ᠠᠪᠠᠭ᠎ᠠ ᠬᠤᠰᠢᠭᠤᠨ ᠤ ᠮᠤᠩᠭᠤᠯ ᠦᠨᠳᠦᠰᠦᠳᠡᠨ ᠤ ᠪᠠᠭ᠎ᠠ ᠰᠤᠷᠭᠠᠭᠤᠯᠢ ᠤᠯᠠᠮᠵᠢᠯᠠᠯᠳᠤ ᠵᠡᠩ ᠦᠢᠯᠠ  ᠶᠢᠨ ᠦᠵᠡᠭᠦᠯᠦᠯᠭᠡ ᠶᠢᠨ ᠬᠦᠳᠡᠯᠬᠡᠬᠡᠨ ᠦᠷᠨᠢᠬᠦᠯᠪᠡ
ᠨᠡᠶᠢᠲᠡᠯᠡᠭᠰᠡᠨ ᠴᠠᠭ᠄
2020/11/24
      ᠠᠪᠠᠭ᠎ᠠ ᠬᠤᠰᠢᠭᠤᠨ ᠤ ᠮᠤᠩᠭᠤᠯ ᠦᠨᠳᠦᠰᠦᠳᠡᠨ ᠤ ᠪᠠᠭ᠎ᠠ ᠰᠤᠷᠭᠠᠭᠤᠯᠢ ᠨᠢ ᠭᠡᠷ ᠤᠨ ᠠᠬᠠᠮᠠᠳ ᠨᠡᠷ ᠲᠤ ᠭᠡᠷ ᠪᠦᠯᠢ ᠶᠢᠨ ᠬᠦᠮᠦᠵᠢᠯ ᠤᠨ ᠴᠢᠬᠤᠯᠠ ᠴᠢᠨᠡᠷ ᠢ ᠣᠶᠢᠯᠠᠭᠠᠭᠤᠯᠵᠤ᠂ ᠰᠠᠨᠠᠭᠠᠴᠢᠯᠠᠭ᠎ᠠ ᠠᠴᠠ ᠪᠠᠨ ᠰᠤᠷᠤᠬᠴᠢ ᠶᠢᠨ ᠪᠡᠶ᠎ᠡ ᠰᠡᠳᠬᠢᠴᠡ ᠶᠢᠨ ᠡᠷᠡᠭᠦᠯ ᠬᠦᠭᠵᠢᠯᠳᠡ ᠳᠤ ᠢᠳᠡᠪᠬᠢᠳᠡᠢ ᠤᠷᠤᠯᠴᠠᠬᠤ ᠶᠢ ᠤᠷᠢᠶᠠᠯᠠᠨ᠂ ᠰᠤᠷᠭᠠᠭᠤᠯᠢ ᠶᠢᠨ ᠰᠤᠷᠭᠠᠨ ᠬᠦᠮᠦᠵᠢᠯ ᠪᠤᠯᠤᠨ ᠭᠡᠷ ᠪᠦᠯᠢ ᠶᠢᠨ ᠬᠦᠮᠦᠵᠢᠯ ᠢ ᠤᠶᠠᠯᠳᠤᠭᠤᠯᠤᠭᠰᠠᠨ ᠪᠠᠶᠠᠯᠢᠭ ᠠᠭᠤᠯᠭ᠎ᠠ ᠪᠦᠬᠦᠢ ᠬᠦᠳᠡᠯᠬᠡᠬᠡᠨ ᠪᠠᠷ ᠳᠠᠮᠵᠢᠨ᠂ ᠰᠤᠷᠤᠬᠴᠢ ᠶᠢᠨ ᠡᠷᠡᠬᠦᠯ ᠴᠢᠬᠢᠷᠠᠭ᠂ ᠡᠶ᠎ᠡ ᠵᠤᠬᠢᠴᠡᠯ ᠲᠠᠢ ᠬᠦᠭᠵᠢᠯᠳᠡ ᠶᠢ ᠠᠬᠢᠭᠤᠯᠬᠤ ᠶᠢᠨ ᠲᠤᠰᠠᠳᠠ᠂ 11 ᠰᠡᠷ᠎ᠡ ᠶᠢᠨ 20 ᠤ ᠡᠳᠦᠷ᠂ ᠰᠤᠷᠭᠠᠭᠤᠯᠢ᠂ ᠭᠡᠷ ᠤᠨ ᠠᠬᠠᠮᠠᠳ ᠤᠨ ᠬᠠᠮᠵᠢᠯᠴᠠᠬᠰᠠᠨ ᠤᠯᠠᠮᠵᠢᠯᠠᠯᠳᠤ ᠵᠡᠩ ᠦᠢᠯᠠ ᠶᠢᠨ ᠦᠵᠡᠬᠦᠯᠭᠡ ᠶᠢᠨ ᠬᠦᠳᠡᠯᠬᠡᠬᠡᠨ ᠦᠷᠨᠢᠬᠦᠯᠵᠦ᠂ ᠠᠩᠭᠢ ᠪᠠᠷ ᠨᠢᠬᠡᠴᠡᠯᠡᠨ ᠪᠦᠬᠦ ᠰᠤᠷᠤᠬᠴᠢᠳ ᠳᠤᠭᠤᠷᠢᠨ ᠰᠤᠷᠤᠯᠴᠠᠪᠠ᠃       ᠲᠤᠰ ᠬᠦᠳᠡᠯᠭᠡᠭᠡᠨ ᠢᠶᠠᠨ ᠰᠤᠷᠭᠠᠭᠤᠯᠢ ᠶᠢᠨ ᠬᠦᠷᠢᠶᠠᠨ ᠤ ᠪᠠᠨ ᠵᠠᠩ ᠦᠢᠯᠡ ᠤᠨ ᠬᠢᠴᠢᠶᠡᠯᠯᠡᠭᠡ ᠶᠢᠨ ᠳᠤᠮᠤ ᠮᠤᠩᠭᠤᠯ ᠭᠡᠷ ᠲᠤ ᠡᠷᠬᠢᠯᠡᠵᠦ᠂ ᠮᠠᠯᠴᠢᠨ ᠭᠠᠷ ᠤᠷᠠᠯᠢᠭᠴᠢᠳ ᠢ ᠤᠷᠢᠵᠦ᠂ ᠡᠮᠡᠭᠡᠯ᠂ ᠬᠠᠵᠠᠭᠠᠷ ᠨᠤᠬᠳᠤ᠂ ᠳᠠᠰᠢᠭᠤᠷ ᠤᠨ ᠪᠦᠳᠦᠴᠡ ᠨᠡᠷᠡᠶᠢᠳᠦᠯ ᠢ ᠪᠤᠳᠡᠳᠡᠢ ᠳᠤ ᠦᠵᠡᠬᠦᠯᠦᠨ ᠳᠠᠶᠢᠯᠪᠦᠷᠢᠯᠡᠵᠤ᠂ ᠤᠳᠠᠰᠦ ᠡᠭᠡᠷᠡᠭᠦ᠂ ᠳᠡᠭᠡᠰᠤ ᠳᠠᠮᠤᠬᠤ ᠵᠡᠷᠬᠡ ᠶᠢ ᠪᠤᠳᠠᠳᠠᠢ ᠦᠢᠯᠡᠳᠦᠯᠭᠡ ᠪᠠᠷ ᠳᠠᠮᠵᠢᠨ ᠲᠠᠨᠢᠭᠤᠯᠬᠤ ᠶᠢ ᠵᠤᠷᠢᠭᠰᠠᠨ ᠪᠠᠶᠢᠨ᠎ᠠ᠃      ᠡᠬᠦᠨ ᠤ ᠬᠠᠮᠳᠤ ᠢᠰᠡᠭᠡᠢ ᠤᠷᠠᠯᠠᠯ ᠤᠨ ᠦᠵᠡᠭᠦᠯᠦᠯᠭᠡ ᠶᠢ ᠲᠤᠬᠢᠷᠠᠭᠤᠯᠪᠠ᠃ ᠢᠰᠡᠬᠡᠢ ᠤᠷᠠᠯᠠᠯ ᠪᠤᠯ ᠮᠤᠩᠭᠤᠯᠴᠤᠳ ᠤᠨ ᠨᠡᠬᠦᠳᠡᠯ ᠮᠠᠯᠵᠢᠯ ᠤᠨ ᠠᠮᠢᠳᠤᠷᠡᠯ ᠦᠢᠯᠠᠳᠪᠦᠷᠢᠯᠡᠯ ᠳᠤ ᠳᠤᠳᠡᠬᠳᠠᠵᠤ ᠪᠤᠯᠤᠰᠢ ᠦᠭᠡᠢ ᠵᠦᠢᠯ ᠶᠤᠮ᠃ ᠲᠤᠰ ᠰᠤᠷᠭᠠᠭᠤᠯᠢ ᠨᠢ ᠬᠡᠤᠬᠡᠳ ᠪᠠᠭᠠᠴᠤᠳ ᠲᠤ ᠬᠠᠷᠠᠬᠠᠨ ᠪᠠᠭ᠎ᠠ ᠠᠴᠠ ᠨᠢ ᠤᠯᠠᠮᠵᠢᠯᠠᠯᠳᠤ ᠰᠤᠶᠤᠯ ᠢ ᠦᠪᠯᠡᠨ ᠵᠠᠯᠭᠠᠮᠵᠢᠯᠠᠭᠤᠯᠬᠤ ᠡᠬᠦᠳᠡᠨ ᠠᠴᠠ ᠢᠰᠡᠭᠡᠢ ᠤᠷᠡᠯᠡᠯ ᠤᠨ ᠳᠤᠷ᠎ᠡ ᠰᠤᠨᠢᠷᠬᠠᠯᠳᠤ ᠠᠩᠭᠢ ᠨᠡᠬᠡᠬᠡᠵᠤ᠂ ᠬᠤᠰᠢᠭᠤ ᠳᠡᠰ ᠤᠨ ᠪᠤᠳᠡᠰ ᠤᠨ ᠪᠤᠰᠤ ᠰᠤᠶᠤᠯ ᠤᠨ ᠦᠪ ᠤᠨ ᠤᠯᠠᠮᠵᠢᠯᠠᠬᠴᠢ ᠴᠤᠯᠮᠤᠨ ᠶᠢ ᠤᠷᠢᠨ᠂ ᠢᠰᠡᠬᠡᠢ ᠤᠷᠠᠯᠠᠯ ᠤᠨ ᠮᠡᠷᠭᠡᠵᠢᠯ ᠢᠶᠠᠷ ᠬᠢᠴᠢᠶᠡᠯᠯᠡᠭᠦᠯᠵᠦ ᠪᠠᠶᠢᠭ᠎ᠠ ᠶᠤᠮ᠃ ᠳᠤᠰ ᠤᠳᠠᠭᠠᠨ ᠤ ᠦᠵᠡᠬᠦᠯᠦᠯᠭᠡ ᠳᠤ ᠴᠤᠯᠮᠤᠨ  ᠠᠴᠠ ᠬᠤᠶᠡᠷ ᠨᠡᠰᠤᠳᠡᠨ ᠲᠠᠢ ᠬᠠᠮᠳᠤᠷᠡᠨ ᠤᠷᠠᠯᠠᠬᠰᠠᠨ ᠰᠢᠯᠢᠳᠡᠭ ᠰᠠᠶᠢᠬᠠᠨ ᠪᠦᠳᠦᠬᠡᠯ ᠠᠴᠠ ᠪᠠᠨ ᠳᠡᠯᠬᠡᠨ ᠦᠵᠡᠬᠦᠯᠦᠭᠰᠡᠨ ᠢᠶᠠᠷ ᠪᠠᠷᠠᠬᠤ ᠦᠬᠡᠢ᠂ ᠠᠬᠤᠢ ᠳᠠᠯᠠᠪᠡᠢ ᠳᠤ ᠢᠰᠡᠭᠡᠢ ᠬᠢᠬᠦ ᠠᠷᠭ᠎ᠠ ᠮᠠᠶ᠋ᠢᠭ᠂ ᠵᠡᠭᠡᠭᠯᠡᠬᠦ᠂ ᠢᠰᠡᠭᠡᠢ ᠤᠷᠠᠯᠠᠬᠤ ᠵᠡᠷᠭᠡ ᠶᠢ ᠬᠠᠷᠠᠭᠤᠯᠤᠨ ᠳᠠᠨᠢᠯᠴᠠᠭᠤᠯᠪᠠ᠃ ᠡᠬᠦᠨ ᠤ ᠳᠠᠭᠠᠤ ᠰᠤᠷᠤᠬᠴᠢᠳ ᠤᠨ ᠢᠰᠡᠭᠡᠢ ᠤᠷᠠᠯᠠᠯ ᠤᠨ ᠪᠦᠳᠦᠬᠡᠯ ᠢ ᠳᠡᠯᠬᠡᠨ ᠦᠵᠡᠬᠦᠯᠵᠤ ᠤᠷᠮᠠᠰᠢᠭᠤᠯᠤᠨ᠂ ᠰᠤᠷᠤᠭᠴᠢᠳ ᠤᠨ ᠢᠶᠠᠨ ᠤᠷᠮ᠎ᠠ ᠵᠤᠷᠢᠭ ᠢ ᠨᠢ ᠬᠦᠪᠴᠢᠯᠡᠵᠠᠢ      ᠠᠬᠤᠢ ᠲᠠᠯᠠᠪᠠᠢ ᠳᠤ ᠰᠤᠷᠤᠭᠴᠢᠳ ᠤᠩᠭᠠᠰᠦ ᠰᠠᠪᠠᠭ᠋ᠤ᠂ ᠳᠡᠭᠡᠰᠦ ᠲᠠᠮᠤᠬᠤ᠂ ᠤᠳᠠᠰᠦ ᠡᠭᠡᠷᠡᠨ᠂ ᠢᠰᠡᠭᠡᠢ ᠡᠯᠳᠡᠬᠦ ᠳᠤ  ᠢᠳᠡᠪᠬᠢᠳᠡᠢ ᠭᠠᠷ ᠬᠦᠳᠡᠯᠦᠨ ᠤᠷᠤᠯᠴᠠᠵᠤ᠂ ᠭᠡᠷ ᠤᠨ ᠠᠬᠠᠮᠠᠳ ᠴᠦ ᠰᠤᠷᠤᠭᠴᠢᠳ ᠲᠤ ᠤᠯᠠᠮᠵᠢᠯᠠᠯᠳᠤ ᠰᠤᠶᠤᠯ ᠵᠠᠩ ᠦᠢᠯᠡ ᠶᠢ ᠲᠠᠨᠢᠭᠤᠯᠵᠦ ᠪᠠᠶᠢᠭ᠎ᠠ ᠪᠠᠨ ᠮᠠᠰᠢ ᠤᠯᠵᠠᠷᠬᠠᠵᠦ᠂ ᠬᠢᠴᠢᠶᠡᠯ ᠨᠢ ᠬᠦᠷ ᠬᠦᠭᠵᠢᠶᠡᠨ ᠲᠠᠢ ᠤᠳᠬ᠎ᠠ ᠳᠡᠬᠦᠯᠳᠡᠷ ᠶᠠᠪᠤᠭᠳᠠᠪᠠ᠃      ᠰᠤᠷᠤᠭᠴᠢ ᠡᠰᠨᠢᠯ᠄ ᠪᠢ ᠰᠤᠷᠭᠠᠭᠤᠯᠢ ᠶᠢᠨ ᠢᠶᠠᠨ ᠢᠰᠡᠭᠡᠢ ᠤᠷᠠᠯᠠᠯ ᠤᠨ ᠠᠩᠭᠢ ᠳᠤ ᠤᠷᠤᠯᠴᠠᠭᠰᠠᠨ᠂ ᠦᠨᠦᠳᠦᠷ ᠤᠨ ᠵᠠᠩ ᠦᠢᠯᠡ ᠶᠢᠨ ᠦᠵᠡᠬᠦᠯᠦᠯᠭᠡ ᠪᠠᠷ ᠳᠠᠮᠵᠢᠨ᠂ ᠢᠰᠡᠭᠡᠢ ᠪᠠᠷ ᠮᠠᠰᠢ ᠤᠯᠠᠨ ᠶᠠᠭᠤᠮ᠎ᠠ ᠬᠢᠳᠡᠭ ᠢ ᠮᠡᠳᠡᠯ᠎ᠡ᠂ ᠬᠤᠶᠢᠰᠢᠳᠠ ᠢᠰᠡᠬᠡᠢ ᠪᠠᠷ ᠠᠷᠪᠢᠨ ᠭᠤᠶᠤ ᠶᠠᠭᠤᠮ᠎ᠠ ᠬᠢᠶ᠎ᠠ ᠬᠡᠵᠦ ᠪᠤᠳᠤᠵᠦ ᠪᠠᠶᠢᠨ᠎ᠠ᠂ ᠠᠳᠡ ᠪᠠᠶᠢᠭ᠎ᠠ ᠡᠮᠦᠰᠴᠦ ᠡᠳ᠋ᠯᠡᠳᠡᠭ ᠵᠦᠢᠯᠡᠰ ᠨᠢ ᠨᠠᠳᠠ ᠲᠤᠩ ᠭᠤᠶᠤ ᠰᠠᠨᠠᠭᠳᠠᠭᠰᠠᠨ᠂ ᠪᠢ ᠦᠨᠦᠳᠦᠷ ᠪᠠᠰᠠ ᠢᠰᠡᠬᠡᠢ ᠶᠠᠭᠠᠬᠢᠵᠦ ᠬᠢᠬᠦ᠂ ᠳᠡᠭᠡᠰᠦ ᠳᠠᠮᠤᠬᠤ ᠶᠢ ᠰᠤᠷᠴᠦ ᠤᠶᠢᠯᠠᠭᠠᠯ᠎ᠠ᠃      ᠮᠠᠯᠴᠢᠨ ᠤᠯᠠᠭᠠᠨᠳᠤᠶᠠᠭ᠎ᠠ᠄ ᠦᠨᠦᠳᠦᠷ ᠪᠠᠭ᠎ᠠ ᠰᠤᠷᠭᠠᠭᠤᠯᠢ ᠳᠤ ᠢᠷᠡᠭᠡᠳ᠂ ᠬᠡᠤᠬᠡᠳ ᠤᠳ ᠲᠤ ᠳᠡᠭᠡᠰᠦ ᠳᠠᠮᠤᠬᠤ ᠶᠢ ᠵᠢᠭᠠᠵᠦ ᠦᠭᠭᠦᠭᠰᠡᠨ ᠳᠡᠭᠡᠨ ᠪᠠᠶᠠᠷᠯᠠᠵᠦ ᠪᠠᠶᠢᠨ᠎ᠠ᠃ ᠡᠨᠡ ᠶᠢ ᠨᠢ ᠳᠡᠭᠡᠰᠦ ᠳᠠᠮᠤᠨ᠎ᠠ᠂ ᠡᠨᠡ ᠶᠢ ᠨᠢ ᠤᠳᠠᠰᠦ ᠡᠭᠡᠷᠡᠵᠦ ᠪᠠᠶᠢᠨ᠎ᠠ ᠭᠡᠵᠦ ᠲᠠᠶᠢᠯᠪᠤᠷᠢᠯᠠᠬᠤ ᠳᠤ  ᠂ ᠵᠠᠷᠢᠮ ᠨᠢ ᠡᠭᠡᠷᠡᠤᠯ᠂ ᠳᠡᠮᠡᠭᠡᠨ ᠤ ᠤᠩᠭᠠᠰᠦ ᠭᠡᠳ ᠪᠦᠷ ᠰᠠᠶᠢᠬᠠᠨ ᠮᠡᠳᠡᠵᠦ ᠪᠠᠶᠢᠨ᠎ᠠ᠂ ᠬᠡᠤᠬᠡᠳ ᠤᠳ ᠶᠡᠭᠡ ᠳᠤᠷ᠎ᠠ ᠰᠤᠨᠢᠷᠬᠠᠯᠳᠠᠢ ᠤᠷᠤᠯᠴᠠᠯ᠎ᠠ᠃    
 
ᠢᠷᠡᠯᠲᠡ᠄ ᠠᠪᠠᠭ᠎ᠠ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号