ᠠᠪᠠᠭ᠎ᠠ ᠬᠤᠰᠢᠭᠤ ᠳᠡᠯᠡᠬᠡᠢ ᠶᠢᠨ ᠨᠤᠮ ᠤᠩᠰᠢᠬᠤ ᠡᠳᠦᠷᠯᠢᠭ ᠢ ᠤᠳᠬ᠎ᠠ ᠳᠡᠬᠦᠯᠳᠡᠷ ᠳᠡᠮᠳᠡᠭᠯᠡᠵᠦ ᠪᠠᠶᠢᠨ᠎ᠠ
ᠨᠡᠶᠢᠲᠡᠯᠡᠭᠰᠡᠨ ᠴᠠᠭ᠄
2018/4/27
    ᠪᠤᠳᠢ ᠨᠤᠮ ᠠᠴᠠ ᠪᠤᠳᠤᠯ ᠤᠨ ᠬᠡᠬᠡ ᠳᠤᠶᠠᠭᠠᠷᠠᠨ᠎ᠠ᠃ ᠨᠤᠮ ᠠᠴᠠ ᠬᠦᠮᠦᠨ ᠤᠬᠠᠭᠠᠷᠠᠯ ᠬᠡᠬᠡᠷᠡᠯ ᠠᠪᠴᠦ᠂ ᠤᠶᠤᠨ ᠪᠢᠯᠢᠭ ᠢᠶᠠᠨ ᠬᠤᠷᠴᠠᠯᠠᠨ᠂ ᠨᠤᠮ ᠠᠴᠠ ᠳᠡᠯᠡᠬᠡᠢ ᠶᠢ ᠬᠠᠷᠠᠳᠠᠭ᠃ ᠬᠤᠷᠢᠨ ᠭᠤᠷᠪᠠᠳᠡᠬᠢ ᠳᠡᠯᠡᠬᠡᠢ ᠶᠢᠨ ᠨᠤᠮ ᠤᠩᠰᠢᠬᠤ ᠡᠳᠦᠷ ᠢ ᠳᠤᠷᠠᠰᠬᠠᠨ ᠳᠡᠮᠳᠡᠭᠯᠡᠵᠦ᠂ ᠬᠦᠮᠦᠨ ᠤᠯᠠᠨ ᠳᠠᠭᠠᠨ ᠨᠤᠮ ᠲᠠᠢ ᠨᠦᠬᠦᠷᠯᠡᠨ᠂ ᠨᠤᠮ ᠤᠨ ᠳᠠᠯᠠᠢ ᠠᠴᠠ ᠤᠬᠠᠭᠠᠨ ᠬᠠᠶᠢᠬᠤ ᠶᠢ ᠤᠷᠢᠶᠠᠯᠠᠨ᠂ ᠨᠤᠮ ᠤᠨ ᠪᠠᠭ᠋ᠠᠳᠠᠳ ᠢᠶᠠᠨ ᠤᠷᠮᠠᠰᠢᠭᠤᠯᠬᠤ᠂ ᠬᠡᠦᠬᠡᠳ ᠳᠡᠬᠦᠤᠨᠡᠷ ᠢᠶᠠᠨ ᠵᠤᠷᠢᠭᠵᠢᠭᠤᠯᠬᠤ ᠡᠬᠦᠳᠡᠨ ᠠᠴᠠ᠂ 4 ᠳ᠋ᠤᠭᠡᠷ ᠰᠠᠷ᠎ᠠ ᠶᠢᠨ 23᠎ ᠤ ᠡᠳᠦᠷ ᠮᠠᠨ ᠤ ᠬᠤᠰᠢᠭᠤ ᠤᠯᠠᠨ ᠰᠠᠶᠢᠬᠠᠨ ᠤᠳᠬ᠎ᠠ ᠠᠭᠤᠯᠭ᠎ᠠ ᠲᠠᠢ ᠠᠵᠢᠯᠯᠠᠭ᠎ᠠ ᠦᠷᠨᠢᠭᠦᠯᠪᠡ᠃     ᠬᠤᠰᠢᠭᠤ ᠬᠤᠶᠢᠴᠢ ᠦᠶ᠎ᠡ ᠪᠠᠨ ᠬᠠᠯᠠᠮᠵᠢᠯᠠᠬᠤ ᠵᠦᠪᠯᠡᠯ᠂ ᠡᠪᠯᠡᠯ ᠤᠨ ᠬᠤᠷᠢᠶ᠎ᠠ᠂ ᠮᠦᠩᠭᠡᠭᠠᠯ ᠬᠡᠤᠬᠡᠳ ᠤᠨ ᠴᠡᠴᠡᠷᠯᠢᠭ᠂ ︽ᠮᠤᠩᠭᠤᠯ ᠨᠤᠮ ᠤᠨ ᠴᠢᠭᠤᠯᠭᠠᠨ︾ ᠨᠤᠮ ᠤᠨ ᠳᠡᠯᠭᠡᠭᠦᠷ᠂ ᠠᠪᠠᠭ᠎ᠠ ᠬᠤᠰᠢᠭᠤᠨ ᠤ ᠲᠤᠯᠭ᠎ᠠ ᠬᠠᠶᠢᠷ᠎ᠠ ᠬᠠᠯᠠᠮᠵᠢ ᠶᠢᠨ ᠬᠤᠯᠪᠤᠭ᠎ᠠ ᠪᠠ ᠮᠠᠯᠴᠢᠨ ᠵᠠᠯᠠᠭᠤ ᠳᠡᠬᠦᠰ ᠨᠠᠷ ᠠᠴᠠ ︽ᠮᠤᠷᠢ ᠲᠠᠢ ᠮᠤᠩᠭᠤᠯ ᠤᠨ ᠨᠤᠮ ᠎ ᠲᠠᠢ ᠬᠡᠤᠬᠡᠳ︾᠂ ︽ᠪᠢᠴᠢᠭ ᠨᠤᠮ ᠦᠭᠡᠢ ᠪᠠᠷ ᠨᠢᠭᠡ ᠡᠳᠦᠷ ᠢ ᠪᠢᠳᠠᠭᠡᠢ ᠦᠩᠭᠡᠷᠡᠬᠦᠯᠦᠯ︾ ᠬᠡᠬᠦ ᠭᠤᠤᠯ ᠰᠡᠳᠦᠪᠳᠦ ᠠᠵᠢᠯᠯᠠᠭ᠎ᠠ ᠦᠷᠨᠢᠬᠦᠯᠵᠦ᠂ ᠴᠡᠴᠡᠷᠯᠢᠭ ᠤᠨ ᠬᠡᠤᠬᠡᠳ ᠲᠤ ᠨᠤᠮ ᠪᠡᠯᠡᠭᠯᠡᠬᠦ᠂ ᠨᠤᠮ ᠢᠶᠠᠨ ᠬᠢᠮᠳᠠᠷᠠᠭᠤᠯᠤᠨ ᠪᠤᠷᠤᠯᠠᠭᠤᠯᠬᠤ᠂ ︽ᠨᠤᠮ ᠤᠨ ᠬᠤᠷ᠎ᠠ ᠲᠠᠢ ᠬᠠᠪᠤᠷ︾ ᠨᠤᠮ ᠤᠩᠰᠢᠬᠤ ᠰᠠᠷ᠎ᠠ ᠶᠢᠨ ᠠᠵᠢᠯᠯᠠᠭᠠᠨ ᠤ ᠪᠢᠴᠢᠬᠠᠨ ᠤᠩᠰᠢᠭᠴᠢ ᠶᠢᠨ ᠱᠠᠩᠨᠠᠯ ᠤᠯᠭᠤᠬᠤ᠂ ᠰᠠᠶᠢᠨ ᠳᠤᠷᠠᠴᠤᠤᠯ ᠤᠨ ᠨᠤᠮ ᠤᠩᠰᠢᠬᠤ ᠠᠵᠢᠯᠯᠠᠭ᠎ᠠ᠂ ᠰᠢᠯᠢᠳᠡᠭ ᠨᠤᠮ ᠤᠩᠰᠢᠭᠴᠢᠳ ᠲᠤ ᠨᠤᠮ ᠤᠨ ᠪᠡᠯᠡᠭ ᠪᠤᠯᠤᠨ ᠦᠨᠡᠮᠯᠡᠯ ᠭᠠᠷᠳᠠᠭᠤᠯᠤᠨ ᠱᠠᠩᠨᠠᠬᠤ ᠵᠡᠷᠭᠡ ᠠᠷᠭ᠎ᠠ ᠬᠡᠯᠪᠡᠷᠢ ᠪᠠᠷ ᠨᠤᠮ ᠤᠩᠰᠢᠬᠤ ᠡᠳᠦᠷᠯᠢᠭ ᠢ ᠤᠳᠬ᠎ᠠ ᠠᠭᠤᠯᠭ᠎ᠠ ᠲᠠᠢ ᠤᠭᠳᠤᠵᠦ᠂ ᠲᠤᠰ ᠠᠵᠢᠯᠯᠠᠭᠠᠨ ᠳᠤ ᠠᠬᠠᠮᠠᠳ ᠤᠷᠠᠨ ᠵᠤᠬᠢᠶᠠᠯᠴᠢ ᠢᠰᠢᠵᠠᠮᠰᠤ ᠭᠤᠸᠠᠢ ᠠᠴᠠ ᠦᠪᠡᠷ ᠤᠨ ᠨᠤᠮ ᠤᠩᠰᠢᠬᠤ ᠤᠷ᠎ᠠ ᠳᠡᠮ᠂ ᠨᠤᠮ ᠤᠩᠰᠢᠬᠤ ᠰᠠᠶᠢᠨ ᠰᠠᠶᠢᠬᠠᠨ ᠳᠠᠳᠬᠠᠯ᠂ ᠨᠤᠮ ᠤᠨ ᠶᠢᠷᠳᠢᠨᠴᠦ ᠪᠠᠷ ᠠᠶᠠᠯᠠᠬᠤ ᠰᠠᠶᠢᠨ ᠰᠠᠶᠢᠬᠠᠨ ᠮᠡᠳᠡᠷᠡᠮᠵᠢ ᠶᠢ ᠭᠡᠷ ᠤᠨ ᠠᠬᠠᠮᠠᠳ ᠎ ᠲᠠᠢ  ᠬᠤᠪᠢᠶᠠᠯᠴᠠᠵᠦ᠂ ᠬᠠᠭᠤᠴᠢᠨ ᠨᠤᠮ ᠢ ᠠᠪᠤᠷᠡᠨ ᠬᠠᠮᠠᠭᠠᠯᠠᠬᠤ᠂ ᠨᠤᠮ ᠤᠩᠰᠢᠬᠤ ᠶᠢᠨ ᠨᠡᠶᠢᠭᠡᠮ ᠤᠨ ᠦᠨ᠎ᠠ ᠴᠠᠨ᠎ᠠ᠂ ᠭᠠᠴᠠᠭᠠᠨ ᠤ ᠨᠤᠮ ᠤᠨ ᠰᠠᠩ ᠵᠡᠷᠭᠡ ᠳᠡᠯ᠎ᠡ ᠠᠴᠠ ᠦᠪᠡᠷ ᠤᠨ ᠰᠠᠨᠠᠯ ᠪᠤᠳᠤᠯ᠂ ᠳᠤᠷᠰᠢᠯᠭ᠎ᠠ ᠪᠠᠨ ᠴᠢᠯᠦᠭᠡᠳᠡᠢ ᠶᠠᠷᠢᠯᠴᠠᠭᠰᠠᠨ ᠪᠠᠶᠢᠨ᠎ᠠ᠃     ᠠᠪᠠᠭ᠎ᠠ ᠬᠤᠰᠢᠭᠤ ᠳᠡᠯᠡᠬᠡᠢ ᠶᠢᠨ ᠨᠤᠮ ᠤᠩᠰᠢᠬᠤ ᠡᠳᠦᠷᠯᠢᠭ ᠢ ᠤᠳᠬ᠎ᠠ ᠳᠡᠬᠦᠯᠳᠡᠷ ᠲᠡᠮᠳᠡᠭᠯᠡᠬᠦ ᠪᠠᠷ ᠲᠠᠮᠵᠢᠨ ᠬᠡᠤᠬᠡᠳ ᠪᠠᠭᠠᠴᠤᠳ ᠢ ᠪᠠᠭ᠎ᠠ ᠠᠴᠠ  ᠎ ᠪᠠᠨ ᠨᠤᠮ ᠳᠤ ᠳᠤᠷ᠎ᠠ ᠪᠠᠭ᠋ᠠᠳᠠᠢ᠂ ᠨᠤᠮ ᠢᠶᠠᠷ ᠲᠠᠷᠢᠬᠢ ᠲᠤᠯᠤᠭᠠᠢ ᠪᠠᠨ ᠵᠡᠪᠰᠡᠭᠯᠡᠨ ᠡᠷᠳᠡᠮ ᠮᠡᠳᠡᠯᠭᠡ ᠲᠠᠢ ᠬᠦᠮᠦᠨ ᠪᠤᠯᠤᠨ ᠬᠦᠮᠦᠵᠢᠭᠳᠡᠵᠦ᠂ ᠪᠦᠬᠦ ᠨᠡᠶᠢᠭᠡᠮ ᠢᠶᠠᠷ ᠢᠶᠠᠨ ︽ᠮᠤᠷᠢ ᠲᠠᠢ ᠮᠤᠩᠭᠤᠯ ᠤᠨ ᠨᠤᠮ ᠲᠠᠢ ᠬᠦᠮᠦᠨ︾ ᠪᠤᠯᠬᠤ ᠶᠢ ᠤᠷᠢᠶᠠᠯᠠᠨ᠂ ᠨᠡᠶᠢᠭᠡᠮ ᠨᠡᠶᠢᠲᠡ ᠳᠤ ᠰᠠᠶᠢᠨ ᠰᠠᠶᠢᠬᠠᠨ ᠨᠦᠯᠦᠭᠡ ᠳᠤᠰᠬᠠᠯ ᠭᠠᠷᠭᠠᠬᠤ ᠶᠢ ᠵᠤᠷᠢᠵᠡᠢ᠃
 
ᠢᠷᠡᠯᠲᠡ᠄ ᠠᠪᠠᠭ᠎ᠠ ᠬᠤᠰᠢᠭᠤᠨ ᠤ ᠲᠧᠯᠸᠢᠰ ᠬᠤᠷᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号