ᠠᠪᠠᠭ᠎ᠠ ᠬᠤᠰᠢᠭᠤᠨ ᠤ ᠮᠤᠩᠭᠤᠯ ᠦᠡᠳᠤᠰᠤᠳᠠᠨ ᠤ ᠪᠠᠭ᠎ᠠ ᠰᠤᠷᠭᠠᠭᠤᠯᠢ ᠶᠢᠨ ᠲᠠᠨᠢᠯᠴᠠᠭᠤᠯᠭ᠎ᠠ | | ᠠᠪᠠᠭ᠎ᠠ ᠬᠤᠰᠢᠭᠤᠨ ᠤ ᠮᠤᠩᠭᠤᠯ ᠦᠡᠳᠤᠰᠤᠳᠠᠨ ᠤ ᠪᠠᠭ᠎ᠠ ᠰᠤᠷᠭᠠᠭᠤᠯᠢ ᠨᠢ 1950 ᠤᠨ ᠤ 5 | ᠰᠠᠷ᠎ᠠ ᠶᠢᠨ 1 ᠤ ᠡᠳᠤᠷ ︽ᠪᠠᠷᠠᠭᠤᠨ ᠬᠤᠯᠪᠤᠭᠠᠳᠤ ᠬᠤᠰᠢᠭᠤᠨ ᠤ ᠲᠦᠮᠡᠨ ᠪᠠᠭ᠎ᠠ ᠰᠤᠷᠭᠠᠭᠤᠯᠢ︾ ᠬᠡᠮᠡᠬᠦ | ᠨᠠᠷᠠᠶᠢᠳᠤᠯ ᠢᠶᠠᠷ ᠬᠠᠭᠤᠴᠢᠨ ᠠᠪᠠᠭ᠎ᠠ ᠸᠠᠩ ᠤᠨ ᠤᠷᠳᠤᠨ ᠤ ᠦᠢᠷᠠᠯᠴᠠᠭᠠᠬᠢ ᠲᠦᠮᠡᠨ ᠡᠯᠰᠤ ︵ᠤᠳᠤ ᠶᠢᠨ | ᠪᠡᠯᠬᠦᠳᠡᠢ ᠪᠠᠯᠭᠠᠰᠤᠨ ᠤ ᠰᠠᠶᠢᠬᠠᠡᠳᠦ᠋ᠮᠠᠨ ᠭᠠᠴᠠᠭᠠᠨ ᠳᠤ ᠪᠤᠢ︶ ᠬᠡᠬᠦ ᠭᠠᠵᠡᠷ ᠪᠠᠶᠢᠭᠤᠯᠤᠭᠳᠠᠨ᠂ 1956 ᠤᠨ ᠳᠤ | ᠤᠳᠤ ᠶᠢᠨ ᠬᠤᠰᠢᠭᠤ ᠲᠤᠭᠤᠷᠢᠭ ᠲᠤ ᠰᠢᠯᠵᠢᠨ ᠢᠷᠡᠵᠤ ︽ᠠᠪᠠᠭ᠎ᠠ ᠬᠤᠰᠢᠭᠤᠨ ᠤ ᠰᠢᠭᠤᠳ ᠬᠠᠷᠢᠶ᠎ᠠ ᠪᠠᠭ᠎ᠠ | ᠰᠤᠷᠭᠠᠭᠤᠯᠢ︾ ᠬᠡᠵᠤ ᠨᠠᠷᠠᠶᠢᠳᠤᠨ 2012 ᠤᠨ ᠤ ᠡᠴᠤᠰ ᠲᠤ ᠤᠳᠤᠬᠢ ᠰᠢᠨ᠎ᠠ ᠪᠠᠶᠢᠷᠢᠰᠢᠯ ᠳᠤ ᠰᠢᠯᠵᠢᠨ ︽ | ᠠᠪᠠᠭ᠎ᠠ ᠬᠤᠰᠢᠭᠤᠨ ᠤ ᠮᠤᠩᠭᠤᠯ ᠦᠡᠳᠤᠰᠤᠳᠠᠨ ᠤ ᠪᠠᠭ᠎ᠠ ᠰᠤᠷᠭᠠᠭᠤᠯᠢ︾ ᠬᠡᠵᠤ ᠨᠠᠷᠠᠶᠢᠳᠴᠠᠢ᠃ | ᠨᠠᠮ ᠪᠠ ᠵᠠᠰᠠᠭ ᠤᠨ ᠵᠦᠪ ᠤᠨᠤᠪᠴᠢᠳᠡᠢ ᠤᠳᠤᠷᠢᠳᠤᠯᠭ᠎ᠠ ᠲᠤᠤᠷ᠎ᠠ ᠮᠠᠨ ᠤ ᠰᠤᠷᠭᠠᠭᠤᠯᠢ ᠨᠢ ᠲᠤᠨᠤᠭ | ᠲᠦᠬᠦᠬᠡᠷᠤᠮᠵᠢ ᠨᠢ ᠪᠦᠷᠢᠨ ᠲᠡᠬᠦᠯᠳᠡᠷ᠂ ᠤᠷᠴᠢᠨ ᠲᠤᠭᠤᠷᠢᠨ ᠬᠡᠬᠡᠨᠴᠢᠷ ᠲᠤᠬᠢᠯᠢᠭ᠂ ᠦᠡᠳᠤᠰᠤᠳᠠᠨ ᠤ ᠤᠡᠴᠠᠯᠢᠭ | ᠲᠤᠪᠤᠶᠢᠮ᠎ᠠ᠂ ᠰᠤᠷᠭᠠᠨ ᠬᠦᠮᠤᠵᠢᠯ ᠤᠨ ᠰᠤᠳᠤᠯᠭᠠᠨ ᠪᠠ ᠦᠬᠡᠷᠴᠢᠯᠡᠯᠳᠡ ᠳᠤ ᠭᠠᠪᠰᠢᠭᠠᠶᠢᠯᠠᠭᠰᠡᠨ ᠰᠤᠷᠤᠭᠴᠢᠳ | ᠤᠨ ᠪᠦᠬᠦ ᠲᠠᠯ᠎ᠠ ᠶᠢᠨ ᠬᠦᠭᠵᠢᠯᠳᠠ ᠶᠢ ᠴᠢᠬᠤᠯᠠᠴᠢᠯᠠᠨ ᠠᠳᠬᠤᠭᠰᠡᠨ ᠠᠪᠠᠭ᠎ᠠ ᠨᠤᠳᠤᠭ ᠤᠨ ᠴᠤᠷ ᠤᠨ ᠭᠠᠭᠴᠠ | ᠤᠳᠤ ᠮᠠᠶ᠋ᠢᠭ ᠤᠨ ᠮᠤᠩᠭᠤᠯ ᠪᠠᠭ᠎ᠠ ᠰᠤᠷᠭᠠᠭᠤᠯᠢ ᠪᠤᠯᠤᠨ ᠬᠦᠭᠵᠢᠵᠠᠢ᠃ ᠤᠳᠤ ᠪᠠᠭᠰᠢ ᠠᠵᠢᠯᠳᠠᠨ 110 ᠪᠠᠶᠢᠵᠤ | ᠂ ᠲᠤᠰᠬᠠᠢ ᠮᠠᠷᠬᠡᠵᠢᠯ ᠤᠨ ᠪᠠᠭᠰᠢ 75᠂ ᠬᠢᠷᠢ ᠲᠡᠩᠴᠠᠯᠳᠠ ᠶᠢᠨ ᠨᠤᠷᠮ᠎ᠠ 100% ᠬᠦᠷᠴᠤ᠂ 28 ᠠᠩᠬᠢ | ᠨᠢᠬᠡᠴᠠ 935 