ᠪᠠᠩᠭᠢ ᠶᠢᠨ ᠬᠠᠷ᠎ᠠ ᠲᠠᠩᠰᠠᠨ ᠳᠤ ᠤᠷᠤᠬᠤ ᠠᠴᠠ ᠬᠢᠴᠢᠶᠡᠭᠦ ᠭᠡᠷᠡᠭᠳᠠᠢ
ᠨᠡᠶᠢᠲᠡᠯᠡᠭᠰᠡᠨ ᠴᠠᠭ᠄
2017/6/2

ᠮᠠᠨ ᠤ ᠭᠦᠳᠡᠭᠡ ᠨᠤᠳᠤᠭ ᠤᠨ ᠭᠡᠰᠡᠭ ᠮᠠᠯᠴᠢᠳ ᠪᠠᠩᠭᠢ ᠠᠴᠠ ᠵᠢᠭᠡᠯᠡᠯᠭᠡ ᠠᠪᠴᠢᠬᠠᠭᠠᠳ ᠴᠠᠭ ᠲᠤᠬᠠᠢ ᠳᠤᠨᠢ

ᠪᠤᠴᠠᠭᠠᠬᠤ ᠦᠭᠡᠢ᠂ ᠪᠠᠩᠭᠢ ᠶᠢᠨ ᠬᠢᠨ ᠠᠴᠠ ᠲᠡᠳᠡᠨ ᠢ ᠡᠷᠢᠵᠦ ︽ᠵᠢᠭᠡᠯᠡᠯᠭᠡ ᠪᠠᠨ ᠴᠠᠭ ᠲᠤᠬᠠᠢ ᠳᠤᠨᠢ ᠪᠤᠴᠠᠭᠠᠬᠤ

ᠦᠭᠡᠢ ᠪᠤᠯ ᠪᠠᠩᠭᠢ ᠶᠢᠨ ᠬᠠᠷ᠎ᠠ ᠲᠠᠩᠰᠠᠨ ᠳᠤ ᠤᠷᠤᠨ᠎ᠠ ᠰᠢᠦ︾ ᠭᠡᠮᠡᠨ ᠰᠠᠨᠠᠭᠤᠯᠬᠤ ᠳᠤ᠂ ︽ᠶᠠᠭᠤ ᠶᠠᠭᠤ

ᠶᠠᠷᠢᠭᠠᠳ ᠪᠠᠶᠢᠨ᠎ᠠ ᠪᠤᠢ᠂ ᠬᠠᠷ᠎ᠠ ᠲᠠᠩᠰᠠ ᠨᠢ ᠶᠠᠭᠤ ᠶᠤᠮ ᠁︾ ᠭᠡᠰᠡᠨ ᠮᠡᠶ᠋ᠢᠭ ᠲᠠᠢ ᠤᠢᠢᠰᠢᠶᠠᠬᠤ ᠴᠤ ᠦᠭᠡᠢ

ᠦᠡᠭᠭᠡᠷᠡᠳᠡᠭ᠃ ᠵᠠᠷᠢᠮ ᠨᠢ ᠬᠠᠷ᠎ᠠ ᠲᠠᠩᠰᠠᠨ ᠳᠤᠨᠢ ᠤᠷᠤᠴᠢᠬᠠᠬᠤ ᠪᠠᠷ ᠪᠤᠳᠤᠬᠤ ᠳᠤ ᠠᠯᠢ ᠨᠢᠬᠡ ᠡᠳᠦᠷ

ᠪᠤᠴᠠᠭᠠᠴᠢᠬᠠᠪᠠᠯ ᠬᠠᠷ᠎ᠠ ᠲᠠᠩᠰᠠᠨ ᠳᠠᠬᠢ ᠨᠡᠷ᠎ᠡ ᠠᠶᠠᠨᠳᠠᠭᠠᠨ ᠠᠷᠢᠯᠴᠢᠬᠠᠬᠤ ᠪᠠᠶᠢᠯᠬᠦᠢ ᠭᠡᠵᠦ ᠪᠤᠳᠤᠳᠠᠭ ᠴᠤ ᠪᠤᠢ᠃

