ᠬᠤᠶᠠᠷ ᠪᠤᠭᠤᠷᠤᠯ ᠮᠢᠨᠢ ᠡᠪᠦᠯᠵᠢᠬᠦᠯᠬᠦ ᠮᠠᠯ ᠤᠨ ᠢᠶᠠᠨ ᠵᠢᠯ ᠤᠨ ᠬᠦᠨᠡᠰᠦ ᠶᠢ ᠪᠠᠲᠤᠯᠠᠭᠰᠠᠨ ᠨᠢ
ᠨᠡᠶᠢᠲᠡᠯᠡᠭᠰᠡᠨ ᠴᠠᠭ᠄
2017-09-13
         ᠠᠯᠳᠠᠨ ᠰᠢᠷᠭᠠᠯ ᠨᠠᠮᠤᠷ ᠤᠨ ᠶᠢᠰᠦᠳᠦᠭᠡᠷ ᠰᠠᠷ᠎ᠠ ᠶᠢᠨ ᠬᠤᠶᠠᠷ ᠤᠨ ᠡᠳᠦᠷ᠂ ᠠᠵᠢᠯ ᠶᠠᠪᠤᠳᠠᠯ ᠢᠶᠠᠷ ᠠᠷᠦ ᠭᠡᠷ ᠠᠴᠠ ᠪᠠᠨ ᠮᠤᠷᠳᠠᠵᠦ᠂ ᠭᠠᠩᠭᠠᠩᠰᠢᠯᠢ ᠭᠠᠴᠠᠭᠠᠨ ᠠᠴᠠ ᠬᠠᠭᠤᠴᠢᠨ ᠬᠠᠨ — ᠠᠭᠤᠯᠠ ᠰᠤᠮᠤ ᠬᠦᠷᠬᠦ ᠰᠢᠨᠡᠭᠡᠨ   ᠳᠡᠪᠢᠰᠦᠭᠳᠡᠵᠦ ᠪᠠᠶᠢᠭ᠎ᠠ ᠴᠡᠮᠨᠧᠲ ᠵᠠᠮ ᠢᠶᠠᠷ ᠳᠡᠷᠭᠡ ᠵᠦᠷᠢᠬᠦ ᠶᠢᠨ ᠭᠱᠠᠨ ᠳᠤ᠂ ᠵᠢᠷᠠᠨ ᠨᠢᠭᠡ ᠶᠢᠨ ᠵᠢᠯᠤᠭᠤ ᠰᠤᠩᠭᠤᠨ ᠳᠠᠪᠬᠢᠯᠤᠭ᠎ᠠ ᠨᠤᠳᠤᠭ ᠤᠨ ᠠᠬ᠎ᠠ᠂ ᠭᠠᠴᠠᠭ᠎ᠠ ᠰᠤᠮᠤᠨ ᠤ ᠮᠢᠨᠢ ᠬᠠᠭᠤᠴᠢᠨ ᠤᠳᠤᠷᠢᠳᠤᠯᠭ᠎ᠠ ᠶᠠᠪᠤᠭᠰᠠᠨ ᠰᠧᠯᠾᠵᠠᠪ ᠮᠠᠨᠢ ᠳᠡᠷᠭᠡᠨ ᠤ ᠪᠠᠨ ᠴᠤᠩᠬᠤᠨ ᠰᠢᠯ ᠢ ᠵᠠᠪᠰᠠᠷᠯᠠᠨ᠂ ᠮᠢᠩᠭᠠᠨ ᠶᠠᠭᠠᠷᠠᠤ ᠶᠢᠨ ᠳᠤᠮᠳᠠ ᠮᠡᠨᠳᠦ ᠮᠡᠨᠳᠦᠴᠢᠯᠡᠬᠦ ᠶᠢᠨ ᠵᠠᠪᠰᠡᠷ ᠲᠤ᠄ ︽ᠶᠠ︕ ᠶᠠ᠂ ᠲᠠᠨ ᠤ ᠬᠤᠶᠠᠷ ᠨᠠᠰᠤᠳᠠᠨ ᠪᠤᠯ ᠮᠦᠨ ᠴᠦ ᠪᠡᠶ᠎ᠡ ᠴᠢᠬᠢᠷᠠᠭ᠂ ᠠᠯᠢ ᠡᠷᠳᠡ ᠳᠠᠯᠠ ᠨᠠᠶᠠ ᠪᠠᠨ ᠭᠠᠷᠤᠴᠢᠬᠠᠭᠠᠳ ᠤᠳᠤ ᠪᠠᠰᠠ ᠭᠠᠷ ᠬᠠᠳᠤᠯᠠᠩ ᠬᠠᠳᠤᠴᠢᠬᠠᠨ᠎ᠠ ᠬᠡᠳᠡᠭ ᠴᠢᠨᠢ ᠮᠦᠨ ᠴᠦ ᠵᠤᠷᠢᠭ ᠰᠦᠰᠦ ᠲᠠᠢ᠂ ᠪᠢᠳᠠ ᠪᠦᠬᠦᠨ ᠤ ᠢᠳᠡᠭᠡᠯ ᠪᠢᠰᠢᠷᠡᠯ᠂ ᠬᠠᠶᠢᠷ᠎ᠠ ᠬᠦᠨᠳᠦᠳᠬᠡᠯ ᠤᠨ ᠪᠦᠷᠢᠯᠸ᠎ᠠ ᠯᠡ ᠪᠠᠶᠢᠨ᠎ᠠ ᠳ᠋ᠠ︕ ᠮᠠᠨ ᠤ ᠭᠡᠷ ᠪᠦᠯᠢ ᠪᠠᠷ ᠢᠶᠠᠨ᠂ ᠠᠶᠢᠯ ᠤᠨ ᠠᠪᠤ ᠡᠵᠢ ᠶᠢᠨ ᠰᠠᠨᠳᠤᠤ ᠪᠠᠷᠢᠭᠠᠳ ᠭᠤᠶᠠᠳᠠᠵᠤ ᠪᠠᠶᠢᠭ᠎ᠠ᠂ ᠬᠤᠶᠠᠭᠤᠯᠠ ᠪᠠᠨ ᠵᠢᠳᠬᠦᠬᠦᠷ ᠳᠡᠷᠭᠡᠨ ᠳᠤ ᠪᠠᠨ ᠡᠪᠡᠰᠦ ᠪᠠᠨ ᠳᠡᠭᠡᠭᠡᠳ ᠬᠡᠷᠡᠮ ᠬᠠᠰᠢᠶᠠᠨ ᠎ ᠳᠤ ᠪᠠᠨ ᠤᠷᠤᠭᠤᠯᠤᠨ ᠬᠤᠷᠢᠶᠠᠵᠦ ᠪᠠᠶᠢᠭ᠎ᠠ ᠦᠵᠡᠭᠳᠡᠯ ᠤᠳ ᠢ ᠳᠡᠬᠦᠦ ᠨᠠᠷ ᠤᠨ ᠴᠢᠨᠢ ᠬᠤᠯᠪᠤᠭ᠎ᠠ ᠰᠦᠯᠵᠢᠶᠡᠨ ᠎ ᠳᠤ ᠰᠠᠴᠤᠭᠰᠠᠨ ᠢ ᠦᠵᠡᠭᠡᠳ ᠦᠨᠡᠭᠡᠷ ᠪᠢᠰᠢᠷᠡᠵᠡᠭᠡᠭᠰᠡᠨ᠃ ᠪᠠᠭ᠎ᠠ ᠪᠤᠰᠤ ᠶᠢᠨ ᠡᠪᠡᠰᠦ ᠯᠡ ᠤᠷᠤᠭᠤᠯᠤᠭᠠᠳ ᠬᠤᠷᠢᠶᠠᠴᠢᠬᠠᠭᠰᠠᠨ ᠪᠠᠶᠢᠭ᠎ᠠ ᠪᠢᠯᠡ ᠳ᠋ᠧ︕ ᠤᠳᠤ ᠪᠢᠳᠠ ᠴᠢᠨᠢ ᠮᠠᠰᠢᠨ ᠲᠧᠭᠨᠢᠭ ᠲᠠᠢ ᠪᠤᠯᠤᠭᠰᠠᠨ ᠴᠦ ᠬᠠᠳᠤᠯᠠᠩ ᠎ ᠳᠤ ᠪᠠᠨ ᠭᠠᠷᠬᠤ ᠦᠭᠡᠢ ᠪᠤᠯ ᠤᠷᠤᠶᠢᠳᠠᠬᠤ ᠨᠢ ᠰᠢᠤ︕ ᠡᠮᠦᠨ᠎ᠡ ᠪᠠᠨ ᠭᠠᠩ ᠲᠠᠢ ᠶᠤᠮ ᠭᠡᠨ᠎ᠡ ᠳ᠋ᠧ⁈ ᠭᠡᠷᠪᠡ ᠬᠦᠮᠦᠨ ᠪᠤᠯᠭᠠᠨ ᠬᠤᠶᠠᠷ ᠨᠠᠰᠤᠲᠠᠨ ᠰᠢᠭ᠋ ᠠᠵᠢᠯ ᠬᠦᠳᠡᠯᠮᠦᠷᠢ ᠳᠤ ᠡᠨᠡ ᠮᠠᠶ᠋ᠢᠭ ᠢᠶᠠᠷ ᠱᠠᠯᠠᠮᠠᠭᠠᠶᠢᠯᠠᠬᠤ ᠯᠡ ᠶᠤᠮ ᠪᠤᠯ᠂ ᠬᠦᠳᠡᠯᠮᠦᠷᠢ ᠶᠢᠨ ᠦᠩᠭᠡ ᠬᠡᠷᠡᠯ᠂ ᠦᠨ᠎ᠡ ᠦᠷᠳᠡᠭ ᠢᠶᠠᠷ ᠢᠶᠠᠨ ᠮᠠᠨ ᠤ ᠬᠦᠳᠡᠭᠡ ᠳᠤ᠂ ᠠᠯᠢ ᠴᠦ ᠡᠷᠦᠭᠡ ᠬᠡᠰᠡᠨ ᠦᠭᠡᠢ᠂ ᠶᠠᠳᠠᠭᠤ ᠶᠢᠨ ᠮᠠᠯᠠᠭᠠᠢ ᠶᠢ ᠳᠠᠶᠠᠭᠳᠠᠬᠤ ᠪᠤᠯ ᠦᠷᠯᠦᠭᠡ ᠦᠳᠡᠰᠢ ᠶᠢᠨ ᠯᠡ ᠤᠴᠢᠷ ᠪᠠᠶᠢᠬ᠎ᠠ︕︾ ᠭᠡᠰᠡᠨ ᠬᠠᠯᠠᠭᠤᠬᠠᠨ ᠵᠤᠭᠤᠭ ᠢᠶᠠᠷ ᠠᠶᠠᠨ ᠤ ᠭᠠᠨᠵᠤᠭ᠎ᠠ ᠶᠢ ᠮᠢᠯᠢᠶᠠᠵᠦ᠂ ᠨᠠᠳᠠ ᠶᠢ ᠰᠡᠷᠡᠭᠡᠭᠰᠡᠨ ᠢᠶᠠᠷ ᠰᠦᠪᠡᠭᠴᠢ ᠤᠯᠵᠦ᠂ ᠰᠤᠨᠢᠨ ᠤ ᠨᠢᠭᠤᠷ ᠡᠵᠡᠯᠡᠬᠦᠯᠬᠦ ᠶᠢ ᠵᠤᠷᠢᠯ᠎ᠠ︕            ᠶᠡᠷᠦᠨᠢ ᠳᠡᠭᠡᠭᠡᠳ ︽ᠠᠶᠢᠯ ᠠᠴᠠ ᠡᠷᠢᠬᠦ ᠠᠴᠠ ᠠᠪᠳᠠᠷ᠎ᠠ ᠠᠴᠠ ᠪᠠᠨ ᠡᠷᠢ︾ ᠭᠡᠳᠡᠭ ᠢᠶᠠᠷ ᠰᠤᠨᠢᠨ ᠮᠡᠳᠡᠭᠡ ᠴᠢᠨᠢ ᠡᠳᠦᠷ ᠳᠤᠳᠤᠮ ᠤᠨ ᠠᠮᠢᠳᠤᠷᠠᠯ ᠳᠤ᠂ ᠵᠦᠪᠬᠡᠨ ᠬᠤᠯᠠ ᠯᠡ ᠪᠠᠶᠢᠳᠠᠭ ᠪᠤᠰᠤ︕ ᠮᠦᠨ ᠴᠦ ᠮᠠᠨ ᠎ ᠤ ᠳᠡᠷᠭᠡᠳᠡ᠂ ᠴᠢᠨᠦ ᠬᠠᠵᠠᠭᠤᠳᠠ᠂ ᠴᠠᠭ ᠢᠮᠠᠭᠳᠠ ᠰᠠᠶᠢᠨ ᠰᠠᠶᠢᠬᠠᠨ ᠰᠤᠨᠢᠨ ᠮᠡᠳᠡᠭᠡ ᠦᠷᠬᠦᠯᠵᠢᠯᠡᠭᠰᠡᠭᠡᠷ ᠭᠡᠳᠡᠭ ᠎ ᠢ ᠰᠠᠶ᠋ᠢ ᠯᠡ ᠤᠬᠠᠭᠠᠷᠠᠯ᠎ᠠ ᠰᠢᠤ︕ ᠠᠪᠤ ᠡᠵᠢ ᠬᠤᠶᠠᠷ ᠮᠢᠨᠢ ᠵᠢᠯ ᠤᠨ ᠵᠢᠯ᠂ ᠨᠠᠮᠤᠷ ᠤᠨ ᠨᠠᠮᠤᠷ ᠲᠤ ᠪᠠᠨ ᠵᠠᠯᠠᠭᠤᠰ ᠤᠨ ᠳᠤᠮᠳᠠ ᠮᠠᠷᠳᠠᠭᠳᠠᠬᠤ ᠰᠢᠬᠠᠭᠰᠠᠨ ᠭᠠᠷ ᠬᠠᠳᠤᠯᠠᠩ ᠤᠨ ᠰᠤᠶᠤᠯ ᠢᠶᠠᠨ ᠦᠷᠬᠦᠯᠵᠢᠯᠡᠬᠦᠯᠵᠦ᠂ ᠶᠡᠷᠦ ᠪᠤᠰᠤ ᠶᠢᠨ ᠤᠷᠤᠯᠭ᠎ᠠ ᠡᠭᠦᠳᠦᠨ᠂ ᠨᠢᠳᠤᠨ ᠡᠮᠦᠨᠡᠬᠢ ᠬᠦᠴᠢᠷᠳᠡᠯ ᠢᠶᠠᠨ ᠰᠢᠢᠳᠪᠦᠷᠢᠯᠡᠨ᠂ ᠳᠡᠤᠭᠡ ᠳᠤᠷᠠᠳᠬᠠᠯ ᠢᠶᠠᠨ ᠪᠢᠴᠢᠭᠯᠡᠭᠰᠡᠭᠡᠷ ᠪᠠᠶᠢᠬᠤ ᠳᠤ᠂ ᠪᠢ ᠬᠠᠷᠢᠨ ᠰᠤᠨᠢᠨ ᠮᠡᠳᠡᠭᠡᠨ ᠤ ᠰᠦᠪᠡᠭᠴᠢᠨ ᠳᠤ ᠬᠦᠪᠪᠦᠭᠰᠡᠭᠡᠷ ᠶᠠᠪᠤᠭᠠᠳ ᠤᠨ ᠤᠳᠠᠭᠰᠠᠨ ᠴᠦ ᠶᠤᠮ ᠤᠤ ᠳ᠋ᠧ⁈            ᠮᠠᠨ ᠤ ᠬᠢᠨ ᠤ ᠤᠶᠢᠷ᠎ᠠ ᠵᠡᠷᠭᠡᠯᠡᠳᠡᠭᠡ ᠭᠠᠴᠠᠭ᠎ᠠ ᠰᠤᠮᠤ ᠪᠠᠷ ᠭᠠᠷ ᠬᠠᠳᠤᠯᠠᠩᠴᠢᠳ ᠤᠨ ᠪᠠᠷ᠎ᠠ ᠳᠠᠰᠤᠷᠠᠭᠠᠳ ᠤᠨ ᠤᠳᠠᠭᠰᠠᠨ ᠨᠢ ᠦᠨᠡᠨ ᠲᠠᠢ᠂ ᠬᠡᠬᠦ ᠳᠤ ᠨᠠᠶᠠᠨ ᠭᠤᠷᠪᠠ᠂ ᠲᠠᠯᠠᠨ ᠭᠤᠷᠪᠠ ᠶᠢᠨ ᠦᠨᠳᠦᠷ ᠨᠠᠰᠤᠨ ᠬᠤᠳᠤᠭ ᠵᠤᠭᠤᠭᠯᠠᠵᠦ ᠶᠠᠪᠤᠭ᠎ᠠ‌ᠠᠪᠤ ᠡᠵᠢ ᠬᠤᠶᠠᠷ ᠮᠢᠨᠢ ᠦᠪᠡᠷ ᠤᠨ ᠲᠤᠷᠠᠰᠢᠯ ᠢᠶᠠᠷ ᠢᠶᠠᠨ ᠵᠢᠯ ᠤᠨ ᠵᠢᠯ᠂ ᠨᠠᠮᠤᠷ ᠤᠨ ᠨᠠᠮᠤᠷ ᠲᠤ ᠪᠠᠨ ᠯᠡ ᠬᠤᠳᠠ ᠬᠦᠷᠢᠶ᠎ᠡ᠂ ᠭᠡᠷ ᠪᠠᠶᠢᠰᠢᠩ ᠤᠨ ᠢᠶᠠᠨ ᠤᠶᠢᠷᠠᠯᠴᠠᠭ᠎ᠠ ᠪᠠᠶᠢᠭ᠎ᠠ ᠪᠤᠳᠠ ᠪᠤᠷᠤᠯᠵᠢ᠂ ᠰᠡᠷᠡᠯᠵᠢ ᠬᠠᠷᠠᠭᠠᠨ᠎ᠠ᠂ ᠳᠡᠷᠡᠰᠦ ᠬᠤᠯᠤᠰᠦ᠂ ᠯᠤᠤᠯᠢ ᠬᠠᠮᠠᠬᠤᠤᠯ ᠤᠳ ᠢ ᠨᠤᠭᠤᠭᠠᠨ ᠳᠡᠭᠡᠷ᠎ᠡ ᠨᠢ ᠳᠠᠷᠢ ᠳᠡᠭᠰᠢ ᠬᠠᠳᠤᠨ᠂ ᠨᠢᠭᠡ ᠳᠤ᠂ ᠢᠯᠠᠭ᠎ᠠ ᠰᠢᠮᠠᠭᠤᠯ ᠠᠴᠠ ᠰᠡᠷᠭᠡᠶᠢᠯᠡᠬᠦ᠂ ᠬᠤᠶᠠᠷ ᠲᠤ᠂ ᠬᠤᠳᠠ ᠬᠦᠷᠢᠶ᠎ᠡ ᠪᠠᠨ ᠴᠡᠪᠡᠷ ᠴᠡᠮᠴᠡᠭᠡᠷ ᠪᠠᠶᠢᠯᠭᠠᠬᠤ ᠡᠬᠦᠳᠡᠨ ᠠᠴᠠ ᠪᠠᠭ᠎ᠠ ᠪᠤᠰᠤ ᠶᠢᠨ ᠡᠪᠡᠰᠦ ᠬᠤᠯᠤᠰᠤ ᠬᠠᠳᠤᠭᠠᠳ ᠤᠷᠤᠭᠤᠯᠴᠢᠬᠠᠭᠰᠠᠨ ᠯᠡ ᠪᠠᠶᠢᠳᠠᠭ ᠰᠠᠨ︕ ᠶᠠᠭᠤᠮ᠎ᠠ ᠬᠤᠪᠤᠷ ᠲᠤ ᠪᠠᠨ ᠦᠨ᠎ᠡ ᠲᠠᠢ ᠭᠡᠭᠴᠢ ᠪᠠᠷ᠂ ᠬᠡᠨ ᠯᠡ ᠠᠩᠬᠠᠷᠤᠯ ᠳᠤ ᠪᠠᠨ ᠠᠪᠤᠯ᠎ᠠ ᠳ᠋ᠠ⁈ ᠢᠯᠠᠩᠭᠤᠶ᠎ᠠ‌ᠦᠨᠦ ᠵᠢᠯ ᠨᠠᠶᠢᠳᠡᠮ ᠳᠤ ᠪᠠᠨ ᠭᠠᠩᠳᠠᠵᠤ᠂ ᠬᠤᠷ᠎ᠠ ᠪᠤᠷᠤᠭᠠᠨ ᠳᠡᠭᠰᠢ ᠪᠤᠰᠤ ᠠᠴᠠ ᠪᠤᠯᠵᠦ᠂ ᠠᠯᠠᠭ ᠳᠡᠷᠯᠡᠨ ᠤᠷᠭᠤᠭᠰᠠᠨ ᠪᠤᠳᠠ ᠰᠦᠭᠡᠭ ᠢ ᠴᠤᠭᠤᠯᠳᠤᠨ᠂ ᠰᠠᠨᠳᠤᠤ ᠬᠠᠳᠤᠭᠤᠷ ᠤᠷᠤᠭᠤᠯᠤᠨ ᠡᠪᠯᠡᠬᠦᠯᠵᠦ ᠳᠡᠪᠯᠡᠬᠦᠯᠦᠨ᠂ ᠲᠠᠪᠤ ᠵᠢᠷᠭᠤᠭᠠᠨ ᠮᠢᠩᠭᠠᠨ ᠵᠢᠩ ᠡᠪᠡᠰᠦ ᠬᠠᠳᠤᠵᠦ ᠤᠷᠤᠭᠤᠯᠤᠨ᠎ᠠ ᠭᠡᠭᠴᠢ ᠪᠠᠷᠤᠭ ᠤᠨ ᠵᠠᠯᠠᠭᠤᠰ ᠲᠤ ᠠᠪᠴᠦ ᠬᠡᠯᠡᠭᠰᠡᠨ ᠴᠦ  ᠪᠠᠶᠢᠰᠢ ᠦᠭᠡᠢ ᠶᠠᠪᠤᠳᠠᠯ ᠯᠡ ᠶᠤᠮ ᠪᠠᠶᠢᠵᠠᠢ᠃           ᠮᠢᠨᠦ ᠠᠪᠤ — ᠳᠤᠷᠵᠢᠭᠤᠲᠤᠪ᠂ ᠡᠵᠢ — ᠬᠠᠶᠠᠩ᠂ ᠠᠪᠠᠭ᠎ᠠ ᠬᠤᠰᠢᠭᠤᠨ ᠤ ᠤᠤᠯ ᠤᠨ ᠬᠠᠨ — ᠠᠭᠤᠯᠠ ᠰᠤᠮᠤᠨ ᠤ ᠭᠠᠩᠭᠠᠩᠰᠢᠯᠢ ᠭᠠᠴᠠᠭᠠᠨ ᠤ ᠤᠤᠭᠠᠯ᠃ ᠤᠳᠤ ᠠᠴᠠ ᠭᠤᠷᠪᠠᠨ ᠵᠢᠯ ᠤᠨ ᠡᠮᠦᠨ᠎ᠡ᠂ ᠬᠡᠤᠬᠡᠳ ᠳᠡᠭᠦᠨᠡᠷ᠂ ᠤᠮᠪᠤᠯ᠂ ᠳᠤᠮᠪᠤᠯ᠂ ᠨᠤᠳᠤᠭ ᠤᠨ ᠲᠦᠮᠡᠨ ᠤ ᠎ ᠪᠠᠨ ᠰᠠᠨᠠᠭᠤᠯᠭ᠎ᠠ ᠪᠠᠷ ᠳᠠᠯᠠ ᠨᠠᠶᠠ ᠶᠢᠨ ᠬᠤᠤᠰ ᠪᠠᠶᠠᠷ ᠢᠶᠠᠨ ᠳᠤᠷᠠᠰᠬᠠᠨ ᠳᠡᠮᠳᠡᠭᠯᠡᠬᠦᠯᠦᠭᠰᠡᠨ ᠦᠩᠭᠡᠷᠡᠯᠳᠡ ᠲᠠᠢ᠂ ᠬᠤᠤᠰᠯᠠᠨ ᠠᠮᠢᠳᠤᠷᠠᠭᠠᠳ ᠲᠠᠪᠢᠨ ᠲᠠᠪᠤᠨ ᠬᠠᠪᠤᠷ ᠨᠠᠮᠤᠷ ᠤᠨ ᠤᠷᠳᠤ ᠠᠶᠠᠨ ᠢ ᠦᠩᠭᠡᠷᠡᠬᠦᠯᠦᠭᠰᠡᠨ ᠢᠶᠠᠷ ᠤᠳᠤ ᠪᠤᠳᠤᠬᠤ ᠳᠤ ᠠᠯᠳᠠ ᠮᠦᠩᠭᠦᠨ ᠤᠷᠤᠭ ᠤᠨ ᠳᠡᠮᠳᠡᠭᠯᠡᠯ ᠳᠤ ᠯᠡ ᠬᠦᠷᠦᠭᠰᠡᠨ ᠪᠠᠶᠢᠬ᠎ᠠ ᠳ᠋ᠠ︕ ᠪᠢ ᠪᠤᠯ ᠠᠶᠢᠯ ᠎ ᠤᠨ ᠢᠶᠠᠨ ᠬᠠᠮᠤᠭ ᠤᠨ ᠶᠡᠭᠡ ᠨᠢ ᠪᠤᠯᠳᠠᠭ ᠢᠶᠠᠷ ᠨᠠᠳᠠ ᠶᠢ ᠬᠦᠯ ᠳᠤ ᠤᠷᠤᠵᠦ᠂ ᠬᠡᠯᠡ ᠳᠤ ᠤᠷᠤᠵᠦ᠂ ᠮᠡᠳᠡᠭᠡ ᠰᠡᠭᠡᠭᠡ ᠲᠠᠢ ᠪᠤᠯᠬᠤ ᠳᠤ ᠯᠡ ᠮᠠᠨ ᠤ ᠬᠢᠨ ᠬᠠᠮᠳᠤ ᠶᠢᠨ ᠨᠢᠭᠡ ᠰᠦᠷᠦᠭ ᠬᠤᠨᠢ ᠶᠢ ᠬᠠᠷᠢᠭᠤᠯᠭ᠎ᠠ‌ᠮᠠᠨᠠᠭ᠎ᠠ ᠲᠠᠢ ᠨᠢ ᠳᠠᠭᠠᠭᠠᠴᠢᠯᠠᠵᠦ ᠮᠠᠯᠵᠢᠭᠠᠳ᠂ ᠵᠢᠯ ᠤᠨ ᠲᠦᠷᠪᠡᠨ ᠤᠯᠠᠷᠢᠯ ᠢᠶᠠᠷ ᠢᠶᠠᠨ ᠯᠡ᠂ ᠲᠤᠯᠠᠭᠠᠨ ᠤ ᠮᠠᠩᠬ᠎ᠠ᠂ ᠫᠢᠩ ᠳ᠋ᠢᠩ ᠱᠠᠨ᠂     ᠪᠤᠬᠤᠳᠤ  ᠎ ᠶᠢᠨ ᠮᠠᠩᠬ᠎ᠠ᠂ ᠲᠤᠯᠠᠭᠠᠨ ᠤᠪᠤᠭ᠎ᠠ᠂ ᠪᠦᠷᠢᠳᠦᠨ ᠰᠢᠷᠡᠭᠡ᠂ ᠨᠠᠷᠢᠨ ᠨᠠᠭᠤᠷ᠂ ᠲᠦᠭᠦᠷᠢᠭ ᠎ ᠤᠨ ᠳᠡᠷᠡᠰᠦ᠂ ᠤᠯᠠᠭᠠᠨ ᠬᠤᠳᠳᠤᠭ᠂ ᠰᠠᠶᠢᠷ ᠤᠨ ᠬᠤᠳᠳᠤᠭ᠂ ᠨᠠᠮ ᠠᠭᠤᠯᠠ᠂ ᠦᠷᠳᠡᠭᠡ‌‍ᠲ᠋ᠦ᠋ᠰᠢ᠂ ᠪᠠᠶᠠᠨ ᠠᠭᠤᠯᠠ᠂ ᠳᠠᠪᠠᠭᠠᠨ ᠤᠰᠤ᠂ ᠵᠠᠮ ᠤᠨ ᠤᠰᠤ᠂ ᠳᠤᠮᠳᠠ ᠠᠭᠤᠯᠠ᠂ ᠰᠢᠷ᠎ᠠ ᠪᠦᠷᠢᠳᠦ᠂ ᠴᠠᠬᠢᠯᠳᠠᠭ ᠤᠨ ᠬᠤᠭᠤᠯᠠᠢ ᠂ ᠳᠡᠭᠵᠢᠷᠡᠬᠦ ᠨᠠᠷᠠᠨ ᠁ ᠭᠡᠬᠦ ᠮᠡᠳᠦ ᠪᠠᠷ ᠬᠡᠳᠦᠨ ᠠᠷᠪᠠᠨ ᠤ ᠺᠢᠯᠤᠮᠧᠲᠷ ᠤᠨ ᠠᠯᠤᠰ ᠲᠠᠬᠢ ᠭᠠᠵᠠᠷ ᠨᠤᠳᠤᠭ ᠎ ᠤᠳ ᠢᠶᠠᠷ᠂ ᠡᠷᠭᠡ ᠴᠢᠯᠦᠭᠡ ᠲᠠᠢ ᠤᠯᠠᠷᠢᠯ ᠢᠶᠠᠨ ᠳᠠᠭᠠᠵᠦ᠂ ᠦᠭᠡᠷ ᠳᠡᠷᠭᠡ ᠪᠤᠶᠤ ᠮᠤᠷᠢᠨ ᠳᠡᠷᠭᠡ ᠪᠠᠷ ᠨᠡᠬᠦᠵᠦ᠂ ᠴᠠᠰᠦ ᠵᠤᠳ ᠲᠠᠢ ᠦᠶ᠎ᠡ ᠳᠤ ᠳᠡᠮᠡᠭᠡᠨ ᠬᠤᠮ ᠢᠶᠠᠷ᠂ ᠮᠤᠩᠭᠤᠯ ᠭᠡᠷ ᠢᠶᠠᠷ ᠢᠶᠠᠨ ᠰᠤᠪᠳᠤᠭ ᠤᠳᠤᠷ ᠶᠠᠪᠤᠳᠠᠭ ᠯᠡ ᠪᠠᠶᠢᠭᠰᠠᠨ ᠨᠢ ᠰᠠᠶ᠋ᠢᠬᠠᠨ ᠤ ᠯᠡ ᠤᠴᠢᠷ ᠭᠡᠮᠡᠷ ᠁          ᠡᠶᠢᠮᠦ ᠯᠡ ᠴᠤᠯᠤ ᠮᠤᠩᠭᠤᠯ ᠠᠮᠢᠳᠤᠷᠠᠯ ᠤᠨ ᠶᠠᠪᠤᠴᠠ ᠳᠤ᠂ ᠠᠪᠤ ᠡᠵᠢ ᠬᠤᠶᠠᠷ ᠮᠢᠨᠢ ᠮᠠᠨ ᠤ ᠠᠬ᠎ᠠ ᠳᠡᠭᠦᠦ ᠵᠢᠷᠭᠤᠭ᠎ᠠ ᠶᠢ ᠬᠡᠳᠡᠰᠦ ᠴᠠᠳᠬᠤᠯᠠᠩ᠂ ᠮᠦᠷᠦ ᠪᠦᠲᠦᠨ ᠢᠶᠠᠷ ᠰᠤᠷᠭᠠᠭᠤᠯᠢ ᠰᠤᠶᠤᠯ ᠤᠨ ᠮᠦᠷ ᠬᠦᠭᠡᠭᠡᠯᠭᠡᠨ ᠂ ᠭᠠᠷ ᠢ ᠨᠢ ᠭᠠᠨᠵᠤᠭᠠᠨ ᠳᠤ ᠬᠦᠯ ᠢ ᠨᠢ ᠲᠦᠷᠦᠭᠡᠨ ᠳᠤ ᠬᠦᠷᠭᠡᠬᠦ ᠶᠠᠪᠤᠴᠠ ᠳᠤ᠂ ᠲᠡᠷᠡ ᠦᠶ᠎ᠡ ᠶᠢᠨ ᠠᠮᠢᠳᠤᠷᠠᠯ ᠎ ᠤᠨ ᠨᠦᠬᠦᠴᠡᠯ ᠪᠤᠯᠤᠯᠴᠠᠭ᠎ᠠ ᠠᠴᠠ ᠦᠵᠡᠬᠦ ᠳᠤ᠂ ᠴᠤᠬᠤᠮ ᠴᠦ ᠨᠢᠭᠡ ᠦᠢᠯᠡ ᠪᠠᠨ ᠦᠵᠡᠵᠦ ᠦᠰᠦ ᠪᠠᠨ ᠲᠤᠭᠠᠯᠠᠵᠦ ᠦᠩᠭᠡᠷᠡᠬᠦᠯᠦᠭᠰᠡᠨ ᠨᠢ ᠮᠡᠳᠡᠭᠡᠵᠢ ᠶᠢᠨ ᠤᠴᠢᠷ︕ ᠭᠡᠬᠦ ᠳᠤ᠂ ᠠᠪᠤ ᠡᠵᠢ ᠬᠤᠶᠠᠷ ᠮᠢᠨᠢ ᠠᠶᠢᠯ ᠡᠷᠦᠭᠡ ᠪᠤᠰᠬᠠᠭᠰᠠᠨ ᠴᠠᠭ ᠠᠴᠠ ᠪᠠᠨ ᠬᠠᠮᠳᠤ ᠶᠢᠨ ᠨᠢᠭᠡ ᠰᠦᠷᠦᠭ ᠬᠤᠨᠢ ᠶᠢ ᠬᠠᠷᠢᠭᠤᠯᠭ᠎ᠠ ᠮᠠᠨᠠᠭ᠎ᠠ ᠲᠠᠢ ᠨᠢ ᠳᠠᠭᠠᠭᠠᠴᠢᠯᠠᠨ ᠮᠠᠯᠵᠢᠬᠤ ᠶᠢᠨ ᠳᠠᠭᠠᠤ ᠰᠤᠯᠠ ᠰᠡᠯᠡᠬᠦᠦ ᠵᠠᠪ ᠴᠢᠯᠤᠭᠡ ᠪᠠᠷ ᠢᠶᠠᠨ ᠶᠠᠰᠤ ᠳᠡᠬᠦᠬᠦ᠂ ᠬᠠᠷ᠎ᠠ᠂ ᠤᠯᠠᠭᠠᠨ ᠂ ᠴᠠᠭᠠᠨ ᠮᠦᠬᠦ ᠳᠡᠬᠦᠬᠦ ᠠᠵᠢᠯ ᠢ ᠬᠠᠪᠰᠤᠷᠭᠠᠨ᠂ ᠮᠤ᠋ ᠹᠦᠨ ᠤ ᠯᠡ ᠦᠷᠳᠡᠭ ᠢᠶᠠᠷ ᠬᠤᠳᠠᠯᠳᠤᠨ᠂ ᠠᠮᠢᠳᠤᠷᠠᠯ ᠤᠨ ᠎ ᠢᠶᠠᠨ ᠨᠦᠬᠦᠪᠦᠷᠢ ᠪᠤᠯᠭᠠᠳᠠᠭ ᠪᠠᠶᠢᠭᠰᠠᠨ︕ ᠨᠠᠶᠠᠭᠠᠳ ᠤᠨ ᠤ ᠡᠬᠢ ᠪᠠᠷ ᠮᠠᠨᠵᠢᠨ ᠲᠤᠭᠤᠭ᠎ᠠ ᠶᠢ ᠬᠠᠭᠠᠯᠬᠤ ᠳᠤ ᠯᠡ ᠠᠪᠤ ᠡᠵᠢ ᠮᠢᠨᠢ ᠬᠠᠮᠳᠤ ᠶᠢᠨ ᠬᠤᠨᠢᠨ ᠰᠦᠷᠦᠭ ᠢ ᠭᠤᠴᠢᠭᠠᠳ ᠵᠢᠯ ᠮᠠᠯᠵᠢᠭᠰᠠᠨ ᠭᠠᠷᠮᠠᠭᠠᠢ ᠬᠤᠨᠢᠴᠢᠨ᠂ ᠰᠤᠳᠤᠨ  ᠲᠦᠯᠴᠢᠨ ᠢᠶᠠᠷ ᠱᠠᠩᠨᠠᠯ ᠬᠦᠬᠢᠬᠦᠯᠦᠯ ᠲᠤᠰᠴᠦ ᠪᠠᠶᠢᠭᠰᠠᠨ ᠠᠴᠠ ᠰᠠᠶ᠋ᠢᠬᠠᠨ ᠪᠤᠯᠳᠠᠯ᠎ᠠ ᠭᠠᠴᠠᠭ᠎ᠠ᠂ ᠰᠤᠮᠤ ᠂ ᠬᠤᠰᠢᠭᠤ ᠭᠤᠷᠪᠠᠨ ᠱᠠᠳᠤᠨ ᠤ ᠬᠦᠳᠡᠯᠮᠦᠷᠢ ᠶᠢᠨ ᠰᠠᠶᠢᠴᠤᠤᠯ ᠢᠶᠠᠷ ᠴᠦᠭᠡᠨ ᠪᠤᠰᠤ ᠤᠳᠠᠭ᠎ᠠ ᠡᠩᠭᠡᠷ ᠢᠶᠠᠨ ᠮᠢᠯᠢᠶᠠᠯᠭᠠᠭᠰᠠᠨ ᠤᠳᠠᠭ᠎ᠠ ᠲᠠᠢ᠃            ᠦᠨᠦ ᠪᠤᠯᠬᠤ ᠳᠤ ᠠᠪᠤ ᠡᠵᠢ ᠬᠤᠶᠠᠷ ᠮᠢᠨᠢ ᠨᠠᠮ ᠵᠠᠰᠠᠭ ᠤᠨ ᠰᠠᠶᠢᠨ᠂ ᠲᠦᠷᠦ ᠶᠢᠨ ᠪᠤᠳᠤᠯᠭ᠎ᠠ ᠶᠢᠨ ᠢᠪᠡᠭᠡᠯ ᠢᠶᠠᠷ᠂ ᠦᠩᠭᠡ ᠲᠠᠢ ᠦᠭᠡᠳᠡ ᠲᠠᠢ ᠠᠮᠢᠳᠤᠷᠠᠵᠦ᠂ ᠤᠳᠤ ᠭᠡᠳᠦᠶᠢᠪᠡᠷ ᠪᠠᠭ᠎ᠠ ᠬᠦᠦ ᠶᠢᠨ ᠢᠶᠠᠨ ᠭᠠᠷ ᠳᠡᠭᠡᠷ᠎ᠡ᠂ ᠶᠡᠭᠡ ᠦᠬᠢᠨ᠂ ᠶᠡᠭᠡ ᠬᠦᠦ ᠶᠢᠨ ᠢᠶᠠᠨ ᠬᠠᠶᠠᠭ᠎ᠠ ᠶᠢ ᠵᠠᠬᠠᠯᠠᠨ᠂ ᠨᠢᠭᠡ ᠬᠤᠳᠠ ᠤᠰᠤᠨ ᠳᠤ ᠪᠠᠨ ᠰᠠᠭᠤᠭ᠎ᠠ ᠴᠦ ᠮᠦᠨ ᠯᠡ ᠠᠮᠢᠳᠤᠷᠠᠯ ᠤᠨ ᠮᠤᠳᠤᠨ ᠳᠡᠭᠡᠷ᠎ᠡ ᠠᠮᠢᠳᠤᠷᠠᠯ ᠤᠨ ᠦᠷ᠎ᠡ ᠵᠢᠮᠢᠰ ᠢᠶᠠᠨ ᠰᠠᠴᠤᠨ ᠳᠡᠯᠭᠡᠷᠡᠬᠦᠯᠦᠭᠰᠡᠭᠡᠷ ᠤᠳᠤ ᠳᠤ ᠬᠦᠷᠳᠡᠯ᠎ᠡ ᠬᠠᠮᠵᠢᠶᠠᠨ ᠤ ᠬᠦᠮᠦᠨ ᠬᠠᠷ᠎ᠠ ᠵᠠᠷᠤᠵᠦ ᠦᠩᠭᠡᠷᠡᠭᠡᠳᠦᠢ᠂ ᠢᠳᠡᠯᠭᠡ ᠤᠤᠭᠤᠯᠭ᠎ᠠ ᠪᠠᠨ ᠲᠤᠬᠢᠳᠠᠢ ᠳᠡᠩᠴᠡᠬᠦᠯᠦᠨ᠂ ᠡᠷᠳᠡ ᠪᠤᠰᠴᠦ ᠡᠷᠳᠡ ᠤᠨᠳᠠᠬᠤ ᠶᠢ ᠪᠠᠷᠢᠮᠳᠠᠯᠠᠨ᠂ ᠬᠤᠭᠤᠯᠠ ᠪᠠᠨ ᠦᠪᠡᠷᠳᠡᠭᠡᠨ ᠪᠠᠵᠠᠭᠠᠵᠦ᠂ ᠴᠠᠢ ᠪᠠᠨ ᠦᠪᠡᠷᠳᠡᠭᠡᠨ ᠤᠷᠬᠢᠭᠠᠵᠦ᠂ ᠶᠠᠭᠠᠷᠠᠤ ᠦᠶ᠎ᠡ ᠳᠤ᠂ ᠪᠢᠳᠠ ᠵᠢᠷᠭᠤᠭ᠎ᠠ ᠶᠢᠨ ᠎ ᠢᠶᠠᠨ ᠬᠠᠮᠤᠭ ᠤᠨ ᠨᠠᠶᠢᠳᠠᠪᠤᠷᠢᠳᠠᠢ ᠲᠤᠭᠤᠭᠠᠴᠢ ᠨᠢ ᠴᠦ ᠪᠤᠯᠴᠢᠬᠠᠳᠠᠭ ᠢ ᠶᠠᠭᠤᠨ ᠨᠢᠭᠤᠯ ᠲᠠᠢ ᠪᠢᠯᠡ ᠳ᠋ᠧ  ⁈ ᠳᠡᠭᠡᠬᠦ ᠮᠦᠷᠳᠡᠭᠡᠨ ᠬᠡᠨ ᠠᠯᠢᠨ ᠤ ᠬᠢᠨ ᠬᠤᠳᠳᠤᠭ ᠱᠠᠩᠳᠤ ᠳᠡᠭᠡᠷ᠎ᠡ ᠦᠭᠡᠷ ᠬᠤᠨᠢᠳ ᠵᠤᠭᠰᠤᠵᠦ ᠯᠡ ᠪᠠᠶᠢᠪᠠᠯ ᠬᠡᠵᠢᠶᠡᠨ ᠤ ᠬᠦᠶᠦᠵᠦ ᠬᠦᠷᠦᠭᠡᠳ ᠤᠰᠤ ᠶᠢ ᠨᠢ ᠲᠦᠭᠦᠷᠭᠡᠨ᠂ ᠤᠮᠳᠠ ᠶᠢ ᠨᠢ ᠳᠠᠷᠤᠵᠦ᠂ ᠪᠡᠯᠴᠢᠭᠡᠷ ᠲᠤ ᠨᠢ ᠭᠠᠷᠭᠠᠬᠤ ᠠᠴᠠ ᠪᠤᠴᠠᠬᠤ ᠦᠭᠡᠢ᠃ ᠬᠦᠮᠦᠨ ᠤ ᠦᠪᠡᠷ ᠤᠨ ᠮᠠᠯ ᠭᠡᠵᠦ ᠬᠡᠵᠢᠶᠡᠳᠡ ᠢᠯᠭᠠᠳᠠᠭ ᠦᠭᠡᠢ᠂ ᠮᠠᠯ ᠯᠡ ᠬᠦᠭᠡᠷᠦᠭᠦᠢ ᠭᠡᠰᠡᠨ ᠪᠤᠶᠠᠨᠰᠠᠭ ᠦᠢᠯᠡ ᠶᠢ ᠪᠠᠷᠢᠮᠳᠠᠯᠠᠨ᠂ ᠬᠤᠳᠠ ᠤᠰᠤᠨ ᠳᠤ ᠪᠠᠨ ᠠᠵᠢᠯ ᠲᠠᠢ ᠴᠦ ᠶᠠᠪᠤᠭᠰᠠᠨ᠂ ᠬᠠᠷᠢᠭᠤᠴᠠᠯᠭ᠎ᠠ ᠲᠠᠢ ᠴᠦ ᠶᠠᠪᠤᠭᠰᠠᠨ᠂ ᠬᠦᠨᠳᠦᠳᠭᠡᠯ ᠲᠠᠢ ᠴᠦ ᠶᠠᠪᠤᠭᠰᠠᠨ ᠢ ᠨᠢ ᠳᠡᠤᠬᠡ ᠬᠡᠷᠡᠴᠢᠯᠡᠨᠡᠮ︕               ᠡᠶᠢᠮᠦᠷᠬᠦ ᠯᠡ ᠦᠯᠢᠭᠡᠷ ᠳᠡᠤᠭᠡ᠂ ᠳᠡᠰ ᠳᠡᠷᠡᠮ ᠢᠶᠠᠷ ᠬᠡᠤᠬᠡᠳ ᠳᠡᠭᠦᠨᠡᠷ᠂ ᠤᠮᠪᠤᠯ ᠳᠤᠮᠪᠤᠯ᠂ ᠬᠤᠳᠠ ᠤᠰᠤ᠂ ᠨᠡᠶᠢᠳᠡ ᠤᠯᠠᠨ ᠤ ᠪᠠᠨ ᠳᠤᠮᠳᠠ ︽ᠬᠦᠳᠡᠯᠮᠦᠷᠢ ᠶᠢᠨ ᠪᠠᠭᠠᠳᠤᠷ︾ ᠴᠤᠯᠠ ᠪᠠᠨ ᠴᠠᠭ ᠢᠮᠠᠭᠳᠠ ᠪᠠᠲᠤᠯᠠᠭᠰᠠᠭᠠᠷ ᠤᠷᠴᠢᠮ ᠤᠨ ᠬᠤᠷᠢᠭᠠᠳ ᠬᠤᠨᠤᠭ ᠲᠤ᠂ ᠡᠪᠡᠰᠦᠨ ᠤ ᠪᠠᠨ ᠰᠢᠮ᠎ᠠ ᠲᠠᠢ ᠳᠡᠭᠡᠷ᠎ᠡ ᠨᠢ ᠵᠠᠪᠳᠤᠭᠤᠯᠤᠭᠠᠳ᠂ ᠠᠪᠤ ᠮᠢᠨᠢ ᠰᠡᠨᠳᠤᠤ ᠪᠠᠷ᠂ ᠡᠵᠢ ᠮᠢᠨᠢ ᠬᠠᠳᠤᠭᠤᠷ ᠢᠶᠠᠷ᠂ ᠳᠤᠮᠳᠠ ᠪᠠᠨ  ᠨᠢᠭᠡ ᠵᠢᠳᠬᠦᠬᠦᠷ ᠳᠡᠷᠭᠡ ᠲᠠᠢ᠂ ᠦᠨᠦ ᠵᠢᠯ ᠤᠨ ᠡᠨᠡᠬᠦ ᠭᠠᠩ ᠤᠨ ᠪᠠᠶᠢᠳᠠᠯ ᠠᠴᠠ ᠪᠤᠯᠵᠦ᠂ ᠠᠯᠠᠭ ᠳᠡᠷᠯᠡᠨ‌ᠤᠷᠭᠤᠭᠰᠠᠨ ᠴᠠᠭ ᠦᠶ᠎ᠡ ᠎ ᠳᠤ ᠴᠦ ᠬᠡᠰᠡᠨ ᠡᠷᠳᠡᠯᠡᠵᠦ ᠤᠷᠤᠶᠢᠯᠠᠨ᠂ ᠬᠤᠳᠠ ᠬᠦᠷᠢᠶᠡᠨ ᠤ ᠦᠨᠴᠦᠭ ᠪᠤᠯᠤᠩ ᠤᠳ ᠢᠶᠠᠷ ᠡᠷᠬᠢᠴᠡᠬᠦᠯᠦᠨ᠂ ᠳᠡᠷᠡᠰᠦ ᠬᠤᠯᠤᠰᠦ᠂ ᠬᠠᠷᠠᠭᠠᠨ᠎ᠠ ᠪᠤᠳᠠ᠂ ᠯᠤᠤᠯᠢ ᠬᠠᠮᠬᠤᠤᠯ ᠭᠤᠤᠯ ᠲᠠᠢ ᠲᠠᠪᠤ ᠵᠢᠷᠭᠤᠭᠠᠨ ᠮᠢᠩᠭᠠᠨ ᠵᠢᠩ ᠬᠦᠭᠡ ᠡᠪᠡᠰᠦ ᠬᠠᠳᠤᠭᠠᠳ ᠨᠦᠭᠡᠴᠡᠯᠡᠴᠢᠬᠡᠭᠰᠡᠨ︕ ᠦᠰᠭᠡᠵᠦ ᠶᠠᠷᠢᠪᠠᠯ ᠲᠦᠮᠡᠨ ᠵᠢᠩ ᠳᠤ ᠪᠠᠨ ᠤᠶᠢᠷᠠᠳᠤᠭᠰᠠᠨ ᠭᠡᠯᠳᠡᠢ᠃ ᠡᠨᠡ ᠴᠢᠨᠢ ᠬᠠᠷᠠᠬᠤ ᠳᠤ ᠪᠠᠭ᠎ᠠ‌‍ᠶᠠᠪᠤᠳᠠᠯ ᠪᠤᠯᠪᠠᠴᠦ ᠬᠤᠶᠠᠷ ᠪᠤᠭᠤᠷᠤᠯ ᠤᠨ ᠮᠠᠨᠢ ᠬᠤᠪᠢ ᠳᠤ ᠠᠪᠴᠦ ᠬᠡᠯᠡᠪᠡᠯ᠂ ᠬᠠᠶᠢᠷᠠᠳᠠᠢ ᠬᠤᠶᠠᠷ ᠦᠭᠡᠷ ᠲᠤ ᠨᠢ᠂ ᠱᠦᠯᠦᠨ ᠤ ᠬᠡᠳᠦᠨ ᠬᠤᠨᠢᠨ ᠳᠤ ᠪᠠᠨ ᠵᠢᠯ ᠤᠨ ᠬᠦᠨᠡᠰᠦ ᠶᠢ ᠨᠢ ᠪᠡᠯᠡᠳᠭᠡᠴᠢᠭᠡᠭᠰᠡᠨ ᠵᠤᠭ᠎ᠠ ᠲᠠᠢ ᠦᠢᠯᠡ ᠠᠵᠢᠯᠯᠠᠭ᠎ᠠ ᠶᠢᠨ ᠦᠨᠡᠨ ᠳᠡᠮᠳᠡᠭᠯᠡᠯ ᠪᠤᠯᠠᠢ᠃ ᠡᠶᠢᠮᠦ ᠠᠴᠠ ᠦᠩᠭᠡᠷᠡᠭᠰᠡᠨ ᠳᠤᠷᠠᠳᠬᠠᠯ ᠰᠡᠬᠦᠪᠡᠯ᠂ ᠴᠢᠮᠡᠭᠡᠯᠡᠯ ᠤᠨ ᠰᠠᠬᠢᠭᠤᠯᠰᠤᠨ ᠴᠤᠯᠠ ᠲᠠᠢ ᠶᠠᠪᠤᠭᠰᠠᠨ ᠦ᠊᠂ ᠰᠡᠷᠭᠦᠯᠡᠩ ᠪᠠᠭᠰᠢ ᠶᠢᠨ ᠪᠢᠴᠢᠭᠰᠡᠨ ︽ᠡᠪᠡᠰᠦ᠂ ᠡᠪᠡᠰᠦ᠂ ᠡᠪᠡᠰᠦ︾ ᠬᠡᠳᠡᠭ ᠲᠦᠷᠦ ᠶᠢᠨ ᠱᠠᠩᠨᠠᠯᠳᠤ ᠴᠢᠮᠡᠭᠡᠯᠡᠯ ᠳᠠᠬᠢ ︽ᠶᠠᠭᠤ ᠪᠠᠷ ᠳᠤᠳᠠᠭᠰᠠᠨ ᠴᠦ ᠳᠡᠯᠡᠭᠡᠢ ᠶᠢᠨ ᠰᠠᠬᠠᠯ ᠢᠶᠠᠷ ᠳᠤᠳᠠᠵᠦ ᠪᠤᠯᠬᠤ ᠦᠭᠡᠢ︾ ᠡᠪᠡᠰᠦ ᠡ︕ ᠡᠪᠡᠰᠦ ᠶᠠᠭᠤᠨ ᠳᠤ ᠴᠦ ᠳᠤᠳᠠᠭᠳᠠᠵᠦ ᠪᠤᠯᠳᠠᠭ ᠦᠭᠡᠢ᠂ ᠶᠠᠭᠤᠨ ᠳᠤ ᠴᠦ ᠳᠤᠳᠠᠭᠳᠠᠵᠦ ᠪᠠᠶᠢᠭ᠎ᠠ ᠳᠡᠯᠡᠭᠡᠢ ᠶᠢᠨ ᠴᠠᠭᠠᠨ ᠰᠦ᠂ ᠮᠠᠨ ᠳᠤ ᠮᠠᠯ ᠲᠠᠢ ᠯᠡ ᠪᠠᠶᠢᠪᠠᠯ ᠵᠤᠭᠤᠰ ᠲᠠᠢ  ᠪᠠᠶᠢᠭᠰᠠᠨ  ︕ ᠡᠪᠡᠰᠦ ᠲᠠᠢ ᠴᠦ ᠪᠠᠶᠢᠭᠰᠠᠨ᠂ ᠮᠠᠯ ᠲᠠᠢ ᠴᠦ ᠪᠠᠶᠢᠭᠰᠠᠨ︕ ᠭᠡᠳᠡᠯ᠎ᠡ᠂ ᠮᠠᠨ ᠤ ᠵᠤᠭᠤᠰ ᠪᠤᠯᠭᠠᠳᠠᠭ ᠮᠠᠯ ᠦᠰᠴᠠᠢ᠂ ᠮᠠᠯ ᠦᠰᠭᠡᠳᠡᠭ‌ᠡᠪᠡᠰᠦ ᠬᠤᠮᠰᠠᠳᠠᠵᠠᠢ᠃ ᠡᠪᠡᠰᠦ ᠶᠢ ᠬᠦᠮᠦᠰ ᠵᠤᠭᠤᠰ ᠢᠶᠠᠨ ᠪᠠᠷᠢᠭᠠᠳ ᠤᠯᠬᠤ ᠦᠭᠡᠢ ᠳᠤ ᠬᠦᠷᠦᠯ᠎ᠡ ᠬᠡᠳᠡᠭᠴᠢᠯᠡᠨ ᠠᠪᠤ ᠡᠵᠢ ᠬᠤᠶᠠᠷ ᠮᠢᠨᠢ ᠵᠢᠯ ᠤᠨ ᠵᠢᠯ ᠠᠵᠢᠯᠴᠢ ᠬᠤᠶᠠᠷ ᠭᠠᠷ ᠢᠶᠠᠷ ᠢᠶᠠᠨ ᠡᠪᠯᠡᠬᠦᠯᠵᠦ ᠳᠡᠪᠯᠡᠬᠦᠯᠦᠭᠡᠳ ᠪᠤᠯᠭᠠᠵᠦ ᠯᠡ ᠪᠠᠶᠢᠨ᠎ᠠ᠂ ᠮᠦᠨᠴᠦ ᠤᠷᠤᠯᠭ᠎ᠠ‌ᠡᠭᠦᠳᠴᠦ ᠯᠡ ᠪᠠᠶᠢᠨᠠᠮ︕ ᠡᠨᠡ ᠨᠢ ᠮᠦᠨ ᠴᠦ ᠠᠯᠢ ᠡᠷᠳᠡ ᠰᠤᠨᠢᠨ ᠮᠡᠳᠡᠭᠡᠨ ᠤ ᠬᠠᠷᠠᠭᠠᠨ ᠳᠤ ᠳᠤᠳᠤᠷᠠᠭᠰᠠᠨ ᠠᠪᠠᠭ᠎ᠠ ᠨᠤᠳᠤᠭ ᠤᠨ ᠪᠠᠶᠠᠨᠳᠤᠭ ᠰᠤᠮᠤᠨ ᠤ ᠦᠭᠭᠢᠶᠡᠮᠦᠷ ᠪᠤᠶᠤ ᠨᠤᠮᠤᠭᠠᠨ ᠭᠠᠴᠠᠭᠠᠨ ᠤ ᠮᠠᠯᠴᠢᠨ᠂ ᠨᠤᠭᠤᠭᠠᠨ ᠭᠠᠷᠳᠤ ᠡᠵᠢ ᠶᠢᠨ ᠳᠡᠮᠳᠡᠭᠯᠡᠯ ᠢ ᠰᠢᠨᠡᠳᠭᠡᠭᠰᠡᠨ ᠪᠤᠶᠤ ᠵᠠᠯᠭᠠᠮᠵᠢᠯᠠᠨ ᠬᠦᠭᠵᠢᠬᠦᠯᠦᠭᠡ ᠨᠠᠰᠤᠳᠠᠨ ᠪᠤᠷᠤᠭᠤᠯ ᠎ ᠤᠳ᠂ ᠮᠠᠨ ᠤ ᠵᠠᠬ᠎ᠠ ᠪᠠᠷ ᠪᠢᠳᠠᠨ ᠤ ᠳᠡᠷᠭᠡᠳᠡ ᠠᠵᠢᠯᠯᠠᠭᠰᠠᠭᠠᠷ ᠳᠤᠯᠠᠳᠠ ᠪᠢᠳᠠ ᠪᠦᠬᠦᠨ ᠢᠶᠠᠷ ᠢᠶᠠᠨ ᠶᠠᠭᠤ ᠨᠢᠭᠡ ᠎ ᠶᠢ ᠰᠡᠭᠡᠭᠡᠷᠡᠨ᠂ ᠠᠯᠢᠪᠠ‌ᠠᠵᠢᠯ ᠲᠦᠷᠦᠯ ᠳᠤ ᠪᠠᠨ ᠴᠢᠷᠮᠠᠶᠢᠵᠠᠭᠠᠶ᠎ᠠ︕
 
ᠢᠷᠡᠯᠲᠡ᠄ ᠲᠤ᠋᠂ ᠲᠦᠮᠡᠨᠪᠠᠶᠠᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号