ᠭᠡᠤᠭᠡᠳ ᠢᠶᠠᠨ ᠭᠠᠷ ᠤᠳᠠᠰᠤ ᠪᠠᠷ ᠪᠢᠳᠠᠭᠡᠢ ᠠᠷᠭᠠᠳᠠᠭᠠᠷᠠᠢ
ᠨᠡᠶᠢᠲᠡᠯᠡᠭᠰᠡᠨ ᠴᠠᠭ᠄
2017/6/21
         ᠤᠶᠤᠨᠳᠦ ᠭᠠᠷ ᠤᠳᠠᠰᠦ ᠨᠢ ᠪᠠᠰᠠ ᠰᠢᠨ᠎ᠠ ᠴᠢᠳᠠᠪᠭᠢ ᠲᠠᠢ ᠪᠤᠯᠤᠭᠰᠠᠨ ᠪᠠᠶᠢᠨ᠎ᠠ — ᠳᠠᠷᠤᠢ ᠭᠡᠤᠭᠡᠤᠨ  ᠬᠠᠭᠤᠷᠠᠬᠤ ᠴᠢᠳᠠᠪᠭᠢ ᠪᠤᠯᠤᠨ᠎ᠠ᠃ ᠨᠢᠭᠡ ᠳᠦᠷᠦᠯ ᠤᠨ 0  —  5  ᠨᠠᠰᠤᠨ ᠤ  ᠨᠢᠯᠬ᠎ᠠ  ᠭᠡᠤᠭᠡᠳ ᠤᠨ  1000  ᠡᠴᠢᠭᠡ  ᠡᠭᠡ ᠳᠤ ᠬᠠᠨᠳᠤᠭᠤᠯᠤᠭᠰᠠᠨ ᠪᠠᠶᠢᠴᠠᠭᠠᠯᠳᠠ ᠳᠤ ᠬᠠᠷᠠᠭᠤᠯᠤᠭᠰᠠᠨ ᠢᠶᠠᠷ᠂ ᠨᠢᠯᠬ᠎ᠠ ᠭᠡᠤᠭᠡᠳ ᠤᠨ ᠭᠠᠷ ᠤᠳᠠᠰᠤ ᠭᠡᠷᠡᠭᠯᠡᠭᠦ ᠨᠤᠷᠮ᠎ᠠ ᠨᠢ 80. 4%᠎ ᠲᠤ ᠭᠦᠷᠴᠦ᠂ 3 ᠨᠠᠰᠤᠨ ᠠᠴᠠ ᠡᠭᠢᠯᠡᠨ ᠭᠠᠷ ᠤᠳᠠᠰᠤ  ᠨᠠᠭᠠᠳᠤᠭᠰᠠᠨ ᠨᠢ  32.5%᠎ ᠲᠤ  ᠭᠦᠷᠦᠭᠰᠡᠨ  ᠪᠠᠶᠢᠨ᠎ᠠ᠃ ᠴᠢᠨᠠᠭᠰᠢᠯᠠᠨ ᠵᠠᠷᠢᠮ 2 ᠨᠠᠰᠤᠳᠠᠢ ᠭᠡᠤᠭᠡᠳ ᠴᠤ ᠭᠠᠷ ᠤᠳᠠᠰᠤ ᠶᠢ ᠳᠠᠳᠮᠠᠭᠠᠢ ᠭᠡᠷᠡᠭᠯᠡᠵᠤ  ᠴᠢᠳᠠᠳᠠᠭ  ᠭᠡᠵᠠᠢ᠃  52.9%᠎ ᠤᠨ ᠡᠴᠢᠭᠡ ᠡᠭᠡᠴᠤᠤᠨ ᠤᠨ ᠭᠡᠤᠭᠡᠳ ᠲᠤ ᠭᠠᠷ ᠤᠳᠠᠰᠦ ᠨᠠᠭᠠᠳᠤᠭᠤᠯᠳᠠᠭ ᠰᠢᠯᠳᠠᠭ ᠨᠢ ︽ᠳᠠᠳᠠᠨ ᠢ ᠭᠡᠰᠡᠭ ᠬᠤᠭᠤᠴᠠᠭ᠎ᠠ ᠨᠤᠮᠤᠬᠠᠨ ᠪᠠᠶᠢᠯᠭᠠᠵᠤ ᠪᠤᠯᠳᠠᠭ︾ ᠭᠡᠵᠠᠢ᠃                   ᠡᠶᠢᠮᠦᠷᠭᠦ ᠦᠵᠡᠭᠳᠠᠯ ᠪᠤᠢ  ᠪᠤᠯᠤᠭᠰᠠᠨ ᠨᠢ  ᠡᠴᠢᠭᠡ  ᠡᠭᠡ  ᠪᠤᠯᠤᠭᠰᠠᠳ ᠤᠨ  ᠦᠢᠯᠡ  ᠠᠵᠢᠯᠯᠠᠭ᠎ᠠ ᠲᠠᠢ  ᠨᠢᠭᠳᠠ ᠬᠤᠯᠪᠤᠭᠳᠠᠯ ᠲᠠᠢ ᠶᠤᠮ᠃ ᠵᠠᠯᠠᠭᠤ ᠡᠴᠢᠭᠡ ᠡᠭᠡ ᠪᠤᠯᠤᠭᠰᠠᠳ ᠤᠶᠤᠨᠳᠦ ᠭᠠᠷ  ᠤᠳᠠᠰᠤᠨ ᠳᠤ  ᠮᠠᠰᠢ  ᠶᠡᠭᠡ  ᠨᠠᠶᠢᠳᠠᠯᠭ᠎ᠠ ᠲᠠᠢ ᠪᠠᠶᠢᠵᠤ᠂ ᠭᠡᠤᠭᠡᠳ ᠲᠤ ᠬᠠᠨᠢ ᠪᠤᠯᠬᠤ ᠳᠠᠰᠪᠦᠷᠢ ᠳᠠᠪᠴᠢᠶᠠᠷᠢ ᠦᠭᠡᠢ ᠪᠠᠶᠢᠳᠠᠭ ᠪᠠ  ᠰᠤᠨᠢᠷᠬᠠᠯᠳᠠᠢ  ᠳᠤᠭᠯᠠᠭᠠᠮ  ᠪᠠ  ᠭᠡᠤᠭᠡᠯᠳᠠᠢ ᠵᠦᠴᠦᠭᠡ ᠨᠢ ᠭᠡᠤᠭᠡᠳ ᠲᠤ ᠮᠠᠰᠢ ︽ᠦᠢᠯᠡᠳᠦᠯ︾᠎ ᠲᠠᠢ ᠠᠴᠠ ᠪᠤᠯᠤᠭᠰᠠᠨ ᠪᠠᠶᠢᠳᠠᠭ᠃ ᠡᠶᠢᠮᠦ ᠠᠴᠠ  ᠭᠡᠤᠭᠡᠳ ᠤᠳ  ᠤᠬᠢᠯᠠᠵᠤ ᠠᠭᠠᠰᠢᠯᠠᠬᠤ ᠪᠠᠷ ᠨᠢ ᠭᠡᠷ ᠤᠨ ᠠᠬᠠᠮᠠᠳ ᠦᠴᠦᠭᠡᠨ ᠴᠤ ᠡᠷᠡᠭᠡᠯᠵᠡᠯ ᠦᠭᠡᠢ ᠪᠠᠷ ᠭᠠᠷ ᠤᠳᠠᠰᠦ ᠪᠠᠨ ᠪᠠᠷᠢᠭᠤᠯᠵᠤ ᠠᠷᠭᠠᠳᠠᠳᠠᠭ᠃ ᠳᠠᠷᠠᠴᠢᠯᠠᠨ ︽ᠭᠠᠷ ᠤᠳᠠᠰᠦ ᠨᠠᠭᠠᠳᠤᠭᠤᠯᠬᠤ︾᠎ ᠪᠠᠷ ᠳᠠᠮᠵᠢᠨ ᠭᠡᠤᠭᠡᠳ ᠢ  ᠠᠷᠭᠠᠳᠠᠨ  ᠡᠭᠦᠷᠭᠡ ᠪᠠᠨ  