ᠢᠪᠡᠭᠡᠯ ᠬᠠᠶᠢᠷ᠎ᠠ ᠢᠳᠡᠭᠡᠯ ᠵᠤᠷᠢᠭ ᠢᠶᠠᠷ ᠵᠢᠷᠤᠭᠯᠠᠭᠳᠠᠬᠤ ᠰᠢᠨ᠎ᠡ ᠠᠮᠢᠳᠤᠷᠠᠯ
ᠨᠡᠶᠢᠲᠡᠯᠡᠭᠰᠡᠨ ᠴᠠᠭ᠄
2017-06-12
       ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠠᠵᠢᠯ ᠢ ᠢᠳᠡ ᠬᠦᠭ ᠲᠠᠢ ᠦᠷᠨᠢᠬᠦᠯᠵᠦ ᠡᠬᠢᠯᠡᠭᠰᠡᠨ ᠠᠴᠠ ᠨᠠᠰᠢ ᠨᠠᠮ ᠵᠠᠰᠠᠭ ᠠᠴᠠ ᠠᠯᠢ ᠤᠯᠠᠨ ᠠᠷᠭ᠎ᠠ ᠬᠡᠮᠵᠢᠶ᠎ᠡ ᠠᠪᠴᠦ᠂ ᠤᠷᠤᠨ ᠨᠤᠳᠤᠭ ᠤᠨ ᠪᠤᠳᠠᠳᠦ ᠪᠠᠶᠢᠳᠠᠯ ᠳᠠᠭᠠᠨ ᠵᠤᠬᠢᠴᠠᠭᠤᠯᠤᠨ᠂ ᠶᠠᠳᠠᠭᠤ ᠬᠦᠴᠢᠷᠳᠠᠯᠳᠠᠢ ᠡᠷᠦᠭᠡ ᠶᠢ ᠦᠭᠡᠳᠡ ᠨᠢ ᠲᠠᠳᠠᠭᠰᠠᠭᠠᠷ ᠢᠷᠡᠯ᠎ᠡ᠃ ᠡᠶᠢᠨᠬᠦ ᠨᠠᠮ ᠵᠠᠰᠠᠭ ᠤᠨ ᠬᠠᠯᠠᠮᠵᠢ ᠲᠡᠮᠵᠢᠯᠭᠡ᠂ ᠶᠠᠳᠠᠷᠠᠵᠦ ᠪᠡᠳᠡᠷᠡᠭᠰᠡᠳ ᠤᠨ ᠲᠡᠮᠡᠤᠯᠦᠯ ᠢᠶᠠᠷ ᠶᠠᠳᠠᠭᠤ ᠡᠷᠦᠭᠡ ᠶᠢᠨ ᠲᠤᠭᠠᠨ ᠠᠴᠠ ᠭᠠᠷᠴᠦ᠂ ᠶᠠᠳᠠᠷᠠᠭᠰᠠᠨ ᠤᠯᠤᠰ ᠤᠨ ᠮᠠᠯᠠᠭᠠᠢ ᠪᠠᠨ ᠠᠪᠴᠦ ᠬᠠᠶᠠᠭᠰᠠᠨ ᠡᠷᠦᠭᠡ ᠵᠠᠬ᠎ᠠ ᠠᠴᠠ ᠪᠠᠨ ᠲᠤᠭᠠᠯᠠᠭᠳᠠᠬᠤ ᠪᠤᠯᠤᠭᠰᠠᠨ ᠪᠢᠯᠡ᠃ ᠠᠪᠠᠭ᠎ᠠ ᠬᠤᠰᠢᠭᠤᠨ ᠤ ᠴᠠᠭᠠᠠᠨᠠᠭᠤᠷ ᠪᠠᠯᠭᠠᠰᠤᠨ ᠤ ᠨᠤᠭᠤᠭᠠᠨᠰᠢᠯᠢ ᠭᠠᠴᠠᠭᠠᠨ ᠎ ᠤ ᠬᠡᠤᠬᠡᠨᠪᠠᠭᠠᠳᠤᠷ ᠤᠨ ᠬᠢᠨ ᠶᠠᠭ ᠲᠡᠭᠡᠵᠦ ᠶᠠᠳᠠᠭᠤ ᠠᠴᠠ ᠠᠩᠬᠢᠵᠢᠷᠠᠭᠰᠠᠨ ᠡᠷᠦᠭᠡ ᠶᠢᠨ ᠨᠢᠭᠡ ᠨᠢ ᠶᠤᠮ᠃        ᠬᠡᠤᠬᠡᠨᠪᠠᠭᠠᠳᠤᠷ 20 ᠨᠠᠰᠤᠳᠠᠢ ᠪᠠᠶᠢᠬᠤ ᠳᠤ ᠨᠠᠶᠠᠭᠠᠳ ᠪᠤᠭ ᠮᠠᠯ᠂ ᠠᠷᠪᠠᠭᠠᠳ ᠪᠤᠳᠠ ᠮᠠᠯ ᠲᠠᠢ ᠪᠠᠶᠢᠭᠰᠠᠨ᠃ ᠰᠡᠬᠦᠯ ᠳᠤᠨᠢ ᠠᠳᠤᠭᠤᠨ ᠳᠤ ᠬᠠᠶᠢᠷᠠᠳᠠᠢ ᠶᠢᠨ ᠡᠷᠭᠡᠨ ᠳᠤ ᠭᠤᠴᠢᠭᠠᠳ ᠠᠳᠤᠭᠤ ᠲᠠᠢ ᠪᠤᠯᠵᠠᠢ᠃ ᠭᠡᠪᠡᠴᠦ ᠠᠬ᠎ᠠ ᠲᠠᠬᠦᠦ ᠲᠠᠪᠤᠭᠤᠯᠠ ᠲᠤᠰᠠᠭᠠᠷ ᠠᠶᠢᠯ ᠡᠷᠦᠭᠡ ᠪᠤᠯᠤᠭᠠᠳ ᠢᠷᠡᠬᠦ ᠳᠤ ᠤᠤᠯ ᠠᠴᠠ ᠪᠠᠨ ᠨᠢᠮᠭᠡᠨ ᠪᠠᠶᠢᠭᠰᠠᠨ ᠠᠮᠢᠳᠤᠷᠠᠯ ᠨᠢ ᠲᠠᠬᠢᠨ ᠪᠤᠰᠬᠤ ᠲᠡᠩᠭᠡᠭᠡ ᠦᠭᠡᠢ ᠪᠤᠯᠤᠭᠰᠠᠨ ᠤ ᠲᠡᠭᠡᠷ᠎ᠡ ᠬᠠᠶᠢᠷᠠᠯᠠᠵᠦ ᠦᠰᠭᠡᠭᠰᠡᠨ ᠭᠤᠴᠢᠭᠠᠳ ᠠᠳᠤᠭᠤ ᠪᠠᠨ 1994 ᠤᠨ ᠳᠤ ᠪᠦᠬᠦᠨ ᠢ ᠠᠯᠳᠠᠭᠰᠠᠨ ᠠᠴᠠ ᠬᠤᠶᠢᠰᠢ ᠠᠮᠢᠳᠤᠷᠠᠯ ᠨᠢ ᠨᠡᠩ ᠪᠡᠷᠭᠡ ᠪᠤᠯᠵᠠᠢ᠃ 1998 ᠤᠨ ᠪᠤᠯᠬᠤ ᠳᠤ ᠠᠮᠢᠳᠤᠷᠠᠯ ᠤᠨ ᠬᠠᠳᠠᠭᠤ ᠨᠤᠭᠤᠴᠠᠭᠠᠨ ᠳᠤ ᠬᠡᠤᠬᠡᠨᠪᠠᠭᠠᠳᠤᠷ ᠮᠠᠯ ᠤᠨᠤᠭ᠎ᠠ ᠭᠡᠬᠦ ᠠᠴᠠ ᠶᠠᠭᠤᠮ᠎ᠠ ᠦᠭᠡᠢ ᠪᠤᠯᠵᠦ ᠦᠯᠡᠳᠡᠵᠠᠢ᠃ ᠡᠶᠢᠨᠬᠦ 2000 ᠤᠨ ᠠᠴᠠ 2013 ᠤᠨ ᠬᠦᠷᠳᠡᠯᠡᠬᠢ 13 ᠵᠢᠯ ᠤᠨ ᠲᠤᠷᠰᠢ ᠲᠡᠷᠡ ᠦᠪᠡᠷ ᠤᠨ 1200 ᠮᠤ᠋ ᠨᠤᠳᠤᠭ ᠢᠶᠠᠨ ᠪᠤᠰᠤᠳ ᠲᠤ ᠲᠦᠷᠢᠶᠡᠰᠦᠯᠡᠬᠦᠯᠦᠨ᠂ ᠵᠡᠬᠦᠨ ᠦᠵᠦᠮᠦᠴᠢᠨ ᠬᠤᠰᠢᠭᠤ᠂ ᠰᠢᠯᠢ ᠶᠢᠨ ᠬᠤᠳᠠ᠂ ᠰᠢᠯᠤᠭᠤᠨ ᠬᠦᠭᠡ ᠬᠤᠰᠢᠭᠤ ᠵᠡᠷᠭᠡ ᠭᠠᠵᠠᠷ ᠢᠶᠠᠷ ᠡᠪᠡᠰᠦ ᠬᠠᠳᠤᠬᠤ᠂ ᠬᠦᠯᠦᠰᠦᠨ ᠬᠤᠨᠢᠴᠢᠨ ᠶᠠᠪᠤᠬᠤ᠂ ᠬᠦᠳᠡᠷ ᠬᠠᠶᠢᠯᠤᠭᠤᠯᠬᠤ ᠵᠡᠷᠭᠡ ᠶᠢᠨ ᠬᠦᠯᠦᠰᠦᠨ ᠠᠵᠢᠯ ᠬᠢᠵᠦ ᠠᠮᠢᠳᠤᠷᠠᠯ ᠢᠶᠠᠨ ᠠᠷᠭᠠᠴᠠᠭᠠᠵᠦ ᠶᠠᠪᠤᠵᠠᠢ᠃        ᠬᠠᠷᠢᠨ ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ ᠠᠵᠢᠯ ᠶᠡᠭᠡᠪᠡᠷ ᠦᠷᠨᠢᠵᠦ ᠢᠷᠡᠬᠦ ᠳᠤ ᠬᠡᠤᠬᠡᠨᠪᠠᠭᠠᠳᠤᠷ ᠲᠤ ᠪᠠᠰᠠᠴᠦ ᠠᠮᠢᠳᠤᠷᠠᠯ ᠤᠨ ᠬᠦᠰᠡᠯ ᠡᠷᠡᠮᠡᠯᠵᠡᠯᠡᠯ ᠤᠯᠭᠤᠵᠦ᠂ 2013 ᠤᠨ ᠳᠤ ᠨᠤᠳᠤᠭ ᠪᠤᠴᠠᠵᠦ᠂ ᠲᠡᠬᠦᠦ ᠶᠢᠨ ᠳᠡᠭᠡᠨ ᠨᠢᠭᠡ ᠵᠢᠯ ᠪᠠᠶᠢᠭᠰᠠᠨ ᠢᠶᠠᠨ 2014 ᠤᠨ ᠳᠤ ᠦᠪᠡᠷ ᠤᠨ ᠨᠤᠳᠤᠭ ᠲᠠᠭᠠᠨ ᠰᠠᠭᠤᠷᠢᠰᠢᠬᠤ ᠳᠤ᠂ ᠤᠷᠤᠨ ᠰᠠᠭᠤᠴᠠ ᠭᠡᠬᠦ ᠠᠴᠠ ᠭᠤᠷᠪᠠᠨ ᠲᠠᠰᠤᠯᠭ᠎ᠠ ᠰᠢᠪᠠᠷ ᠪᠠᠶᠢᠰᠢᠩ  ᠂ ᠫᠧᠩ ᠬᠤᠷᠤᠭ᠎ᠠ ᠭᠡᠬᠦ ᠠᠴᠠ ᠰᠢᠪᠡᠷ ᠪᠦᠳᠦᠴᠡᠳᠦ ᠡᠪᠡᠰᠦᠨ ᠬᠦᠷᠢᠶ᠎ᠡ ᠯᠡ ᠪᠠᠶᠢᠵᠦ᠂ ᠲᠠᠬᠢᠨ ᠰᠡᠯᠬᠦᠬᠦ ᠮᠠᠯᠵᠢᠬᠤ ᠠᠮᠢᠳᠤᠷᠠᠯ ᠨᠢ ᠠᠷᠠᠢ ᠴᠦ ᠬᠦᠴᠢᠷᠳᠡᠶᠢᠬᠡᠨ ᠡᠬᠢᠯᠡᠭᠰᠡᠨ ᠶᠤᠮ᠃ ᠲᠡᠭᠡᠬᠦ ᠳᠤ ᠨᠤᠳᠤᠭ ᠤᠰᠤ ᠨᠢ ᠲᠡᠬᠦᠨ ᠢ ᠭᠤᠯᠤᠭ᠎ᠠ ᠦᠭᠡᠢ᠂ ᠨᠤᠳᠤᠭ ᠎ ᠤᠨ ᠲᠦᠮᠡᠨ ᠨᠢ ᠲᠡᠬᠦᠨ ᠢ ᠤᠮᠠᠷᠳᠠᠭ᠎ᠠ ᠦᠭᠡᠢ᠂ ᠠᠭᠤᠳᠠᠮ ᠲᠠᠯ᠎ᠠ ᠨᠢ ᠡᠯᠢᠭᠡᠨ ᠳᠡᠭᠡᠨ ᠪᠦᠦᠪᠠᠶᠢᠯᠠᠨ᠂ ᠨᠠᠮ ᠵᠠᠰᠠᠭ ᠎ ᠨᠢ ᠢᠪᠡᠭᠡᠯ ᠳᠡᠭᠡᠨ ᠬᠦᠷᠳᠡᠭᠡᠭᠰᠡᠨ ᠨᠢ ᠲᠡᠬᠦᠨ ᠳᠤ ᠬᠦᠴᠦᠨ ᠪᠤᠯᠤᠭᠰᠠᠨ᠂ ᠠᠮᠢᠳᠤᠷᠠᠯ ᠢᠶᠠᠨ ᠦᠭᠡᠳᠡ ᠨᠢ ᠲᠠᠳᠠᠬᠤ ᠎ ᠳᠤᠨᠢ ᠦᠪ ᠪᠤᠯᠤᠭᠰᠠᠨ ᠳ᠋ᠠ᠃        ᠮᠠᠯᠴᠢᠨ ᠬᠦᠮᠦᠨ ᠳᠤ ᠮᠠᠯ ᠰᠦᠷᠦᠭ ᠨᠢ ᠮᠠᠯᠵᠢᠬᠤ ᠦᠢᠯᠡᠳᠪᠤᠷᠢᠯᠡᠯ ᠤᠨ ᠠᠮᠢᠨ ᠰᠦᠨᠡᠰᠦ ᠨᠢ ᠪᠠᠶᠢᠬᠤ ᠤᠴᠢᠷᠳᠠᠢ᠃ ᠲᠡᠭᠡᠬᠦ ᠳᠡᠭᠡᠨ ᠤᠨᠢᠨ ᠲᠡᠭᠡᠷ᠎ᠡ ᠨᠢ ᠶᠠᠳᠠᠭᠤ ᠶᠢ ᠲᠡᠳᠬᠦᠬᠦ ᠲᠦᠷᠦ ᠶᠢᠨ ᠪᠤᠳᠤᠯᠭ᠎ᠠ ᠡᠳᠡᠨᠡᠶᠢᠬᠢᠨ ᠳᠤ ᠬᠠᠨᠳᠤᠯᠭ᠎ᠠ ᠲᠠᠢ᠂ ᠪᠤᠳᠠᠳᠠᠶᠢᠬᠠᠨ ᠬᠡᠷᠡᠭᠵᠢᠬᠦᠯᠦᠭᠳᠡᠵᠦ᠂ 2014 ᠤᠨ ᠠᠴᠠ ᠡᠬᠢᠯᠡᠨ ︽ᠭᠤᠷᠪᠠ ᠶᠢ ᠭᠠᠴᠠᠭᠠᠨ ᠎ ᠳᠤ ᠬᠦᠷᠭᠡᠨ᠂ ᠭᠤᠷᠪᠠ ᠶᠢ ᠡᠷᠦᠭᠡ ᠳᠤ ᠬᠦᠷᠭᠡᠬᠦ︾ ᠲᠦᠷᠦᠯ ᠵᠦᠢᠯ ᠢᠶᠠᠷ ᠭᠤᠷᠪᠠᠨ ᠵᠢᠯ ᠲᠠᠷᠠᠭᠠᠯᠠᠨ᠂ 49  ᠬᠤᠷᠠᠭ᠎ᠠ᠂ 4 ᠰᠢᠮᠧᠨ᠋ᠲ᠋ᠡᠷ ᠦᠬᠢᠨ ᠲᠤᠭᠤᠯ᠂ 5 ᠲᠦᠯᠦᠭᠡ ᠦᠭᠴᠦ᠂ ᠮᠠᠯᠵᠢᠬᠤ ᠦᠢᠯᠡᠳᠪᠤᠷᠢᠯᠡᠯ ᠡᠵᠡᠩᠨᠡᠬᠦ ᠠᠴᠠ ᠮᠠᠯ ᠰᠦᠷᠦᠭ ᠤᠨ ᠰᠠᠭᠤᠷᠢ ᠲᠠᠢ ᠪᠤᠯᠵᠠᠢ᠃ ᠡᠶᠢᠨᠬᠦ ᠤᠶᠢᠷ᠎ᠠ ᠶᠢᠨ ᠭᠤᠷᠪᠠᠨ ᠵᠢᠯ ᠤᠨ ᠲᠤᠷᠰᠢ ᠬᠡᠤᠬᠡᠨᠪᠠᠭᠠᠳᠤᠷ ᠤᠨ ᠎ ᠬᠢᠨ ᠤᠯᠤᠰ ᠤᠨ ᠨᠦᠬᠦᠪᠦᠷᠢ ᠲᠠᠢ ᠲᠦᠷᠦᠯ ᠵᠦᠢᠯ ᠤᠨ ᠢᠪᠡᠭᠡᠯ ᠳᠤ ᠬᠦᠷᠳᠡᠵᠦ᠂ ᠰᠠᠭᠤᠬᠤ ᠠᠴᠠ ᠴᠡᠪᠡᠷ ᠲᠤᠬᠢᠯᠢᠭ 50 ᠬᠠᠪᠳᠠᠭᠠᠢ ᠲᠦᠷᠪᠡᠯᠵᠢᠨ ᠮᠧᠲᠷ ᠤᠨ ᠤᠷᠤᠨ ᠰᠠᠭᠤᠴᠠ ᠲᠠᠢ᠂ ᠫᠧᠩ ᠬᠤᠷᠤᠭᠠᠨ ᠤ ᠪᠦᠳᠦᠭᠡᠨ ᠪᠠᠶᠢᠭᠤᠯᠤᠯᠳᠠ ᠭᠡᠬᠦ ᠠᠴᠠ 130 ᠬᠠᠪᠳᠠᠭᠠᠢ ᠲᠦᠷᠪᠡᠯᠵᠢᠨ ᠮᠧᠲᠷ ᠤᠨ ᠲᠤᠯᠠᠭᠠᠨ ᠫᠧᠩ ᠲᠠᠢ᠂ ᠤᠰᠤ ᠤᠮᠳᠠ ᠎ ᠶᠢᠨ ᠡᠬᠢ ᠭᠡᠬᠦ ᠠᠴᠠ 1 ᠬᠤᠳᠳᠤᠭ ᠲᠠᠢ᠂ ᠦᠢᠯᠡᠳᠪᠤᠷᠢᠯᠡᠯ ᠠᠮᠢᠳᠤᠷᠠᠯ ᠳᠤ ᠬᠡᠷᠡᠭᠯᠡᠬᠦ ᠠᠴᠠ ᠨᠠᠷᠠ ᠰᠠᠯᠬᠢᠨ ᠡᠨᠧᠷᠬᠢ ᠪᠠᠷ ᠴᠠᠬᠢᠯᠭᠠᠨ ᠭᠠᠷᠭᠠᠬᠤ ᠲᠦᠬᠦᠭᠡᠷᠦᠮᠵᠢ᠂ ᠲᠦᠭᠡᠭᠡᠯ ᠤᠰᠤ ᠲᠠᠢ᠂ ᠠᠮᠢᠳᠤᠷᠠᠯ ᠤᠨ ᠪᠠᠳᠤᠯᠠᠭ᠎ᠠ ᠪᠤᠯᠤᠭᠰᠠᠨ ᠰᠢᠨ᠎ᠡ ᠬᠡᠯᠪᠡᠷᠢ ᠶᠢᠨ ᠬᠤᠷᠰᠢᠭᠰᠠᠨ ᠡᠮᠨᠡᠯᠭᠡ᠂ ᠨᠠᠰᠤᠵᠢᠯ ᠤᠨ ᠲᠠᠭᠠᠳᠬᠠᠯ ᠵᠡᠷᠭᠡ ᠭᠤᠷᠪᠠᠨ ᠪᠠᠳᠤᠯᠠᠭ᠎ᠠ ᠎ ᠲᠠᠢ ᠪᠤᠯᠵᠦ᠂ ᠴᠢᠨᠡᠭᠡᠯᠢᠭ ᠪᠢᠰᠢ ᠴᠦ ᠠᠮᠢᠳᠤᠷᠠᠵᠦ ᠬᠦᠷᠬᠦ ᠪᠠᠷ ᠰᠠᠭᠤᠷᠢ ᠲᠠᠢ ᠪᠤᠯᠤᠭᠰᠠᠨ ᠶᠤᠮ᠃        ᠨᠠᠮ ᠵᠠᠰᠠᠭ ᠤᠨ ᠬᠠᠷᠢᠯᠴᠠᠬᠤ ᠤᠳᠤᠷᠢᠳᠤᠯᠭ᠎ᠠ ᠶᠢᠨ ᠦᠷᠬᠦᠯᠵᠢ ᠶᠢᠨ ᠴᠢᠨᠠᠷᠳᠠᠢ ᠬᠠᠯᠠᠮᠵᠢ᠂ ᠬᠠᠯᠠᠰᠢᠷᠠᠯ ᠦᠭᠡᠢ ᠵᠤᠬᠢᠴᠠᠭᠤᠯᠭ᠎ᠠ ᠨᠢ ᠡᠳᠡᠨᠡᠶᠢᠬᠢᠨ ᠤ ᠠᠮᠢᠳᠤᠷᠠᠯ ᠳᠤ ᠮᠠᠰᠢ ᠶᠡᠭᠡ ᠦᠮᠦᠭ ᠲᠦᠰᠢᠭ ᠪᠤᠯᠵᠦ ᠢᠷᠡᠯ᠎ᠡ᠃ ᠬᠡᠤᠬᠡᠨᠪᠠᠭᠠᠳᠤᠷ ᠤᠨ ᠬᠢᠨ ᠰᠢᠯᠢ ᠶᠢᠨ ᠬᠤᠳᠠ ᠠᠴᠠ ᠴᠠᠭᠠᠠᠨᠠᠭᠤᠷ ᠬᠦᠷᠬᠦ ᠵᠠᠰᠠᠮᠠᠯ ᠵᠠᠮ ᠠᠴᠠ ᠤᠶᠢᠷ᠎ᠠ ᠪᠠᠶᠢᠳᠠᠭ ᠲᠠᠪᠠᠭᠤᠯᠢᠭ ᠲᠠᠭᠠᠨ ᠵᠤᠬᠢᠴᠠᠭᠤᠯᠤᠨ᠂ 2016᠎ ᠳᠤ ︽ᠮᠠᠯᠴᠢᠨ ᠠᠶᠢᠯ︾ ᠵᠤᠭᠠᠴᠠᠯ ᠤᠨ ᠴᠢᠭ᠋ ᠭᠠᠷᠭᠠᠵᠦ᠂ 2 ᠮᠤᠩᠭᠤᠯ ᠭᠡᠷ ᠲᠠᠢ᠂ ᠡᠳ᠋ᠯᠡᠯ ᠬᠡᠷᠡᠭᠰᠡᠯ ᠢᠶᠠᠨ ᠪᠦᠷᠢᠨᠰᠢᠬᠦᠯᠦᠨ᠂ ᠲᠤᠯᠠᠭᠠᠯᠭ᠎ᠠ ᠶᠢᠨ ᠲᠦᠬᠦᠭᠡᠷᠦᠮᠵᠢ ᠤᠭᠰᠠᠷᠠᠨ᠂ ᠭᠠᠵᠠᠷ ᠱᠠᠯᠠ ᠶᠢ ᠨᠢ ᠬᠠᠳᠠᠭᠤᠵᠢᠭᠤᠯᠵᠦ᠂ 30 ᠬᠠᠪᠳᠠᠭᠠᠢ ᠲᠦᠷᠪᠡᠯᠵᠢᠨ ᠮᠧᠲᠷ ᠤᠨ ᠬᠦᠮᠦᠷᠭᠡᠨ ᠭᠡᠷ ᠲᠠᠢ ᠪᠤᠯᠬᠤ ᠎ ᠳᠠᠭᠠᠨ 6.6 ᠲᠦᠮᠡᠨ ᠲᠦᠬᠦᠷᠢᠭ ᠤᠨ ᠪᠡᠯᠡ ᠵᠠᠷᠤᠴᠠᠭᠤᠯᠤᠭᠰᠠᠨ ᠪᠤᠯ ᠦᠪᠡᠷᠳᠡᠭᠡᠨ 2.6 ᠲᠦᠮᠡᠨ ᠲᠦᠬᠦᠷᠢᠭ ᠯᠡ ᠲᠤᠭᠠᠴᠠᠯᠠᠵᠦ᠂ ᠦᠯᠡᠳᠡᠭᠰᠡᠨ ᠭᠡᠰᠡᠭ ᠨᠢ ᠦᠨ᠎ᠡ ᠲᠦᠯᠦᠪᠤᠷᠢ ᠦᠭᠡᠢ ᠪᠠᠯᠡ ᠤᠷᠤᠭᠤᠯᠤᠯᠳᠠ ᠪᠠᠶᠢᠭᠰᠠᠨ᠃ ᠮᠦᠨᠴᠦ ᠬᠠᠷᠢᠯᠴᠠᠬᠤ ᠤᠳᠤᠷᠢᠳᠤᠯᠭ᠎ᠠ ᠶᠢᠨ ᠬᠠᠯᠠᠭᠤᠨ ᠲᠡᠮᠵᠢᠯᠭᠡ ᠬᠢᠭᠡᠳ ︽ᠲᠠᠩᠰᠠ ᠪᠤᠳᠤᠵᠦ ᠮᠠᠯ ᠮᠠᠯᠵᠢᠨ᠂ ᠵᠤᠬᠢᠰᠳᠠᠢ ᠬᠡᠷᠡᠭᠯᠡᠭᠡ ᠶᠢ ᠡᠷᠬᠢᠮᠯᠡᠬᠦ︾ ᠮᠡᠳᠦ ᠶᠢᠨ ᠪᠤᠳᠠᠳᠦ ᠵᠢᠱᠢᠶ᠎ᠡ ᠲᠠᠢ ᠬᠦᠮᠦᠵᠢᠯ ᠲᠠᠶᠢᠯᠤᠮᠵᠢ ᠶᠢᠨ ᠡᠷᠭᠡᠨ ᠳᠤ ᠬᠡᠤᠬᠡᠨᠪᠠᠭᠠᠳᠤᠷ ᠤᠨ ᠦᠵᠡᠯ ᠤᠬᠠᠮᠰᠠᠷ᠂ ᠦᠵᠡᠯᠳᠡ ᠲᠠᠨᠢᠯᠳᠠ ᠵᠤᠬᠢᠬᠤ ᠬᠡᠮᠵᠢᠶᠡᠨ ᠤ ᠲᠡᠭᠡᠭᠰᠢᠯᠡᠯᠳᠡ ᠲᠠᠢ ᠪᠤᠯᠤᠭᠰᠠᠨ ᠨᠢ ᠲᠠᠮᠵᠢᠭ ᠦᠭᠡᠢ᠃       