ᠳᠤᠮᠳᠠᠳᠤ ᠮᠠᠶ᠋ᠢᠭ ᠤᠨ ᠪᠦᠬᠡ ᠶᠢᠨ ᠮᠠᠩᠯᠠᠢ ᠰᠢᠯᠭᠠᠷᠠᠭᠤᠯᠬᠤ ᠪᠠᠷᠢᠯᠳᠤᠭᠠᠨ ᠳᠤ ᠠᠪᠠᠭ᠎ᠠ ᠨᠤᠳᠤᠭ ᠲᠠᠢ ᠬᠤᠶᠡᠷ ᠵᠠᠯᠠᠭᠤ ᠳᠡᠷᠢᠭᠦᠨ ᠮᠠᠩᠯᠠᠢ ᠳᠤ ᠳᠤᠳᠤᠷᠠᠪᠠ
ᠨᠡᠶᠢᠲᠡᠯᠡᠭᠰᠡᠨ ᠴᠠᠭ᠄
2019/6/12
    5 ᠰᠠᠷ᠎ᠠ ᠶᠢᠨ 16 — 19 ᠤ ᠡᠳᠤᠷ ᠪᠤᠯᠳᠠᠯ᠎ᠠ᠂ 2019 ᠤᠨ ᠤ ᠳᠤᠮᠳᠠᠳᠤ ᠮᠠᠶ᠋ᠢᠭ ᠤᠨ ᠪᠦᠬᠡ ᠶᠢᠨ ᠮᠠᠩᠯᠠᠢ ᠰᠢᠯᠭᠠᠷᠠᠭᠤᠯᠬᠤ ᠪᠠᠷᠢᠯᠳᠤᠭᠠᠨ ᠵᠢᠴᠢ ᠤᠷᠤᠰ ᠤᠨ ᠰᠠᠮᠪᠤᠤ ᠪᠦᠬᠡ ᠶᠢᠨ ᠪᠠᠷᠢᠯᠳᠤᠭᠠᠨ ᠤ ᠲᠦᠷᠦᠯ ᠵᠤᠶᠢᠯ  ᠤᠨ ᠰᠤᠯᠢᠯᠴᠠᠭᠠᠨ ᠤ ᠬᠦᠳᠡᠯᠬᠡᠬᠡᠨ ᠬᠠᠷᠠᠮᠦ᠋ᠷᠡᠨ ᠮᠤᠵᠢ ᠶᠢᠨ ᠰᠦᠢ ᠹᠧᠨ ᠾᠧ ᠬᠤᠳᠠ ᠳᠤ ᠶᠠᠪᠤᠭᠳᠠᠭᠰᠡᠨ ᠪᠠᠶᠢᠨ᠎ᠠ ᠃ ᠳᠤᠰ ᠳᠠᠯᠠᠪᠠᠢ ᠤᠯᠤᠰ ᠤᠨ ᠳᠡᠰ ᠤᠨ ᠳᠤᠮᠤ ᠬᠡᠪᠴᠢᠶᠠᠨ ᠤ ᠤᠷᠤᠯᠳᠤᠭᠠᠨ ᠳᠤᠮᠳᠠ᠂ ᠪᠦᠬᠦ ᠤᠯᠤᠰ ᠤᠨ ᠡᠯ᠎ᠡ ᠭᠠᠵᠡᠷ ᠠᠴᠠ ᠢᠷᠡᠭᠰᠡᠨ 58 ᠲᠦᠯᠦᠬᠡᠯᠡᠭᠴᠢ ᠶᠢᠨ ᠠᠩᠬᠢ ᠶᠢᠨ 800 ᠭᠠᠷᠤᠢ ᠳᠠᠮᠢᠷᠴᠢᠳ᠂ ᠰᠤᠷᠭᠠᠭᠴᠢ ᠪᠠ ᠬᠢᠨᠠᠭᠴᠢ ᠤᠷᠤᠯᠴᠠᠵᠡᠢ᠃     16 ᠤ ᠡᠳᠤᠷ ᠤᠨ ᠤᠷᠤᠯᠳᠤᠭᠠᠨ ᠳᠤ ᠠᠪᠠᠭ᠎ᠠ ᠨᠤᠳᠤᠭ ᠲᠠᠢ ᠵᠠᠯᠠᠭᠤ ᠠᠪᠤᠷᠭᠤ᠂ ᠠᠶᠢᠮᠠᠭ ᠤᠨ ᠠᠷᠰᠯᠡᠨ ᠴᠠᠭᠠᠨᠵᠠᠭᠠᠨ 100 ᠺᠢᠯᠤᠭ᠍ᠷᠠᠮ ᠠᠴᠠ ᠳᠡᠬᠡᠭᠰᠢᠬᠢ ᠳᠡᠰ ᠤᠨ ᠪᠠᠷᠢᠯᠳᠤᠭᠠᠨ ᠳᠤ ᠵᠡᠭᠦᠨ ᠦᠵᠤᠮᠤᠴᠢᠨ ᠤ ᠤᠷᠬᠢᠯᠪᠠᠭᠠᠳᠤᠷ ᠵᠡᠷᠬᠡ ᠰᠢᠯᠢᠳᠡᠭ ᠪᠦᠬᠡᠴᠤᠤᠯ ᠢᠶᠠᠷ ᠳᠠᠪᠠᠵᠤ᠂ ᠳᠡᠭᠡᠳᠤ ᠲᠦᠷᠪᠠ ᠳᠤ ᠬᠦᠯᠦᠨ ᠪᠤᠶᠢᠷ ᠬᠤᠳᠠ ᠶᠢᠨ ᠡᠸ᠋ᠩᠬᠢ ᠶᠢᠨ ᠴᠢᠨᠳᠠᠮᠤᠨᠢ ᠪᠠᠷ᠂ ᠳᠡᠳ᠋ ᠳᠠᠷᠢᠭᠦᠨ ᠳᠤ ᠪᠠᠭᠠᠷᠢᠨ ᠪᠠᠷᠠᠭᠤᠨ ᠬᠤᠰᠢᠭᠤᠨ ᠤ ᠭᠡᠭᠡᠷᠡᠬᠦ ᠪᠠᠷ ᠳᠠᠪᠠᠵᠤ ᠳᠠᠷᠢᠭᠦᠯᠡᠵᠡᠢ᠃     ᠵᠠᠯᠭᠠᠭᠠᠳ 17 ᠤ ᠡᠳᠤᠷ ᠶᠠᠪᠤᠭᠳᠠᠭᠰᠡᠨ᠂ ᠳᠤᠮᠳᠠᠳᠤ ᠮᠠᠶ᠋ᠢᠭ ᠤᠨ ᠪᠦᠬᠡ ᠶᠢᠨ ᠮᠠᠩᠯᠠᠢ ᠰᠢᠯᠭᠠᠷᠠᠭᠤᠯᠬᠤ ᠤᠷᠤᠯᠳᠤᠭᠠᠨ ᠤ 100 ᠺᠢᠯᠤᠭ᠍ᠷᠠᠮ ᠤᠨ ᠳᠡᠰ ᠲᠤ ᠠᠶᠢᠮᠠᠭ ᠤᠨ ᠬᠠᠷᠴᠠᠭᠠᠢ ᠠᠪᠠᠭ᠎ᠠ ᠨᠤᠳᠤᠭ ᠲᠠᠢ ᠠᠯᠳᠠᠨᠳᠤᠭᠤᠯᠠᠭ᠎ᠠ ᠳᠠᠷᠢᠭᠦᠯᠡᠵᠡᠢ᠃ ᠡᠭᠦᠨ ᠤ ᠬᠠᠮᠳᠤ᠂ ᠪᠤᠰᠤᠳ ᠠᠪᠠᠭ᠎ᠠ ᠨᠤᠳᠤᠭ ᠲᠠᠢ ᠲᠠᠮᠢᠷᠴᠢᠳ ᠲᠤ ᠪᠠᠨ ᠴᠦ ᠤᠷᠤᠯᠳᠤᠭᠠᠨ ᠤ ᠠᠮᠵᠢᠯᠳᠠ ᠬᠦᠰᠡᠶ᠎ᠡ︕
 
ᠢᠷᠡᠯᠲᠡ᠄ ᠬᠤᠰᠢᠭᠤᠨ ᠤ ᠲᠧᠯᠸᠢᠰ ᠬᠤᠷᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号