᠡᠳ ᠠᠴᠢ ᠬᠤᠯᠪᠤᠭᠳᠠᠯ | ᠠᠪᠠᠭ᠎ᠠ ᠬᠤᠰᠢᠭᠤᠨ ᠤ ︽ᠬᠡᠣᠬᠡᠳ ᠮᠤᠷᠢ ᠬᠤᠶᠡᠷ︾ ᠭᠤᠤᠯ ᠰᠠᠳᠤᠪᠳᠤ ᠰᠤᠶᠤᠯ ᠤᠨ ᠬᠦᠷᠢᠶᠠᠯᠠᠩ ᠪᠤᠯ | ᠠᠪᠠᠭ᠎ᠠ ᠬᠤᠰᠢᠭᠤᠨ ᠤ ︽ᠲᠤᠮᠳᠠᠳᠤ ᠤᠯᠤᠰ ᠤᠨ ᠬᠠᠷ᠎ᠠ ᠠᠳᠤᠭᠤᠨ ᠰᠤᠶᠤᠯ ᠤᠨ ᠦᠯᠤᠬᠡᠢ︾᠂ ︽ᠲᠤᠮᠳᠠᠳᠤ | ᠤᠯᠤᠰ ᠤᠨ ᠴᠡᠭᠡ ᠶᠢᠨ ᠨᠤᠳᠤᠭ︾ ᠤᠨ ᠰᠤᠶᠤᠯ ᠤᠨ ᠠᠭᠤᠯᠬᠤᠨ ᠵᠢᠴᠢ ᠤᠳᠤᠬᠠᠨ ᠤ ᠬᠡᠷ ᠪᠦᠯᠢ ᠶᠢᠨ | ᠵᠢᠭᠤᠯᠴᠢᠯᠡᠯ ᠤᠨ ᠵᠠᠬ᠎ᠠ ᠲᠡᠯᠬᠡᠬᠦᠷ ᠤᠨ ᠠᠯᠤᠰ ᠢᠷᠡᠬᠡᠳᠤᠢ ᠳᠤ ᠲᠦᠰᠢᠭᠯᠡᠵᠤ᠂ ᠮᠠᠨ ᠤ ᠬᠤᠰᠢᠭᠤᠨ ᠤ ᠭᠠᠵᠡᠷ | ᠤᠷᠤᠨ ᠤ ᠤᠡᠴᠠᠯᠢᠭ ᠲᠠᠢ ᠤᠶᠠᠯᠳᠤᠭᠤᠯᠤᠨ᠂ ᠭᠤᠤᠯᠳᠠᠯᠭ᠎ᠠ ᠲᠠᠢ ᠪᠠᠶᠢᠭᠤᠯᠤᠭᠰᠡᠨ ᠬᠡᠷ ᠪᠦᠯᠢ ᠶᠢᠨ ᠵᠢᠭᠤᠯᠴᠢᠯᠡᠯ | ᠪᠠ ᠰᠤᠳᠤᠯᠤᠨ ᠰᠤᠷᠤᠯᠴᠠᠬᠤ ᠵᠢᠭᠤᠯᠴᠢᠯᠡᠯ ᠢ ᠤᠶᠠᠯᠳᠤᠭᠤᠯᠤᠭᠰᠡᠨ ᠵᠢᠭᠤᠯᠴᠢᠯᠡᠯ ᠤᠨ ᠲᠦᠷᠤᠯ ᠵᠥᠢᠯ ᠪᠤᠯᠤᠨ᠎ᠠ᠃ | ᠡᠨᠡᠬᠦ ᠰᠤᠶᠤᠯ ᠤᠨ ᠬᠦᠷᠢᠶᠠᠯᠠᠩ ᠨᠢ ᠭᠤᠤᠯᠳᠠᠭᠤ ᠵᠠᠯᠠᠭᠤᠴᠤᠳ ᠪᠠᠭᠠᠴᠤᠳ ᠬᠢᠬᠡᠳ ᠮᠤᠩᠭᠤᠯ ᠮᠤᠷᠢᠨ ᠤ | ᠲᠤᠭᠤᠷᠢᠨ ᠳᠤ᠂ ᠵᠠᠯᠠᠭᠤᠴᠤᠳ ᠪᠠᠭᠠᠴᠤᠳ ᠤᠨ ᠮᠤᠷᠢᠨ ᠮᠠᠷᠬᠡᠵᠢᠯ ᠤᠨ ᠪᠤᠯᠪᠠᠰᠤᠷᠠᠯ᠂ ᠠᠳᠤᠭᠤᠨ ᠰᠤᠶᠤᠯ ᠢ | ᠦᠢᠯᠠᠭᠠᠭᠤᠯᠬᠤ᠂ ᠮᠢᠨᠤ ᠬᠡᠤᠬᠡᠳ ᠤᠨ ᠨᠠᠭᠠᠳᠤᠮ ᠵᠡᠷᠬᠡ ᠵᠠᠯᠠᠭᠤᠴᠤᠳ ᠪᠠᠭᠠᠴᠤᠳ ᠤᠨ ᠰᠤᠳᠤᠯᠤᠨ ᠰᠤᠷᠤᠯᠴᠠᠬᠤ | ᠵᠢᠭᠤᠯᠴᠢᠯᠡᠯ ᠤᠨ ᠠᠵᠢᠯᠯᠠᠭ᠎ᠠ ᠦᠷᠨᠢᠬᠦᠯᠤᠨ᠎ᠠ᠃ ᠡᠶᠢᠡᠬᠦ᠂ ᠪᠢᠳᠠ ᠴᠢᠩ ᠰᠡᠳᠬᠢᠯ ᠠᠴᠠ ᠪᠠᠨ ᠠᠪᠠᠭ᠎ᠠ ᠬᠤᠰᠢᠭᠤᠨ | ᠤ ︽ᠬᠡᠤᠬᠡᠳ ᠮᠤᠷᠢ ᠬᠤᠶᠡᠷ︾ ᠭᠤᠤᠯ ᠰᠠᠳᠤᠪᠳᠤ ᠰᠤᠶᠤᠯ ᠤᠨ ᠬᠦᠷᠢᠶᠠᠯᠠᠩ ᠤᠨ ᠪᠢᠴᠢᠬᠠᠨ ᠤᠨᠤᠭᠠᠴᠢ ᠡᠯᠰᠡᠵᠤ | ᠂ ᠲᠠᠨᠠᠷ ᠤᠨ ᠢᠳᠡᠪᠬᠢᠯᠡᠨ ᠤᠷᠤᠯᠴᠠᠬᠤ ᠶᠢ ᠪᠠᠶᠠᠷᠯᠠᠨ ᠤᠭᠳᠤᠵᠤ᠂ ᠠᠪᠠᠭ᠎ᠠ ᠬᠤᠰᠢᠭᠤᠨ ᠤ ︽ᠬᠡᠤᠬᠡᠳ ᠮᠤᠷᠢ | ᠬᠤᠶᠡᠷ︾ ᠦᠪᠡᠷᠮᠢᠴᠠ ᠤᠡᠴᠠᠯᠢᠭᠳᠤ ᠵᠢᠭᠤᠯᠴᠢᠯᠡᠯ ᠤᠨ ᠨᠠᠷᠠᠳᠤ ᠲᠡᠮᠳᠡᠭᠳᠤ ᠶᠢ ᠬᠠᠮᠳᠤ ᠪᠠᠷ ᠴᠤᠭᠴᠠᠯᠠᠨ | ᠪᠠᠶᠢᠭᠤᠯᠤᠶ᠎ᠠ᠃ | ᠬᠤᠶᠡᠷ᠂ ᠡᠯᠰᠡᠬᠦ ᠨᠦᠬᠦᠴᠠᠯ | ⒈ ᠨᠠᠰᠤ᠄ 15 ᠨᠠᠰᠤᠨ ᠠᠴᠠ ᠲᠤᠷᠤᠭᠰᠢ | ⒉ ᠬᠦᠢᠰᠤ ᠶᠢᠨ ᠢᠯᠭᠠᠯ᠄ ᠡᠷᠡᠭᠳᠡᠢ ᠡᠮᠡᠭᠳᠡᠢ ᠪᠦᠷ ᠪᠠᠶᠢᠵᠤ ᠪᠤᠯᠤᠨ᠎ᠠ᠃ | ⒊ ᠭᠠᠵᠡᠷ ᠤᠷᠤᠨ ᠤ ᠬᠢᠵᠠᠭᠠᠷᠯᠠᠯ᠄ ᠰᠢᠯᠢ ᠶᠢᠨ ᠭᠤᠤᠯ ᠠᠶᠢᠮᠠᠭ ᠤᠨ ᠡᠷᠤᠬᠡ ᠠᠮᠠ ᠲᠠᠢ ᠮᠦᠷᠳᠡᠬᠡᠨ | ᠪᠠᠶᠢᠩᠭᠤ ᠰᠢᠯᠢ ᠶᠢᠨ ᠭᠤᠤᠯ ᠠᠶᠢᠮᠠᠭ ᠲᠤ ᠰᠠᠭᠤᠳᠠᠭ ᠪᠢᠴᠢᠬᠠᠨ ᠤᠨᠤᠭᠠᠴᠢ ᠪᠠᠶᠢᠬᠤ ᠬᠡᠷᠡᠭᠳᠡᠢ᠃ | ⒋ ᠡᠯᠰᠡᠬᠦ ᠤᠷᠤᠨ ᠲᠤᠭ᠎ᠠ᠄ 3 ᠡᠷᠡᠭᠳᠡᠢ᠂3 ᠡᠮᠡᠭᠳᠡᠢ | ⒌ ᠮᠤᠷᠢ ᠤᠨᠤᠭᠰᠡᠨ ᠲᠤᠷᠰᠢᠯᠭ᠎ᠠ ᠲᠠᠢ᠂ ᠬᠡᠷ ᠲᠤ ᠪᠠᠨ ᠤᠨᠤᠭᠠᠷᠠᠢ ᠶᠢᠨ ᠮᠤᠷᠢ ᠲᠠᠢ᠂ ᠢᠯᠠᠩᠭᠤᠶ᠎ᠠ | ᠬᠠᠷ᠎ᠠ ᠮᠤᠷᠢ ᠲᠠᠢ ᠬᠦᠮᠤᠰ ᠢ ᠤᠷᠢᠳ ᠢᠶᠠᠷ ᠪᠤᠳᠤᠯᠬᠢᠯᠠᠨ᠎ᠠ᠃ | ⒍ ᠮᠤᠷᠢᠨ ᠮᠠᠷᠬᠡᠵᠢᠯ᠂ ᠮᠤᠩᠭᠤᠯ ᠮᠤᠷᠢᠨ ᠤ ᠤᠷᠤᠯᠳᠤᠭᠠᠨ ᠵᠢᠴᠢ ᠪᠤᠰᠤᠳ ᠬᠠᠮᠢᠶ᠎ᠠ ᠪᠦᠬᠦᠢ ᠮᠤᠷᠢᠨ | ᠮᠠᠷᠬᠡᠵᠢᠯ ᠤᠨ ᠤᠷᠤᠯᠳᠤᠭᠠᠨ ᠳᠤ ᠤᠷᠤᠯᠴᠠᠵᠤ ᠦᠩᠬᠡᠷᠡᠭᠰᠡᠨ ᠪᠦᠬᠡᠳ ᠰᠢᠯᠢᠳᠡᠭ ᠬᠢᠷᠢ ᠪᠦᠳᠤᠮᠵᠢ ᠤᠯᠤᠭᠰᠡᠳ ᠢ | ᠤᠷᠢᠳ ᠢᠶᠠᠷ ᠪᠤᠳᠤᠯᠬᠢᠯᠠᠨ᠎ᠠ᠃ | ⒎ ᠲᠤᠤᠷᠡᠬᠢ ᠨᠦᠬᠦᠴᠠᠯ ᠳᠤ ᠨᠠᠶᠢᠴᠡᠭᠰᠡᠳ ᠪᠠᠰᠠ ᠨᠠᠷᠠ ᠮᠠᠳᠡᠬᠦᠯᠵᠤ ᠪᠤᠯᠤᠨ᠎ᠠ᠃ ᠲᠦᠷᠢ ᠲᠦᠷᠬᠦ ᠨᠢ | ᠰᠠᠶᠢᠨ᠂ ᠴᠤᠭ ᠵᠢᠪᠬᠤᠭᠠᠯᠢᠭ᠂ ᠲᠠᠭᠤᠯᠠᠵᠤ ᠪᠦᠵᠢᠭᠯᠡᠬᠦ ᠳᠤ ᠪᠠᠨ ᠠᠪᠢᠶᠠᠰ ᠲᠠᠢ᠂ ᠪᠤᠰᠤᠳ ᠤᠷ᠎ᠠ ᠠᠪᠢᠶᠠᠰ ᠲᠠᠢ | ᠬᠦᠮᠤᠰ ᠲᠤ ᠨᠠᠮᠠᠯᠳᠠ ᠬᠤᠪᠢ ᠤᠯᠭᠤᠨ᠎ᠠ᠃ | ᠭᠤᠷᠪᠡ᠂ ᠨᠠᠷᠠ ᠮᠡᠳᠡᠬᠦᠯᠬᠦ ᠠᠷᠭ᠎ᠠ | ⑴ ᠠᠩᠬᠠᠨ ᠤ ᠰᠢᠯᠭᠠᠷᠠᠭᠤᠯᠤᠯᠳᠠ᠄ ᠰᠦᠯᠵᠢᠶᠠᠨ ᠲᠡᠬᠡᠷ᠎ᠠ ᠨᠠᠷᠠ ᠮᠡᠳᠡᠬᠦᠯᠬᠦ ᠠᠷᠭ᠎ᠠ ᠪᠠᠷ ᠠᠯᠪᠠᠨ ᠤ | ᠲᠠᠯ᠎ᠠ ᠶᠢᠨ ᠨᠠᠷᠠ ᠮᠡᠳᠡᠬᠦᠯᠬᠦ ᠬᠦᠰᠤᠨᠦᠭᠳᠤ ᠶᠢ ᠲᠠᠭᠯᠠᠬᠤ ᠶᠢᠨ ᠬᠠᠮᠳᠤ ᠤᠬᠤᠷ ᠸᠢᠳᠢᠤ᠋ ᠪᠢᠴᠢᠯᠬᠡ ᠲᠠᠭᠠᠯᠳᠤᠭᠤᠯᠤᠨ᠂ | abgqjz123@163.com ᠤᠨ ᠢᠮᠧᠯ ᠳᠤ ᠢᠯᠡᠬᠡᠨᠠ᠃ ᠬᠠᠷᠢᠯᠴᠠᠬᠤ ᠤᠳᠠᠰᠤ᠄ | 15004796037᠃ ᠠᠩᠬᠠᠨ ᠤ ᠰᠢᠯᠭᠠᠷᠠᠭᠤᠯᠤᠯᠳᠠ ᠪᠠᠷ 10 ᠡᠷᠡᠭᠳᠡᠢ᠂ 10 ᠡᠮᠡᠭᠳᠡᠢ ᠰᠢᠯᠭᠠᠷᠠᠭᠤᠯᠤᠨ᠎ᠠ᠃ | ⑵ᠲᠡᠬᠢᠨ ᠰᠢᠯᠭᠠᠷᠠᠭᠤᠯᠤᠯᠳᠠ᠄ ᠠᠩᠬᠠᠨ ᠤ ᠰᠢᠯᠭᠠᠷᠠᠭᠤᠯᠤᠯᠳᠠ ᠪᠠᠷ ᠰᠢᠯᠭᠠᠷᠠᠭᠰᠡᠳ ᠢ ᠠᠪᠠᠭ᠎ᠠ | ᠬᠤᠰᠢᠭᠤᠨ ᠤ ︽ᠬᠡᠤᠬᠡᠳ ᠮᠤᠷᠢ ᠬᠤᠶᠡᠷ︾ ᠭᠤᠤᠯ ᠰᠠᠳᠤᠪᠳᠤ ᠰᠤᠶᠤᠯ ᠤᠨ ᠬᠦᠷᠢᠶᠠᠯᠠᠩ ᠳᠤ ᠮᠤᠷᠢ | ᠤᠨᠤᠭᠤᠯᠬᠤ᠂ ᠤᠷ᠎ᠠ ᠴᠢᠳᠠᠪᠤᠷᠢ ᠶᠢᠨ ᠦᠵᠡᠬᠦᠯᠬᠡ ᠭᠠᠷᠭᠠᠬᠤ ᠠᠭᠤᠯᠭ᠎ᠠ ᠪᠠᠷ ᠲᠡᠬᠢᠨ ᠰᠢᠯᠭᠠᠷᠠᠭᠤᠯᠤᠨ᠎ᠠ᠃ | ᠲᠦᠷᠪᠡ᠂ ᠡᠯᠰᠡᠬᠦ ᠴᠠᠭ | ⒈ ᠨᠠᠷᠠ ᠮᠡᠳᠡᠬᠦᠯᠬᠦ ᠴᠠᠭ᠄ 2023 ᠤᠨ ᠤ 12 ᠰᠠᠷ᠎ᠠ ᠶᠢᠨ 15 ᠤ ᠡᠳᠤᠷ ᠠᠴᠠ 20 ᠤ ᠡᠳᠤᠷ | ᠪᠤᠯᠳᠠᠯ᠎ᠠ | ⒉ ᠠᠩᠬᠠᠨ ᠤ ᠰᠢᠯᠭᠠᠷᠠᠭᠤᠯᠤᠯᠳᠠ ᠶᠢᠨ ᠦᠷ᠎ᠠ ᠳ᠋ᠦᠡᠭ ᠢ ᠨᠠᠶᠢᠳᠠᠯᠡᠬᠦ ᠴᠠᠭ᠄ 2023 ᠤᠨ ᠤ 12 | ᠰᠠᠷ᠎ᠠ ᠶᠢᠨ 21 ᠤ ᠡᠳᠤᠷ | ⒊ ᠲᠡᠬᠢᠨ ᠰᠢᠯᠭᠠᠷᠠᠭᠤᠯᠬᠤ ᠴᠠᠭ᠄ 2023 ᠤᠨ ᠤ 12 ᠰᠠᠷ᠎ᠠ ᠶᠢᠨ 22 ᠤᠨ ᠡᠳᠤᠷ ᠠᠴᠠ 26 ᠤ | ᠡᠳᠤᠷ ᠪᠤᠯᠳᠠᠯ᠎ᠠ | ⒋ ᠲᠡᠬᠢᠨ ᠰᠢᠯᠭᠠᠷᠠᠭᠤᠯᠤᠯᠳᠠ ᠶᠢᠨ ᠦᠷ᠎ᠠ ᠳ᠋ᠦᠡᠭ ᠢ ᠨᠠᠶᠢᠳᠠᠯᠡᠬᠦ ᠴᠠᠭ 2023 ᠤᠨ ᠤ 12 ᠰᠠᠷ᠎ᠠ | ᠶᠢᠨ 27 ᠤ ᠡᠳᠤᠷ | ᠲᠠᠪᠤ᠂ ︽ᠬᠡᠤᠬᠡᠳ ᠮᠤᠷᠢ ᠬᠤᠶᠡᠷ︾ ᠭᠤᠤᠯ ᠰᠠᠳᠤᠪᠳᠤ ᠰᠤᠶᠤᠯ ᠤᠨ ᠬᠦᠷᠢᠶᠠᠯᠠᠩ ᠤᠨ ᠪᠢᠴᠢᠬᠠᠨ | ᠤᠨᠤᠭᠠᠴᠢᠳ ᠤᠨ ᠬᠤᠶᠢᠰᠢᠳᠠ ᠶᠢᠨ ᠬᠦᠭᠵᠢᠯᠳᠠ | ⑴ ᠠᠮᠵᠢᠯᠳᠠ ᠲᠠᠢ ᠪᠠᠷ ᠡᠯᠰᠡᠭᠳᠡᠭᠰᠡᠨ ᠤᠨᠤᠭᠠᠴᠢᠳ ᠨᠢ ᠠᠪᠠᠭ᠎ᠠ ᠬᠤᠰᠢᠭᠤᠨ ᠤ ︽ᠬᠡᠤᠬᠡᠳ ᠮᠤᠷᠢ | ᠬᠤᠶᠡᠷ︾ ᠭᠤᠤᠯ ᠰᠠᠳᠤᠪᠳᠤ ᠰᠤᠶᠤᠯ ᠤᠨ ᠬᠦᠷᠢᠶᠠᠯᠠᠩ ᠤᠨ ᠠᠩᠬᠠᠨ ᠤ ᠪᠦᠯᠦᠭ ᠪᠢᠴᠢᠬᠠᠨ ᠤᠨᠤᠭᠠᠴᠢ ᠪᠤᠯᠤᠨ᠎ᠠ᠃ | ︽ᠬᠡᠤᠬᠡᠳ ᠮᠤᠷᠢ ᠬᠤᠶᠡᠷ︾ ᠭᠤᠤᠯ ᠰᠠᠳᠤᠪᠳᠤ ᠰᠤᠶᠤᠯ ᠤᠨ ᠬᠦᠷᠢᠶᠠᠯᠠᠩ ᠢ ᠠᠰᠢᠭᠯᠠᠯᠳᠠ ᠳᠤ | ᠤᠷᠤᠭᠤᠯᠤᠭᠰᠡᠨ ᠤ ᠲᠠᠷᠠᠭ᠎ᠠ᠂ ᠨᠢᠬᠡ ᠵᠢᠯ ᠤᠨ ᠬᠤᠭᠤᠴᠠᠭ᠎ᠠ ᠲᠠᠢ ᠰᠦᠢᠳᠬᠡᠯ ᠬᠤᠷᠢᠶᠠᠬᠤ ᠦᠬᠡᠢ ᠪᠠᠷ ᠮᠤᠷᠢᠨ | ᠮᠠᠷᠬᠡᠵᠢᠯ ᠤᠨ ᠪᠤᠯᠪᠠᠰᠤᠷᠠᠯ ᠬᠦᠷᠳᠡᠬᠡᠨ᠎ᠠ᠂ ᠡᠨ᠋ᠨ ᠬᠤᠭᠤᠴᠠᠭᠠᠨ ᠳᠤ ᠪᠢᠴᠢᠬᠠᠨ ᠤᠨᠤᠭᠠᠴᠢᠳ ᠲᠤ ᠨᠢᠬᠡᠳᠤᠯᠳᠡᠢ | ᠬᠤᠪᠴᠠᠰᠤ ᠵᠠᠰᠠᠯ ᠬᠠᠩᠭᠠᠬᠤ ᠶᠢᠨ ᠬᠠᠮᠳᠤ᠂ ᠬᠡᠤᠬᠡᠳ ᠨᠢᠬᠡᠪᠤᠷᠢ ᠳᠤ ᠲᠤᠰᠪᠤᠷᠢ ᠨᠢᠬᠡ ᠲᠠᠰᠤᠯᠭ᠎ᠠ ᠮᠤᠷᠢᠨ ᠬᠠᠰᠢᠶ᠎ᠠ | ᠬᠠᠩᠭᠠᠵᠤ᠂ ᠡᠳᠤᠷ ᠲᠤᠳᠤᠮ ᠤᠨ ᠮᠤᠷᠢ ᠤᠶᠠᠵᠤ ᠠᠷᠠᠴᠢᠯᠠᠬᠤ ᠳᠤ ᠬᠡᠷᠡᠭᠯᠡᠬᠦᠯᠬᠦ ᠪᠤᠯᠤᠨ᠎ᠠ᠃ | ⑵ ᠠᠪᠠᠭ᠎ᠠ ᠬᠤᠰᠢᠭᠤᠨ ᠤ ᠠᠯᠳᠠᠨ ᠤᠷᠳᠤᠨ ᠰᠤᠶᠤᠯ ᠵᠢᠭᠤᠯᠴᠢᠯᠠᠯ ᠤᠨ ᠬᠦᠭᠵᠢᠬᠦᠯᠤᠯᠳᠠ ᠶᠢᠨ | ᠬᠢᠵᠠᠭᠠᠷᠳᠤ ᠺᠤᠮᠫᠠᠨᠢ ᠲᠠᠢ ᠨᠢᠬᠡ ᠵᠢᠯ ᠤᠨ ᠬᠠᠮᠳᠤᠷᠠᠯᠴᠠᠭᠠᠨ ᠤ ᠬᠡᠯᠡᠯᠴᠡᠬᠡᠷ ᠲᠤᠭᠳᠠᠵᠤ᠂ ᠬᠦᠮᠤᠨ ᠪᠤᠯᠭᠠᠨ ᠳᠤ ᠵᠢᠯ | ᠪᠦᠷᠢ 1 ᠲᠦᠮᠡᠨ ᠲᠦᠬᠦᠷᠢᠭ ᠦᠭᠬᠦᠨ᠎ᠠ᠃ | ⑶ ︽ᠬᠡᠤᠬᠡᠳ ᠮᠤᠷᠢ ᠬᠤᠶᠡᠷ︾ ᠭᠤᠤᠯ ᠰᠠᠳᠤᠪᠳᠤ ᠰᠤᠶᠤᠯ ᠤᠨ ᠬᠦᠷᠢᠶᠠᠯᠠᠩ ᠢ ᠲᠦᠯᠤᠬᠡᠯᠡᠨ ᠡᠯ᠎ᠠ | ᠲᠦᠷᠤᠯ ᠤᠨ ᠤᠷᠤᠯᠳᠤᠭᠠᠨ᠂ ᠪᠤᠯᠪᠠᠰᠤᠷᠠᠯ ᠵᠢᠴᠢ ᠫᠷᠦᠭᠷᠡᠮ ᠦᠢᠯᠡᠳᠬᠦ ᠵᠡᠷᠬᠡ ᠳᠤ ᠤᠷᠤᠯᠴᠠᠵᠤ᠂ ᠢᠳᠠᠵᠤ | ᠤᠤᠭᠤᠬᠤ ᠶᠠᠪᠤᠵᠤ ᠰᠠᠭᠤᠬᠤ᠂ ᠵᠠᠮ ᠤᠨ ᠵᠠᠷᠤᠳᠠᠯ ᠢ ᠠᠪᠠᠭ᠎ᠠ ᠬᠤᠰᠢᠭᠤᠨ ᠤ ᠠᠯᠳᠠᠨ ᠤᠷᠳᠤᠨ ᠰᠤᠶᠤᠯ | ᠵᠢᠭᠤᠯᠴᠢᠯᠠᠯ ᠤᠨ ᠬᠦᠭᠵᠢᠬᠦᠯᠤᠯᠳᠠ ᠶᠢᠨ ᠬᠢᠵᠠᠭᠠᠷᠳᠤ ᠺᠤᠮᠫᠠᠨᠢ ᠠᠴᠠ ᠬᠠᠷᠢᠭᠤᠴᠠᠨ᠎ᠠ᠃ ᠡᠪᠤᠯ ᠵᠤᠨ ᠤ ᠠᠮᠠᠷᠠᠯᠳᠠ | ᠶᠢᠨ ᠬᠤᠭᠤᠴᠠᠭᠠᠨ ᠳᠤ ᠪᠤᠯᠪᠠᠰᠤᠷᠠᠯ ᠬᠠᠩᠭᠠᠨ᠎ᠠ᠃ | ⑷ ᠨᠢᠬᠡ ᠵᠢᠯ ᠤᠨ ᠲᠠᠷᠠᠭ᠎ᠠ ᠰᠤᠷᠤᠯᠭ᠎ᠠ ᠲᠡᠬᠦᠰᠦᠭᠰᠡᠨ ᠤ ᠲᠠᠷᠠᠭᠠᠬᠢ ᠬᠢᠨᠡᠨ ᠰᠢᠯᠭᠠᠷᠠᠭᠤᠯᠤᠯᠳᠠ ᠬᠢᠨ᠎ᠠ᠂ | ᠬᠢᠨᠡᠨ ᠰᠢᠯᠭᠠᠷᠠᠭᠤᠯᠤᠯᠳᠠ ᠶᠢᠨ ᠡᠯ᠎ᠠ ᠵᠥᠢᠯ ᠤᠨ ᠱᠠᠭᠠᠷᠳᠠᠯᠭ᠎ᠠ ᠳᠤ ᠨᠠᠶᠢᠴᠡᠪᠡᠯ᠂ ︽ᠬᠡᠤᠬᠡᠳ ᠮᠤᠷᠢ ᠬᠤᠶᠡᠷ︾ | ᠭᠤᠤᠯ ᠰᠠᠳᠤᠪᠳᠤ ᠰᠤᠶᠤᠯ ᠤᠨ ᠬᠦᠷᠢᠶᠠᠯᠠᠩ ᠤᠨ ᠪᠢᠴᠢᠬᠠᠨ ᠤᠨᠤᠭᠠᠴᠢ ᠪᠠᠷ ᠦᠷᠬᠦᠯᠵᠢᠯᠡᠨ ᠤᠷᠢᠵᠤ ᠬᠡᠷᠡᠭᠯᠡᠨ᠎ᠠ᠂ | ᠬᠢᠨᠡᠨ ᠰᠢᠯᠭᠠᠷᠠᠭᠤᠯᠤᠯᠳᠠ ᠳᠤ ᠬᠢᠷᠢ ᠲᠠᠩᠴᠡᠭᠰᠡᠨ ᠦᠬᠡᠢ ᠬᠦᠮᠤᠰ ᠤᠨ ᠨᠠᠷᠠ ᠶᠢ ᠬᠠᠰᠤᠵᠤ᠂ ᠬᠠᠮᠳᠤᠷᠠᠯᠴᠠᠭ᠎ᠠ ᠪᠠᠨ | ᠲᠠᠭᠤᠰᠬᠠᠨ᠂ ᠰᠤᠶᠤᠯ ᠤᠨ ᠬᠦᠷᠢᠶᠠᠯᠠᠩ ᠤᠨ ᠶᠠᠮᠠᠷᠴᠤ ᠬᠠᠷᠠᠭᠠᠯᠵᠠᠯ ᠢ ᠲᠡᠬᠢᠵᠤ ᠬᠦᠷᠳᠡᠬᠡᠬᠦ ᠦᠬᠡᠢ᠃ | ⑸ ᠪᠢᠴᠢᠬᠠᠨ ᠤᠨᠤᠭᠠᠴᠢᠳ ᠰᠤᠶᠤᠯ ᠤᠨ ᠬᠦᠷᠢᠶᠠᠯᠠᠩ ᠳᠤ ᠪᠠᠶᠢᠬᠤ ᠬᠤᠭᠤᠴᠠᠭᠠᠨ ᠳᠠᠭᠠᠨ ᠲᠤᠤᠷᠡᠬᠢ | ᠠᠵᠢᠯ ᠤᠳ ᠢ ᠬᠠᠮᠵᠢᠯᠴᠠᠨ ᠪᠠᠶᠠᠯᠠᠬᠦᠯᠬᠦ ᠬᠡᠷᠡᠭᠳᠡᠢ᠄ ᠨᠢᠬᠡ ᠳᠤ ᠰᠤᠶᠤᠯ ᠵᠢᠭᠤᠯᠴᠢᠯᠡᠯ ᠤᠨ ᠺᠤᠮᠫᠠᠨᠢ᠂ ᠬᠠᠮ | ᠵᠠᠭᠤᠴᠢᠯᠠᠭᠤᠷ ᠲᠠᠢ ᠬᠠᠮᠵᠢᠯᠴᠠᠨ ᠭᠠᠳᠠᠭᠠᠳᠤ ᠤᠬᠠᠭᠤᠯᠭ᠎ᠠ ᠶᠢᠨ ᠸᠢᠳᠢᠤ᠋ ᠪᠢᠴᠢᠯᠬᠡ ᠰᠠᠬᠦᠳᠡᠷᠯᠡᠨᠠ᠂ ᠡᠬᠦᠨ ᠳᠤ | ᠠᠪᠠᠭ᠎ᠠ ᠬᠤᠰᠢᠭᠤᠨ ᠤ ᠮᠢᠨᠤ ᠬᠡᠤᠬᠡᠳ ᠤᠨ ᠨᠠᠭᠠᠳᠤᠮ ᠤᠨ ᠡᠮᠤᠨᠡᠬᠢ ᠬᠤᠭᠤᠴᠠᠭᠠᠨ ᠤ ᠤᠬᠠᠭᠤᠯᠭ᠎ᠠ᠂ ᠠᠪᠠᠭ᠎ᠠ | ᠬᠤᠰᠢᠭᠤᠨ ᠤ ︽ᠬᠡᠤᠬᠡᠳ ᠮᠤᠷᠢ ᠬᠤᠶᠡᠷ︾ ᠭᠤᠤᠯ ᠰᠠᠳᠤᠪᠳᠤ ᠰᠤᠶᠤᠯ ᠤᠨ ᠬᠦᠷᠢᠶᠠᠯᠠᠩ ᠤᠨ ᠲᠡᠯᠬᠡᠷᠡᠬᠦᠯᠤᠯᠳᠠ | ᠶᠢᠨ ᠤᠬᠠᠭᠤᠯᠭ᠎ᠠ ᠶᠢ ᠪᠠᠭᠳᠠᠭᠠᠨ᠎ᠠ︔ ᠬᠤᠶᠡᠷ ᠲᠤ ᠬᠤᠰᠢᠭᠤ ᠲᠡᠰ ᠤᠨ ᠰᠤᠶᠤᠯ ᠵᠢᠭᠤᠯᠴᠢᠯᠡᠯ ᠤᠨ ᠰᠠᠯᠠᠭ᠎ᠠ | ᠮᠦᠴᠢᠷ᠂ ᠵᠢᠭᠤᠯᠴᠢᠯᠡᠯ ᠤᠨ ᠺᠤᠮᠫᠠᠨᠢ ᠲᠠᠢ ᠬᠠᠮᠵᠢᠯᠴᠠᠨ ᠬᠤᠰᠢᠭᠤ ᠲᠠᠰ᠂ ᠠᠶᠢᠮᠠᠭ ᠤᠨ ᠲᠡᠰ ᠤᠨ ᠠᠵᠢᠯᠯᠠᠭ᠎ᠠ | ᠵᠠᠷᠬᠡ ᠭᠤᠤᠯᠳᠠᠯᠭ᠎ᠠ ᠲᠠᠢ ᠰᠤᠶᠤᠯ ᠵᠢᠭᠤᠯᠴᠢᠯᠡᠯ ᠤᠨ ᠠᠵᠢᠯᠯᠠᠭ᠎ᠠ ᠳᠤ ᠤᠷᠤᠯᠴᠠᠨ᠎ᠠ︔ ᠭᠤᠷᠪᠡ ᠳᠤ ᠠᠪᠠᠭ᠎ᠠ | ᠬᠤᠰᠢᠭᠤᠨ ᠤ ᠰᠤᠶᠤᠯ ᠲᠠᠮᠢᠷ ᠵᠢᠭᠤᠯᠴᠢᠯᠡᠯ ᠷᠡᠳᠢᠤ᠋ ᠲᠧᠯᠸᠢᠰ ᠲᠤᠪᠴᠢᠶᠠᠨ ᠤ ᠠᠵᠢᠯ ᠲᠠᠢ ᠢᠳᠡᠪᠬᠢᠳᠡᠢ | ᠬᠠᠮᠵᠢᠯᠴᠠᠨ᠎ᠠ᠃ | ᠲᠤᠤᠷᠡᠬᠢ ᠵᠥᠢᠯ ᠢ ᠠᠮᠠᠯᠠᠶ᠎ᠠ᠄⑴ ᠬᠡᠤᠬᠡᠳ ᠤᠨ ᠬᠢᠴᠢᠶᠠᠯ ᠰᠤᠷᠤᠯᠭ᠎ᠠ ᠶᠢᠨ ᠴᠠᠭ ᠢ ᠠᠯᠢ ᠴᠢᠳᠠᠬᠤ ᠪᠠᠷ | ᠡᠵᠡᠯᠡᠬᠦ ᠦᠬᠡᠢ᠃⑵ ᠪᠢᠴᠢᠬᠠᠨ ᠤᠨᠤᠭᠠᠴᠢᠳ ᠵᠢᠴᠢ ᠮᠤᠷᠢᠨ ᠳᠤ ᠬᠡᠨᠡᠳᠳᠡ ᠶᠢᠨ ᠠᠳᠡᠯ ᠤᠨ ᠲᠠᠭᠠᠳᠬᠠᠯ | ᠲᠤᠰᠢᠶᠠᠵᠤ ᠦᠭᠬᠦᠨ᠎ᠠ᠃⑶ ᠠᠵᠢᠯᠯᠠᠭ᠎ᠠ ᠶᠢᠨ ᠬᠤᠭᠤᠴᠠᠭᠠᠨ ᠳᠠᠬᠢ ᠢᠳᠠᠵᠤ ᠤᠤᠭᠤᠬᠤ ᠬᠤᠨᠤᠵᠤ ᠬᠡᠪᠳᠡᠬᠦ᠂ ᠵᠠᠮ | ᠤᠨ ᠵᠠᠷᠤᠳᠠᠯ ᠵᠢᠴᠢ ᠡᠪᠡᠰᠤ ᠪᠤᠷᠳᠤᠭ᠎ᠠ ᠵᠠᠷᠬᠡ ᠶᠢᠨ ᠵᠠᠷᠤᠳᠠᠯ ᠢ ᠬᠠᠷᠢᠭᠤᠴᠠᠨ᠎ᠠ᠃ | ᠵᠢᠷᠭᠤᠭ᠎ᠠ ᠂ ᠰᠢᠯᠭᠠᠷᠠᠭᠤᠯᠤᠯᠳᠠ ᠶᠢ ᠵᠤᠬᠢᠶᠠᠨ ᠪᠠᠶᠢᠭᠤᠯᠬᠤ ᠵᠦᠪᠯᠡᠯ | ᠠᠪᠠᠭ᠎ᠠ ᠬᠤᠰᠢᠭᠤᠨ ᠤ ᠰᠤᠶᠤᠯ ᠲᠠᠮᠢᠷ ᠵᠢᠭᠤᠯᠴᠢᠯᠡᠯ ᠷᠡᠳᠢᠤ᠋ ᠲᠧᠯᠸᠢᠰ ᠲᠤᠪᠴᠢᠶ᠎ᠠ᠂ ᠠᠪᠠᠭ᠎ᠠ ᠬᠤᠰᠢᠭᠤᠨ | ᠤ ᠤᠶᠠᠭᠠᠴᠢᠳ ᠤᠨ ᠨᠠᠶᠢᠬᠡᠮᠯᠢᠭ᠂ ᠠᠪᠠᠭ᠎ᠠ ᠬᠤᠰᠢᠭᠤᠨ ᠤ ᠠᠯᠳᠠᠨ ᠤᠷᠳᠤᠨ ᠰᠤᠶᠤᠯ ᠵᠢᠭᠤᠯᠴᠢᠯᠡᠯ ᠤᠨ | ᠬᠦᠭᠵᠢᠬᠦᠯᠤᠯᠳᠠ ᠶᠢᠨ ᠬᠢᠵᠠᠭᠠᠷᠳᠤ ᠺᠤᠮᠫᠠᠨᠢ᠃ |