ᠰᠤᠷᠤᠭᠴᠢ ᠲᠠᠢ᠂ ᠵᠢᠷᠠᠭᠠᠳ ᠪᠠᠶᠢᠷᠢ ᠶᠢᠨ ᠰᠤᠷᠤᠭᠴᠢ ᠲᠠᠢ᠂ ᠰᠤᠷᠭᠠᠭᠤᠯᠢ ᠶᠢᠨ ᠶᠠᠷᠤᠩᠬᠡᠢ | ᠡᠵᠡᠯᠡᠬᠦ ᠲᠠᠯᠠᠪᠠᠢ 85375 ᠲᠡᠭᠰᠢ ᠲᠦᠷᠪᠡᠯᠵᠢᠨ ᠮᠧᠲᠷ᠂ ᠪᠠᠷᠢᠯᠭ᠎ᠠ ᠶᠢᠨ ᠡᠵᠡᠯᠡᠬᠦ ᠲᠠᠯᠠᠪᠠᠢ 20600 ᠲᠡᠭᠰᠢ | ᠲᠦᠷᠪᠡᠯᠵᠢᠨ ᠮᠧᠲᠷ ︵ᠡᠬᠦᠨ ᠳᠤ ᠵᠢᠭᠠᠨ ᠰᠤᠷᠭᠠᠬᠤ ᠠᠰᠠᠷ 11235 ᠲᠡᠭᠰᠢ ᠲᠦᠷᠪᠡᠯᠵᠢᠨ ᠮᠧᠲᠷ᠂ ᠪᠠᠶᠢᠷᠢ | ᠶᠢᠨ ᠠᠰᠠᠷ 5946 ᠲᠡᠭᠰᠢ ᠲᠦᠷᠪᠡᠯᠵᠢᠨ ᠮᠧᠲᠷ᠂ ᠬᠤᠭᠤᠯᠠᠨ ᠬᠡᠷ ᠤᠨ ᠠᠰᠠᠷ 3275 ᠲᠡᠭᠰᠢ ᠲᠦᠷᠪᠡᠯᠵᠢᠨ | ᠮᠧᠲᠷ︶ 400 ᠮᠧᠲᠷ ᠤᠨ ᠪᠠᠷᠢᠮᠵᠢᠶᠠᠳᠤ ᠭᠤᠮ ᠪᠦᠳᠤᠴᠢᠳᠤ ᠲᠠᠮᠢᠷ ᠤᠨ ᠲᠠᠯᠠᠪᠤᠷ ᠲᠠᠢ᠂ 4423 ᠲᠡᠭᠰᠢ | ᠲᠦᠷᠪᠡᠯᠵᠢᠨ ᠮᠧᠲᠷ ᠤᠨ ᠬᠦᠯ ᠪᠦᠮᠪᠦᠭᠡ ᠶᠢᠨ ᠤᠷᠳᠤᠨ ᠨᠢ ᠤᠳᠠᠯ ᠦᠬᠡᠢ ᠬᠡᠷᠡᠭᠯᠡᠬᠡᠨ ᠳᠤ ᠤᠷᠤᠬᠤ ᠪᠤᠯᠤᠨ᠎ᠠ᠃ | ᠮᠠᠨ ᠤ ᠰᠤᠷᠭᠠᠭᠤᠯᠢ ᠨᠢ ︽ᠬᠠᠶᠢᠷ᠎ᠠ ᠪᠤᠯ ᠰᠤᠷᠭᠠᠨ ᠬᠦᠮᠤᠵᠢᠯ ᠤᠨ ᠡᠬᠢ ᠤᠡᠳᠤᠷᠤᠯ ᠮᠥᠨ︾ ᠬᠡᠬᠦ | ᠰᠤᠷᠭᠠᠭᠤᠯᠢ ᠶᠢᠨ ᠰᠤᠷᠳᠠᠯ ᠤᠨ ᠲᠤᠭᠤᠷᠢᠨ ᠳᠤ ᠪᠠᠭᠰᠢ ᠠᠵᠢᠯᠳᠠᠨ ᠢᠶᠠᠨ ᠬᠠᠶᠢᠷ᠎ᠠ ᠬᠠᠯᠠᠮᠵᠢᠯᠠᠯ ᠢᠶᠠᠷ ᠦᠢᠯᠡᠰ ᠲᠤ | ᠨᠢ ᠮᠠᠷᠠᠶᠢᠯᠬᠡᠬᠦ᠂ ᠰᠤᠷᠤᠭᠴᠢᠳ ᠢᠶᠠᠨ ᠬᠠᠶᠢᠷ᠎ᠠ ᠪᠠᠷ ᠵᠦᠪ ᠬᠡᠤᠬᠡᠳ ᠪᠤᠯᠭᠠᠨ ᠲᠦᠯᠤᠪᠰᠢᠬᠦᠯᠬᠦ ᠶᠢ ᠤᠷᠢᠳᠠᠯ ᠪᠤᠯᠭᠠᠨ | ᠪᠠᠭᠰᠢ ᠶᠢᠨ ᠡᠩᠨᠡᠬᠡᠨ ᠤ ᠠᠯᠢᠪᠠ ᠪᠠᠨ ᠬᠡᠤᠬᠡᠳ ᠤᠨ ᠬᠦᠭᠵᠢᠯᠳᠠ ᠳᠤ ᠵᠤᠷᠢᠭᠤᠯᠬᠤ ︽ᠭᠠᠷ ᠢ ᠨᠢ ᠭᠠᠨᠵᠤᠭᠠᠨ ᠳᠤ | ᠂ ᠬᠦᠯ ᠢ ᠨᠢ ᠲᠦᠷᠤᠬᠡᠨ ᠳᠤ︾ ᠵᠢᠭᠠᠬᠤ ᠰᠤᠷᠳᠠᠯ ᠪᠠ ᠬᠠᠷᠭᠠᠨ ᠪᠠᠭ᠎ᠠ ᠠᠴᠠ ᠪᠠᠨ ᠵᠦᠪ ᠬᠦᠮᠤᠨ ᠪᠤᠯᠵᠤ | ᠬᠦᠮᠤᠵᠢᠬᠦ ᠤᠬᠠᠮᠰᠠᠷ ᠲᠠᠢ ᠪᠤᠯᠬᠤ ︽ᠬᠦᠮᠤᠨ ᠪᠤᠯᠬᠤ ᠪᠠᠭ᠎ᠠ ᠠᠴᠠ ᠪᠠᠨ᠂ ᠬᠦᠯᠦᠭ ᠪᠤᠯᠬᠤ ᠤᠨᠠᠭᠠᠨ ᠠᠴᠠ ᠪᠠᠨ︾ | ᠰᠤᠷᠬᠤ ᠰᠤᠷᠳᠠᠯ ᠢᠶᠠᠨ ᠵᠢᠭᠠᠬᠤ ᠰᠤᠷᠬᠤ ᠦᠢᠯᠡᠰ ᠲᠤ ᠪᠠᠨ ᠠᠭᠤᠰᠬᠠᠨ ᠰᠢᠩᠬᠡᠬᠡᠵᠤ ᠴᠢᠳᠠᠵᠠᠢ᠃ | ᠬᠡᠤᠬᠡᠳ ᠤᠨ ᠪᠦᠬᠦ ᠲᠠᠯ᠎ᠠ ᠪᠠᠷ ᠬᠦᠭᠵᠢᠬᠦ ᠶᠢ ᠴᠢᠬᠤᠯᠠᠴᠢᠯᠠᠨ ᠰᠤᠷᠭᠠᠭᠤᠯᠢ ᠠᠴᠠ ᠲᠤᠰᠬᠠᠢ ᠲᠠᠯᠠᠪᠠᠢ | ᠪᠠ ᠵᠢᠯᠤᠭᠤᠳᠤᠭᠴᠢ ᠪᠠᠭᠰᠢ ᠲᠤᠬᠢᠷᠠᠭᠤᠯᠤᠨ ᠭᠠᠷᠠᠭ ᠪᠦᠷᠢ ᠬᠤᠶᠡᠷ ᠬᠢᠴᠢᠶᠠᠯ ᠤᠨ ᠴᠠᠭ ᠢᠶᠠᠷ ᠪᠦᠬᠦ ᠰᠤᠷᠤᠭᠴᠢᠳ | ᠦᠪᠡᠷ ᠤᠨ ᠰᠠᠶᠢᠨ ᠲᠤᠷ᠎ᠠ ᠠᠴᠠ ᠪᠠᠨ ᠰᠤᠩᠭᠤᠨ ᠤᠷᠤᠯᠴᠠᠬᠤ ᠪᠦᠬᠡ᠂ ᠰᠤᠷ ᠬᠠᠷᠪᠤᠯᠳᠠ᠂ ᠫᠢᠩᠫᠠᠨᠭ᠌ ᠪᠦᠮᠪᠦᠭᠡ᠂ | ᠡᠬᠦᠳᠤᠨ ᠪᠦᠳᠤᠬᠡᠯᠳᠡ᠂ ᠮᠤᠷᠢᠨ ᠬᠤᠭᠤᠷ᠂ ᠱᠠᠭ᠎ᠠ᠂ ᠦᠰᠤᠨ ᠪᠢᠷ᠂ ᠨᠠᠪᠳᠠᠷᠠᠬᠦᠯᠦᠭᠴᠢ ᠬᠦᠳᠤᠯᠦᠭᠴᠢ᠂ | ᠬᠠᠶᠢᠴᠢᠮᠠᠯ ᠵᠢᠷᠤᠭ᠂ ᠬᠦᠯ ᠪᠦᠮᠪᠦᠭᠡ᠂ ᠮᠤᠩᠭᠤᠯ ᠰᠢᠳᠠᠷ᠎ᠠ ᠵᠡᠷᠬᠡ ᠬᠤᠷᠢᠨ ᠲᠦᠷᠤᠯ ᠤᠨ ᠭᠤᠴᠢᠨ ᠠᠩᠬᠢ | ᠡᠷᠬᠢᠯᠡᠵᠤ ᠪᠤᠢ᠃ | ᠬᠠᠮᠳᠤ ᠪᠠᠷ ᠬᠢᠴᠢᠶᠠᠯ ᠪᠡᠯᠡᠳᠬᠡᠬᠦ᠂ ᠦᠵᠡᠬᠦᠯᠤᠯᠬᠡ ᠨᠠᠬᠡᠬᠡᠯᠳᠡ ᠶᠢᠨ ᠬᠢᠴᠢᠶᠠᠯ ᠬᠢᠬᠦ᠂ ᠠᠵᠢᠯᠯᠠᠪᠤᠷᠢ ᠶᠢᠨ | ᠬᠠᠭᠤᠳᠠᠰᠤ ᠶᠢ ᠠᠰᠢᠭᠯᠠᠬᠤ ᠵᠡᠷᠬᠡ ᠵᠢᠭᠠᠨ ᠰᠤᠷᠭᠠᠯᠳᠠ ᠶᠢᠨ ᠦᠬᠡᠷᠡᠴᠢᠯᠡᠯᠳᠡ ᠰᠢᠨᠠᠴᠢᠯᠠᠯᠳᠠ ᠶᠢ ᠢᠳᠡᠪᠬᠢᠳᠡᠢ ᠬᠢᠵᠤ | ︽ᠵᠢᠭᠠᠬᠤ ᠠᠴᠠ ᠵᠢᠯᠤᠭᠤᠳᠬᠤ᠂ ᠰᠤᠷᠭᠠᠬᠤ ᠠᠴᠠ ᠰᠤᠷᠬᠤ︾ ᠵᠦᠭ ᠰᠢᠯᠵᠢᠬᠦ ᠶᠢ ᠠᠩᠬᠠᠷᠴᠤ᠂ ᠦᠷ᠎ᠠ | ᠪᠦᠳᠤᠮᠵᠢᠳᠤ ᠬᠢᠴᠢᠶᠠᠯᠠᠯᠬᠡ ᠪᠠ ᠰᠢᠯᠭᠠᠯᠳᠠ ᠶᠢᠨ ᠦᠬᠡᠷᠴᠢᠯᠡᠯᠳᠡ ᠠᠴᠠ ᠬᠢᠴᠢᠶᠠᠯ ᠤᠨ ᠦᠬᠡᠷᠴᠢᠯᠡᠯᠳᠡ ᠶᠢ | ᠠᠬᠢᠭᠤᠯᠬᠤ ᠶᠢ ᠭᠤᠤᠯᠴᠢᠯᠠᠨ ᠠᠳᠬᠤᠵᠤ ᠵᠢᠭᠠᠬᠤ᠂ ᠰᠤᠷᠬᠤ ᠠᠵᠢᠯ ᠤᠨ ᠴᠢᠨᠠᠷᠵᠢᠯ ᠢ ᠲᠠᠰᠤᠷᠠᠯᠳᠠ ᠦᠬᠡᠢ | ᠲᠡᠬᠡᠭᠰᠢᠯᠡᠬᠦᠯᠵᠤ ᠪᠤᠢ᠃ | ᠰᠤᠷᠭᠠᠭᠤᠯᠢ ᠪᠠᠨ ᠲᠠᠰᠤᠷᠠᠯᠳᠠ ᠦᠬᠡᠢ ᠬᠦᠭᠵᠢᠬᠦᠯᠬᠦ ᠴᠢᠭᠯᠡᠯᠳᠡ ᠶᠢ ᠡᠷᠡᠰ ᠪᠠᠷᠢᠮᠳᠠᠯᠠᠨ ᠰᠤᠷᠭᠠᠨ | ᠬᠦᠮᠤᠵᠢᠯ ᠤᠨ ᠦᠬᠡᠷᠡᠴᠢᠯᠡᠯᠳᠡ ᠪᠠ ᠬᠦᠭᠵᠢᠯᠳᠠ ᠶᠢᠨ ᠱᠠᠭᠠᠷᠳᠠᠯᠭ᠎ᠠ ᠶᠤᠰᠤᠭᠠᠷ ᠴᠦᠬᠦᠷᠡᠯ ᠦᠬᠡᠢ ᠴᠢᠷᠮᠠᠶᠢᠭᠰᠡᠨ | ᠠᠴᠠ ᠤᠷᠢᠳ ᠬᠤᠵᠢᠳ ︽ᠠᠶᠢᠮᠠᠭ ᠤᠨ ᠲᠡᠰ ᠤᠨ ᠪᠠᠷᠢᠮᠵᠢᠶᠠᠨ ᠳᠤ ᠬᠦᠷᠦᠭᠰᠡᠨ ᠰᠤᠷᠭᠠᠭᠤᠯᠢ︾᠂ ︽ᠨᠠᠷᠢᠯᠢᠭ | ᠬᠠᠮᠢᠶᠠᠷᠤᠯᠳᠠ ᠶᠢᠨ ᠰᠢᠯᠢᠳᠡᠭ ᠰᠤᠷᠭᠠᠭᠤᠯᠢ︾᠂ ︽ᠦᠡᠳᠤᠰᠤᠳᠠᠨ ᠤ ᠰᠤᠳᠤᠨ ᠰᠤᠷᠭᠠᠭᠤᠯᠢ︾᠂ ︽ᠤᠷᠴᠢᠨ | ᠲᠤᠭᠤᠷᠢᠨ ᠤ ᠨᠦᠬᠦᠷᠰᠡᠭ ᠰᠤᠷᠭᠠᠭᠤᠯᠢ︾ ᠤᠷᠤᠨ ᠤ ᠲᠡᠰ ᠤᠨ ︽ᠰᠤᠷᠭᠠᠨ ᠬᠦᠮᠤᠵᠢᠯ ᠤᠨ ᠰᠢᠰᠲ᠋ᠧᠮ ᠤᠨ | ᠲᠡᠷᠢᠬᠦᠨ ᠤ ᠬᠠᠮᠳᠤ︾᠂ ︽ᠡᠪ ᠵᠤᠬᠢᠴᠠᠯᠳᠤ ᠰᠤᠷᠭᠠᠭᠤᠯᠢ︾ ᠵᠡᠷᠬᠡ ᠶᠢᠨ ᠢᠷᠠᠭᠤ ᠠᠯᠳᠠᠷ ᠢ ᠬᠦᠷᠳᠡᠵᠤ᠂ ᠠᠷᠡᠳ | ᠤᠯᠠᠨ ᠳᠤ ᠪᠠᠨ ᠲᠠᠭᠠᠰᠢᠶᠠᠭᠳᠠᠭᠰᠡᠨ ᠰᠠᠶᠢᠨ ᠰᠤᠷᠭᠠᠭᠤᠯᠢ ᠪᠤᠯᠵᠤ ᠴᠢᠳᠠᠭᠰᠡᠨ ᠪᠠᠶᠢᠨ᠎ᠠ᠃ | ᠬᠤᠶᠢᠰᠢᠳᠠ ᠮᠠᠨ ᠤ ᠰᠤᠷᠭᠠᠭᠤᠯᠢ ᠨᠢ ᠵᠢᠭᠠᠨ ᠰᠤᠷᠭᠠᠯᠳᠠ ᠶᠢᠨ ᠴᠢᠨᠠᠷᠵᠢᠯ ᠢᠶᠠᠨ ᠲᠡᠬᠡᠭᠰᠢᠯᠡᠬᠦᠯᠬᠦ ᠪᠠᠷ | ᠰᠢᠪᠳᠤᠯᠤᠯᠳᠠ ᠪᠤᠯᠭᠠᠵᠤ᠂ ᠦᠬᠡᠷᠡᠴᠢᠯᠡᠯᠳᠡ ᠠᠴᠠ ᠦᠷ᠎ᠠ ᠪᠦᠳᠤᠮᠵᠢ ᠪᠠᠨ ᠲᠦᠬᠡᠮᠡᠯᠵᠢᠬᠦᠯᠤᠨ᠂ ᠬᠠᠮᠢᠶᠠᠷᠤᠯᠳᠠ | ᠨᠠᠷᠢᠯᠢᠭ᠂ ᠲᠦᠷᠢᠮᠵᠢᠭᠰᠡᠨ᠂ ᠬᠠᠮᠳᠤ ᠤᠯᠠᠨ ᠢᠶᠠᠷ ᠰᠡᠳᠬᠢᠯ ᠵᠢᠳᠬᠦᠯ ᠨᠢᠬᠡᠳᠦᠭᠰᠡᠨ ᠰᠤᠷᠭᠠᠭᠤᠯᠢ ᠪᠤᠯᠬᠤ ᠪᠠᠷ | ᠮᠠᠷᠠᠶᠢᠨ ᠴᠢᠷᠮᠠᠶᠢᠵᠤ᠂ ᠲᠠ ᠤᠯᠠᠨ ᠤ ᠰᠤᠨᠤᠷ ᠲᠤ ᠨᠠᠩ ᠰᠠᠶᠢᠬᠠᠨ ᠴᠢᠮᠡᠭᠡ ᠶᠢ ᠬᠦᠷᠬᠡᠬᠦ ᠨᠢ ᠯᠠᠪᠳᠡᠢ︕ | | | | |