ᠪᠠᠶᠡᠯᠡᠭᠦᠯᠭᠦ  ᠭᠦᠭᠢᠭᠦᠯᠦᠯ ᠪᠤᠯᠭᠠᠳᠠᠭ᠃ ᠭᠠᠷ ᠤᠳᠠᠰᠦ ᠪᠠᠷ ︽ᠳᠤᠮᠤᠭ᠎ᠠ ᠦᠭᠡᠢ ᠭᠡᠤᠭᠡᠳ︾᠎ ᠤᠨ ᠨᠢᠭᠡ ᠬᠤᠭᠤᠴᠠᠭᠠᠨ ᠤ  ᠠᠮᠤᠷ  ᠳᠠᠶᠢᠪᠤᠡᠭ  ᠪᠠᠶᠢᠬᠤ ᠶᠢ ᠰᠤᠯᠢᠵᠤ ᠴᠢᠳᠠᠬᠤ ᠨᠢ ᠠᠮᠠᠷᠬᠠᠨ ᠪᠦᠭᠡᠳ ᠪᠦᠳᠦᠮᠵᠢᠳᠠᠢ ᠠᠷᠭ᠎ᠠ  ᠭᠡᠰᠡᠨ ᠢ  ᠮᠡᠳᠡᠷᠡᠭᠦ  ᠦᠭᠡᠢ  ᠪᠠᠶᠢᠬᠤ ᠶᠢᠨ  ᠠᠷᠭ᠎ᠠ  ᠦᠭᠡᠢ᠂ ᠭᠡᠪᠡᠴᠤ ᠡᠨᠡ ᠨᠢ ᠳᠠᠳᠬᠠᠯ ᠪᠤᠯᠬᠤ ᠳᠤ ᠭᠦᠷᠪᠡᠯ᠂ ᠭᠠᠷ  ᠤᠳᠠᠰᠦ ᠶᠢᠨ  ᠡᠨᠡᠭᠦ  ᠭᠡᠤᠭᠡᠳ  ᠠᠷᠭᠠᠳᠠᠬᠤ  ᠪᠦᠳᠦᠮᠵᠢᠳᠦ  ᠵᠤᠷ ᠨᠢ ᠭᠡᠤᠭᠡᠳ ᠢ ᠰᠢᠷᠠᠭᠳᠤᠭᠤᠯᠬᠤ ᠬᠤᠤᠷ ᠪᠤᠯᠬᠤ ᠶᠢ ᠮᠡᠳᠡᠬᠦ ᠬᠡᠷᠡᠭᠳᠡᠢ᠃                 ᠭᠡᠤᠭᠡᠳ ᠲᠤ ᠭᠠᠷ ᠤᠳᠠᠰᠤ ᠨᠠᠭᠠᠳᠤᠭᠤᠯᠬᠤ ᠨᠢ ᠭᠡᠤᠭᠡᠳ ᠤᠨ  ᠦᠰᠦᠨ  ᠪᠤᠶᠢᠵᠢᠯᠳᠠ ᠳᠤ  ᠠᠯᠢ  ᠤᠯᠠᠨ  ᠮᠠᠭᠤ ᠨᠦᠯᠦᠭᠡ ᠠᠪᠴᠢᠷᠠᠳᠠᠭ᠃ ᠶᠠᠭᠤᠨ ᠤ ᠤᠷᠢᠳ᠂ ᠭᠠᠷ ᠤᠳᠠᠰᠤ ᠨᠢ ᠭᠡᠤᠭᠡᠳ ᠤᠨ  ᠦᠭᠡ  ᠭᠡᠯᠡᠨ ᠤ  ᠭᠦᠭᠵᠢᠯᠳᠠ ᠳᠤ  ᠠᠰᠢᠭ ᠦᠭᠡᠢ᠃ ᠭᠡᠤᠭᠡᠳ ᠤᠨ ᠦᠭᠡ ᠭᠡᠯᠨ ᠨᠢ ᠶᠠᠭᠤᠨ ᠤ ᠤᠷᠢᠳ ᠭᠡᠷ ᠤᠨ  ᠠᠬᠠᠮᠠᠳ ᠢ  