ᠬᠦᠳᠡᠭᠡ ᠨᠤᠳᠤᠭ ᠤᠨ ᠮᠠᠯᠴᠢᠳ ᠮᠠᠨᠢ ᠬᠠᠷ᠎ᠠ ᠲᠠᠩᠰᠠᠨ ᠤ ᠲᠤᠬᠠᠢ ᠤᠢᠢᠯᠠᠭᠠᠯᠳᠠ ᠲᠠᠩᠴᠢ ᠲᠤᠳᠠᠮᠠᠭ ᠪᠠᠶᠢᠬᠰᠠᠭᠠᠷ᠃

ᠦᠨᠡᠨ ᠳᠡᠭᠡᠨ ᠨᠠᠰᠤᠨ ᠳᠤ ᠭᠦᠷᠦᠭᠰᠡᠨ ᠡᠷᠭᠡᠳᠦ ᠠᠷᠠᠳ ᠪᠠᠩᠭᠢ ᠠᠴᠠ ᠵᠢᠭᠡᠯᠡᠯᠭᠡ ᠠᠪᠤᠭᠰᠠᠨ ᠬᠤᠶᠢᠨ᠎ᠠ ᠪᠠᠨ

ᠪᠤᠴᠠᠭᠠᠬᠤ ᠦᠭᠡᠢ ᠪᠤᠶᠤ ᠴᠠᠭ ᠢ ᠨᠢ ᠬᠤᠶᠢᠰᠢᠯᠡᠭᠤᠯᠵᠦ ᠪᠤᠴᠠᠭᠠᠪᠠᠯ ᠦᠪᠡᠷ ᠤᠨ ᠢᠳᠡᠭᠡᠯ ᠭᠦᠨᠳᠦ ᠪᠠᠨ

ᠨᠦᠯᠦᠭᠡᠯᠡᠭᠦ ᠪᠠᠷ ᠪᠠᠷᠠᠬᠤ ᠦᠭᠡᠢ ᠭᠦᠨᠳᠦ ᠨᠤᠴᠢᠳᠠᠢ ᠦᠶᠡᠰ ᠪᠠᠩᠭᠢ ᠶᠢᠨ ᠬᠠᠷ᠎ᠠ ᠲᠠᠩᠰᠠᠨ ᠳᠤ ᠤᠷᠤᠬᠤ ᠠᠶᠤᠯᠳᠠᠢ᠃

ᠪᠠᠩᠭᠢ ᠶᠢᠨ ᠬᠠᠷ᠎ᠠ ᠲᠠᠩᠰᠠᠨ ᠳᠤ ᠤᠷᠤᠪᠠᠯ ᠬᠤᠶᠢᠰᠢᠳᠡ ᠶᠢᠨ ᠭᠡᠰᠡᠭ ᠬᠤᠭᠤᠴᠠᠭᠠᠨ ᠳᠤ ᠪᠠᠩᠭᠢ ᠠᠴᠠ ᠶᠠᠮᠠᠷ ᠴᠤ

ᠵᠢᠭᠡᠯᠡᠯᠭᠡ ᠠᠪᠴᠦ ᠪᠤᠯᠬᠤ ᠦᠭᠡᠢ ᠮᠦᠷᠳᠡᠭᠡᠨ ᠪᠤᠰᠤᠳ ᠲᠤ ᠪᠠᠳᠤᠯᠠᠭ᠎ᠠ ᠬᠢᠵᠦ ᠴᠤ ᠪᠤᠯᠬᠤ ᠦᠭᠡᠢ᠃ ᠭᠦᠨᠳᠦ

ᠨᠤᠴᠢᠳᠠᠢ ᠪᠤᠯᠪᠠᠯ ᠭᠠᠯ ᠲᠡᠷᠭᠡᠨ ᠪᠢᠯᠧᠲ᠂ ᠨᠢᠰᠭᠡᠯ ᠤᠨ ᠪᠢᠯᠧᠲ ᠬᠤᠳᠠᠯᠳᠤᠨ ᠠᠪᠴᠤ ᠲᠡᠶᠢᠯᠭᠦ ᠦᠭᠡᠢ ᠪᠤᠯᠳᠠᠭ᠃

ᠦᠷᠢᠳᠦᠭᠰᠡᠨ ᠵᠢᠭᠡᠯᠡᠯᠭᠡ ᠪᠠᠨ ᠲᠦᠷᠭᠡᠨ ᠪᠤᠴᠠᠭᠠᠪᠠᠯ ᠬᠠᠷ᠎ᠠ ᠲᠠᠩᠰᠠᠨ ᠳᠠᠬᠢ ᠲᠡᠮᠳᠡᠭᠯᠡᠯ ᠲᠠᠪᠤᠨ ᠵᠢᠯ ᠤᠨ ᠲᠠᠷᠠᠭ᠎ᠠ

ᠰᠠᠶ᠋ᠢ ᠠᠷᠢᠯᠤᠨ᠎ᠠ︔ ᠭᠡᠷᠪᠡ ᠪᠤᠴᠠᠭᠠᠬᠤ ᠶᠢ ᠲᠡᠪᠴᠢᠪᠡᠯ ᠬᠠᠷ᠎ᠠ ᠲᠠᠩᠰᠠᠨ ᠳᠤ ᠤᠷᠤᠭᠰᠠᠨ ᠴᠠᠭ ᠬᠤᠭᠤᠴᠠᠭ᠎ᠠ

ᠤᠯᠠᠮ ᠢᠶᠠᠷ ᠨᠡᠮᠡᠭᠳᠡᠨ᠎ᠠ︔ ᠤᠪᠤᠷ ᠮᠠᠭᠤ᠂ ᠪᠠᠩᠭᠢ ᠳᠤ ᠮᠠᠭᠤ ᠮᠠᠭᠤᠬᠠᠢ ᠨᠦᠯᠦᠭᠡ ᠦᠵᠡᠭᠦᠯᠪᠡᠯ ᠪᠠᠩᠭᠢ ᠶᠢᠨ ᠬᠠᠷ᠎ᠠ

ᠲᠠᠩᠰᠠᠨ ᠳᠤ ᠡᠭᠦᠷᠢᠳᠡ ᠲᠡᠮᠳᠡᠭᠯᠡᠭᠳᠡᠭᠦ ᠪᠤᠯᠤᠨ᠎ᠠ᠃ ᠡᠬᠦᠨ ᠠᠴᠠ ᠦᠵᠡᠬᠦ ᠳᠤ᠂ ᠬᠠᠷ᠎ᠠ ᠲᠠᠩᠰᠠᠨ ᠳᠤ

ᠲᠡᠮᠳᠡᠭᠯᠡᠭᠳᠡᠬᠦ ᠨᠢ ᠬᠤᠪᠢ ᠬᠦᠮᠦᠨ ᠤ ᠢᠳᠡᠬᠡᠯ ᠬᠦᠨᠳᠤ ᠶᠢ ᠪᠠᠭᠤᠷᠠᠭᠤᠯᠬᠤ ᠪᠠᠷ ᠪᠠᠷᠠᠬᠤ ᠦᠭᠡᠢ ᠬᠤᠵᠢᠮ ᠤᠨ

ᠠᠮᠢᠳᠤᠷᠠᠯ ᠦᠢᠯᠡᠳᠪᠦᠷᠢᠯᠡᠯ ᠤᠨ ᠬᠦᠭᠵᠢᠯᠳᠡ ᠶᠢ ᠴᠤ ᠨᠦᠯᠦᠬᠡᠯᠡᠬᠦ ᠶᠤᠮ ᠪᠠᠶᠢᠨ᠎ᠠ᠃

ᠪᠠᠩᠭᠢ ᠶᠢᠨ ᠬᠢᠨ ᠮᠠᠯᠵᠢᠬᠤ ᠦᠢᠯᠡᠳᠪᠦᠷᠢᠯᠡᠯ ᠠᠮᠢᠳᠤᠷᠠᠯ ᠳᠤ ᠲᠦᠭᠦᠮ ᠦᠵᠡᠭᠦᠯᠭᠦ ᠶᠢᠨ ᠲᠤᠯᠠᠳᠠ ᠵᠢᠯ ᠪᠦᠷᠢ

ᠲᠤᠭᠳᠠᠭᠰᠠᠨ ᠬᠤᠭᠤᠴᠠᠭ᠎ᠠ ᠲᠠᠢ ᠮᠠᠯᠴᠢᠳ ᠲᠤ ᠵᠢᠭᠡᠯᠡᠯᠭᠡ ᠲᠠᠯᠪᠢᠳᠠᠭ ᠪᠦᠭᠡᠳ ᠮᠠᠯᠴᠢᠳ ᠮᠠᠨᠢ ᠴᠤ ᠵᠢᠭᠡᠯᠡᠯᠬᠡ ᠶᠢ

