ᠤᠷᠴᠢᠮ ᠤᠨ ᠡᠳᠤᠷ᠂ ᠮᠠᠨ ᠤ ᠬᠤᠰᠢᠭᠤᠨ ᠤ ᠤᠢ ᠰᠢᠭᠤᠢ ᠳᠤᠳᠤᠭᠠᠳᠤ ᠶᠢ ᠬᠠᠮᠠᠭᠠᠯᠠᠬᠤ ᠳᠤᠪᠴᠢᠶ᠎ᠡ ᠨᠢ | ᠤᠯᠤᠰ ᠤᠨ ᠬᠤᠶᠠᠳᠤᠭᠠᠷ ᠳᠡᠰ ᠤᠨ ᠬᠠᠮᠠᠭᠠᠯᠠᠯᠳᠠ ᠶᠢᠨ ᠵᠢᠬᠦᠷᠳᠡᠨ ᠤ ᠲᠦᠷᠦᠯ ᠪᠤᠯᠬᠤ ᠤᠯᠠᠭᠠᠨ ᠱᠤᠩᠬᠤᠷ | ᠰᠢᠪᠠᠭᠤ ᠶᠢ ᠠᠪᠤᠷᠠᠨ ᠡᠳᠡᠭᠡᠵᠤ᠂ ᠡᠬᠡ ᠪᠠᠶᠢᠭᠠᠯᠢ ᠳᠤ ᠨᠢ ᠪᠤᠴᠠᠭᠠᠭᠰᠡᠨ ᠪᠠᠶᠢᠨ᠎ᠡ᠃ | ᠱᠤᠩᠬᠤᠷ ᠰᠢᠪᠠᠭᠤ ᠪᠤᠯ ᠤᠯᠤᠰ ᠤᠨ ᠳᠡᠰ ᠤᠨ ᠬᠠᠮᠠᠭᠠᠯᠡᠯᠳᠡ ᠶᠢᠨ ᠰᠢᠪᠠᠭᠤ᠂ ᠮᠢᠬᠠᠴᠢᠨ ᠠᠮᠢᠳᠡᠨ ᠳᠤ | ᠬᠠᠷᠢᠶᠠᠯᠠᠭᠳᠡᠵᠤ᠂ ᠰᠢᠪᠠᠭᠤᠨ ᠤ ᠲᠦᠷᠦᠯ ᠤᠨ ᠢᠳᠡᠰᠢᠨ ᠬᠢᠨᠵᠢ ᠶᠢᠨ ᠳᠡᠭᠡᠳᠤ ᠪᠠᠶᠢᠷᠢᠨ ᠳᠤ ᠪᠠᠶᠢᠷᠢᠯᠡᠵᠤ᠂ | ᠴᠢᠬᠤᠯᠡ ᠠᠮᠢ ᠠᠬᠤᠢ ᠤᠨ ᠦᠨ᠎ᠡ ᠴᠠᠨ᠎ᠠ ᠲᠠᠢ ᠪᠠᠶᠢᠳᠠᠭ᠃ ᠳᠤᠰ ᠤᠳᠠᠭᠠᠨ ᠤ ᠠᠪᠤᠷᠠᠭᠰᠡᠨ ᠨᠢ ᠨᠢᠯᠬ᠎ᠠ ᠤᠯᠠᠭᠠᠨ | ᠱᠤᠩᠬᠤᠷ ᠰᠢᠪᠠᠭᠤ ᠪᠤᠯᠤᠨ᠎ᠡ᠃ | ᠰᠠᠷ᠎ᠠ ᠶᠢᠨ ᠡᠮᠤᠨ᠎ᠡ ᠪᠠᠯᠭᠦᠳᠡᠢ ᠪᠠᠯᠭᠠᠰᠤᠨ ᠤ ᠰᠠᠭᠤᠭᠠᠯᠢ ᠠᠷᠡᠳ ᠠᠴᠠ ᠨᠢᠭᠡᠨ ᠰᠢᠷᠬᠠᠳᠤᠭᠰᠠᠨ ᠨᠢᠯᠬ᠎ᠠ | ᠰᠢᠪᠠᠭᠤ ᠶᠢ ᠤᠯᠵᠦ ᠠᠪᠤᠭᠰᠠᠨ ᠭᠡᠬᠦ ᠮᠡᠳᠡᠭᠦᠯᠦᠯᠳᠡ ᠶᠢ ᠳᠤᠰᠤᠭᠰᠡᠨ ᠤ ᠳᠠᠷᠠᠭ᠎ᠠ ᠬᠤᠰᠢᠭᠤ ᠤᠢ ᠰᠢᠭᠤᠢ ᠶᠢᠨ | ᠳᠤᠳᠤᠭᠠᠳᠤ ᠶᠢ ᠬᠠᠮᠠᠭᠠᠯᠠᠬᠤ ᠰᠡᠯᠪᠤᠷᠢ ᠶᠢᠨ ᠬᠢᠨ ᠳᠠᠷᠤᠢ ᠲᠦᠷᠭᠡᠨ ᠳᠤᠬᠠᠢ ᠶᠢᠨ ᠭᠠᠵᠡᠷ ᠲᠤ ᠤᠴᠢᠵᠡᠢ᠃ | ᠠᠵᠢᠭᠯᠠᠭᠰᠡᠨ ᠢᠶᠠᠷ ᠱᠤᠩᠬᠤᠷ ᠰᠢᠪᠠᠭᠤᠨ ᠤ ᠵᠠᠭᠦᠨ ᠳᠡᠯ᠎ᠡ ᠶᠢᠨ ᠳᠡᠯᠡᠪᠴᠢ ᠨᠢ ᠰᠢᠷᠬᠠᠳᠤᠵᠤ ᠨᠢᠰᠴᠤ ᠳᠡᠶᠢᠯᠬᠦ | ᠦᠭᠡᠢ ᠪᠤᠯᠤᠭᠰᠡᠨ ᠠᠴᠠ ᠴᠠᠭᠳᠠᠭ᠎ᠠ ᠨᠠᠷ ᠳᠡᠷᠡ ᠳᠠᠷᠤᠢ ᠳᠤ ᠨᠢ ᠳᠤᠪᠴᠢᠶᠡᠨ ᠳᠤ ᠪᠠᠨ ᠳᠤᠰᠤᠨ ᠠᠪᠤᠴᠢᠭᠠᠵᠡᠢ᠃ | ᠨᠢᠭᠡ ᠰᠡᠷ᠎ᠡ ᠭᠠᠷᠤᠢ ᠶᠢᠨ ᠨᠠᠷᠢᠨ ᠬᠢᠨᠠᠮᠠᠭᠠᠢ ᠠᠷᠠᠴᠢᠯᠠᠭ᠎ᠠ ᠪᠠᠷ ᠳᠠᠮᠵᠢᠨ ᠰᠢᠷᠬ᠎ᠠ ᠨᠢ ᠠᠭᠠᠵᠢᠮ ᠢᠶᠠᠷ ᠡᠳᠡᠭᠡᠷᠡᠵᠤ᠂ | ᠪᠠᠶᠢᠭᠠᠯᠢ ᠳᠤ ᠵᠤᠬᠢᠴᠠᠬᠤ ᠴᠢᠳᠡᠪᠤᠷᠢ ᠪᠠᠨ ᠰᠡᠷᠭᠦᠭᠡᠭᠰᠡᠨ ᠠᠴᠠ ᠱᠤᠩᠬᠤᠷ ᠰᠢᠪᠠᠭᠤᠨ ᠤ ᠤᠷᠤᠰᠢᠨ ᠳᠤᠭᠳᠠᠨᠢᠬᠤ | ᠳᠠᠳᠬᠠᠯ ᠢ ᠪᠤᠳᠤᠯᠬᠢᠯᠡᠵᠤ᠂ ᠬᠤᠰᠢᠭᠤ ᠤᠢ ᠰᠢᠭᠤᠢ ᠶᠢᠨ ᠳᠤᠳᠤᠭᠠᠳᠤ ᠶᠢ ᠬᠠᠮᠠᠭᠠᠯᠬᠤ ᠳᠤᠪᠴᠢᠶ᠎ᠡ ᠨᠢ 8 | ᠰᠠᠷ᠎ᠠ ᠶᠢᠨ 22 ᠤ ᠡᠳᠤᠷ ᠪᠠᠯᠭᠦᠳᠡᠢ ᠪᠠᠯᠭᠠᠰᠤᠨ ᠤ ᠬᠠᠷᠠᠨᠠᠭᠤᠷ ᠤᠨ ᠤᠷᠴᠢᠮ ᠳᠤ ᠲᠤᠰ ᠤᠯᠠᠭᠠᠨ ᠱᠤᠩᠬᠤᠷ | ᠰᠢᠪᠠᠭᠤ ᠶᠢ ᠠᠮᠵᠢᠯᠳᠡ ᠲᠠᠢ ᠪᠠᠷ ᠡᠬᠡ ᠪᠠᠶᠢᠭᠠᠯᠢ ᠳᠤ ᠨᠢ ᠪᠤᠴᠠᠭᠠᠵᠠᠢ᠃ ᠡᠶᠢᠨᠬᠦ ᠱᠤᠩᠬᠤᠷ ᠰᠢᠪᠠᠭᠤ ᠬᠦᠮᠦᠰ ᠤᠨ | ᠬᠠᠶᠢᠷ᠎ᠠ ᠢᠪᠡᠭᠡᠯ ᠢ ᠬᠦᠷᠳᠡᠭᠰᠡᠭᠡᠷ ᠴᠡᠯᠮᠡᠭ ᠳᠡᠭᠷᠢ ᠳᠤ ᠴᠢᠯᠦᠭᠡᠳᠡᠢ ᠳᠡᠬᠦᠯᠢᠨ ᠨᠢᠰᠬᠦ ᠪᠤᠯᠤᠯ᠎ᠠ᠃ ᠠᠪᠠᠭ᠎ᠠ | ᠬᠤᠰᠢᠭᠤᠨ ᠤ ᠤᠢ ᠰᠢᠭᠤᠢ ᠶᠢᠨ ᠳᠤᠳᠤᠭᠠᠳᠤ ᠶᠢ ᠬᠠᠮᠠᠭᠠᠯᠠᠬᠤ ᠳᠤᠪᠴᠢᠶᠡᠨ ᠤ ᠴᠠᠭᠳᠠᠭ᠎ᠠ ᠬᠦᠴᠦᠨ | ᠰᠤᠷᠪᠤᠯᠵᠢᠯᠠᠭ᠎ᠠ ᠲᠤᠮᠳᠠ ᠶᠠᠷᠢᠬᠤ ᠳᠠᠭᠠᠨ᠄ | — — ᠤᠷᠴᠢᠨ ᠠᠬᠤᠢ᠂ ᠡᠬᠡ ᠪᠠᠶᠢᠭᠠᠯᠢ᠂ ᠠᠷᠢᠶᠡᠳᠡᠨ ᠠᠮᠢᠳᠡᠨ ᠢᠶᠠᠨ ᠬᠠᠶᠢᠷᠠᠯᠠᠨ ᠬᠠᠮᠠᠭᠠᠯᠠᠬᠤ ᠪᠤᠯ ᠬᠦᠮᠦᠨ | ᠪᠦᠬᠦᠨ ᠤ ᠳᠡᠷᠬᠠᠨ ᠬᠠᠷᠢᠭᠤᠴᠠᠯᠭ᠎ᠠ ᠮᠦᠨ᠂ ᠬᠤᠵᠢᠮ ᠬᠤᠶᠢᠰᠢᠳᠡ ᠰᠢᠷᠬᠠᠳᠤᠵᠦ ᠬᠡᠮᠳᠦᠭᠰᠡᠨ ᠠᠷᠢᠶᠡᠳᠡᠨ ᠠᠮᠢᠳᠡᠨ | ᠲᠠᠭᠠᠷᠠᠯᠳᠤᠪᠠᠯ ᠴᠠᠭ ᠳᠤᠬᠠᠢ ᠳᠤᠨᠢ ᠮᠠᠨ ᠤ ᠠᠪᠠᠭ᠎ᠠ ᠬᠤᠰᠢᠭᠤᠨ ᠤ ᠤᠢ ᠰᠢᠭᠤᠢ ᠶᠢᠨ ᠳᠤᠳᠤᠭᠠᠳᠤ ᠶᠢ ᠬᠠᠮᠠᠭᠠᠯᠠᠬᠤ | ᠰᠡᠯᠪᠤᠷᠢ ᠳᠤ ᠬᠠᠨᠳᠤᠬᠤ ᠪᠤᠶᠤ ᠦᠪᠡᠷᠰᠡᠳ ᠤᠨ ᠰᠠᠶᠢᠨ ᠳᠤᠷ᠎ᠠ ᠠᠴᠠ ᠪᠠᠨ ᠠᠪᠤᠷᠡᠨ ᠲᠤᠰᠠᠯᠠᠵᠦ ᠶᠢ ᠬᠦᠰᠡᠵᠦ | ᠪᠠᠶᠢᠨ᠎ᠠ ᠭᠡᠵᠡᠢ᠃ | ᠮᠠᠨ ᠤ ᠬᠤᠰᠢᠭᠤᠨ ᠤ ᠤᠢ ᠰᠢᠭᠤᠢ ᠶᠢᠨ ᠳᠤᠳᠤᠭᠠᠳᠤ ᠶᠢ ᠬᠠᠮᠠᠭᠠᠯᠠᠬᠤ ᠳᠤᠪᠴᠢᠶ᠎ᠡ ᠨᠢ ᠳᠠᠬᠢᠨᠳᠠ | ᠠᠮᠵᠢᠯᠳᠡ ᠲᠠᠢ ᠪᠠᠷ ᠤᠯᠤᠰ ᠤᠨ ᠳᠡᠰ ᠤᠨ ᠬᠡᠭᠡᠷ᠎ᠡ ᠶᠢᠨ ᠬᠠᠮᠠᠭᠠᠯᠡᠯᠳᠡ ᠶᠢᠨ ᠠᠮᠢᠳᠡᠨ ᠢ ᠠᠪᠤᠷᠠᠭᠰᠠᠨ ᠠᠵᠢᠯᠠᠯᠭ᠎ᠠ ᠨᠢ | ᠬᠤᠰᠢᠭᠤ ᠨᠠᠮ ᠤᠨ ᠬᠤᠷᠢᠶ᠎ᠡ᠂ ᠵᠠᠰᠠᠭ ᠤᠨ ᠤᠷᠳᠤᠨ ᠠᠴᠠ ᠳᠡᠭᠡᠳᠤ ᠬᠡᠮᠵᠢᠶ᠎ᠡ ᠪᠠᠷ ᠬᠦᠨᠳᠦᠳᠭᠡᠨ ᠬᠦᠴᠦᠳᠡᠢ | ᠳᠡᠮᠵᠢᠯᠡᠭᠡ ᠦᠵᠡᠬᠦᠯᠦᠭᠰᠡᠭᠡᠷ ᠢᠷᠡᠭᠰᠡᠨ ᠠᠴᠠ᠂ ᠤᠢ ᠰᠢᠭᠤᠢ ᠶᠢᠨ ᠳᠤᠳᠤᠭᠠᠳᠤ ᠶᠢ ᠬᠠᠮᠠᠭᠠᠯᠠᠬᠤ ᠨᠢᠭᠡᠴᠠ ᠨᠢ | ᠤᠷᠳᠤ ᠬᠤᠭᠤᠴᠠᠭᠠᠨ ᠤ ᠲᠤᠷᠰᠢ ᠬᠡᠭᠡᠷ᠎ᠡ ᠶᠢᠨ ᠠᠮᠢᠳᠠᠨ ᠢ ᠬᠠᠮᠠᠭᠠᠯᠠᠬᠤ ᠬᠠᠮᠢᠶ᠎ᠠ ᠪᠦᠬᠦᠢ ᠬᠠᠤᠯᠢ ᠲᠦᠷᠢᠮ ᠬᠠᠤᠯᠢ | ᠲᠤᠭᠳᠠᠭᠠᠯ ᠢ ᠰᠢᠨᠳᠠᠷᠠᠰᠢ ᠦᠭᠡᠢ ᠤᠬᠠᠭᠤᠯᠤᠭᠰᠠᠭᠠᠷ ᠢᠷᠡᠵᠦ᠂ ᠠᠷᠠᠳ ᠤᠯᠠᠨ ᠤ ᠬᠡᠭᠡᠷ᠎ᠡ ᠶᠢᠨ ᠠᠮᠢᠳᠡᠨ ᠢ | ᠬᠠᠮᠠᠭᠠᠯᠠᠬᠤ ᠲᠠᠨᠢᠯᠳᠠ ᠤᠬᠠᠮᠰᠡᠷ ᠤᠯᠠᠮ ᠬᠦᠨᠵᠡᠭᠡᠢ ᠪᠤᠯᠵᠦ᠂ ᠡᠭᠦᠨᠴᠢᠯᠡᠨ ᠪᠠᠰᠠ ᠠᠯᠢ ᠤᠯᠠᠨ ᠦᠷ᠎ᠡ ᠠᠰᠢᠭ | ᠪᠦᠬᠦᠢ ︽ᠴᠤᠬᠢᠯᠳᠡ ᠦᠭᠬᠦ᠂ ᠰᠡᠷᠭᠡᠶᠢᠯᠡᠨ ᠬᠤᠷᠢᠭᠯᠠᠬᠤ︾ ᠲᠦᠷᠢᠮ ᠳᠤᠭᠳᠡᠭᠠᠯ᠂ ᠠᠷᠭ᠎ᠠ ᠠᠪᠴᠡᠯ ᠢ | ᠬᠡᠷᠡᠭᠵᠢᠬᠦᠯᠦᠨ᠂ ᠬᠡᠭᠡᠷ᠎ᠡ ᠶᠢᠨ ᠠᠮᠢᠳᠡᠨ ᠢ ᠬᠠᠮᠠᠭᠠᠯᠠᠬᠤ ᠠᠵᠢᠯ ᠢ ᠪᠤᠳᠡᠳᠡᠢ ᠳᠤ ᠨᠠᠶᠢᠳᠠᠪᠤᠷᠢᠵᠢᠭᠤᠯᠬᠤ ᠶᠢ ᠪᠠᠲᠤᠯᠠᠵᠦ | ᠂ ᠦᠷ᠎ᠡ ᠪᠦᠳᠦᠮᠵᠢ ᠴᠦ ᠲᠤᠩ ᠰᠠᠶᠢᠨ ᠪᠤᠯᠤᠭᠰᠠᠨ ᠪᠢᠯᠡ᠃ |