ᠤᠯᠠᠮᠵᠢᠯᠡᠯᠳᠤ ᠴᠠᠭᠠᠨ ᠢᠳᠡᠭᠡ ᠪᠠᠷ ᠬᠠᠴᠢᠷᠯᠠᠭᠰᠡᠨ ᠪᠤᠤᠪᠤ ᠪᠤᠭᠤᠷᠰᠤᠭ ᠤᠨ ᠤᠷᠤᠯᠳᠤᠭᠠᠨ ᠦᠵᠡᠭᠦᠯᠦᠯᠭᠡ ᠶᠠᠪᠤᠭᠳᠠᠪᠠ
ᠨᠡᠶᠢᠲᠡᠯᠡᠭᠰᠡᠨ ᠴᠠᠭ᠄
2018/1/25
      1 ᠰᠠᠷ᠎ᠠ ᠶᠢᠨ 22᠎ ᠤ ᠡᠳᠤᠷ᠂ ᠤᠯᠠᠮᠵᠢᠯᠡᠯᠳᠤ ᠴᠠᠭᠠᠨ ᠢᠳᠡᠭᠡ ᠪᠠᠷ ᠬᠠᠴᠢᠷᠯᠠᠭᠰᠡᠨ ᠪᠤᠤᠪᠤ ᠪᠤᠭᠤᠷᠰᠤᠭ ᠤᠨ ᠤᠷᠤᠯᠳᠤᠭᠠᠨ ᠪᠠ ᠦᠵᠡᠭᠦᠯᠦᠯᠭᠡ ᠨᠢ ᠴᠢᠨᠳᠠᠭᠠᠨ ᠦᠨᠳᠤᠰᠤᠳᠡᠨ ᠤ ᠤᠯᠠᠮᠵᠢᠯᠡᠯᠳᠤ ᠴᠠᠭᠠᠨ ᠢᠳᠡᠭᠡ ᠭᠠᠷ ᠤᠷᠠᠯᠡᠯ ᠤᠨ ᠳᠡᠯᠭᠡᠭᠦᠷ ᠲᠤ ᠶᠠᠪᠤᠭᠳᠡᠵᠡᠢ᠃       ᠤᠯᠠᠮᠵᠢᠯᠡᠯᠳᠤ ᠴᠠᠭᠠᠨ ᠢᠳᠡᠭᠡ ᠪᠠᠨ ᠬᠦᠭᠵᠢᠭᠦᠯᠦᠨ᠂ ᠰᠦ ᠴᠠᠭᠠᠨ ᠢᠳᠡᠭᠡᠨ ᠤ ᠪᠠᠨ ᠤᠬᠢ ᠰᠠᠶᠢᠨ ᠰᠢᠮ᠎ᠡ ᠳᠡᠵᠢᠭᠡᠯ ᠪᠤᠯᠤᠨ ᠤᠯᠡᠨ ᠵᠤᠶᠢᠯ ᠤᠨ ᠦᠢᠯᠡᠳᠤᠯ ᠬᠡᠷᠡᠭᠴᠡᠭᠡ ᠶᠢ ᠪᠠᠳᠠᠷᠠᠭᠤᠯᠬᠤ ᠡᠬᠦᠳᠡᠨ ᠠᠴᠠ ᠭᠤᠷᠪᠡᠨ ᠡᠳᠤᠷ ᠦᠷᠬᠦᠯᠵᠢᠯᠡᠭᠰᠡᠨ ᠤᠯᠠᠮᠵᠢᠯᠡᠯᠳᠤ ᠴᠠᠭᠠᠨ ᠢᠳᠡᠭᠡ ᠪᠠᠷ ᠬᠠᠴᠢᠷᠯᠠᠭᠰᠡᠨ ᠪᠤᠤᠪᠤ ᠪᠤᠭᠤᠷᠰᠤᠭ ᠤᠨ ᠪᠤᠯᠪᠠᠰᠤᠷᠡᠯ ᠳᠡᠭᠦᠰᠬᠦ ᠪᠤᠯᠵᠤ᠂ ᠪᠤᠯᠪᠠᠰᠤᠷᠠᠯ ᠳᠤ ᠤᠷᠤᠯᠴᠠᠭᠰᠡᠳ ᠤᠨ ᠪᠤᠳᠡᠳᠡᠢ ᠦᠢᠯᠡᠳᠦᠯᠭᠡ ᠳᠤ ᠤᠷᠤᠯᠴᠠᠬᠤ ᠴᠢᠳᠠᠪᠤᠷᠢ ᠶᠢ ᠳᠡᠭᠡᠭᠰᠢᠯᠡᠭᠦᠯᠬᠦ ᠎ ᠶᠢᠨ ᠳᠤᠯᠠᠳᠡ᠂ ᠤᠯᠠᠮᠵᠢᠯᠡᠯᠳᠤ ᠴᠠᠭᠠᠨ ᠢᠳᠡᠭᠡ ᠪᠠᠷ ᠬᠠᠴᠢᠷᠯᠠᠭᠰᠡᠨ ᠪᠤᠤᠪᠤ ᠪᠤᠭᠤᠷᠰᠤᠭ ᠤᠨ ᠤᠷᠤᠯᠳᠤᠭᠠᠨ ᠪᠠ ᠦᠵᠡᠭᠦᠯᠦᠯᠭᠡ ᠬᠢᠭᠰᠡᠨ ᠪᠠᠶᠢᠨ᠎ᠡ᠃ ᠬᠤᠰᠢᠭᠤ ᠠᠵᠤ ᠦᠢᠯᠡᠳᠪᠤᠷᠢ ᠬᠤᠳᠠᠯᠳᠤᠭᠠᠨ ᠤ ᠬᠤᠯᠪᠤᠭ᠎ᠠ᠂ ᠵᠤᠬᠢᠶᠡᠨ ᠪᠠᠶᠢᠭᠤᠯᠬᠤ ᠬᠡᠯᠳᠡᠰ᠂ ᠠᠵᠢᠯᠳᠡᠨ ᠤ ᠡᠪᠯᠡᠯ ᠵᠡᠷᠭᠡ ᠰᠠᠯᠠᠭ᠎ᠠ ᠮᠦᠴᠢᠷ ᠤᠨ ᠬᠠᠷᠢᠭᠤᠴᠠᠯᠭᠠᠳᠡᠨ ᠠᠬᠤᠢ ᠳᠡᠯᠠᠪᠠᠢ ᠳᠤ ᠬᠦᠷᠦᠯᠴᠡᠨ ᠢᠷᠡᠵᠤ ᠤᠷᠤᠯᠳᠤᠭᠠᠨ ᠢ ᠰᠤᠨᠢᠷᠬᠠᠵᠡᠢ᠃       ᠦᠵᠡᠭᠦᠯᠦᠯᠭᠡ ᠶᠢᠨ ᠰᠢᠷᠠᠭᠡᠨ ᠳᠡᠭᠡᠷ᠎ᠡ᠂ ᠴᠠᠭᠠᠨ ᠢᠳᠡᠭᠡ ᠪᠠᠷ ᠬᠠᠴᠢᠷᠯᠠᠭᠰᠡᠨ ᠳᠠᠷᠠᠭ ᠲᠠᠢ ᠪᠤᠭᠤᠷᠰᠤᠭ᠂ ᠠᠷᠴᠡ ᠎ ᠲᠠᠢ ᠪᠤᠭᠤᠷᠰᠤᠭ᠂ ᠦᠳᠭᠡᠷᠡᠭᠦᠯᠦᠭᠰᠡᠨ ᠰᠦ ᠲᠠᠢ ᠪᠤᠭᠤᠷᠰᠤᠭ ᠵᠡᠷᠭᠡ ᠬᠤᠷᠢᠨ ᠬᠡᠳᠦᠨ ᠲᠦᠷᠦᠯ ᠤᠨ ᠪᠦᠳᠦᠭᠡᠭᠳᠡᠭᠦᠨ ᠎ ᠤᠳ ᠡᠩᠨᠡᠬᠦᠯᠦᠨ ᠦᠷᠦᠭᠰᠡᠨ ᠨᠢ ᠮᠤᠩᠭᠤᠯ ᠦᠨᠳᠦᠰᠦᠳᠡᠨ ᠤ ᠴᠠᠭᠠᠨ ᠢᠳᠡᠬᠡᠨ ᠤ ᠠᠰᠢᠭ ᠰᠢᠮ᠎ᠡ᠂ ᠦᠢᠯᠡᠳᠦᠯ ᠬᠡᠷᠡᠭᠴᠡᠭᠡ ᠶᠢ ᠬᠦᠮᠦᠰ ᠲᠤ ᠪᠠᠭ᠋ᠠᠷᠠᠭᠤᠯᠤᠨ᠂ ᠠᠵᠢᠯᠴᠢ ᠪᠦᠰᠡᠬᠦᠶᠢᠴᠤᠳ ᠤᠨ ᠤᠬᠠᠭᠠᠨ ᠰᠠᠮᠪᠠᠭ᠎ᠠ ᠶᠢ ᠪᠢᠰᠢᠷᠡᠬᠦᠯᠵᠦ ᠪᠠᠶᠢᠯ᠎ᠠ᠃       ᠳᠤᠰ ᠤᠳᠠᠭᠠᠨ ᠤ ᠪᠤᠯᠪᠠᠰᠤᠷᠡᠯ ᠳᠤ ᠮᠤᠩᠭᠤᠯ ᠢᠳᠡᠭᠡᠨ ᠤᠮᠳᠠᠭᠠᠨ ᠦᠢᠯᠡᠳᠬᠦ ᠳᠤᠷ᠎ᠠ ᠪᠠᠬ᠎ᠠ ᠲᠠᠢ 18 ᠬᠦᠮᠦᠰ ᠤᠷᠤᠯᠴᠠᠵᠤ᠂ ᠡᠳᠡᠭᠡᠷ ᠤᠨ ᠳᠤᠳᠤᠷ᠎ᠠ ᠬᠦᠬᠡᠬᠤᠳᠡ᠂ ᠰᠦᠨᠢᠳ ᠪᠠᠷᠠᠭᠤᠨ ᠬᠤᠰᠢᠭᠤ᠂ ᠰᠢᠯᠤᠭᠤᠨ ᠬᠦᠬᠡ ᠬᠤᠰᠢᠭᠤ᠂ ᠲᠦᠷᠪᠡᠳ ᠬᠤᠰᠢᠭᠤᠨ ᠠᠴᠠ ᠴᠦ ᠬᠦᠮᠦᠰ ᠢᠷᠡᠨ ᠤᠷᠤᠯᠴᠠᠵᠡᠢ᠃        ᠲᠦᠷᠪᠡᠳ ᠬᠤᠰᠢᠭᠤᠨ ᠤ ᠨᠤᠮᠤᠭᠠᠨ ᠰᠤᠮᠦᠨ ᠤ ᠳᠡᠨᠵᠢ ᠭᠠᠴᠠᠭᠠᠨ ᠤ ᠮᠠᠯᠴᠢᠨ ᠡᠷᠳᠡᠨᠢᠴᠡᠴᠡᠭ᠄         —— ᠪᠢ ᠭᠡᠷ ᠲᠤ ᠪᠠᠨ ᠬᠤᠭᠤᠯᠡᠨ ᠭᠡᠷ ᠡᠷᠬᠢᠯᠡᠳᠡᠭ᠃ ᠴᠤᠯ ᠪᠠᠶᠢᠭᠠᠯᠢᠯᠢᠭ ᠴᠠᠭᠠᠨ ᠢᠳᠡᠭᠡ ᠪᠠᠷ ᠬᠠᠴᠢᠷᠯᠠᠭᠰᠠᠨ ᠪᠤᠤᠪᠤ ᠪᠤᠭᠤᠷᠰᠤᠭ ᠬᠢᠬᠦ ᠪᠤᠯᠪᠠᠰᠤᠷᠠᠯ ᠳᠤ ᠤᠷᠤᠯᠴᠠᠭᠠᠳ ᠰᠠᠶᠢᠬᠠᠨ ᠪᠠᠶᠢᠨ᠎ᠠ᠂ ᠤᠯᠠᠨ ᠶᠠᠭᠤᠮ᠎ᠠ ᠰᠤᠷᠤᠯ᠎ᠠ ᠬᠡᠵᠦ ᠪᠠᠶᠠᠷᠳᠠᠢ ᠶᠠᠷᠢᠨ᠎ᠠ᠃        ᠴᠠᠭᠠᠨᠨᠠᠭᠤᠷ ᠪᠠᠯᠭᠠᠰᠤᠨ ᠤ ᠴᠠᠭᠠᠨᠨᠠᠭᠤᠷ ᠭᠠᠴᠠᠭᠠᠨ ᠤ ᠮᠠᠯᠴᠢᠨ ᠨᠠᠷᠡᠩᠬᠤᠸᠡᠷ᠄        —— ᠮᠠᠯᠴᠢᠳ ᠦᠪᠡᠷᠰᠡᠳ ᠤᠨ ᠴᠠᠭᠠᠨ ᠢᠳᠡᠭᠡ ᠪᠠᠨ ᠪᠤᠤᠪᠤ ᠪᠤᠭᠤᠷᠰᠤᠭ ᠲᠤ ᠬᠠᠴᠢᠷᠯᠡᠵᠤ ᠬᠢᠬᠦ ᠶᠢ ᠠᠩᠬ᠎ᠠ ᠤᠳᠠᠭ᠎ᠠ ᠰᠤᠷᠴᠤ ᠪᠠᠶᠢᠨ᠎ᠡ᠃ ᠶᠠᠭᠤᠨ ᠤ ᠤᠷᠢᠳ ᠠᠯᠦᠰ ᠬᠤᠯᠡ ᠠᠴᠠ ᠢᠷᠡᠵᠤ ᠪᠢᠳᠡᠨ ᠳᠤ ᠡᠶᠢᠮᠤ ᠰᠠᠶᠢᠬᠠᠨ ᠮᠡᠷᠬᠡᠵᠢᠯ ᠶᠢ ᠵᠢᠭᠠᠵᠤ ᠦᠭᠭᠦᠭᠰᠡᠨ ᠪᠠᠭᠰᠢ ᠳᠤ ᠪᠠᠨ ᠪᠠᠶᠡᠷᠯᠡᠯ᠎ᠡ᠂ ᠪᠠᠰᠠ ᠡᠶᠢᠮᠤ ᠰᠠᠶᠢᠬᠠᠨ ᠤᠷᠴᠢᠨ ᠢ ᠪᠦᠷᠢᠯᠳᠦᠭᠦᠯᠵᠤ ᠦᠭᠭᠦᠭᠰᠡᠨ ᠨᠠᠷᠠᠨᠳᠤᠶᠠᠭ᠎ᠠ ᠡᠭᠡᠴᠢ ᠳᠤ ᠪᠠᠨ ᠪᠠᠶᠠᠷᠯᠡᠯ᠎ᠡ᠃ ᠦᠨᠦᠳᠦᠷ ᠤᠨ ᠦᠵᠡᠬᠦᠯᠦᠯᠬᠡ ᠪᠠᠷ ᠪᠦᠬᠦ ᠰᠤᠷᠤᠭᠴᠢᠳ ᠦᠪᠡᠷ ᠦᠪᠡᠷ ᠤᠨ ᠰᠤᠷᠤᠭᠰᠠᠨ ᠮᠡᠳᠡᠯᠭᠡ ᠪᠠᠨ ᠭᠠᠶᠢᠬᠠᠭᠤᠯᠤᠭᠰᠡᠨ᠂ ᠪᠦᠬᠦᠳ᠋ᠨ ᠳᠤ ᠠᠮᠵᠢᠯᠳᠡ ᠬᠦᠰᠡᠶ᠎ᠡ᠃ ᠬᠤᠶᠢᠰᠢᠳᠡ ᠪᠠᠰᠠ ᠡᠶᠢᠮᠤ ᠰᠤᠷᠭᠠᠯᠳᠡ ᠶᠢ ᠮᠠᠨ ᠤ ᠠᠪᠠᠭ᠎ᠠ ᠬᠤᠰᠢᠭᠤᠨ ᠳᠤ ᠪᠠᠨ ᠢᠯᠡᠭᠦᠬᠡᠨ ᠡᠷᠬᠢᠯᠡᠵᠤ ᠪᠠᠶᠢᠬᠤ ᠶᠢ ᠬᠦᠰᠡᠵᠤ ᠪᠠᠶᠢᠨ᠎ᠡ᠂ ᠢᠩᠬᠢᠪᠡᠯ ᠮᠠᠨ ᠤ ᠮᠠᠯᠴᠢᠳ ᠪᠠᠰᠠ ᠤᠯᠡᠮ ᠨᠢᠭᠡ ᠠᠯᠬᠤᠮ ᠦᠪᠡᠷ ᠤᠨ ᠰᠤᠷᠤᠶ᠎ᠡ ᠭᠡᠰᠡᠨ ᠶᠤᠮ ᠢᠶᠠᠨ ᠰᠤᠷᠴᠢᠬᠠᠨ᠎ᠠ᠂ ᠠᠵᠢᠯ ᠤᠯᠬᠤ ᠳᠤ ᠪᠠᠰᠠ ᠲᠦᠯᠬᠢᠴᠡ ᠤᠶᠢᠯᠡᠳᠤᠯ ᠦᠵᠡᠭᠦᠯᠬᠦ ᠪᠠᠶᠢᠬᠤ ᠡ ᠭᠡᠵᠤ ᠪᠤᠳᠤᠵᠤ ᠪᠠᠶᠢᠨ᠎ᠡ ᠬᠡᠮᠡᠨ ᠤᠴᠢᠷᠯᠠᠯ᠎ᠠ᠃       ᠤᠷᠤᠯᠳᠤᠭᠠᠨ ᠳᠤ 18 ᠤᠷᠤᠯᠴᠠᠭᠴᠢ ᠶᠢ ︽ᠰᠦᠨ ᠳᠡᠭᠡᠵᠢ ᠳᠤᠭᠤᠶᠢᠯᠡᠩ᠂ ᠰᠦᠨ ᠰᠠᠴᠤᠯᠢ ᠳᠤᠭᠤᠶᠢᠯᠡᠩ᠂ ᠰᠦᠨ ᠡᠷᠳᠡᠨᠢ︾ ᠬᠡᠬᠦ ᠭᠤᠷᠪᠡᠨ ᠳᠤᠭᠤᠶᠢᠯᠠᠩ ᠬᠤᠪᠢᠶᠡᠨ ᠤᠷᠤᠯᠴᠠᠭᠤᠯᠵᠤ᠂ ᠬᠢᠨᠠᠭᠴᠢ ᠠᠴᠠ ᠦᠨᠤᠷ ᠠᠮᠳᠡ᠂ ᠲᠦᠷᠦᠯ ᠵᠦᠢᠯ᠂ ᠬᠢᠬᠦ ᠠᠷᠭ᠎ᠠ ᠵᠡᠷᠭᠡ ᠳᠡᠯ ᠠᠴᠠ ᠬᠤᠪᠢ ᠤᠯᠭᠤᠨ ᠰᠢᠯᠭᠠᠷᠠᠭᠤᠯᠵᠡᠢ᠃ ᠤᠷᠤᠯᠳᠤᠭᠠᠨ ᠤ ᠡᠴᠤᠰ ᠳᠤ᠂ ᠰᠦᠨ ᠳᠡᠭᠡᠵᠢ ᠳᠤᠭᠤᠶᠢᠯᠡᠩ ᠤᠨ ᠤᠷᠤᠯᠴᠠᠭᠴᠢᠳ ᠲᠡᠷᠢᠬᠦᠯᠡᠭᠰᠡᠨ ᠪᠠᠶᠢᠨ᠎ᠠ᠃       ᠳᠤᠰ ᠤᠳᠠᠭᠠᠨ ᠤ ᠤᠷᠤᠯᠳᠤᠭᠠᠨ ᠢ ᠡᠷᠬᠢᠯᠡᠭᠰᠡᠨ ᠠᠪᠠᠭ᠎ᠠ ᠬᠤᠰᠢᠭᠤᠨ ᠤ ᠴᠢᠨᠳᠠᠭᠠᠨ ᠬᠤᠳᠠᠯᠳᠤᠭᠠᠴᠢᠳ ᠤᠨ ᠡᠪᠯᠡᠯ ᠤᠨ ᠳᠠᠷᠤᠭ᠎ᠠ ᠨᠠᠷᠠᠨᠳᠤᠶᠠᠭ᠎ᠠ ᠰᠤᠷᠪᠤᠯᠵᠢᠯᠠᠭᠴᠢ ᠳᠤ᠄       —— ᠮᠠᠨ ᠤ ᠴᠢᠨᠳᠠᠭᠠᠨ ᠬᠤᠳᠠᠯᠳᠤᠭᠠᠴᠳ ᠤᠨ ᠡᠪᠯᠡᠯ ᠠᠴᠠ ᠡᠷᠬᠢᠯᠡᠭᠰᠡᠨ ᠭᠤᠷᠪᠡᠨ ᠡᠳᠤᠷ ᠤᠨ ᠤᠯᠠᠮᠵᠢᠯᠡᠯᠳᠤ ᠴᠠᠠᠭᠠᠨ ᠢᠳᠡᠭᠡ ᠪᠠᠷ ᠬᠠᠴᠢᠷᠯᠠᠭᠰᠡᠨ ᠪᠤᠤᠪᠤ ᠪᠤᠭᠤᠷᠰᠤᠭ ᠤᠨ ᠰᠤᠷᠭᠠᠯᠳᠡ ᠦᠨᠤᠳᠤᠷ ᠠᠮᠵᠢᠯᠳᠡ ᠲᠠᠢ ᠪᠠᠷ ᠳᠡᠭᠦᠰᠦᠭᠰᠡᠨ ᠪᠠᠶᠢᠨ᠎ᠡ᠂ ᠡᠨᠡ ᠪᠤᠯᠪᠠᠰᠤᠷᠡᠯ ᠢ ᠬᠦᠳᠡᠭᠡ ᠠᠴᠠ ᠬᠤᠳᠡ ᠤᠷᠤᠭᠰᠡᠨ ᠮᠠᠯᠴᠢᠨ ᠡᠮᠡᠭᠳᠡᠶᠢᠴᠤᠳ ᠲᠤ ᠠᠵᠢᠯ ᠤᠯᠭᠤᠵᠤ᠂ ᠠᠮᠢᠳᠤᠷᠠᠯ ᠬᠦᠴᠢᠷᠳᠡᠢ ᠡᠮᠡᠭᠳᠡᠶᠢᠴᠤᠳ ᠢ ᠳᠤᠰᠠᠯᠠᠨ ᠳᠡᠳᠬᠦᠬᠦ ᠵᠤᠷᠢᠯᠭ᠎ᠠ ᠠᠴᠠ ᠶᠠᠪᠤᠭᠳᠠᠭᠰᠠᠨ ᠶᠤᠮ ᠬᠡᠯ᠎ᠡ᠃
 
ᠢᠷᠡᠯᠲᠡ᠄ ᠵᠤᠯᠠ ︵ᠠᠪᠠᠭ᠎ᠠ ᠬᠤᠰᠢᠭᠤ ᠤ ᠲᠧᠯᠸᠢᠰ ᠬᠤᠷᠢᠶ᠎ᠠ︶
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号