ᠤᠯᠳᠠᠬᠤ ᠶᠢᠨ ᠬᠢᠷᠢ ᠪᠠᠷ ᠠᠪᠴᠤ ᠯᠡ ᠪᠠᠶᠢᠳᠠᠭ᠃ ᠭᠡᠬᠦ ᠳᠡᠭᠡᠨ ᠵᠢᠭᠡᠯᠡᠯᠬᠡ ᠶᠢ ᠤᠯᠳᠠᠬᠰᠠᠨ ᠤ ᠬᠢᠷᠢ ᠪᠠᠷ ᠠᠪᠴᠤ᠂

ᠪᠠᠶᠢᠬᠤ ᠶᠢᠨ ᠬᠢᠷᠢ ᠪᠠᠷ ᠪᠦᠷᠢᠯᠭᠡᠭᠡᠳ᠂ ᠪᠤᠴᠠᠭᠠᠬᠤ ᠴᠠᠭ ᠬᠤᠭᠤᠴᠠᠭ᠎ᠠ ᠶᠢ ᠤᠪᠠᠶᠢᠯᠠᠬᠤ ᠦᠭᠡᠢ ᠶᠠᠪᠤᠪᠠᠯ ᠬᠠᠮᠤᠭ

ᠰᠡᠬᠦᠯ ᠳᠤ ᠬᠤᠪᠢ ᠬᠦᠮᠦᠨ ᠬᠤᠬᠢᠷᠠᠯ ᠠᠮᠰᠠᠨ᠎ᠠ ᠰᠢᠦ ᠳ᠋ᠡ⁈ ᠡᠶᠢᠨᠬᠦ ᠮᠠᠯᠴᠢᠨ ᠲᠦᠮᠡᠨ ᠮᠠᠨᠢ

ᠲᠦᠯᠦᠪᠯᠡᠭᠡ ᠲᠠᠢ ᠪᠠᠷ ᠵᠢᠭᠡᠯᠡᠯᠭᠡ ᠠᠪᠬᠤ ᠭᠡᠷᠡᠭᠳᠡᠢ ᠪᠦᠭᠡᠳ ᠠᠪᠤᠬᠰᠠᠨ ᠵᠢᠭᠡᠯᠡᠯᠬᠡ ᠪᠠᠨ ᠵᠦᠪ ᠶᠠᠭᠤᠮᠠᠨ ᠳᠤ

ᠭᠡᠷᠡᠭᠯᠡᠵᠦ᠂ ᠦᠢᠯᠡᠳᠪᠦᠷᠢᠯᠡᠯ ᠠᠮᠢᠳᠤᠷᠠᠯ ᠳᠠᠭᠠᠨ ᠵᠤᠬᠢᠰᠳᠠᠢ ᠲᠤᠬᠢᠷᠠᠭᠤᠯᠤᠯᠳᠠ ᠬᠢᠪᠡᠯ ᠵᠤᠬᠢᠨ᠎ᠠ᠃ ᠨᠡᠩ

ᠴᠢᠬᠤᠯᠠ ᠨᠢ ᠵᠢᠭᠡᠯᠡᠯᠭᠡ ᠪᠠᠨ ᠴᠠᠭ ᠲᠤᠬᠠᠢ ᠳᠤᠨᠢ ᠪᠤᠴᠠᠭᠠᠬᠤ ᠲᠠᠳᠬᠠᠯ ᠲᠠᠢ ᠪᠤᠯᠵᠤ᠂ ᠬᠤᠪᠢ ᠭᠦᠮᠦᠨ ᠤ ᠢᠳᠡᠭᠡᠯ

ᠭᠦᠨᠳᠦ ᠪᠠᠨ ᠪᠠᠳᠤᠯᠠᠵᠦ᠂ ᠪᠠᠩᠭᠢ ᠶᠢᠨ ᠬᠠᠷ᠎ᠠ ᠲᠠᠩᠰᠠᠨ ᠳᠤ ᠲᠠᠮᠲᠡᠭᠯᠡᠭᠲᠡᠬᠦ ᠠᠴᠠ ᠬᠢᠴᠢᠶᠠᠭᠦ ᠭᠡᠷᠡᠭᠳᠠᠢ︕

 
ᠢᠷᠡᠯᠲᠡ᠄ ᠰᠢᠯᠢ ᠶᠢᠨ ᠭᠤᠣᠯ ᠤᠨ ᠡᠳᠦᠷ ᠤᠨ ᠰᠣᠨᠢᠨ ᠤ ᠰᠢᠨ᠎ᠠ ᠮᠠᠯᠴᠢᠳ ᠤᠨ ᠰᠤᠨᠢᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号