ᠠᠪᠠᠭ᠎ᠠ ᠬᠤᠰᠢᠭᠤ ᠨᠢ ᠡᠬᠡ ᠤᠯᠤᠰ ᠤᠨ ᠤᠮᠠᠷᠠᠲᠤ ᠬᠢᠯᠢ ᠦᠪᠤᠷ ᠮᠤᠩᠭᠤᠯ ᠤᠨ ᠰᠢᠯᠢ ᠶᠢᠨ ᠭᠤᠣᠯ | ᠠᠶᠢᠮᠠᠭ ᠤᠨ ᠲᠠᠯ᠎ᠠ ᠨᠣᠳᠤᠭ ᠤᠨ ᠲᠤᠮᠳᠠ ᠬᠤᠶᠢᠲᠤ ᠪᠡᠶ᠎ᠡ ᠳᠤ ᠪᠠᠶᠢᠷᠢᠯᠠᠵᠤ᠂ ᠮᠤᠩᠭᠤᠯ ᠤᠯᠤᠰ ᠲᠠᠢ ᠬᠢᠯᠢᠯᠠᠵᠦ | ᠪᠠᠶᠢᠭ᠎ᠠ ᠴᠣᠯ ᠮᠠᠯᠵᠢᠬᠤ ᠬᠤᠰᠢᠭᠤ ᠪᠢᠯᠡ᠃ ᠠᠷᠪᠠᠨ ᠲᠤᠯᠤᠳᠤᠭᠠᠷ ᠵᠠᠭᠤᠨ ᠤ ᠲᠤᠮᠲᠠᠴᠢ ᠥᠶ᠎ᠡ ᠪᠠᠷ ᠡᠨᠡ | ᠨᠣᠳᠤᠭ ᠲᠤ ᠨᠡᠭᠦᠳᠡᠯᠯᠡᠨ ᠢᠷᠡᠵᠦ ᠤᠷᠤᠰᠢᠨ ᠰᠠᠭᠤᠭᠰᠠᠨ ᠪᠡᠯᠭᠦᠳᠡᠢ ᠶᠢᠨ ᠬᠤᠶᠢᠴᠢᠰ ᠠᠪᠠᠭᠠᠴᠤᠤᠯ ᠮᠠᠨᠢ ᠥᠶ᠎ᠡ | ᠤᠯᠠᠷᠢᠭᠰᠠᠨ ᠲᠡᠤᠬᠡᠨ ᠴᠠᠭ ᠤᠳ ᠲᠤ᠂ ᠮᠤᠩᠭᠤᠯ ᠵᠠᠩ ᠦᠢᠯᠡ ᠰᠢᠯᠢᠳᠡᠭ ᠰᠤᠶᠤᠯ ᠢᠶᠠᠨ ᠨᠠᠨᠳᠢᠩᠨᠠᠨ ᠬᠠᠳᠠᠭᠠᠯᠠᠵᠤ᠂ | ᠮᠠᠯ ᠠᠵᠤ ᠠᠬᠤᠢ ᠳᠠᠭᠠᠨ ᠲᠥᠰᠢᠭᠯᠡᠨ ᠠᠮᠢᠳᠤᠷᠠᠵᠤ ᠢᠷᠡᠭᠰᠡᠨ ᠶᠤᠮ᠃ ᠡᠨᠡ ᠨᠣᠳᠤᠭ ᠤᠨ ᠠᠳᠤᠭᠤ ᠨᠢ | ᠣᠯᠠᠩᠬᠢ ᠨᠢ ᠬᠠᠷ᠎ᠠ ᠵᠢᠰᠦᠮ ᠤᠨ ᠪᠠᠶᠢᠵᠤ᠂ ᠪᠡᠶ᠎ᠡ ᠪᠢᠯᠳᠠᠷ ᠬᠦᠳᠡᠷ ᠪᠦᠳᠦᠭᠦᠨ᠂ ᠵᠢᠪᠬᠤᠭ᠎ᠠ ᠰᠦᠷᠯᠢᠭ ᠤᠷᠤᠨ | ᠨᠣᠳᠤᠭ ᠤᠨ ᠰᠢᠯᠢᠳᠡᠭ ᠡᠭᠦᠯᠳᠡᠷ ᠪᠣᠯᠬᠤᠷ ᠡᠷᠲᠡ ᠳᠡᠭᠡᠲᠦ ᠶᠢᠨ ᠠᠪᠠᠭ᠎ᠠ ᠶᠢᠨ ᠨᠤᠶᠠᠳ ᠤᠳ ᠠᠵᠢᠨᠠᠢ ᠬᠥᠯᠥᠭ ᠢᠶᠠᠨ | ᠤᠯᠤᠰ ᠬᠦᠷᠦᠨ ᠳᠤ ᠴᠡᠷᠢᠭ ᠤᠨ ᠠᠭᠲᠠ ᠪᠣᠯᠭᠠᠨ ᠬᠦᠷᠭᠡᠵᠦ᠂ ᠭᠠᠳᠠᠭᠠᠳᠤ ᠶᠢ ᠡᠰᠡᠷᠭᠦᠴᠡᠵᠦ᠂ ᠲᠤᠳᠤᠭᠠᠳᠤ ᠪᠠᠨ | ᠲᠥᠪᠰᠢᠳᠭᠡᠬᠦ ᠳᠤ ᠴᠢᠬᠤᠯᠠ ᠦᠢᠯᠡᠳᠦᠯ ᠦᠵᠡᠭᠦᠯᠵᠦ ᠪᠠᠶᠢᠭᠰᠠᠨ ᠲᠠᠤᠬᠡ ᠲᠠᠢ ᠶᠤᠮ᠃ | | 1956 ᠣᠨ ᠳᠤ᠂ ᠠᠪᠠᠭ᠎ᠠ ᠬᠤᠰᠢᠭᠤᠨ ᠤ ᠣᠣᠯ ᠤᠨ ᠪᠣᠭᠳᠠᠠᠭᠤᠯᠠ ᠨᠢᠭᠡᠳᠦᠯ ᠤᠨ ᠰᠠᠶᠢᠬᠠᠨᠳᠦ᠋ᠮᠡᠨ | ᠪᠠᠭ ᠲᠤ ᠡᠷᠦᠬᠡ ᠶᠢᠨ ᠴᠡᠷᠢᠭ ᠤᠨ ︽ᠬᠠᠷ᠎ᠠ ᠮᠤᠷᠢᠳᠤ ᠰᠠᠯᠠᠭ᠎ᠠ︾ ᠪᠠᠶᠢᠭᠤᠯᠤᠭᠳᠠᠵᠤ᠂ 1958 ᠣᠨ ᠳᠤ | ᠰᠠᠶᠢᠬᠠᠶᠢᠳᠦ᠋ᠮᠡᠨ ᠪᠠᠷᠢᠭᠠᠳᠠ ᠶᠢᠨ ᠡᠷᠦᠬᠡ ᠶᠢᠨ ᠴᠡᠷᠢᠭ ᠤᠨ ︽ᠬᠠᠷ᠎ᠠ ᠮᠤᠷᠢᠲᠤ ᠰᠣᠮᠣ︾ ᠪᠣᠯᠪᠠ᠃ 1960 | ᠣᠨ ᠤ ᠬᠠᠪᠤᠷ᠂ ᠰᠠᠶᠢᠬᠠᠨᠳᠦ᠋ᠮᠡᠨ ᠪᠠᠭ ᠤᠨ ᠬᠠᠷ᠎ᠠ ᠮᠤᠷᠢᠲᠤ ᠰᠣᠮᠣᠨ ᠤ ᠰᠠᠭᠤᠷᠢᠨ ᠲᠡᠭᠡᠷ᠎ᠡ᠂ ᠡᠯ᠎ᠡ ᠨᠢᠭᠡᠳᠦᠯ | ᠪᠠᠷᠢᠭᠠᠳᠠ ᠠᠴᠠ ᠬᠠᠯᠠᠭᠳᠠᠭᠰᠠᠳ ᠴᠡᠷᠢᠭ ᠪᠠ ᠰᠢᠯᠢᠳᠡᠭ ᠵᠠᠯᠠᠭᠤᠴᠤᠳ ᠢ ᠰᠢᠯᠢᠨ ᠰᠣᠩᠭᠤᠵᠤ᠂ ︽ᠠᠪᠠᠭ᠎ᠠ | ᠬᠤᠰᠢᠭᠤᠨ ᠤ ᠡᠷᠦᠬᠡ ᠶᠢᠨ ᠴᠡᠷᠢᠭ ᠤᠨ ᠬᠠᠷ᠎ᠠ ᠮᠤᠷᠢᠲᠤ ᠰᠣᠮᠣ︾ ᠶᠢ ᠵᠢᠩᠬᠢᠨᠢ ᠪᠠᠷ ᠪᠠᠶᠢᠭᠤᠯᠵᠤ᠂ ᠪᠣᠷᠣᠬᠦᠦ᠂ | ᠴᠢᠯᠠᠭᠤᠨᠪᠠᠭᠠᠳᠤᠷ ᠢ ᠲᠤᠰ ᠲᠤᠰ ᠰᠣᠮᠣᠨ ᠳᠠᠷᠤᠭ᠎ᠠ ᠵᠢᠭᠠᠨ ᠵᠢᠯᠤᠭᠤᠳᠤᠭᠴᠢ ᠪᠠᠷ ᠲᠤᠮᠢᠯᠠᠵᠠᠢ᠃ ᠡᠭᠦᠨ ᠠᠴᠠ | ᠡᠬᠢᠯᠡᠨ ᠠᠪᠠᠭ᠎ᠠ ᠬᠤᠰᠢᠭᠤᠨ ᠤ ᠡᠷᠦᠬᠡ ᠶᠢᠨ ᠴᠡᠷᠢᠭ ᠤᠨ ᠠᠵᠢᠯ ᠨᠢ ᠵᠢᠩᠬᠢᠨᠢ ᠬᠦᠭᠵᠢᠯᠲᠡ ᠶᠢᠨ ᠵᠠᠮ ᠳᠠᠭᠠᠨ | ᠤᠷᠤᠵᠤ᠂ ᠡᠯ᠎ᠡ ᠨᠢᠭᠡᠳᠦᠯ ᠪᠠᠷᠢᠭᠠᠳᠠ ᠨᠢ ᠡᠷᠦᠬᠡ ᠶᠢᠨ ᠴᠡᠷᠢᠭ ᠤᠨ ᠰᠣᠮᠣ ᠨᠤᠭᠤᠳ ᠢ ᠨᠡᠶᠢᠳᠡᠮ ᠪᠠᠶᠢᠭᠤᠯᠵᠠᠢ᠃ | ᠨᠠᠮ ᠵᠠᠰᠠᠭ ᠤᠨ ᠬᠠᠶᠢᠷ᠎ᠠ ᠬᠠᠯᠠᠮᠵᠢ ᠪᠠᠷ ᠬᠦᠭᠵᠢᠨ ᠪᠤᠵᠠᠭᠠᠶᠢᠷᠠᠭᠰᠠᠨ ︽ᠠᠪᠠᠭ᠎ᠠ ᠬᠠᠷ᠎ᠠ ᠮᠤᠷᠢᠲᠤ ᠰᠣᠮᠣ︾ ᠶᠢᠨ | ᠨᠦᠭᠦᠳ ᠨᠢ ᠤᠷᠭ᠎ᠠ ᠪᠠᠨ ᠪᠠᠷᠢᠪᠠᠯ ᠮᠠᠯᠴᠢᠨ᠂ ᠫᠣᠣ ᠪᠠᠨ ᠡᠭᠦᠷᠪᠡᠯ ᠴᠡᠷᠢᠭ ᠪᠠᠶᠢᠵᠤ᠂ ᠮᠠᠤ ᠲᠡᠷᠢᠭᠦᠯᠡᠭᠴᠢ ᠶᠢᠨ | ᠲᠤᠷᠠᠳᠤᠭᠰᠠᠨ ︽ᠡᠷᠦᠬᠡ ᠶᠢᠨ ᠴᠡᠷᠢᠭ ᠤᠨ ᠳ᠋ᠢᠸᠢᠽᠢ ᠶᠢ ᠶᠡᠬᠡᠪᠡᠷ ᠪᠠᠶᠢᠭᠤᠯᠬᠤ︾ ︽ᠳᠠᠶᠢᠨ ᠳᠤ ᠪᠡᠯᠳᠭᠡᠵᠦ᠂ | ᠭᠠᠴᠢᠭ ᠲᠤ ᠪᠡᠯᠳᠭᠡᠵᠦ᠂ ᠠᠷᠠᠳ ᠲᠥᠮᠡᠨ ᠳᠤ ᠦᠢᠯᠡᠴᠢᠯᠡᠬᠦ︾ ᠭᠡᠰᠡᠨ ᠤᠷᠢᠶᠠᠯᠠᠭ᠎ᠠ ᠬᠢᠭᠡᠳ ᠲᠤᠬᠠᠢ ᠶᠢᠨ | ᠥᠶ᠎ᠡ ᠶᠢᠨ ᠲᠡᠤᠬᠡᠨ ᠨᠦᠬᠦᠴᠡᠯ ᠲᠤᠤᠷ᠎ᠠ ᠬᠢᠯᠢ ᠬᠢᠵᠠᠭᠠᠷ ᠢᠶᠠᠨ ᠬᠠᠮᠠᠭᠠᠯᠠᠨ ᠪᠠᠳᠣᠯᠠᠨ ᠰᠠᠬᠢᠵᠤ᠂ ᠮᠠᠯ ᠠᠵᠤ | ᠠᠬᠤᠢ ᠪᠠᠨ ᠬᠦᠭᠵᠢᠬᠦᠯᠬᠦ ᠪᠠ ᠲᠤᠭᠳᠠᠭᠤᠨ ᠪᠠᠶᠢᠳᠠᠯ ᠢ ᠬᠠᠮᠠᠭᠠᠯᠠᠬᠤ ᠳᠤ ᠲᠤᠲᠠᠭᠳᠠᠵᠤ ᠪᠣᠯᠣᠰᠢ ᠦᠭᠡᠢ | ᠨᠢᠷᠤᠭᠤᠪᠴᠢ ᠬᠦᠴᠦᠨ ᠤ ᠦᠢᠯᠡᠳᠦᠯ ᠢᠶᠠᠨ ᠪᠠᠳᠠᠷᠠᠭᠤᠯᠤᠭᠰᠠᠨ ᠶᠤᠮ᠃ | | ᠲᠤᠰ ᠵᠢᠯ ᠳᠤ ︽ᠠᠪᠠᠭ᠎ᠠ ᠬᠠᠷ᠎ᠠ ᠮᠤᠷᠢᠲᠤ ᠰᠣᠮᠣ︾ ᠶᠢᠨ ᠵᠢᠭᠠᠨ ᠵᠢᠯᠤᠭᠤᠳᠤᠭᠴᠢ ᠴᠢᠯᠠᠭᠤᠨᠪᠠᠭᠠᠳᠤᠷ | ᠨᠦᠬᠦᠷ ᠪᠡᠭᠡᠵᠢᠩ ᠬᠤᠲᠠ ᠳᠤ ᠬᠦᠷᠴᠦ᠂ ᠪᠦᠬᠦ ᠤᠯᠤᠰ ᠤᠨ ᠡᠷᠦᠬᠡ ᠶᠢᠨ ᠴᠡᠷᠢᠭ ᠤᠨ ᠲᠥᠯᠦᠭᠡᠯᠡᠭᠴᠢᠳ ᠤᠨ | ᠬᠤᠷᠠᠯ ᠳᠤ ᠤᠷᠤᠯᠴᠠᠨ᠂ ᠨᠠᠮ ᠲᠦᠷᠦ ᠶᠢᠨ ᠤᠳᠤᠷᠢᠳᠤᠭᠴᠢᠳ ᠲᠠᠢ ᠠᠭᠤᠯᠵᠠᠵᠤ᠂ ᠵᠸᠦ ᠶᠡᠷᠦᠩᠬᠡᠢ ᠰᠠᠶᠢᠳ ᠠᠴᠠ | ᠪᠡᠯᠡᠭᠯᠡᠭᠰᠡᠨ ᠬᠠᠭᠠᠰ ᠠᠦ᠋ᠲ᠋ᠤᠮᠴᠢᠯᠠᠭᠰᠠᠨ ᠶᠠᠪᠠᠭᠠᠨ ᠫᠤᠤ ᠶᠢ ᠭᠠᠷᠳᠠᠪᠠ᠃ | ᠦᠪᠤᠷ ᠮᠤᠩᠭᠤᠯ ᠤᠨ ᠴᠡᠷᠢᠭ ᠤᠨ ᠲᠤᠭᠤᠷᠢᠭ ᠨᠢ ︽ᠬᠠᠷ᠎ᠠ ᠮᠤᠷᠢᠲᠤ ᠰᠣᠮᠣ︾ ᠶᠢᠨ ᠪᠠᠶᠢᠭᠤᠯᠤᠯᠲᠠ ᠶᠢ | ᠴᠢᠬᠤᠯᠠᠴᠢᠯᠠᠨ ᠬᠦᠨᠳᠦᠳᠭᠡᠵᠦ᠂ 1960 ᠣᠨ ᠤ ᠬᠠᠪᠤᠷ᠂ ᠦᠪᠤᠷ ᠮᠤᠩᠭᠤᠯ ᠤᠨ ᠴᠡᠷᠢᠭ ᠤᠨ ᠲᠤᠭᠤᠷᠢᠭ ᠤᠨ | ᠤᠯᠤᠰ ᠤᠨ ᠪᠠᠳᠤᠯᠠᠨ ᠬᠠᠮᠠᠭᠠᠯᠠᠯᠲᠠ ᠶᠢᠨ ᠵᠠᠷᠤᠳᠠᠯ ᠠᠴᠠ ᠪᠡᠯᠡ ᠮᠦᠩᠭᠦ ᠭᠠᠷᠭᠠᠵᠤ᠂ ︽ᠬᠠᠷ᠎ᠠ ᠮᠤᠷᠢᠲᠤ ᠰᠣᠮᠣ︾ | ᠶᠢᠨ ᠪᠣᠯᠪᠠᠰᠤᠷᠠᠯ ᠤᠨ ᠰᠠᠭᠤᠷᠢᠨ ᠭᠠᠵᠠᠷ ᠭᠡᠰᠡᠨ ᠨᠢᠰᠭᠡᠯ ᠤᠨ ᠬᠡᠯᠪᠡᠷᠢ ᠲᠠᠢ ᠠᠷᠪᠠᠭᠠᠳ ᠲᠠᠰᠣᠯᠭ᠎ᠠ ᠠᠯᠪᠠᠨ ᠭᠡᠷ | ᠪᠠᠷᠢᠵᠤ ᠦᠭᠭᠦᠭᠰᠡᠨ ᠪᠦᠭᠡᠳ ᠠᠶᠢᠮᠠᠭ ᠬᠤᠰᠢᠭᠤᠨ ᠤ ᠵᠡᠪᠰᠡᠭᠲᠦ ᠬᠦᠴᠦᠨ ᠤ ᠬᠡᠯᠲᠡᠰ ᠤᠨ ᠤᠳᠤᠷᠢᠳᠤᠯᠭ᠎ᠠ | ᠦᠷᠭᠦᠯᠵᠢ ᠲᠤᠷᠤᠭᠰᠢ ᠬᠦᠨᠵᠡᠭᠡᠶᠢᠷᠡᠵᠦ᠃ ᠪᠣᠯᠪᠠᠰᠤᠷᠠᠯ ᠰᠤᠷᠭᠠᠭᠤᠯᠢᠯᠠᠯ ᠢ ᠵᠢᠭᠠᠨ ᠵᠢᠯᠤᠭᠤᠳᠴᠦ ᠪᠠᠶᠢᠪᠠ᠃ ︽ | ᠬᠠᠷ᠎ᠠ ᠮᠤᠷᠢᠲᠤ ᠰᠣᠮᠣ︾ ᠶᠢᠨ ᠠᠯᠳᠠᠷ ᠭᠠᠪᠢᠶ᠎ᠠ ᠵᠢᠳᠭᠦᠯ ᠢ ᠰᠠᠶᠢᠰᠢᠶᠠᠨ ᠵᠤᠷᠢᠭᠵᠢᠭᠤᠯᠬᠤ ᠶᠢᠨ ᠲᠤᠰᠠᠳᠠ᠂ | 1960 ᠣᠨ ᠤ ︽8᠂1︾ ᠴᠡᠷᠢᠭ ᠪᠠᠶᠢᠭᠤᠯᠤᠭᠲᠠᠭᠰᠠᠨ ᠪᠠᠶᠠᠷ ᠲᠤ ᠲᠤᠬᠢᠶᠠᠯᠳᠤᠭᠤᠯᠤᠨ᠂ ᠦᠪᠤᠷ | ᠮᠤᠩᠭᠤᠯ ᠤᠨ ᠴᠡᠷᠢᠭ ᠤᠨ ᠲᠤᠭᠤᠷᠢᠭ ᠤᠨ ᠺᠤᠮᠢᠰᠰᠠᠷ ᠡᠦ ᠲᠤᠦ ᠨᠦᠬᠦᠷ᠂ ᠤᠷᠠᠨ ᠰᠠᠶᠢᠬᠠᠨ ᠤ ᠪᠦᠯᠬᠦᠮ ᠢᠶᠠᠨ | ᠳᠠᠭᠠᠭᠤᠯᠤᠨ ᠰᠠᠶᠢᠬᠠᠨᠳᠦ᠋ᠮᠡᠨ ᠤ ︽ᠬᠠᠷ᠎ᠠ ᠮᠤᠷᠢᠲᠤ ᠰᠣᠮᠣ︾ ᠶᠢ ᠲᠤᠬᠤᠨᠢᠭᠤᠯᠬᠤ ᠪᠠᠷ ᠢᠷᠡᠵᠦ᠂ ᠮᠡᠦ | ᠲᠡᠷᠢᠭᠦᠯᠡᠭᠴᠢ ᠶᠢᠨ ᠠᠯᠲᠠᠨ ᠬᠦᠷᠦᠭ ᠬᠢᠭᠡᠳ ᠬᠡᠮᠡᠷᠯᠢᠭ ᠲᠤᠭ ᠢᠶᠠᠷ ᠱᠠᠩᠨᠠᠵᠤ᠂ ᠡᠪᠡᠰᠦ ᠬᠠᠳᠤᠵᠤ ᠬᠠᠮᠤᠬᠤ ᠮᠠᠰᠢᠨ | ᠬᠦᠷᠭᠡᠭᠰᠡᠨ ᠪᠠᠶᠢᠪᠠ᠃ | ︽ᠲᠠᠯ᠎ᠠ ᠨᠣᠳᠤᠭ ᠤᠨ ᠥᠷᠯᠦᠭᠡ ᠶᠢᠨ ᠣᠶᠠᠩᠭ᠎ᠠ︾ ︵1959 ᠣᠨ ᠳᠤ ᠰᠡᠭᠦᠳᠡᠷᠯᠡᠭᠰᠡᠨ︶ ᠭᠡᠬᠦ ᠺᠢᠨᠤ᠋ | ᠪᠠ ᠰᠢᠶᠠᠩᠭᠠᠩ ᠤᠨ ᠹᠸᠠᠩ ᠬᠤᠸᠠᠩ ᠺᠢᠨᠤ᠋ ᠥᠢᠯᠡᠳᠪᠤᠷᠢ ᠠᠴᠠ ᠰᠡᠭᠦᠳᠡᠷᠯᠡᠭᠰᠡᠨ ︽ᠠᠯᠲᠠᠨ ᠪᠦᠷᠭᠦᠳ︾ ︵ | 1963 ᠣᠨ ᠳᠤ ᠰᠡᠭᠦᠳᠡᠷᠯᠡᠭᠰᠡᠨ︶ ᠭᠡᠬᠦ ᠺᠢᠨᠣ᠋ ᠳᠤ ︽ᠬᠠᠷ᠎ᠠ ᠮᠤᠷᠢᠲᠤ ᠰᠣᠮᠣ︾ ᠨᠢ ᠨᠠᠷᠢᠨ ᠨᠢᠮᠪᠠᠢ | ᠪᠠᠶᠢᠷᠢᠯᠠᠭᠤᠯᠤᠯᠲᠠ᠂ ᠨᠠᠷᠢᠯᠢᠭ ᠰᠠᠶᠢᠬᠠᠨ ᠦᠵᠡᠭᠦᠯᠦᠯᠭᠡ ᠪᠠᠷ ᠢᠶᠠᠨ ᠲᠤᠬᠠᠢ ᠶᠢᠨ ᠥᠶ᠎ᠡ ᠶᠢᠨ ᠲᠡᠤᠬᠡᠨ ᠪᠠᠶᠢᠳᠠᠯ | ᠲᠤᠤᠷ᠎ᠠ ᠮᠤᠩᠭᠤᠯ ᠮᠤᠷᠢᠲᠤ ᠴᠡᠷᠢᠭ ᠤᠨ ᠳᠦᠷᠢ ᠳᠥᠷᠬᠦ ᠶᠢ ᠬᠦᠢᠴᠡᠳ ᠲᠤᠰᠬᠠᠵᠤ ᠴᠢᠳᠠᠭᠰᠠᠨ ᠢᠶᠠᠷ ᠤᠯᠤᠰ ᠤᠨ | ᠲᠤᠳᠤᠭᠠᠳᠤ ᠭᠠᠳᠠᠭᠠᠳᠤ ᠶᠢᠨ ᠬᠢᠨ ᠤ ᠪᠠᠭ᠋ᠠᠷᠬᠠᠯ ᠰᠠᠶᠢᠰᠢᠶᠠᠯ ᠢ ᠤᠯᠤᠭᠰᠠᠨ ᠪᠢᠯᠡ᠃ |