ᠮᠧᠲ᠋ᠢᠯ ᠠᠯᠺᠤᠤᠯ ᠤᠨ ᠰᠢᠳᠠᠮᠠᠬᠠᠢ ᠪᠠᠶᠠᠳᠤ ᠬᠡᠷᠡᠭᠯᠡᠬᠦ ᠲᠠᠯᠠᠪᠤᠷ ᠤᠨ ᠠᠩᠬᠠᠷᠬᠤ ᠵᠦᠢᠯ ᠤᠨ ᠲᠤᠬᠠᠢ ᠠᠪᠠᠭ᠎ᠠ ᠬᠤᠰᠢᠭᠤᠨ ᠤ ᠠᠶᠤᠯᠬᠦᠢ ᠦᠢᠯᠡᠳᠪᠤᠷᠢᠯᠡᠯ ᠤᠨ ᠵᠦᠪᠯᠡᠯ ᠤᠨ ᠵᠠᠷᠯᠠᠯ
ᠨᠡᠶᠢᠲᠡᠯᠡᠭᠰᠡᠨ ᠴᠠᠭ᠄
2021/11/17
       ᠰᠢ ᠶᠢᠨ ᠫᠢᠡᠭ ᠶᠠᠷᠤᠩᠬᠡᠢ ᠱᠦᠵᠢ ᠶᠢᠨ ︽ᠠᠷᠡᠳ ᠲᠦᠮᠡᠨ ᠢ ᠲᠡᠬᠡᠳᠤᠯᠡᠨ᠂ ᠠᠮᠢ ᠨᠠᠰᠤ ᠶᠢ ᠲᠡᠬᠡᠳᠤᠯᠡᠬᠦ ︾ ᠴᠢᠬᠤᠯᠠ ᠵᠢᠭᠠᠪᠤᠷᠢ ᠶᠢᠨ ᠵᠤᠷᠢᠭ ᠰᠠᠨᠠᠭ᠎ᠠ ᠶᠢ ᠬᠦᠡᠵᠡᠬᠡᠢ ᠲᠤᠤᠱᠯᠠᠭᠤᠯᠤᠨ᠂ ᠪᠦᠬᠦ ᠠᠷᠡᠳ ᠤᠨ ᠠᠶᠤᠯᠬᠦᠢ ᠦᠢᠯᠡᠳᠪᠤᠷᠢᠯᠡᠯ ᠤᠨ ᠤᠬᠠᠮᠰᠠᠷ ᠢ ᠲᠡᠬᠡᠭᠰᠢᠯᠡᠬᠦᠯᠵᠤ᠂ ᠡᠶ᠎ᠡ ᠵᠤᠬᠢᠴᠠᠯ ᠲᠠᠢ᠂ ᠲᠤᠭᠳᠠᠭᠤᠨ ᠠᠶᠤᠯᠬᠦᠢ ᠦᠢᠯᠡᠳᠪᠤᠷᠢᠯᠡᠯ ᠠᠮᠢᠳᠤᠷᠡᠯ ᠤᠨ ᠤᠷᠴᠢᠨ ᠢ ᠪᠠᠳᠤᠯᠠᠬᠤ ᠶᠢᠨ ᠲᠤᠰᠠᠳᠠ ᠦᠷᠬᠡᠨ ᠤᠯᠠᠨ ᠬᠡᠷᠡᠭᠯᠡᠭᠴᠢᠳ ᠲᠤ ᠲᠤᠤᠷᠡᠬᠢ ᠮᠠᠳᠤ ᠮᠡᠳᠡᠭᠳᠡᠶ᠎ᠠ᠄        ᠨᠢᠬᠡ᠂ ᠮᠧᠲ᠋ᠢᠯ ᠠᠯᠺᠤᠤᠯ ᠤᠨ ᠰᠢᠳᠠᠮᠠᠬᠠᠢ ᠪᠠᠶᠠᠳᠤ ᠶᠢ ᠬᠤᠳᠠᠯᠳᠤᠨ ᠠᠪᠬᠤ ᠠᠮᠤᠷ ᠲᠦᠪᠰᠢᠨ ᠤ ᠱᠠᠭᠠᠷᠳᠠᠯᠭ᠎ᠠ        ︵ᠨᠢᠬᠡ︶ ᠮᠧᠲ᠋ᠢᠯ ᠠᠯᠺᠤᠤᠯ ᠤᠨ ᠰᠢᠳᠠᠮᠠᠬᠠᠢ ᠪᠠᠶᠠᠳᠤ ᠶᠢᠨ ᠴᠢᠨᠡᠷ ᠴᠢᠡᠰᠠᠭ᠎ᠠ᠂ ᠪᠠᠷᠢᠮᠵᠢᠶᠠᠨ ᠤ ᠬᠢᠷᠢ ᠲᠠᠩᠴᠡᠭᠰᠡᠨ ᠦᠨᠡᠮᠯᠡᠯ᠂ ᠰᠢᠯᠭᠠᠨ ᠪᠠᠶᠢᠴᠠᠭᠠᠭᠰᠡᠨ ᠬᠡᠷᠡᠴᠢ᠂ ᠦᠢᠯᠡᠳᠪᠤᠷᠢᠯᠡᠭᠰᠡᠨ ᠡᠳᠤᠷ ᠬᠤᠭᠤᠴᠠᠭ᠎ᠠ ᠵᠡᠷᠬᠡ ᠪᠠᠶᠢᠬᠤ ᠬᠡᠷᠡᠭᠳᠡᠢ᠃        ︵ᠬᠤᠶᠡᠷ︶ ︽ᠠᠶᠤᠯᠳᠡᠢ ᠬᠢᠮᠢ ᠶᠢᠨ ᠪᠤᠳᠠᠰ ᠤᠨ ᠡᠵᠡᠩᠨᠡᠯᠳᠡ ᠶᠢᠨ ᠵᠦᠪᠰᠢᠶᠠᠷᠡᠯ ᠤᠨ ᠦᠨᠡᠮᠯᠡᠯ︾᠎ ᠤᠨ ᠬᠢᠷᠢ ᠬᠡᠮ ᠲᠠᠢ ᠪᠠᠶᠢᠭᠤᠯᠭ᠎ᠠ ᠠᠴᠠ ᠮᠧᠲ᠋ᠢᠯ ᠠᠯᠺᠥᠤᠯ ᠤᠨ ᠰᠢᠳᠠᠮᠠᠬᠠᠢ ᠪᠠᠶᠠᠳᠤ ᠬᠤᠳᠠᠯᠳᠤᠨ ᠠᠪᠤᠪᠠᠯ ᠵᠤᠬᠢᠨ᠎ᠠ᠃        ︵ᠭᠤᠷᠪᠡ︶ ᠮᠧᠲ᠋ᠢᠯ ᠠᠯᠺᠤᠤᠯ ᠤᠨ ᠰᠢᠳᠠᠮᠠᠬᠠᠢ ᠪᠠᠶᠠᠳᠤ ᠶᠢ ᠬᠤᠳᠠᠯᠳᠤᠨ ᠠᠪᠤᠭᠰᠡᠨ ᠴᠠᠭ᠂ ᠬᠤᠳᠠᠯᠳᠤᠨ ᠠᠪᠤᠭᠰᠡᠨ ᠪᠠᠶᠢᠭᠤᠯᠭ᠎ᠠ᠂ ᠬᠤᠳᠠᠯᠳᠤᠨ ᠠᠪᠤᠭᠰᠡᠨ ᠬᠡᠮᠵᠢᠶ᠎ᠠ ᠵᠠᠷᠬᠡ ᠮᠡᠳᠡᠭᠡ ᠵᠠᠩᠬᠢ ᠶᠢᠨ ᠬᠠᠷᠠᠭᠠᠯᠵᠠᠭᠰᠡᠨ ᠲᠠᠩᠰᠠ ᠡᠪᠬᠡᠮᠡᠯ ᠪᠠᠶᠢᠪᠠᠯ ᠵᠤᠬᠢᠨ᠎ᠠ        ᠬᠤᠶᠡᠷ᠂ ᠮᠧᠲ᠋ᠢᠯ ᠠᠯᠺᠤᠤᠯ ᠤᠨ ᠰᠢᠳᠠᠮᠠᠬᠠᠢ ᠪᠠᠶᠠᠳᠤ ᠶᠢ ᠵᠦᠬᠡᠬᠡᠪᠤᠷᠢᠯᠡᠬᠦ ᠠᠮᠤᠷ ᠲᠦᠪᠰᠢᠨ ᠤ ᠱᠠᠭᠠᠷᠳᠠᠯᠭ᠎ᠠ        ︵ᠨᠢᠬᠡ︶ ᠢᠳᠡᠬᠡᠨ ᠤᠮᠳᠠᠭᠠᠨ ᠤ ᠠᠵᠤ ᠠᠬᠤᠶᠢᠯᠡᠯ ᠨᠢ ᠮᠧᠲ᠋ᠢᠯ ᠠᠯᠺᠤᠤᠯ ᠤᠨ ᠰᠢᠳᠠᠮᠠᠬᠠᠢ ᠪᠠᠶᠠᠳᠤ ᠶᠢ ᠲᠤᠷᠡᠪᠡᠷ ᠵᠦᠬᠡᠬᠡᠪᠤᠷᠢᠯᠡᠵᠤ ᠪᠤᠯᠬᠤ ᠦᠬᠡᠢ᠂ ᠡᠷᠬᠡᠪᠰᠢ ᠠᠶᠤᠯᠳᠡᠢ ᠪᠤᠳᠠᠰ ᠵᠦᠬᠡᠬᠡᠪᠤᠷᠢᠯᠡᠬᠦ ᠬᠠᠷᠠᠭᠠᠯᠵᠠᠭᠰᠡᠨ ᠬᠢᠷᠢ ᠬᠡᠮ ᠲᠠᠢ ᠪᠠᠶᠢᠭᠤᠯᠭ᠎ᠠ ᠠᠴᠠ ᠵᠦᠬᠡᠬᠡᠪᠤᠷᠢᠯᠡᠬᠦ ᠬᠡᠷᠡᠭᠳᠡᠢ᠃        ︵ᠬᠤᠶᠡᠷ︶ ᠮᠧᠲ᠋ᠢᠯ ᠠᠯᠺᠤᠤᠯ ᠤᠨ ᠰᠢᠳᠠᠮᠠᠬᠠᠢ ᠪᠠᠶᠠᠳᠤ ᠶᠢ ᠶᠡᠬᠦᠯᠡᠬᠦ ᠦᠶ᠎ᠠ ᠳᠤ ᠠᠮᠤᠷ ᠲᠦᠪᠰᠢᠨ ᠤ ᠬᠠᠮᠢᠶᠠᠷᠤᠯᠳᠠ ᠶᠢᠨ ᠲᠤᠰᠬᠠᠢ ᠠᠵᠢᠯᠳᠠᠨ ᠠᠴᠠ ᠲᠤᠬᠠᠢ ᠶᠢᠨ ᠲᠠᠯᠠᠪᠤᠷ ᠤᠨ ᠬᠢᠨᠠᠯᠳᠠ ᠲᠤᠤᠷ᠎ᠠ ᠶᠠᠪᠤᠭᠳᠠᠭᠤᠯᠤᠨ᠎ᠠ᠃        ︵ᠭᠤᠷᠪᠡ︶ ᠮᠧᠲ᠋ᠢᠯ ᠠᠯᠺᠤᠤᠯ ᠤᠨ ᠰᠢᠳᠠᠮᠠᠬᠠᠢ ᠪᠠᠶᠠᠳᠤ ᠶᠢ ᠶᠡᠬᠦᠯᠡᠬᠦ ᠦᠶ᠎ᠠ ᠳᠤ ᠰᠠᠷᠠᠮᠵᠢᠬᠦᠯᠬᠦ ᠲᠡᠮᠳᠡᠭ ᠲᠠᠯᠪᠢᠵᠤ ᠬᠠᠮᠢᠶ᠎ᠠ ᠦᠬᠡᠢ ᠬᠦᠮᠤᠰ ᠲᠤᠬᠠᠢ ᠶᠢᠨ ᠲᠠᠯᠠᠪᠤᠷ ᠲᠤ ᠤᠷᠤᠵᠤ ᠪᠤᠯᠬᠤ ᠦᠬᠡᠢ᠃        ︵ᠲᠦᠷᠪᠡ︶ ᠮᠧᠲ᠋ᠢᠯ ᠠᠯᠺᠤᠤᠯ ᠤᠨ ᠰᠢᠳᠠᠮᠠᠬᠠᠢ ᠪᠠᠶᠠᠳᠤ ᠶᠢ ᠶᠡᠬᠦᠯᠡᠬᠦ ᠳᠤ ᠲᠤᠬᠠᠢ ᠶᠢᠨ ᠲᠠᠯᠠᠪᠤᠷ ᠤᠨ ᠠᠩᠬᠠᠷᠬᠤ ᠵᠥᠢᠯ᠄       ⒈ ᠪᠠᠶᠠᠨ ᠳᠤ ᠪᠠᠨ ᠭᠠᠯ ᠠᠪᠴᠤ ᠶᠠᠪᠤᠬᠤ ᠶᠢ ᠡᠷᠡᠰ ᠬᠤᠷᠢᠭᠯᠠᠨ᠎ᠠ᠃       ⒉ ᠭᠠᠷ ᠤᠳᠠᠰᠤ ᠵᠠᠷᠬᠡ ᠴᠢᠮᠡᠭᠡ ᠨᠠᠪᠳᠠᠷᠠᠬᠦᠯᠬᠡ ᠶᠢᠨ ᠪᠠᠭᠠᠵᠢ ᠪᠠ ᠡᠯᠧᠺᠲᠷᠤᠨ ᠲᠦᠬᠦᠬᠡᠷᠤᠮᠵᠢ ᠪᠠᠨ ᠬᠠᠭᠠᠵᠤ ᠲᠠᠮᠠᠬᠢ ᠲᠠᠳᠠᠬᠤ ᠶᠢ ᠡᠷᠡᠰ ᠬᠤᠷᠢᠭᠯᠠᠨ᠎ᠠ᠃       ⒊ ᠲᠠᠶᠢᠪᠤᠡᠭ ᠴᠡᠬᠢᠯᠭᠠᠨ ᠡᠬᠦᠰᠬᠡᠬᠦ ᠦᠬᠡᠢ ᠠᠵᠢᠯ ᠤᠨ ᠬᠤᠪᠴᠠᠰᠤ ᠪᠠ ᠬᠠᠳᠠᠭᠠᠰᠤ ᠦᠬᠡᠢ ᠠᠵᠢᠯ ᠤᠨ ᠱᠠᠬᠠᠢ ᠭᠤᠳᠤᠯ ᠡᠮᠤᠰᠤᠨ᠎ᠠ᠃       ⒋ᠲᠡᠷᠬᠡᠨ ᠤ ᠨᠤᠴᠤᠭᠠᠭᠤᠷ ᠢᠶᠠᠨ ᠤᠡᠳᠠᠷᠠᠭᠠᠬᠤ ᠬᠡᠷᠡᠭᠳᠡᠢ᠃ ᠠᠶᠤᠩᠭ᠎ᠠ ᠴᠠᠬᠢᠯᠭᠠᠨ ᠲᠠᠢ ᠴᠠᠭ ᠠᠭᠤᠷ ᠎ ᠤᠨ ᠪᠠᠶᠢᠳᠠᠯ ᠲᠤᠤᠷ᠎ᠠ ᠠᠶᠤᠩᠭ᠎ᠠ ᠴᠠᠬᠢᠯᠭᠠᠨ ᠠᠴᠠ ᠰᠡᠷᠬᠡᠶᠢᠯᠡᠬᠦ᠂ ᠴᠢᠬᠢᠭ ᠨᠤᠶᠢᠳᠠᠨ ᠠᠴᠠ ᠰᠡᠷᠬᠡᠶᠢᠯᠡᠬᠦ ᠪᠦᠳᠤᠮᠵᠢᠳᠡᠢ ᠠᠷᠭ᠎ᠠ ᠬᠡᠮᠵᠢᠶ᠎ᠠ ᠠᠪᠬᠤ ᠶᠢ ᠪᠠᠳᠤᠯᠠᠨ᠎ᠠ᠃       ⒌ ᠮᠧᠲ᠋ᠢᠯ ᠠᠯᠺᠤᠤᠯ᠂ ᠲᠤᠮᠤ ᠰᠠᠪᠠᠯᠠᠬᠤ ᠲᠡᠷᠬᠡ ᠨᠢ ᠮᠠᠲ᠋ᠧᠷᠢᠶᠠᠯ ᠢᠶᠠᠨ ᠶᠡᠬᠦᠯᠡᠬᠦ ᠦᠶ᠎ᠠ ᠳᠤ ᠪᠠᠨ ᠲᠤᠰᠬᠠᠢ ᠬᠡᠷᠡᠭᠯᠡᠬᠡᠨ ᠤ ᠭᠠᠵᠡᠷ ᠵᠠᠯᠭᠠᠬᠤ ᠲᠠᠮᠵᠢᠭᠤᠯᠬᠤ ᠲᠦᠬᠦᠬᠡᠷᠤᠮᠵᠢ ︵ᠤᠷᠢᠶᠠᠯᠳᠠ ᠲᠠᠢ ᠬᠡᠯᠪᠡᠷᠢ︶ ᠬᠡᠷᠡᠭᠯᠡᠵᠤ᠂ ᠬᠠᠪᠴᠢᠭᠤᠷ ᠪᠠ ᠭᠠᠵᠡᠷ ᠵᠠᠯᠭᠠᠬᠤ ᠬᠡᠰᠡᠭ ᠢᠶᠠᠷ ᠰᠠᠪᠠᠯᠠᠬᠤ ᠲᠡᠷᠬᠡ ᠪᠠ ᠶᠠᠬᠦᠯᠡᠬᠦ ᠲᠡᠷᠬᠡᠨ ᠤ ᠲᠦᠬᠦᠬᠡᠷᠤᠮᠵᠢ ᠶᠢ ᠬᠠᠷᠢᠯᠴᠠᠨ ᠵᠠᠯᠭᠠᠨ᠎ᠠ᠃ ᠭᠠᠵᠡᠷ ᠵᠠᠯᠭᠠᠬᠤ ᠲᠦᠬᠦᠬᠡᠷᠤᠮᠵᠢ ᠶᠢ ᠰᠠᠪᠠᠨ ᠤ ᠠᠮᠠᠰᠠᠷ ᠶᠢ ᠨᠡᠬᠡᠬᠡᠬᠦ ᠠᠴᠠ ᠪᠠᠨ ᠡᠮᠤᠨ᠎ᠠ ᠵᠠᠯᠭᠠᠬᠤ ᠬᠡᠷᠡᠭᠳᠡᠢ᠃ ᠶᠡᠬᠦᠯᠡᠬᠦ ᠠᠵᠢᠯ ᠲᠠᠭᠤᠰᠬᠠᠭᠠᠳ 2 ᠮᠢᠨᠦ᠋ᠲ ᠠᠴᠠ ᠲᠡᠬᠡᠭᠰᠢ ᠬᠤᠭᠤᠴᠠᠭ᠎ᠠ ᠲᠠᠢ ᠵᠤᠭᠰᠤᠩᠭᠤᠶᠢᠷᠠᠭᠰᠡᠨ ᠪᠠᠶᠢᠳᠠᠯ ᠳᠤ ᠪᠠᠶᠢᠯᠭᠠᠭᠰᠡᠨ ᠤ ᠲᠠᠷᠠᠭ᠎ᠠ ᠰᠠᠶ᠋ᠢ ᠭᠠᠵᠡᠷ ᠵᠠᠯᠭᠠᠬᠤ ᠲᠦᠬᠦᠬᠡᠷᠤᠮᠵᠢ ᠶᠢ ᠰᠠᠯᠭᠠᠨ᠎ᠠ᠃       ⒍ ᠮᠧᠲ᠋ᠢᠯ ᠠᠯᠺᠤᠤᠯ ᠤᠨ ᠰᠢᠳᠠᠮᠠᠬᠠᠢ ᠪᠠᠶᠠᠳᠤ ᠶᠢ ᠰᠠᠪᠠᠨ ᠳᠤ ᠰᠠᠪᠠᠯᠠᠬᠤ ᠦᠶ᠎ᠠ ᠳᠤ ᠪᠠᠨ ᠶᠠᠬᠦᠯᠡᠬᠦ ᠭᠤᠤᠷᠰᠤ ᠶᠢ ᠰᠠᠪᠠᠨ ᠤ ᠲᠤᠳᠤᠷ᠎ᠠ ᠬᠦᠢᠴᠡᠳ ᠤᠷᠤᠭᠤᠯᠤᠭᠰᠡᠨ ᠪᠠᠶᠢᠬᠤ ᠬᠡᠷᠡᠭᠳᠡᠢ᠃       ⒎ ᠮᠧᠲ᠋ᠢᠯ ᠠᠯᠺᠤᠤᠯ ᠤᠨ ᠰᠢᠳᠠᠮᠠᠬᠠᠢ ᠪᠠᠶᠠᠳᠤ ᠶᠢ ᠰᠠᠪᠠᠯᠠᠬᠤ ᠶᠠᠪᠤᠴᠠ ᠳᠤ ᠯᠠᠪᠠᠷᠡᠬᠦ ᠠᠴᠠ ᠰᠠᠶᠢᠳᠤᠷ ᠰᠡᠷᠬᠡᠶᠢᠯᠡᠬᠦ ᠬᠡᠷᠡᠭᠳᠡᠢ᠃ ᠶᠠᠬᠦᠯᠡᠬᠦ ᠠᠵᠢᠯᠯᠠᠭ᠎ᠠ ᠶᠠᠪᠤᠭᠳᠠᠭᠤᠯᠵᠤ ᠪᠠᠶᠢᠭ᠎ᠠ ᠠᠵᠢᠯᠳᠠᠨ ᠨᠢ ᠲᠤᠬᠠᠢ ᠶᠢᠨ ᠲᠠᠯᠠᠪᠤᠷ ᠎ ᠠᠴᠠ ᠲᠤᠷᠡᠪᠡᠷ ᠶᠠᠪᠤᠵᠤ ᠪᠤᠯᠬᠤ ᠦᠬᠡᠢ︔ ᠲᠠᠮᠵᠢᠭᠤᠯᠬᠤ ᠬᠦᠬᠡᠷᠬᠡ ᠳᠤ ᠠᠦ᠋ᠲ᠋ᠤ᠋ ᠬᠡᠮᠵᠢᠯᠳᠠ ᠶᠢᠨ ᠲᠦᠬᠦᠬᠡᠷᠤᠮᠵᠢ ᠤᠭᠰᠠᠷᠠᠬᠤ ᠪᠤᠶᠤ ᠮᠧᠲ᠋ᠢᠯ ᠠᠯᠺᠤᠤᠯ ᠬᠠᠳᠠᠭᠠᠯᠠᠬᠤ ᠰᠠᠪᠠᠨ ᠳᠤ ᠲᠠᠶᠢᠪᠤᠡᠭ ᠴᠠᠬᠢᠯᠭᠠᠨ ᠢ ᠦᠬᠡᠶᠢᠰᠬᠡᠬᠦ ᠬᠤᠭᠤᠯᠠᠢ ᠤᠭᠰᠠᠷᠠᠵᠤ᠂ ᠶᠡᠬᠦᠯᠡᠬᠦ ᠳᠤ ᠪᠠᠨ ᠰᠠᠪᠠᠯᠠᠬᠤ ᠲᠡᠷᠬᠡ ᠲᠠᠢ ᠬᠤᠯᠪᠤᠨ᠎ᠠ᠃       ᠭᠤᠷᠪᠡ᠂ ᠬᠡᠷᠡᠭᠯᠡᠬᠡᠨ ᠤ ᠱᠠᠭᠠᠷᠳᠠᠯᠭ᠎ᠠ       ︵ᠨᠢᠬᠡ︶ ᠮᠧᠲ᠋ᠢᠯ ᠠᠯᠺᠤᠤᠯ ᠤᠨ ᠰᠢᠳᠠᠮᠠᠬᠠᠢ ᠪᠠᠶᠠᠳᠤ ᠶᠢᠨ ᠶᠠᠷᠤᠩᠬᠡᠢ ᠬᠠᠳᠠᠭᠠᠯᠠᠬᠤ ᠬᠡᠮᠵᠢᠶ᠎ᠠ ᠨᠢ1 ᠪᠤᠰᠤᠭ᠎ᠠ ᠲᠡᠭᠰᠢ ᠲᠦᠷᠪᠡᠯᠵᠢᠨ ᠮᠧᠲᠷ ᠠᠴᠠ ᠬᠡᠳᠤᠷᠡᠵᠤ ᠪᠤᠯᠬᠤ ᠦᠬᠡᠢ᠂ ᠬᠠᠳᠠᠭᠠᠯᠠᠭᠳᠠᠴᠠ ᠶᠢᠨ ᠢᠯᠡᠳᠬᠡᠮᠵᠢ ᠨᠢ 0.9᠎ ᠠᠴᠠ ᠬᠡᠳᠤᠷᠡᠵᠤ ᠪᠤᠯᠬᠤ ᠦᠬᠡᠢ᠃       ︵ᠬᠤᠶᠡᠷ︶ ᠬᠠᠳᠠᠭᠠᠯᠠᠬᠤ ᠲᠠᠰᠤᠯᠭ᠎ᠠ ᠳᠤ ᠬᠠᠭᠤᠷᠠᠢ ᠨᠤᠡᠳᠠᠭᠳᠤ ᠭᠠᠯ ᠤᠡᠳᠠᠷᠠᠭᠠᠬᠤ ᠲᠦᠬᠦᠬᠡᠷᠤᠮᠵᠢ ᠶᠢ 2 ᠪᠤᠶᠤ 2᠎ ᠠᠴᠠ ᠲᠡᠬᠡᠭᠰᠢ ᠶᠢ ᠤᠭᠰᠠᠷᠠᠨ᠎ᠠ᠃       ︵ᠭᠤᠷᠪᠡ︶ ᠬᠠᠳᠠᠭᠠᠯᠠᠬᠤ ᠲᠠᠰᠤᠯᠭ᠎ᠠ ᠳᠤ ᠰᠠᠯᠬᠢ ᠨᠠᠪᠳᠠᠷᠠᠬᠦ ᠶᠢ ᠪᠠᠳᠤᠯᠠᠬᠤ ᠬᠡᠷᠡᠭᠳᠡᠢ᠃       ︵ᠲᠦᠷᠪᠡ︶ ᠬᠠᠳᠠᠭᠠᠯᠠᠬᠤ ᠲᠠᠰᠤᠯᠭᠠᠨ ᠤ ᠢᠯᠠ ᠭᠠᠵᠡᠷ ︽ᠠᠵᠢᠯᠳᠠᠨ ᠠᠴᠠ ᠪᠤᠰᠤᠳ ᠬᠦᠮᠤᠰ ᠲᠤᠷᠡᠪᠡᠷ ᠤᠷᠤᠵᠤ ᠪᠤᠯᠬᠤ ᠦᠬᠡᠢ︾ ᠪᠠ ︽ᠲᠠᠮᠠᠬᠢ ᠲᠠᠳᠠᠬᠤ ᠶᠢ ᠴᠠᠭᠠᠵᠠᠯᠠᠨ᠎ᠠ︾ ᠬᠡᠬᠦ ᠮᠠᠳᠤ ᠶᠢᠨ ᠠᠮᠤᠷ ᠲᠦᠪᠰᠢᠨ ᠤ ᠰᠠᠷᠠᠮᠵᠢᠬᠦᠯᠤᠯ ᠤᠨ ᠵᠠᠷ ᠨᠠᠭᠠᠨ᠎ᠠ᠃       ︵ᠲᠠᠪᠤ︶ ᠬᠠᠯᠠᠭᠤᠨ ᠲᠤᠭᠤᠭᠠᠨ ᠤ ᠬᠤᠭᠤᠯᠠᠨ ᠬᠡᠷ ᠨᠢ ᠴᠠᠬᠢᠯᠭᠠᠨ ᠵᠤᠤᠬ᠎ᠠ᠂ ᠬᠠᠳᠠᠭᠤ ᠪᠠᠶᠠᠳᠤ ᠰᠫᠢᠷᠲ ᠎ ᠶᠢ ᠵᠤᠤᠬ᠎ᠠ ᠬᠡᠷᠡᠭᠯᠡᠵᠤ᠂ ᠮᠧᠲ᠋ᠢᠯ ᠠᠯᠺᠤᠤᠯ ᠤᠨ ᠵᠤᠤᠬ᠎ᠠ ᠵᠡᠷᠬᠡ ᠰᠢᠳᠠᠮᠠᠬᠠᠢ ᠪᠠᠶᠠᠳᠤ ᠬᠡᠷᠡᠭᠯᠡᠬᠦ ᠵᠤᠤᠬ᠎ᠠ ᠬᠡᠷᠡᠭᠯᠡᠵᠤ ᠪᠤᠯᠬᠤ ᠦᠬᠡᠢ᠃       ︵ᠵᠢᠷᠭᠤᠭ᠎ᠠ︶ ᠮᠧᠲ᠋ᠢᠯ ᠠᠯᠺᠤᠤᠯ ᠤᠨ ᠰᠢᠳᠠᠮᠠᠬᠠᠢ ᠪᠠᠶᠠᠳᠤ ᠶᠢ ᠤᠷᠤᠭᠤᠯᠵᠤ ᠭᠠᠷᠭᠠᠬᠤ ᠬᠤᠭᠤᠯᠠᠢ ᠳᠤ ᠨᠡᠬᠡᠯᠡᠬᠡᠢ ᠤᠭᠰᠠᠷᠠᠨ᠎ᠠ᠃ ᠨᠡᠬᠡᠯᠡᠬᠡᠢ ᠵᠠᠯᠭᠠᠬᠤ ᠬᠡᠰᠡᠭ ᠲᠤ ᠯᠠᠪᠠᠷᠡᠬᠦ ᠦᠬᠡᠢ ᠶᠢ ᠪᠠᠳᠤᠯᠠᠬᠤ ᠨᠢᠭᠳᠠ ᠪᠢᠳᠠᠬᠦᠮᠵᠢᠯᠡᠵᠤ ᠲᠠᠶᠢᠯᠬᠦ ᠮᠠᠲ᠋ᠧᠷᠢᠶᠠᠯ ᠢ ᠬᠡᠷᠡᠭᠯᠡᠵᠤ᠂ ᠴᠢᠯᠠᠭᠤ ᠬᠦᠪᠤᠡᠭ ᠢᠶᠠᠷ ᠬᠢᠭᠰᠡᠨ ᠵᠥᠢᠯᠡᠰ ᠢ ᠬᠡᠷᠡᠭᠯᠡᠬᠦ ᠶᠢ ᠴᠠᠭᠠᠵᠠᠯᠠᠨ᠎ᠠ᠃       ︵ᠲᠤᠯᠤᠭ᠎ᠠ︶  ᠰᠢᠳᠠᠮᠠᠬᠠᠢ ᠬᠡᠢ ᠶᠢᠨ ᠦᠳᠬᠡᠴᠠ ᠶᠢ ᠰᠠᠷᠠᠮᠵᠢᠬᠦᠯᠤᠨ ᠮᠡᠳᠡᠬᠦᠯᠬᠦ ᠲᠤᠭᠳᠠᠮᠠᠯ ᠬᠡᠯᠪᠡᠷᠢ ᠶᠢᠨ ᠲᠦᠬᠦᠬᠡᠷᠤᠮᠵᠢ ᠤᠭᠰᠠᠷᠠᠨ᠎ᠠ᠃       ᠲᠦᠷᠪᠡ᠂ ᠠᠮᠤᠷ ᠲᠦᠪᠰᠢᠨ ᠤ ᠬᠠᠮᠢᠶᠠᠷᠤᠯᠳᠠ       ︵ᠨᠢᠬᠡ︶ ᠠᠮᠤᠷ ᠲᠦᠪᠰᠢᠨ ᠤ ᠬᠠᠷᠢᠭᠤᠴᠠᠯᠭ᠎ᠠ ᠶᠢᠨ ᠲᠦᠷᠢᠮ᠂ ᠠᠮᠤᠷ ᠲᠦᠪᠰᠢᠨ ᠤ ᠬᠠᠮᠢᠶᠠᠷᠤᠯᠳᠠ ᠶᠢᠨ ᠲᠦᠷᠢᠮ ᠪᠠ ᠮᠧᠲ᠋ᠢᠯ ᠠᠯᠺᠤᠤᠯ ᠤᠨ ᠰᠢᠳᠠᠮᠠᠬᠠᠢ ᠪᠠᠶᠠᠳᠤ ᠶᠢ ᠬᠡᠷᠡᠭᠯᠡᠬᠦ ᠠᠮᠤᠷ ᠲᠦᠪᠰᠢᠨ ᠤ ᠲᠦᠷᠢᠮᠵᠢᠯ ᠢ ᠲᠤᠭᠳᠠᠭᠠᠨ᠎ᠠ᠃       ︵ᠬᠤᠶᠡᠷ︶ ᠠᠵᠢᠯᠳᠠᠨ ᠤ ᠠᠮᠤᠷ ᠲᠦᠪᠰᠢᠨ ᠤ ᠬᠦᠮᠤᠵᠢᠯ ᠪᠤᠯᠪᠠᠰᠤᠷᠠᠯ ᠢ ᠴᠢᠩᠭᠠᠳᠬᠠᠵᠤ᠂ ᠭᠤᠤᠯᠳᠠᠭᠤ ᠮᠧᠲ᠋ᠢᠯ ᠠᠯᠺᠤᠤᠯ ᠤᠨ ᠰᠢᠳᠠᠮᠠᠬᠠᠢ ᠪᠠᠶᠠᠳᠤ ᠶᠢᠨ ᠠᠶᠤᠯ ᠡᠬᠦᠰᠬᠡᠬᠦ ᠤᠡᠴᠠᠯᠢᠭ᠂ ᠭᠠᠯ ᠤᠨ ᠠᠶᠤᠯ᠂ ᠲᠠᠯᠪᠠᠷᠠᠯᠳᠠ ᠶᠢ ᠰᠡᠷᠬᠡᠶᠢᠯᠡᠬᠦ ᠠᠷᠭ᠎ᠠ ᠬᠡᠮᠵᠢᠶ᠎ᠠ᠂ ᠭᠠᠯ ᠤᠡᠳᠠᠷᠠᠭᠠᠭᠤᠷ ᠤᠨ ᠬᠡᠷᠡᠭᠯᠡᠬᠦ ᠠᠷᠭ᠎ᠠ᠂ ᠭᠠᠯ ᠤᠨ ᠠᠶᠤᠯ ᠠᠴᠠ ᠲᠤᠳᠠᠭᠠᠬᠤ ᠠᠷᠭ᠎ᠠ ᠬᠡᠮᠵᠢᠶ᠎ᠠ ᠪᠠ ᠬᠦᠮᠤᠰ ᠢ ᠵᠤᠬᠢᠶᠠᠨ ᠪᠠᠶᠢᠭᠤᠯᠵᠤ ᠠᠶᠤᠯ ᠠᠴᠠ ᠵᠠᠶᠢᠯᠠᠬᠤ ᠠᠷᠭ᠎ᠠ ᠵᠠᠷᠬᠡ ᠶᠢ ᠰᠤᠷᠤᠯᠴᠠᠭᠤᠯᠤᠨ᠎ᠠ᠃       ︵ᠭᠤᠷᠪᠡ︶ ᠲᠤᠳᠤᠭᠠᠳᠤ ᠳᠤ ᠪᠠᠨ ᠭᠠᠯ ᠬᠡᠷᠡᠭᠯᠡᠬᠦ ᠬᠢᠨᠡᠨ ᠵᠦᠪᠰᠢᠶᠠᠷᠡᠯ ᠤᠨ ᠲᠦᠷᠢᠮ ᠢ ᠴᠢᠩᠭ᠎ᠠ ᠲᠦᠷᠢᠮᠵᠢᠬᠦᠯᠵᠤ᠂ ᠲᠤᠬᠠᠢ ᠲᠠᠯᠠᠪᠠᠢ ᠶᠢᠨ ᠬᠢᠨᠡᠨ ᠬᠠᠮᠢᠶᠠᠷᠤᠯᠳᠠ ᠶᠢᠨ ᠠᠵᠢᠯᠳᠠᠨ ᠪᠠ ᠰᠡᠷᠬᠡᠶᠢᠯᠡᠬᠦ ᠠᠷᠭ᠎ᠠ ᠬᠡᠮᠵᠢᠶ᠎ᠠ ᠎ ᠶᠢ ᠨᠠᠶᠢᠳᠠᠪᠤᠷᠢᠵᠢᠭᠤᠯᠤᠨ᠎ᠠ᠃       ︵ᠲᠦᠷᠪᠡ︶ ᠡᠳᠤᠷ ᠪᠤᠯᠭᠠᠨ ᠭᠠᠯ ᠰᠡᠷᠬᠡᠶᠢᠯᠡᠬᠦ ᠴᠠᠭᠳᠠᠨ ᠪᠠᠶᠢᠴᠠᠭᠠᠯᠳᠠ ᠬᠢᠵᠤ᠂ ᠲᠤᠭᠳᠠᠭᠰᠡᠨ ᠬᠤᠭᠤᠴᠠᠭ᠎ᠠ ᠲᠠᠢ ᠠᠮᠤᠷ ᠲᠦᠪᠰᠢᠨ ᠪᠠᠶᠢᠴᠠᠭᠠᠯᠳᠠ ᠦᠷᠨᠢᠬᠦᠯᠬᠦ ᠶᠢᠨ ᠬᠠᠮᠳᠤ ᠴᠠᠭᠳᠠᠨ ᠪᠠᠶᠢᠴᠠᠭᠠᠯᠳᠠ᠂ ᠪᠠᠶᠢᠴᠠᠭᠠᠯᠳᠠ ᠶᠢᠨ ᠠᠵᠢᠯᠳᠠᠨ᠂ ᠠᠭᠤᠯᠭ᠎ᠠ᠂ ᠪᠠᠶᠢᠷᠢᠰᠢᠯ ᠪᠠ ᠲᠠᠪᠳᠠᠮᠵᠢ ᠶᠢ ᠲᠤᠭᠳᠠᠭᠠᠨ᠎ᠠ᠃       ︵ᠲᠠᠪᠤ︶ ᠭᠠᠯ ᠤᠨ ᠠᠶᠤᠯ ᠢ ᠪᠠᠴᠢᠮ ᠠᠷᠭᠠᠴᠠᠭᠠᠵᠤ ᠠᠪᠤᠷᠠᠨ ᠲᠤᠰᠠᠯᠠᠯᠳᠠ ᠬᠢᠬᠦ ᠲᠦᠰᠤᠯ ᠢ ᠵᠤᠬᠢᠶᠠᠨ ᠪᠠᠶᠢᠭᠤᠯᠵᠤ ᠲᠤᠭᠳᠠᠭᠠᠬᠤ ᠶᠢᠨ ᠬᠠᠮᠳᠤ ᠲᠤᠭᠳᠠᠭᠰᠡᠨ ᠬᠤᠭᠤᠴᠠᠭ᠎ᠠ ᠲᠠᠢ ᠰᠤᠷᠢᠯᠳᠠ ᠬᠢᠨ᠎ᠠ᠃              ᠠᠪᠠᠭ᠎ᠠ ᠬᠤᠰᠢᠭᠤᠨ ᠤ ᠠᠶᠤᠯᠬᠦᠢ ᠦᠢᠯᠡᠳᠪᠤᠷᠢᠯᠡᠯ ᠤᠨ ᠵᠦᠪᠯᠡᠯ                   2021 ᠤᠨ ᠤ 6 ᠰᠠᠷ᠎ᠠ ᠶᠢᠨ 25᠎ ᠤ ᠡᠳᠤᠷ
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号