ᠵᠠᠰᠠᠭ ᠵᠠᠬᠢᠷᠭᠠᠨ ᠠᠵᠢᠯ ᠦᠢᠯᠡᠰ ᠤᠨ ᠪᠠᠶᠢᠭᠤᠯᠭ᠎ᠠ ᠶᠢᠨ ᠤᠯᠤᠰ ᠤᠨ ᠦᠮᠴᠢᠯᠡᠯᠳᠤ ᠦᠪ ᠬᠦᠷᠤᠩᠬᠡ  ᠶᠢᠨ ᠬᠠᠮᠢᠶᠠᠷᠤᠯᠳᠠ ᠶᠢᠨ ᠪᠠᠶᠢᠳᠠᠯ ᠤᠨ ᠲᠤᠬᠠᠢ ᠠᠪᠠᠭ᠎ᠠ ᠬᠤᠰᠢᠭᠤᠨ ᠤ ᠠᠷᠡᠳ ᠤᠨ ᠵᠠᠰᠠᠭ ᠤᠨ ᠤᠷᠳᠤᠨ ᠤ ᠮᠡᠳᠡᠬᠦᠯ᠊
ᠨᠡᠶᠢᠲᠡᠯᠡᠭᠰᠡᠨ ᠴᠠᠭ᠄
2019/12/13
ᠠᠪᠠᠭ᠎ᠠ ᠵᠠᠰᠠᠭ ᠦᠰᠦᠭ ﹇2019﹈ 138 ᠳ᠋ᠤᠭᠠᠷ ᠲᠤᠭᠠᠳᠤ ᠵᠠᠰᠠᠭ ᠵᠠᠬᠢᠷᠭᠠᠨ ᠠᠵᠢᠯ ᠦᠢᠯᠡᠰ ᠤᠨ ᠪᠠᠶᠢᠭᠤᠯᠭ᠎ᠠ ᠶᠢᠨ ᠤᠯᠤᠰ ᠤᠨ ᠦᠮᠴᠢᠯᠡᠯᠳᠤ ᠦᠪ ᠬᠦᠷᠤᠩᠬᠡ ᠶᠢᠨ ᠬᠠᠮᠢᠶᠠᠷᠤᠯᠳᠠ ᠶᠢᠨ ᠪᠠᠶᠢᠳᠠᠯ ᠤᠨ ᠲᠤᠬᠠᠢ ᠠᠪᠠᠭ᠎ᠠ ᠬᠤᠰᠢᠭᠤᠨ ᠤ ᠠᠷᠡᠳ ᠤᠨ ᠵᠠᠰᠠᠭ ᠤᠨ ᠤᠷᠳᠤᠨ ᠤ ᠮᠡᠳᠡᠬᠦᠯᠤᠯᠳᠠ ᠬᠤᠰᠢᠭᠤ ᠠᠷᠡᠳ ᠤᠨ ᠲᠦᠯᠤᠬᠡᠯᠡᠭᠴᠢᠳ ᠤᠨ ᠶᠡᠭᠡ ᠬᠤᠷᠡᠯ ᠤᠨ ᠪᠠᠶᠢᠩᠭᠤ ᠶᠢᠨ ᠬᠤᠷᠢᠶ᠎ᠠ᠄ ᠤᠳᠤ ᠠᠪᠠᠭ᠎ᠠ ᠬᠤᠰᠢᠭᠤᠨ ᠤ ᠵᠠᠰᠠᠭ ᠵᠠᠬᠢᠷᠭᠠᠨ ᠠᠵᠢᠯ ᠦᠢᠯᠡᠰ ᠤᠨ ᠪᠠᠶᠢᠭᠤᠯᠭ᠎ᠠ ᠶᠢᠨ ᠤᠯᠤᠰ ᠤᠨ ᠦᠮᠴᠢᠯᠡᠯᠳᠤ ᠦᠪ ᠬᠦᠷᠤᠩᠬᠡ ᠶᠢᠨ ᠬᠠᠮᠢᠶᠠᠷᠤᠯᠳᠠ ᠶᠢᠨ ᠪᠠᠶᠢᠳᠠᠯ ᠤᠨ ᠮᠡᠳᠡᠬᠦᠯᠤᠯᠳᠠ ᠶᠢ ᠪᠢᠴᠢᠭ ᠮᠠᠲ᠋ᠧᠷᠢᠶᠠᠯ ᠲᠠᠢ ᠬᠠᠮᠳᠤ ᠲᠡᠬᠡᠭᠰᠢ ᠮᠡᠳᠡᠬᠦᠯᠪᠠ᠂ ᠬᠢᠨᠠᠨ ᠵᠦᠪᠯᠡᠬᠦ ᠪᠤᠯᠪᠠᠤ᠃2019 ᠤᠨ ᠤ 10 ᠰᠠᠷ᠎ᠠ ᠶᠢᠨ 14 ᠤ ᠡᠳᠤᠷᠠᠪᠠᠭ᠎ᠠ ᠬᠤᠰᠢᠭᠤᠨ ᠤ ᠵᠠᠰᠠᠭ ᠵᠠᠬᠢᠷᠭᠠᠨ ᠠᠵᠢᠯ ᠦᠢᠯᠡᠰ ᠤᠨ ᠪᠠᠶᠢᠭᠤᠯᠭ᠎ᠠ ᠶᠢᠨ ᠤᠯᠤᠰ  ᠤᠨ ᠦᠮᠴᠢᠯᠡᠯᠳᠤ ᠦᠪ ᠬᠦᠷᠤᠩᠬᠡ ᠶᠢᠨ ᠬᠠᠮᠢᠶᠠᠷᠤᠯᠳᠠ ᠶᠢᠨ ᠪᠠᠶᠢᠳᠠᠯ ᠤᠨ ᠮᠡᠳᠡᠬᠦᠯᠤᠯᠳᠠ ᠤᠯᠤᠰ ᠤᠨ ᠦᠮᠴᠢᠯᠡᠯᠳᠤ ᠦᠪ ᠬᠦᠷᠤᠩᠬᠡ ᠶᠢᠨ ᠬᠠᠮᠢᠶᠠᠷᠤᠯᠳᠠ ᠶᠢᠨ ᠬᠠᠮᠢᠶ᠎ᠠ ᠪᠦᠬᠦᠢ ᠲᠤᠭᠳᠠᠭᠠᠯ ᠢ ᠦᠡᠳᠤᠰᠤᠯᠠᠨ ᠂ ᠤᠳᠤ ᠮᠠᠨ ᠤ ᠬᠤᠰᠢᠭᠤᠨ ᠤ 2018 ᠤᠨ ᠤ ᠦᠪ ᠬᠦᠷᠤᠩᠬᠡ ᠶᠢᠨ ᠶᠠᠷᠤᠩᠬᠡᠢ ᠪᠠᠶᠢᠳᠠᠯ᠂ ᠲᠤᠬᠢᠷᠠᠭᠤᠯᠤᠯᠳᠠ᠂ ᠬᠡᠷᠡᠭᠯᠡᠯᠳᠡ ᠵᠡᠷᠬᠡ ᠪᠠᠶᠢᠳᠠᠯ ᠤᠨ ᠲᠤᠬᠠᠢ ᠮᠡᠳᠡᠬᠦᠯᠤᠯᠳᠠ ᠲᠤᠤᠷᠡᠬᠢ ᠮᠠᠳᠤ᠄ ᠨᠢᠬᠡ᠂ ᠦᠡᠳᠤᠰᠤᠨ ᠪᠠᠶᠢᠳᠠᠯ2018 ᠤᠨ ᠤ 12 ᠰᠠᠷ᠎ᠠ ᠶᠢᠨ 31 ᠤ ᠡᠳᠤᠷ ᠪᠤᠯᠳᠠᠯ᠎ᠠ᠂ ᠮᠠᠨ ᠤ ᠬᠤᠰᠢᠭᠤ ᠲᠤᠭᠳᠠᠮᠠᠯ ᠬᠦᠷᠤᠩᠬᠡ ᠶᠢᠨ ᠤᠷᠤᠨ ᠲᠤᠭ᠎ᠠ ᠶᠢᠨ ᠬᠡᠪᠴᠢᠶᠠᠨ ᠳᠠᠬᠢ ᠲᠦᠰᠤᠪᠯᠡᠨ ᠪᠤᠳᠤᠯᠳᠠ ᠶᠢᠨ ᠪᠠᠶᠢᠭᠤᠯᠭ᠎ᠠ 87 ᠡᠷᠤᠬᠡ᠃ ᠪᠦᠬᠦ ᠬᠤᠰᠢᠭᠤᠨ ᠤ ᠡᠯ᠎ᠠ ᠰᠠᠯᠠᠭ᠎ᠠ ᠮᠦᠴᠢᠷ ᠤᠨ ᠦᠪ ᠬᠦᠷᠤᠩᠬᠡ ᠤᠨ ᠶᠠᠷᠤᠩᠬᠡᠢ ᠬᠡᠮᠵᠢᠶ᠎ᠠ 89.790.08 ᠲᠦᠮᠡᠨ ᠲᠦᠬᠦᠷᠢᠭ︔ ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠤᠯᠤᠰ ᠤᠨ ᠦᠮᠴᠢᠯᠡᠯᠳᠤ ᠦᠪ ᠬᠦᠷᠤᠩᠬᠡ 44.356.2 ᠲᠦᠮᠡᠨ ᠲᠦᠬᠦᠷᠢᠭ᠂ 49.4% ᠶᠢ ᠡᠵᠡᠯᠡᠨ᠎ᠠ᠃ ᠠᠵᠢᠯ ᠦᠢᠯᠡᠰ ᠤᠨ ᠪᠠᠶᠢᠭᠤᠯᠭ᠎ᠠ ᠶᠢᠨ ᠤᠯᠤᠰ ᠤᠨ ᠦᠨᠴᠢᠯᠡᠯᠳᠤ ᠦᠪ ᠬᠦᠷᠤᠩᠬᠡ 45.433.87 ᠲᠦᠮᠡᠨ ᠲᠦᠬᠦᠷᠢᠭ᠂ 50.6% ᠶᠢ ᠡᠵᠡᠯᠡᠨ᠎ᠠ᠃ ᠦᠪ ᠬᠦᠷᠤᠩᠬᠡ ᠶᠢᠨ ᠪᠦᠳᠤᠴᠠ ᠶᠢᠨ ᠬᠤᠪᠢᠶᠠᠷᠢᠯᠠᠯ ᠢ ᠦᠡᠳᠤᠰᠤᠯᠡᠪᠠᠯ᠄ ᠬᠦᠳᠡᠯᠤᠩᠬᠦᠢ ᠬᠦᠷᠤᠩᠬᠡ ︵ᠪᠡᠯᠡ ᠮᠦᠩᠬᠦ᠂ ᠪᠠᠩᠬᠢ ᠶᠢᠨ ᠬᠠᠳᠠᠭᠠᠯᠠᠮᠵᠢ᠂ ᠬᠤᠷᠢᠶᠠᠬᠤ ᠵᠤᠬᠢᠰᠳᠡᠢ ᠵᠤᠭᠤᠰ ᠵᠡᠷᠬᠡ︶ 34.617.71 ᠲᠦᠮᠡᠨ ᠲᠦᠬᠦᠷᠢᠭ᠂ 38.55% ᠶᠢ ᠡᠵᠡᠯᠡᠨ᠎ᠠ᠃ ᠲᠤᠭᠳᠠᠮᠠᠯ ᠬᠦᠷᠤᠩᠬᠡ 48.982.71 ᠲᠦᠮᠡᠨ ᠲᠦᠬᠦᠷᠢᠭ᠂ 54.55% ᠶᠢ ᠡᠵᠡᠯᠡᠨ᠎ᠠ᠃ ᠪᠤᠰᠤᠳ ︵ᠪᠠᠶᠢᠭᠤᠯᠵᠤ ᠪᠠᠶᠢᠭ᠎ᠠ ᠪᠠᠷᠢᠯᠭ᠎ᠠ ᠢᠯᠠ ᠪᠤᠰᠤ ᠬᠦᠷᠤᠩᠬᠡ︶ 6189.66 ᠲᠦᠮᠡᠨ ᠲᠦᠬᠦᠷᠢᠭ᠃ ᠬᠤᠶᠡᠷ᠂ ᠭᠤᠤᠯᠳᠠᠯᠭᠠᠳᠤ ᠦᠪ ᠬᠦᠷᠤᠩᠬᠡ ᠶᠢᠨ ᠬᠠᠮᠢᠶᠠᠷᠤᠯᠳᠠ ᠶᠢᠨ ᠪᠠᠶᠢᠳᠠᠯ ⒈ ᠤᠷᠤᠨ ᠰᠠᠭᠤᠴᠠ ᠦᠪ ᠬᠦᠷᠤᠩᠬᠡ ᠶᠢᠨ ᠪᠠᠶᠢᠳᠠᠯ ᠡᠯ᠎ᠠ ᠰᠠᠯᠠᠭ᠎ᠠ ᠮᠦᠴᠢᠷ ᠤᠨ ᠠᠯᠪᠠᠨ ᠤᠷᠤᠨ ᠰᠠᠭᠤᠴᠠ ᠨᠠᠶᠢᠳᠠ149 ᠢᠵᠢ᠂ ᠲᠠᠩᠰᠠᠯᠠᠭᠤᠯᠤᠭᠰᠡᠨ ᠲᠠᠯᠠᠪᠠᠢ 14.4 ᠲᠦᠮᠡᠨ ᠲᠡᠭᠰᠢ ᠲᠦᠷᠪᠠᠯᠵᠢᠨ ᠮᠧᠲᠷ᠂ ᠲᠠᠩᠰᠠᠯᠠᠭᠤᠯᠤᠭᠰᠡᠨ ᠤᠤᠯ ᠤᠨ ᠦᠷᠳᠡᠭ 2.32 ᠳ᠋ᠦᠩᠰᠢᠭᠤᠷ ᠲᠦᠬᠦᠷᠢᠭ᠃⒉ ᠲᠡᠷᠬᠡ ᠬᠦᠰᠬᠡ ᠶᠢᠨ ᠦᠪ ᠬᠦᠷᠤᠩᠬᠡ ᠶᠢᠨ ᠪᠠᠶᠢᠳᠠᠯ ᠡᠯ᠎ᠠ ᠰᠠᠯᠠᠭ᠎ᠠ ᠮᠦᠴᠢᠷ ᠤᠨ ᠲᠠᠩᠰᠠᠯᠠᠭᠤᠯᠤᠭᠰᠡᠨ ᠲᠡᠷᠬᠡ ᠬᠦᠰᠬᠡ 318᠂ ᠲᠠᠩᠰᠠᠯᠠᠭᠤᠯᠤᠭᠰᠡᠨ ᠤᠤᠯ ᠦᠷᠳᠡᠭ  ᠨᠢ 4.731.39 ᠲᠦᠮᠡᠨ ᠲᠦᠬᠦᠷᠢᠭ᠂ ᠬᠡᠷᠡᠭᠯᠡᠵᠤ ᠪᠠᠶᠢᠭ᠎ᠠ ᠪᠠᠶᠢᠳᠠᠯ ᠠᠴᠠ ᠦᠵᠡᠪᠡᠯ᠂  ᠬᠡᠷᠡᠭᠯᠡᠵᠤ ᠪᠠᠶᠢᠭ᠎ᠠ ᠨᠢ 245 ᠲᠡᠷᠬᠡ᠂ 77.04% ᠶᠢ ᠡᠵᠡᠯᠡᠵᠤ᠂ ᠬᠡᠷᠡᠭᠯᠡᠵᠤ ᠦᠬᠡᠢ ᠰᠤᠯᠠ ᠲᠠᠯᠪᠢᠭ᠎ᠠ 73 ᠲᠡᠷᠬᠡ᠂ 22.96%  ᠶᠢ ᠡᠵᠡᠯᠡᠨ᠎ᠠ᠃⒊ᠲᠤᠮᠤ ᠬᠡᠯᠪᠡᠷᠢ ᠶᠢᠨ ᠲᠦᠬᠦᠬᠡᠷᠤᠮᠵᠢ ᠶᠢᠨ ᠦᠪ ᠬᠦᠷᠤᠩᠬᠡ ᠶᠢᠨ ᠪᠠᠶᠢᠳᠠᠯ 50 ᠲᠦᠮᠡᠨ ᠲᠦᠬᠦᠷᠢᠭ ᠠᠴᠠ ᠲᠡᠬᠡᠭᠰᠢ ᠲᠤᠰᠬᠠᠢ ᠬᠡᠷᠡᠭᠯᠡᠬᠦ ᠲᠦᠬᠦᠬᠡᠷᠤᠮᠵᠢ᠂ ᠲᠠᠩᠰᠠᠯᠠᠭᠤᠯᠤᠭᠰᠡᠨ ᠤᠤᠯ ᠦᠷᠳᠡᠭ 2,574.04 ᠲᠦᠮᠡᠨ ᠲᠦᠬᠦᠷᠢᠭ᠃ ᠭᠤᠷᠪᠡ᠂ ᠮᠠᠨ ᠤ ᠬᠤᠰᠢᠭᠤᠨ ᠤ ᠤᠯᠤᠰ ᠤᠨ ᠦᠮᠴᠢᠯᠡᠯᠳᠤ ᠠᠵᠤ ᠠᠬᠤᠶᠢᠯᠡᠯ ᠤᠨ ᠤᠳᠤᠬᠢ ᠪᠠᠶᠢᠳᠠᠯ ᠪᠦᠬᠦ ᠬᠤᠰᠢᠭᠤᠨ ᠤ ᠵᠠᠰᠠᠭ ᠵᠠᠬᠢᠷᠭᠠᠨ ᠠᠵᠢᠯ ᠦᠢᠯᠡᠰ ᠤᠨ ᠪᠠᠶᠢᠭᠤᠯᠭ᠎ᠠ ᠶᠢᠨ ᠪᠦᠷᠢᠳᠬᠡᠨ ᠲᠠᠩᠰᠠᠯᠠᠭᠤᠯᠤᠭᠰᠡᠨ ᠤᠯᠤᠰ ᠤᠨ ᠦᠮᠴᠢᠯᠡᠯᠳᠤ ᠠᠵᠤ ᠠᠬᠤᠶᠢᠯᠠᠯ ᠨᠠᠶᠢᠳᠠ 6 ᠡᠷᠤᠬᠡ᠂ ᠲᠠᠷᠤᠢ᠄ ᠠᠪᠠᠭ᠎ᠠ ᠬᠤᠰᠢᠭᠤᠨ ᠤ ᠬᠠᠮᠪᠤ ᠬᠤᠳᠠ ᠪᠠᠯᠭᠠᠰᠤᠨ ᠤ ᠰᠠᠭᠤᠷᠢ ᠲᠦᠬᠦᠬᠡᠷᠤᠮᠵᠢ ᠶᠢᠨ ᠪᠦᠳᠤᠬᠡᠨ ᠪᠠᠶᠢᠭᠤᠯᠤᠯᠳᠠ ᠪᠠᠯᠠ ᠤᠷᠤᠭᠤᠯᠤᠯᠳᠠ ᠶᠢᠨ ᠬᠢᠵᠠᠭᠠᠷᠳᠤ ᠬᠠᠷᠢᠭᠤᠴᠠᠯᠭᠠᠳᠤ ᠺᠤᠮᠫᠠᠨᠢ᠂ ᠠᠪᠠᠭ᠎ᠠ ᠬᠤᠰᠢᠭᠤᠨ ᠤ ᠨᠤᠮᠢᠨ ᠠᠭᠤᠷᠬᠠᠢ ᠶᠢᠨ ᠭᠠᠷᠤᠯᠳᠠ ᠶᠢ ᠡᠳ᠋ᠰᠢᠬᠦᠯᠤᠨ ᠪᠤᠷᠤᠯᠠᠭᠤᠯᠬᠤ ᠬᠢᠵᠠᠭᠠᠷᠳᠤ ᠺᠤᠮᠫᠠᠨᠢ᠂ ᠠᠪᠠᠭ᠎ᠠ ᠬᠤᠰᠢᠭᠤᠨ ᠤ ᠪᠤᠭᠳᠠ ᠪᠡᠯᠡ ᠤᠷᠤᠭᠤᠯᠤᠯᠳᠠ ᠡᠵᠡᠩᠨᠡᠯᠳᠡ ᠶᠢᠨ ᠬᠢᠵᠠᠭᠠᠷᠳᠤ ᠬᠠᠷᠢᠭᠤᠴᠠᠯᠭᠠᠳᠤ ᠺᠤᠮᠫᠠᠨᠢ᠂ ᠠᠪᠠᠭ᠎ᠠ ᠬᠤᠰᠢᠭᠤᠨ ᠤ ᠱᠦᠸᠠᠢ ᠰᠢᠨ ᠤᠷᠴᠢᠨ ᠲᠤᠭᠤᠷᠢᠨ ᠤ ᠡᠷᠡᠬᠦᠯ ᠬᠠᠮᠠᠭᠠᠯᠠᠯ ᠠᠷᠢᠭᠤᠨ ᠴᠠᠪᠠᠷ ᠤᠨ ᠬᠢᠵᠠᠭᠠᠷᠳᠤ ᠬᠠᠷᠢᠭᠤᠴᠠᠯᠭᠠᠳᠤ ᠺᠤᠮᠫᠠᠨᠢ᠂ ᠠᠪᠠᠭ᠎ᠠ ᠬᠤᠰᠢᠭᠤᠨ ᠤ ᠤᠬᠠᠭᠠᠨ ᠮᠤᠩᠭᠤᠯ ᠨᠤᠮ ᠬᠡᠪᠯᠡᠬᠦ ᠬᠢᠵᠠᠭᠠᠷᠳᠤ ᠺᠤᠮᠫᠠᠨᠢ᠂ ᠠᠪᠠᠭ᠎ᠠ ᠬᠤᠰᠢᠭᠤᠨ ᠤ ᠪᠤᠳᠠᠭ᠎ᠠ ᠲᠤᠰᠤ ᠬᠤᠳᠠᠯᠳᠤᠨ ᠪᠤᠷᠤᠯᠠᠭᠤᠯᠬᠤ ᠬᠢᠵᠠᠭᠠᠷᠳᠤ ᠬᠠᠷᠢᠭᠤᠴᠠᠯᠭᠠᠳᠤ ᠺᠤᠮᠫᠠᠨᠢ᠃ ᠤᠳᠤ ᠬᠠᠮᠪᠤ ᠬᠤᠳᠠ ᠶᠢᠨ ᠪᠠᠯᠠ ᠤᠷᠤᠭᠤᠯᠤᠯᠳᠠ ᠶᠢᠨ ᠺᠤᠮᠫᠠᠨᠢ᠂ ᠪᠤᠭᠳᠠ ᠪᠠᠯᠠ ᠤᠷᠤᠭᠤᠯᠤᠯᠳᠠ ᠶᠢᠨ ᠺᠤᠮᠫᠠᠨᠢ ᠬᠠᠮᠢᠶ᠎ᠠ ᠪᠦᠬᠦᠢ ᠵᠢᠬᠡᠯᠡᠯᠬᠡ ᠪᠠᠨ ᠪᠤᠴᠠᠭᠠᠬᠤ ᠬᠦᠢᠴᠡᠳᠬᠡᠯ ᠬᠢᠵᠤ᠂ ᠱᠦᠸᠡᠢ ᠰᠢᠨ ᠤᠷᠴᠢᠨ ᠲᠤᠭᠤᠷᠢᠨ ᠤ ᠡᠷᠡᠬᠦᠯ ᠬᠠᠮᠠᠭᠠᠯᠠᠯ ᠤᠨ ᠺᠤᠮᠫᠠᠨᠢ ᠡᠮᠤᠨᠡᠬᠢ ᠬᠤᠭᠤᠴᠠᠭᠠᠨ ᠤ ᠪᠠᠷᠢᠯᠭ᠎ᠠ ᠶᠢᠨ ᠰᠦᠢᠳᠬᠡᠯ ᠴᠡᠶᠢᠷᠠᠭᠤᠯᠬᠤ ᠬᠦᠢᠴᠡᠳᠬᠡᠯ ᠬᠢᠵᠤ᠂ ᠪᠤᠰᠤᠳ ᠺᠤᠮᠫᠠᠨᠢ ᠶᠠᠮᠠᠷᠴᠤ ᠡᠵᠡᠩᠨᠡᠯᠳᠡ ᠶᠢᠨ ᠲᠦᠷᠤᠯ ᠵᠥᠢᠯ ᠪᠠᠶᠢᠬᠤ ᠦᠬᠡᠢ᠃ ᠵᠠᠰᠠᠭ ᠤᠨ ᠤᠷᠳᠤᠨ ᠤ ᠲᠤᠬᠢᠷᠠᠭᠤᠯᠤᠯᠳᠠ ᠶᠢ ᠦᠡᠳᠤᠰᠤᠯᠡᠨ᠂ ᠮᠠᠨ ᠤ ᠬᠤᠰᠢᠭᠤ 16 ᠵᠠᠰᠠᠭ ᠵᠠᠬᠢᠷᠭᠠᠨ᠂ ᠠᠵᠢᠯ ᠦᠢᠯᠡᠰ ᠤᠨ ᠪᠠᠶᠢᠭᠤᠯᠭ᠎ᠠ ᠶᠢᠨ ᠤᠯᠤᠰ ᠤᠨ ᠦᠮᠴᠢᠯᠡᠯᠳᠤ ᠦᠪ ᠬᠦᠷᠤᠩᠬᠡ ᠶᠢ ᠪᠤᠭᠳᠠ ᠪᠡᠯᠡ ᠤᠷᠤᠭᠤᠯᠤᠯᠳᠠ ᠶᠢᠨ ᠡᠵᠡᠩᠨᠡᠯᠳᠡ ᠶᠢᠨ ᠬᠢᠵᠠᠭᠠᠷᠳᠤ ᠬᠠᠷᠢᠭᠤᠴᠠᠯᠭᠠᠳᠤ ᠺᠤᠮᠫᠠᠨᠢ ᠳᠤ ᠬᠤᠪᠢᠶᠠᠷᠢᠯᠠᠨ ᠨᠢᠬᠡᠳᠤᠯᠳᠡᠢ ᠬᠠᠮᠢᠶᠠᠷᠬᠤ ᠶᠢᠨ ᠬᠠᠮᠳᠤ ᠦᠪ ᠬᠦᠷᠤᠩᠬᠡ ᠶᠢ ᠦᠨᠡᠯᠡᠬᠦ ᠵᠢᠴᠢ ᠦᠮᠴᠢᠯᠡᠯ ᠤᠨ ᠡᠷᠬᠡ ᠶᠢ ᠰᠢᠯᠵᠢᠬᠦᠯᠬᠦ ᠭᠠᠷ ᠬᠦᠢᠴᠡᠳᠬᠡᠯ ᠬᠢᠪᠡ᠃ ᠲᠦᠷᠪᠡ ᠦᠪ ᠬᠦᠷᠤᠩᠬᠡ ᠶᠢᠨ ᠬᠠᠮᠢᠶᠠᠷᠤᠯᠳᠠ ᠶᠢᠨ ᠲᠦᠷᠢᠮ ᠢ ᠪᠠᠶᠢᠭᠤᠯᠬᠤ ᠪᠠ ᠬᠡᠷᠡᠭᠵᠢᠬᠦᠯᠦᠭᠰᠡᠨ ᠪᠠᠶᠢᠳᠠᠯ2019 ᠤᠨ ᠤ 4 ᠰᠠᠷ᠎ᠠ ᠳᠤ ᠮᠠᠨ ᠤ ᠬᠤᠰᠢᠭᠤ ᠠᠪᠠᠭ᠎ᠠ ᠬᠤᠰᠢᠭᠤᠨ ᠤ ᠤᠯᠤᠰ ᠤᠨ ᠦᠮᠴᠢᠯᠡᠯᠳᠤ ᠦᠪ ᠬᠦᠷᠤᠩᠬᠡ ᠶᠢᠨ ᠬᠢᠨᠡᠨ ᠬᠠᠮᠢᠶᠠᠷᠤᠯᠳᠠ ᠶᠢᠨ ᠵᠦᠪᠯᠡᠯ ᠢ ᠪᠠᠶᠢᠭᠤᠯᠬᠤ ᠶᠢᠨ ᠬᠠᠮᠳᠤ ᠡᠳ᠋ ᠤᠨ ᠵᠠᠰᠠᠭ ᠤᠨ ᠲᠤᠪᠴᠢᠶᠠᠨ  ᠳᠤ ᠫᠠᠶᠢᠰᠠ ᠢᠯᠡᠷᠬᠡᠶᠢᠯᠡᠯ ᠡᠯᠬᠦᠵᠤ᠂ ᠤᠯᠤᠰ ᠤᠨ ᠦᠮᠴᠢᠯᠡᠯᠳᠤ ᠦᠪ ᠬᠦᠷᠤᠩᠬᠡ ᠶᠢᠨ ᠬᠠᠮᠢᠶᠠᠷᠤᠯᠳᠠ ᠶᠢᠨ ᠲᠤᠯᠭᠠᠷᠠᠵᠤ ᠪᠠᠶᠢᠭ᠎ᠠ ᠰᠢᠨ᠎ᠠ ᠪᠠᠶᠢᠳᠠᠯ ᠳᠤ ᠴᠢᠭᠯᠡᠬᠦᠯᠤᠨ᠂ ᠮᠠᠨ ᠤ ᠬᠤᠰᠢᠭᠤᠨ ᠤ ᠤᠯᠤᠰ ᠤᠨ ᠦᠮᠴᠢᠯᠡᠯᠳᠤ ᠦᠪ ᠬᠦᠷᠤᠩᠬᠡ ᠶᠢᠨ ᠬᠠᠮᠢᠶᠠᠷᠤᠯᠳᠠ ᠶᠢᠨ ᠰᠠᠯᠠᠭ᠎ᠠ ᠮᠦᠴᠢᠷ ᠡᠳ᠋ ᠤᠨ ᠵᠠᠰᠠᠭ ᠤᠨ ᠲᠦᠰᠤᠪᠯᠡᠨ ᠪᠤᠳᠤᠯᠳᠠ᠂ ᠲᠠᠩᠰᠠ ᠴᠠᠶᠢᠷᠠᠭᠤᠯᠬᠤ ᠲᠦᠪ ᠵᠡᠷᠬᠡ ᠲᠠᠰᠤᠭ ᠲᠠᠢ ᠢᠳᠡᠪᠬᠢᠳᠡᠢ ᠬᠠᠮᠵᠢᠯᠴᠠᠨ᠂ ᠵᠠᠰᠠᠭ ᠵᠠᠬᠢᠷᠭᠠᠨ ᠠᠵᠢᠯ ᠦᠢᠯᠡᠰ ᠤᠨ ᠪᠠᠶᠢᠭᠤᠯᠭ᠎ᠠ ᠶᠢᠨ ᠤᠯᠤᠰ ᠤᠨ ᠦᠮᠴᠢᠯᠡᠯᠳᠤ ᠦᠪ ᠬᠦᠷᠤᠩᠬᠡ ᠳᠤ ᠡᠷᠡᠮᠡᠯᠵᠡᠯᠡᠬᠦ᠂ ᠬᠢᠨᠠᠨ ᠵᠦᠪᠰᠢᠶᠠᠷᠠᠬᠦ᠂ ᠨᠤᠳᠠᠯᠠᠨ ᠵᠦᠪᠰᠢᠶᠠᠷᠡᠬᠦ ᠵᠡᠷᠬᠡ ᠬᠠᠮᠢᠶᠠᠷᠤᠯᠳᠠ ᠶᠢᠨ ᠠᠯᠬᠤᠮ ᠲᠠᠷᠠᠭᠠᠯᠠᠯ ᠬᠡᠷᠡᠭᠵᠢᠬᠦᠯᠦᠭᠰᠡᠨ ᠪᠠᠶᠢᠨ᠎ᠠ᠃ ᠲᠡᠬᠡᠳᠤ ᠱᠠᠳᠤᠨ ᠤ ᠰᠠᠯᠠᠭ᠎ᠠ ᠮᠦᠴᠢᠷ ᠤᠨ ︽ᠵᠠᠰᠠᠭ ᠵᠠᠬᠢᠷᠭᠠᠨ ᠤ ᠪᠠᠶᠢᠭᠤᠯᠭ᠎ᠠ ᠶᠢᠨ ᠤᠯᠤᠰ ᠤᠨ ᠦᠮᠴᠢᠯᠡᠯᠳᠤ ᠦᠪ ᠬᠦᠷᠤᠩᠬᠡ ᠶᠢᠨ ᠬᠠᠮᠢᠶᠠᠷᠤᠯᠳᠠ ᠶᠢᠨ ᠲᠦᠷ ᠬᠡᠷᠡᠭᠵᠢᠬᠦᠯᠬᠦ ᠠᠷᠭ᠎ᠠ︾ ᠪᠠ ︽ᠠᠵᠢᠯ ᠦᠢᠯᠡᠰ ᠤᠨ ᠪᠠᠶᠢᠭᠤᠯᠭ᠎ᠠ  ᠶᠢᠨ ᠤᠯᠤᠰ ᠤᠨ ᠦᠮᠴᠢᠯᠡᠯᠳᠤ ᠦᠪ ᠬᠦᠷᠤᠩᠬᠡ ᠶᠢᠨ ᠬᠠᠮᠢᠶᠠᠷᠤᠯᠳᠠ ᠶᠢᠨ ᠲᠦᠷ ᠬᠡᠷᠡᠭᠵᠢᠬᠦᠯᠬᠦ ᠠᠷᠭ᠎ᠠ︾ ᠵᠡᠷᠬᠡ ᠪᠢᠴᠢᠭ ᠮᠠᠲ᠋ᠧᠷᠢᠶᠠᠯ ᠤᠨ ᠵᠤᠷᠢᠭ ᠰᠠᠨᠠᠭ᠎ᠠ ᠶᠢ ᠦᠡᠳᠤᠰᠤᠯᠠᠨ᠂ ᠮᠠᠨ ᠤ ᠬᠤᠰᠢᠭᠤᠨ ᠤ ᠪᠤᠳᠠᠳᠤ ᠪᠠᠶᠢᠳᠠᠯ ᠳᠤ ᠨᠠᠶᠢᠴᠠᠬᠦ ᠬᠡᠷᠡᠭᠵᠢᠬᠦᠯᠬᠦ ᠠᠷᠭ᠎ᠠ ᠪᠠ ᠰᠠᠨᠠᠯ ᠢ ᠲᠤᠭᠳᠠᠭᠠᠵᠤ᠂ ︽ᠵᠠᠰᠠᠭ ᠵᠠᠬᠢᠷᠭᠠᠨ ᠠᠵᠢᠯ ᠦᠢᠯᠡᠰ ᠤᠨ ᠪᠠᠶᠢᠭᠤᠯᠭ᠎ᠠ  ᠶᠢᠨ ᠤᠯᠤᠰ ᠤᠨ ᠦᠮᠴᠢᠯᠡᠯᠳᠤ ᠦᠪ ᠬᠦᠷᠤᠩᠬᠡ ᠶᠢᠨ ᠬᠠᠮᠢᠶᠠᠷᠤᠯᠳᠠ ᠶᠢᠨ ᠮᠠᠳᠡᠭᠳᠡᠯ︾ ︵ᠠᠪᠠᠭ᠎ᠠ ᠵᠠᠰᠠᠭ ﹇2019﹈ 6 ᠳ᠋ᠤᠭᠠᠷ ᠲᠤᠭᠠᠳᠤ︶ ᠢ ᠲᠠᠷᠬᠠᠭᠠᠨ᠂ ᠪᠦᠬᠦ ᠬᠤᠰᠢᠭᠤᠨ ᠤ ᠬᠡᠪᠴᠢᠶᠠᠨ ᠳᠤ ᠲᠦᠯᠤᠪᠯᠡᠭᠡ ᠲᠠᠢ ᠪᠠᠷ ᠦᠪ ᠬᠦᠷᠤᠩᠬᠡ ᠶᠢ ᠪᠦᠷᠢᠳᠬᠡᠨ ᠪᠠᠶᠢᠴᠠᠭᠠᠵᠤ᠂ ᠡᠯ᠎ᠠ ᠰᠠᠯᠠᠭ᠎ᠠ ᠮᠦᠴᠢᠷ ᠢ ᠱᠠᠭᠠᠷᠳᠠᠨ᠂ ᠲᠤᠭᠳᠠᠮᠠᠯ ᠬᠦᠷᠤᠩᠬᠡ  ᠶᠢᠨ ᠪᠦᠷᠢᠳᠬᠡᠯ ᠤᠨ ᠨᠠᠷᠢᠨ ᠲᠠᠩᠰᠠ ᠪᠠᠶᠢᠭᠤᠯᠵᠤ᠂ ᠲᠠᠩᠰᠠ ᠡᠪᠬᠡᠮᠡᠯ ᠨᠢ ᠤᠯᠤᠰ ᠤᠨ ᠦᠮᠴᠢᠯᠡᠯᠳᠤ ᠦᠪ ᠬᠦᠷᠤᠩᠬᠡ ᠶᠢᠨ ᠰᠢᠰᠲ᠋ᠧᠮ ᠲᠠᠢ ᠨᠢᠬᠡᠳᠤᠯᠳᠡᠢ ᠪᠠᠶᠢᠬᠤ ᠶᠢ ᠪᠠᠳᠤᠯᠠᠬᠤ ᠶᠢᠨ ᠬᠠᠮᠳᠤ ᠲᠤᠭᠳᠠᠮᠠᠯ ᠬᠦᠷᠤᠩᠬᠡ ᠶᠢᠨ ᠲᠠᠩᠰᠠ ᠡᠪᠬᠡᠮᠡᠯ ᠢ ᠬᠤᠶᠢᠰᠢᠳᠠ ᠶᠢᠨ ᠤᠯᠤᠰ ᠤᠨ ᠦᠮᠴᠢᠯᠡᠯᠳᠤ ᠦᠪ ᠬᠦᠷᠤᠩᠬᠡ ᠶᠢ ᠪᠦᠷᠢᠳᠬᠡᠨ ᠪᠠᠶᠢᠴᠠᠭᠠᠬᠤ ᠦᠡᠳᠤᠰᠤ ᠪᠠᠷᠢᠮᠳᠠ ᠪᠤᠯᠭᠠᠵᠤ᠂ ᠤᠯᠤᠰ ᠤᠨ ᠦᠮᠴᠢᠯᠡᠯᠳᠤ ᠦᠪ ᠬᠦᠷᠤᠩᠬᠡ ᠶᠢᠨ ᠲᠠᠩᠰᠠ ᠡᠪᠬᠡᠮᠡᠯ ᠢ ᠪᠠᠶᠢᠭᠤᠯᠤᠨ ᠪᠦᠷᠢᠡᠰᠢᠬᠦᠯᠵᠤ᠂ ᠤᠷᠴᠢᠮ ᠤᠨ ᠵᠢᠯ ᠤᠨ ᠤᠯᠤᠰ ᠤᠨ ᠦᠮᠴᠢᠯᠡᠯᠳᠤ ᠦᠪ ᠬᠦᠷᠤᠩᠬᠡ ᠶᠢᠨ ᠲᠠᠩᠰᠠ ᠡᠪᠬᠡᠮᠡᠯ ᠢ ᠪᠦᠷᠢᠡᠰᠢᠬᠦᠯᠤᠨ ᠲᠠᠩᠰᠠᠯᠠᠵᠤ᠂ ᠵᠠᠰᠠᠭ ᠵᠠᠬᠢᠷᠭᠠᠨ ᠠᠵᠢᠯ ᠦᠢᠯᠡᠰ ᠤᠨ ᠪᠠᠶᠢᠭᠤᠯᠭ᠎ᠠ ᠶᠢᠨ ᠤᠯᠤᠰ ᠤᠨ ᠦᠮᠴᠢᠯᠡᠯᠳᠤ ᠦᠪ ᠬᠦᠷᠤᠩᠬᠡ ᠶᠢᠨ ᠬᠠᠮᠢᠶᠠᠷᠤᠯᠳᠠ ᠶᠢᠨ ᠵᠤᠬᠢᠴᠠᠮᠵᠢ ᠶᠢ ᠤᠯᠠᠮ ᠨᠢᠬᠡ ᠠᠯᠬᠤᠮ ᠪᠠᠶᠢᠭᠤᠯᠤᠨ ᠪᠦᠷᠢᠠᠰᠢᠬᠦᠯᠪᠠ᠃ ᠲᠠᠪᠤ᠂ ᠦᠪ ᠬᠦᠷᠤᠩᠬᠡ ᠶᠢ ᠪᠦᠷᠢᠳᠬᠡᠬᠦ ᠶᠠᠪᠤᠴᠠ ᠳᠤ ᠤᠷᠤᠰᠢᠵᠤ ᠪᠠᠶᠢᠭ᠎ᠠ ᠠᠰᠠᠭᠤᠳᠠᠯ⒈ ᠵᠠᠷᠢᠮ ᠪᠠᠶᠢᠭᠤᠯᠭ᠎ᠠ ᠨᠢᠬᠡᠴᠠ ᠤᠯᠤᠰ ᠤᠨ ᠦᠮᠴᠢᠯᠡᠯᠳᠤ ᠦᠪ ᠬᠦᠷᠤᠩᠬᠡ ᠶᠢᠨ ᠬᠠᠮᠢᠶᠠᠷᠤᠯᠳᠠ ᠶᠢᠨ ᠲᠠᠯ᠎ᠠ ᠶᠢᠨ ᠲᠠᠨᠢᠯᠳᠠ ᠲᠤᠳᠠᠮᠠᠭ᠂ ᠬᠠᠮᠢᠶᠠᠷᠤᠯᠳᠠ ᠨᠢ ᠰᠤᠯᠠ ᠵᠠᠳᠠᠭᠠᠢ᠂ ᠡᠬᠦᠷᠬᠡ ᠬᠠᠷᠢᠭᠤᠴᠠᠯᠭ᠎ᠠ ᠨᠢ ᠲᠤᠳᠤᠷᠬᠠᠢ ᠪᠤᠰᠤ︔⒉ ᠪᠤᠳᠠᠳᠤ ᠦᠪ ᠬᠦᠷᠤᠩᠬᠡ ᠶᠢᠨ ᠬᠠᠮᠢᠶᠠᠷᠤᠯᠳᠠ ᠶᠢᠨ ᠲᠦᠷᠢᠮ ᠨᠢ ᠪᠦᠷᠢᠨ ᠲᠦᠬᠦᠷ ᠪᠤᠰᠤ᠂ ᠦᠡᠳᠤᠰᠤᠨ  ᠳᠡᠭᠡᠨ ᠪᠠᠶᠢᠭᠤᠯᠵᠤ ᠲᠠᠭᠤᠰᠤᠭᠰᠡᠨ ᠪᠤᠯᠪᠠᠴᠤ ᠴᠠᠭ ᠲᠤᠬᠠᠢ ᠳᠤᠨᠢ ᠲᠦᠰᠤᠪ ᠤᠨ ᠬᠦᠢᠴᠡᠳᠬᠡᠯ ᠬᠢᠭᠰᠡᠨ ᠦᠬᠡᠢ᠂ ᠰᠢᠨ᠎ᠠ ᠪᠠᠷ ᠨᠡᠮᠡᠭᠳᠡᠭᠰᠡᠨ ᠤᠯᠤᠰ ᠤᠨ ᠦᠮᠴᠢᠯᠡᠯᠳᠤ ᠦᠪ ᠬᠦᠷᠤᠩᠬᠡ ᠶᠢ ᠴᠠᠭ ᠲᠤᠬᠠᠢ ᠳᠤᠨᠢ ᠪᠦᠷᠢᠳᠬᠡᠭᠰᠡᠨ ᠦᠬᠡᠢ ᠱᠠᠭᠠᠷᠳᠠᠯᠭ᠎ᠠ ᠶᠤᠰᠤᠭᠠᠷ ᠤᠯᠤᠰ ᠤᠨ ᠦᠮᠴᠢᠯᠡᠯᠳᠤ ᠦᠪ ᠬᠦᠷᠤᠩᠬᠡ ᠶᠢ ᠴᠠᠭ ᠲᠤᠬᠠᠢ ᠳᠤᠨᠢ ᠪᠦᠷᠢᠳᠬᠡᠨ ᠲᠠᠩᠰᠠᠯᠠᠭᠰᠡᠨ ᠦᠬᠡᠢ︔⒊ ᠲᠤᠭᠳᠠᠭᠰᠨᠨ ᠲᠠᠰ ᠲᠠᠷᠠᠮ ᠶᠤᠰᠤᠭᠠᠷ ᠮᠠᠳᠡᠬᠦᠯᠵᠤ ᠵᠦᠪᠰᠢᠶᠠᠷᠠᠬᠦᠯᠦᠭᠰᠡᠨ ᠦᠬᠡᠢ᠂ ᠲᠤᠭᠳᠠᠭᠠᠯ ᠢ ᠵᠦᠷᠢᠴᠠᠨ ᠬᠤᠳᠠᠯᠳᠤᠬᠤ᠂ ᠬᠠᠨᠳᠢᠪᠯᠡᠨ ᠦᠭᠬᠦ᠂ ᠤᠯᠤᠰ ᠤᠨ ᠦᠮᠴᠢᠯᠡᠯᠳᠤ ᠦᠪ ᠬᠦᠷᠤᠩᠬᠡ ᠶᠢ ᠰᠢᠯᠵᠢᠬᠦᠯᠤᠨ ᠬᠤᠪᠢᠶᠠᠷᠢᠯᠠᠬᠤ︔⒋ ᠲᠤᠭᠳᠠᠮᠠᠯ ᠬᠦᠷᠤᠩᠬᠡ᠂ ᠲᠤᠤᠷ᠎ᠠ ᠦᠷᠳᠡᠭᠳᠤ ᠠᠮᠠᠷᠬᠠᠨ ᠬᠤᠬᠢᠷᠠᠬᠤ ᠪᠤᠳᠠᠰ ᠵᠢᠴᠢ ᠡᠯ᠎ᠠ ᠲᠦᠷᠤᠯ ᠤᠨ ᠮᠠᠲ᠋ᠧᠷᠢᠶᠠᠯ ᠤᠨ ᠲᠠᠩᠰᠠ ᠺᠠᠷᠲ ᠪᠦᠷᠢᠨ ᠪᠤᠰᠤ᠂ ᠪᠦᠷᠢᠳᠬᠡᠭᠰᠡᠨ ᠨᠢ ᠬᠦᠢᠴᠡᠳ ᠪᠤᠰᠤ ᠠᠴᠠ ᠪᠤᠯᠵᠤ᠂ ᠲᠠᠩᠰᠠ  ᠶᠢᠨ ᠺᠠᠷᠲ᠂ ᠲᠠᠩᠰᠠ ᠶᠢᠨ ᠪᠤᠳᠠᠳᠤ ᠪᠠᠶᠢᠳᠠᠯ ᠲᠠᠢ ᠨᠠᠶᠢᠴᠡᠬᠦ ᠦᠬᠡᠢ ᠪᠠᠶᠢᠨ᠎ᠠ᠃ ᠵᠢᠷᠭᠤᠭ᠎ᠠ᠂ ᠲᠠᠷᠠᠭ᠎ᠠ ᠠᠯᠬᠤᠮ ᠤᠨ ᠠᠵᠢᠯ ᠤᠨ ᠲᠤᠬᠢᠷᠠᠭᠤᠯᠤᠯᠳᠠ ︵ᠨᠢᠬᠡ︶ ᠦᠪ ᠬᠦᠷᠤᠩᠬᠡ ᠶᠢᠨ ᠨᠠᠮᠡᠭᠳᠡᠯ᠂ ᠬᠡᠷᠡᠭᠯᠡᠯᠳᠡ᠂ ᠰᠢᠢᠳᠪᠤᠷᠢᠯᠡᠬᠦ ᠭᠠᠷ ᠬᠦᠢᠴᠡᠳᠬᠡᠯ ᠢ ᠲᠦᠷᠢᠮᠵᠢᠬᠦᠯᠤᠨ᠎ᠠ᠃ ᠡᠯ᠎ᠠ ᠪᠠᠶᠢᠭᠤᠯᠭ᠎ᠠ ᠨᠢᠬᠡᠴᠠ ᠶᠢᠨ ᠤᠯᠤᠰ ᠤᠨ ᠦᠮᠴᠢᠯᠡᠯᠳᠤ ᠦᠪ ᠬᠦᠷᠤᠩᠬᠡ ᠶᠢ ᠪᠦᠷᠢᠳᠬᠡᠨ ᠪᠠᠶᠢᠴᠠᠭᠠᠬᠤ ᠪᠠᠷ ᠲᠠᠮᠵᠢᠨ᠂ ᠤᠯᠤᠰ ᠤᠨ ᠦᠮᠴᠢᠯᠡᠯᠳᠤ ᠦᠪ ᠬᠦᠷᠤᠩᠬᠡ ᠶᠢᠨ ᠬᠠᠳᠠᠭᠠᠯᠠᠮᠵᠢ ᠶᠢᠨ ᠬᠡᠮᠵᠢᠶ᠎ᠠ᠂ ᠲᠠᠷᠬᠠᠯᠳᠠ᠂ ᠪᠦᠳᠤᠴᠠ ᠵᠢᠴᠢ ᠬᠡᠷᠡᠭᠯᠡᠯᠳᠡ ᠶᠢᠨ ᠪᠠᠶᠢᠳᠠᠯ ᠢ ᠨᠠᠶᠢᠷᠨ ᠲᠤᠳᠤᠷᠬᠠᠢ ᠪᠤᠯᠭᠠᠵᠤ᠂ ᠴᠠᠭ ᠲᠤᠬᠠᠢ ᠳᠤᠨᠢ ᠲᠤᠭᠳᠠᠮᠠᠯ ᠬᠦᠷᠤᠩᠬᠡ ᠶᠢᠨ ᠰᠢᠰᠲ᠋ᠧᠮ ᠳᠤ ᠤᠷᠤᠭᠤᠯᠵᠤ᠂ ᠰᠢᠰᠲ᠋ᠧᠮ ᠤᠨ ᠲᠠᠪᠴᠠᠩ ᠢ ᠬᠦᠢᠴᠡᠳ ᠠᠰᠢᠭᠯᠠᠵᠤ ᠡᠯ᠎ᠠ ᠰᠠᠯᠠᠭ᠎ᠠ ᠮᠦᠴᠢᠷ ᠤᠨ ᠤᠯᠤᠰ ᠤᠨ ᠦᠮᠴᠢᠯᠡᠯᠳᠤ ᠦᠪ ᠬᠦᠷᠤᠩᠬᠡ ᠳᠤ ᠬᠦᠳᠡᠯᠤᠩᠬᠦᠢ ᠬᠠᠮᠢᠶᠠᠷᠤᠯᠳᠠ ᠬᠡᠷᠡᠭᠵᠢᠬᠦᠯᠵᠤ᠂ ᠰᠢᠨ᠎ᠠ ᠪᠠᠷ ᠨᠡᠮᠡᠭᠳᠡᠭᠰᠡᠨ ᠦᠪ ᠬᠦᠷᠤᠩᠬᠡ ᠶᠢᠨ ᠲᠤᠬᠢᠷᠠᠭᠤᠯᠤᠯᠳᠠ ᠶᠢ ᠪᠦᠷᠢᠳᠬᠡᠬᠦ ᠠᠵᠢᠯ ᠢ ᠴᠢᠩᠭᠠᠳᠬᠠᠵᠤ᠂ ᠦᠪ ᠬᠦᠷᠤᠩᠬᠡ ᠶᠢ ᠲᠤᠬᠢᠷᠠᠭᠤᠯᠤᠨ ᠰᠢᠢᠳᠪᠤᠷᠢᠯᠡᠬᠦ ᠲᠡᠰ ᠲᠠᠷᠠᠮ ᠢ ᠲᠦᠷᠢᠮᠵᠢᠬᠦᠯᠵᠤ᠂ ᠦᠪ ᠬᠦᠷᠤᠩᠬᠡ ᠶᠢ ᠦᠷ᠎ᠠ ᠪᠦᠳᠤᠮᠵᠢᠳᠡᠢ ᠬᠡᠷᠡᠭᠯᠡᠬᠦ ᠶᠢ ᠪᠠᠳᠤᠯᠠᠨ᠎ᠠ᠃ ︵ᠬᠤᠶᠡᠷ︶ ᠤᠯᠤᠰ ᠤᠨ ᠦᠮᠴᠢᠯᠡᠯᠳᠤ ᠦᠪ ᠬᠦᠷᠤᠩᠬᠡ ᠶᠢ ᠰᠢᠢᠳᠪᠤᠷᠢᠯᠡᠬᠦ ᠠᠯᠬᠤᠮ ᠲᠠᠷᠠᠭᠠᠯᠠᠯ ᠢ ᠲᠤᠳᠤᠷᠬᠠᠢ ᠪᠤᠯᠭᠠᠨ᠎ᠠ᠃ ᠰᠤᠯᠠ ᠲᠠᠯᠪᠢᠵᠤ ᠪᠠᠶᠢᠭ᠎ᠠ ᠦᠪ ᠬᠦᠷᠤᠩᠬᠡ ᠶᠢᠨ ᠬᠠᠮᠢᠶᠠᠷᠤᠯᠳᠠ ᠶᠢᠨ ᠠᠵᠢᠯ ᠢ ᠰᠠᠶᠢᠳᠤᠷ ᠬᠢᠵᠤ᠂ ᠡᠯ᠎ᠠ ᠪᠠᠶᠢᠭᠤᠯᠭ᠎ᠠ ᠨᠢᠬᠡᠴᠠ ᠤᠯᠤᠰ ᠤᠨ ᠦᠮᠴᠢᠯᠡᠯᠳᠤ ᠦᠪ ᠬᠦᠷᠤᠩᠬᠡ ᠶᠢᠨ ᠬᠠᠮᠢᠶᠠᠷᠤᠯᠳᠠ ᠶᠢᠨ ᠬᠠᠮᠢᠶ᠎ᠠ ᠪᠦᠬᠦᠢ ᠲᠤᠭᠳᠠᠭᠠᠯ ᠢ ᠴᠢᠩᠭ᠎ᠠ ᠵᠢᠷᠤᠮᠯᠠᠵᠤ᠂ ᠤᠯᠤᠰ ᠤᠨ ᠦᠮᠴᠢᠯᠡᠯᠳᠤ ᠦᠪ ᠬᠦᠷᠤᠩᠬᠡ ᠶᠢᠨ ᠲᠤᠬᠢᠷᠠᠭᠤᠯᠤᠠ ᠬᠤᠪᠢᠶᠠᠷᠢᠯᠠᠬᠤ᠂ ᠰᠢᠯᠵᠢᠬᠦᠯᠬᠦ᠂ ᠰᠣᠯᠢᠬᠤ᠂ ᠬᠤᠳᠠᠯᠳᠤᠬᠤ᠂ ᠬᠠᠶᠠᠭᠳᠠᠮᠠᠯ ᠪᠤᠯᠭᠠᠬᠤ᠂ ᠬᠤᠬᠢᠷᠠᠭᠰᠡᠨ ᠢ ᠮᠡᠳᠡᠬᠦᠯᠬᠦ ᠵᠡᠷᠬᠡ ᠲᠦᠷᠤ ᠶᠢᠨ ᠪᠤᠳᠤᠯᠭ᠎ᠠ ᠪᠠᠷ ᠰᠢᠢᠳᠪᠤᠷᠢᠯᠡᠬᠦ ᠠᠰᠠᠭᠤᠳᠠᠯ ᠵᠢᠴᠢ ᠲᠦᠷᠢᠶᠠᠰᠤᠯᠡᠬᠦᠯᠵᠤ᠂ ᠵᠢᠬᠡᠯᠡᠬᠦᠯᠬᠦ ᠠᠰᠠᠭᠤᠳᠠᠯ ᠡᠬᠦᠰᠬᠦ ᠦᠶᠡᠰ᠂ ︽ᠪᠠᠶᠢᠭᠤᠯᠭ᠎ᠠ ᠠᠴᠠ ᠡᠷᠡᠮᠠᠯᠵᠡᠯᠡᠬᠦ᠂ ᠰᠠᠯᠠᠭ᠎ᠠ ᠮᠦᠴᠢᠷ ᠬᠢᠨᠠᠨ ᠬᠠᠷᠭᠤᠭᠤᠯᠬᠤ᠂ ᠤᠳᠤᠷᠢᠳᠤᠯᠭ᠎ᠠ ᠠᠴᠠ ᠬᠢᠨᠡᠨ ᠵᠦᠪᠰᠢᠶᠠᠷᠠᠬᠦ︾ ᠲᠠᠰ ᠲᠠᠷᠠᠭᠠᠯᠠᠯ ᠢ ᠦᠡᠳᠤᠰᠤᠯᠡᠨ ᠰᠢᠢᠳᠪᠤᠷᠢᠯᠠᠨ᠎ᠠ᠃     ᠠᠪᠠᠭ᠎ᠠ ᠬᠤᠰᠢᠭᠤᠨ ᠤ ᠠᠷᠡᠳ ᠤᠨ ᠵᠠᠰᠠᠭ ᠤᠨ ᠤᠷᠳᠤᠨ ᠤ ᠠᠯᠪᠠᠨ ᠬᠡᠷ                                            2019 ᠤᠨ ᠤ 10 ᠰᠠᠷ᠎ᠠ ᠶᠢᠨ 14 ᠤ ᠡᠳᠤᠷ ᠲᠠᠷᠤᠮᠠᠯᠯᠠᠨ ᠲᠠᠷᠬᠠᠭᠠᠪᠠ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号