ᠳᠠᠭᠤᠷᠢᠶᠠᠬᠤ᠂  ᠭᠡᠷ ᠤᠨ  ᠠᠬᠠᠮᠠᠳ ᠤᠨ ᠵᠠᠯᠠᠷᠠᠭᠤᠯᠭ᠎ᠠ ᠪᠠᠷ ᠳᠠᠮᠵᠢᠨ ᠳᠠᠰᠤᠷᠠᠯᠳᠠ ᠦᠭᠡᠢ ᠪᠤᠶᠢᠵᠢᠬᠤ  ᠦᠡᠭᠭᠡᠷᠡᠯᠳᠠ ᠲᠠᠢ᠃  ᠵᠠᠯᠭᠠᠪᠡᠷ  ᠭᠠᠷ  ᠤᠳᠠᠰᠤ  ᠨᠠᠭᠠᠳᠤᠭᠰᠠᠨ ᠭᠡᠤᠭᠡᠳ ᠭᠦᠮᠦᠨ ᠲᠠᠢ  ᠬᠠᠷᠢᠯᠴᠠᠬᠤ  ᠵᠠᠪᠰᠢᠶᠠᠨ  ᠬᠤᠮᠰᠠᠳᠠᠵᠤ᠂  ᠠᠮᠠᠷᠬᠠᠨ  ᠦᠭᠡ  ᠭᠡᠯᠡᠨ ᠤ ᠪᠤᠶᠢᠵᠢᠯᠳᠠ ᠤᠳᠠᠭᠠᠰᠢᠷᠠᠬᠤ ᠪᠠᠶᠢᠳᠠᠯ ᠲᠠᠢ ᠪᠤᠯᠤᠨ᠎ᠠ᠃ ᠡᠭᠦᠨ ᠠᠴᠠ ᠭᠠᠳᠠᠨ᠎ᠠ᠂ ᠶᠡᠭᠡ ᠳᠠᠷᠢᠭᠢᠨ ᠤ ᠮᠡᠳᠡᠷᠡᠯ ᠳᠤ ᠨᠢ ᠬᠤᠤᠷ ᠨᠦᠯᠦᠭᠡ ᠦᠵᠡᠭᠦᠯᠳᠡᠭ  ᠪᠦᠭᠡᠳ ᠨᠢᠳᠦ ᠮᠠᠭᠤᠳᠠᠬᠤ᠂ ᠭᠦᠵᠦᠭᠦᠦ ᠰᠡᠭᠡᠷ ᠨᠢᠷᠤᠭᠤᠨ ᠤ ᠪᠦᠢᠵᠢᠯᠳᠠ ᠶᠢ ᠬᠠᠷᠰᠢᠯᠠᠬᠤ᠂ ᠪᠡᠶ᠎ᠠ  ᠦᠰᠭᠦ ᠨᠢ  ᠤᠳᠠᠭᠠᠰᠢᠷᠠᠬᠤ  ᠵᠡᠷᠭᠡ ᠨᠦᠯᠦᠭᠡ ᠦᠵᠡᠭᠦᠯᠳᠡᠭ᠃ ᠤᠨᠴᠠᠭᠠᠢᠢᠯᠠᠨ ᠭᠡᠤᠭᠡᠳ ᠤᠨ ᠵᠠᠩ ᠠᠭᠠᠰᠢ ᠶᠢ ᠴᠦ ᠨᠦᠯᠦᠭᠡᠯᠡᠳᠡᠭ᠃  ᠬᠡᠤᠬᠡᠤᠨ ᠵᠤᠷᠢᠭ ᠦᠬᠡᠢ᠂ ᠵᠤᠵᠢᠭ ᠪᠤᠯᠬᠤ ᠵᠡᠷᠭᠡ ᠪᠠᠶᠢᠳᠠᠯ ᠲᠠᠢ ᠪᠤᠯᠵᠤ ᠡᠴᠢᠭᠡ ᠡᠭᠡ ᠠᠴᠠ ᠪᠠᠨ ᠵᠠᠶᠢᠳᠠᠳᠠᠭ᠃                   ᠤᠶᠤᠨᠳᠦ ᠭᠠᠷ ᠤᠳᠠᠰᠤᠨ ᠤ ᠤᠳᠤ ᠦᠶ᠎ᠠ ᠶᠢᠨ  ᠬᠦᠮᠦᠰ ᠤᠨ  ᠠᠮᠢᠳᠤᠷᠠᠯ ᠳᠤ  ᠦᠵᠡᠭᠦᠯᠬᠦ  ᠨᠦᠯᠦᠭᠡ  ᠶᠠᠪᠤᠬᠤ ᠳᠤᠳᠤᠮ ᠶᠡᠭᠡᠰᠴᠤ ᠪᠤᠢ᠂ ᠪᠦᠷᠢᠮᠦᠰᠦᠨ ᠴᠠᠭᠠᠵᠠᠯᠠᠨ᠎ᠠ ᠭᠡᠳᠡᠭ ᠨᠢ ᠴᠤ ᠪᠤᠳᠠᠳᠠᠢ ᠳᠤ ᠨᠡᠶᠢᠴᠡᠭᠦ ᠦᠭᠡᠢ᠂  ᠡᠶᠢᠮᠦ ᠠᠴᠠ  ᠰᠢᠨᠵᠢᠯᠡᠭᠦ ᠤᠬᠠᠭᠠᠨᠴᠢ ᠪᠠᠷ ᠭᠡᠷᠡᠭᠯᠡᠭᠦ ᠨᠢ ᠬᠠᠮᠤᠭ ᠴᠢᠬᠤᠯᠠ ᠶᠤᠮ᠃ ᠡᠭᠦᠨ ᠳᠤ ᠭᠡᠤᠭᠡᠳ ᠤᠨ ᠡᠮᠦᠨ᠎ᠠ ᠭᠠᠷ ᠤᠳᠠᠰᠦ ᠳᠤᠳᠠᠭᠤ ᠭᠡᠷᠡᠭᠯᠡᠵᠤ᠂ ᠭᠡᠷ ᠲᠡᠭᠡᠨ ᠭᠠᠷ ᠤᠳᠠᠰᠤ ᠴᠠᠭᠠᠵᠠᠯᠠᠬᠤ ᠬᠤᠭᠤᠴᠠᠭ᠎ᠠ ᠪᠤᠶᠤ ᠤᠷᠤᠨ ᠵᠠᠢ ᠭᠠᠷᠭᠠᠵᠤ᠂ ᠢᠯᠡᠭᠦᠭᠡᠨ ᠬᠡᠤᠭᠡᠳ ᠲᠡᠭᠡᠨ ᠬᠠᠨᠢ ᠪᠤᠯᠤᠨ ᠨᠠᠭᠠᠳᠤᠵᠤ᠂ ᠨᠤᠮ ᠤᠡᠭᠰᠢᠪᠠᠯ ᠳᠠᠭᠠᠷᠠᠨ᠎ᠠ᠃ ᠭᠡᠤᠭᠡᠳ ᠠᠭᠠᠰᠢᠯᠠᠵᠤ ᠵᠠᠩᠨᠠᠭᠰᠠᠨ ᠴᠤ ᠳᠡᠰᠪᠦᠷᠢ ᠳᠠᠪᠴᠢᠶᠡᠷᠢ ᠲᠠᠢ ᠪᠠᠷ ᠠᠷᠭᠠᠳᠠᠵᠤ ᠤᠬᠠᠭᠠᠷᠠᠭᠤᠯᠬᠤ ᠨᠢ ᠵᠦᠪ᠂ ᠬᠠᠷᠢᠨ ᠭᠠᠷ ᠤᠳᠠᠰᠤ ᠪᠠᠷ ᠬᠡᠤᠭᠡᠳ ᠢᠶᠠᠨ ᠬᠠᠭᠤᠷᠠᠬᠤ ᠶᠢ ᠳᠡᠪᠴᠢᠪᠡᠯ ᠵᠤᠭᠢᠨ᠎ᠠ᠃  
 
ᠢᠷᠡᠯᠲᠡ᠄ ᠲᠤᠮᠳᠠᠳᠣ ᠣᠯᠤᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号