ᠤᠳᠤ ᠬᠡᠤᠬᠡᠨᠪᠠᠭᠠᠳᠤᠷ ᠤᠨ ᠬᠢᠨ ᠡᠵᠢ ᠶᠢᠨ ᠢᠶᠠᠨ ᠨᠤᠳᠤᠭ ᠢ ᠪᠠᠭᠳᠠᠭᠠᠭᠰᠠᠨ 3000 ᠮᠤ᠋ ᠨᠤᠳᠤᠭ ᠎ ᠲᠠᠭᠠᠨ 60 ᠬᠤᠨᠢ ᠲᠠᠢ᠂ 11 ᠦᠭᠡᠷ ᠲᠠᠢ᠂ 5 ᠠᠳᠤᠭᠤ ᠲᠠᠢ ᠪᠤᠯᠵᠦ᠂ ᠨᠢᠳᠤᠨᠤᠨ 1000 ᠪᠤᠭᠤᠯᠳᠠ ᠡᠪᠡᠰᠦ ᠂ 130 ᠮᠠᠳᠠᠢ ᠪᠤᠷᠳᠤᠭ᠎ᠠ ᠨᠦᠭᠡᠴᠡᠯᠡᠵᠦ᠂ ᠮᠠᠯ ᠰᠦᠷᠦᠭ ᠢᠶᠠᠨ ᠮᠡᠨᠳᠦ ᠤᠨᠳᠤᠷᠤᠭᠤᠯᠤᠨ᠂ ᠡᠨᠡ ᠵᠢᠯ 60 ᠲᠦᠯ ᠮᠡᠨᠳᠦ ᠲᠤᠰᠤᠭᠠᠳ ᠪᠠᠶᠢᠭ᠎ᠠ᠃ 2016 ᠤᠨ ᠳᠤ 3 ᠠᠮᠠ ᠪᠦᠯᠢ ᠳᠡᠭᠡᠨ ᠬᠤᠪᠢᠶᠠᠷᠢᠯᠠᠬᠤ ᠬᠦᠮᠦᠨ ᠲᠤᠮᠳᠠᠴᠢ ᠎ ᠶᠢᠨ ᠤᠷᠤᠯᠭ᠎ᠠ 8411 ᠲᠦᠬᠦᠷᠢᠭ ᠲᠤ ᠬᠦᠷᠴᠦ᠂ ᠶᠠᠳᠠᠭᠤ ᠶᠢᠨ ᠮᠠᠯᠠᠭᠠᠢ ᠪᠠᠨ ᠠᠪᠴᠦ ᠬᠠᠶᠠᠯ᠎ᠠ᠃— ᠭᠡᠳᠦᠨ ᠵᠢᠯ ᠤᠨ ᠲᠤᠷᠰᠢᠳᠡ ᠨᠠᠮ ᠵᠠᠰᠠᠭ ᠤᠨ ᠲᠠᠮᠵᠢᠯᠭᠡ ᠪᠠᠷ ᠠᠮᠢᠳᠤᠷᠠᠯ ᠤᠨ ᠰᠠᠭᠤᠷᠢ ᠲᠠᠢ ᠪᠤᠯᠵᠦ᠂ ᠲᠦᠪᠬᠢᠨᠡᠬᠦᠨ ᠠᠮᠢᠳᠤᠷᠠᠯ ᠡᠳ᠋ᠯᠡᠬᠦ ᠪᠤᠯᠤᠭᠰᠠᠨ᠃ ᠲᠡᠷᠡ ᠰᠠᠶᠢᠬᠠᠨ ᠬᠠᠶᠢᠷ᠎ᠠ ᠬᠠᠯᠠᠮᠵᠢ ᠶᠢᠨ ᠬᠠᠷᠢᠭᠤ ᠳᠤ ᠵᠤᠭᠠᠴᠠᠯ ᠎ ᠤᠨ ᠭᠠᠵᠠᠷ ᠤᠨ ᠡᠵᠡᠩᠨᠡᠯᠳᠡ ᠪᠠᠷ ᠮᠠᠯᠵᠢᠯ ᠤᠨ ᠪᠤᠰᠤ ᠤᠷᠤᠯᠭ᠎ᠠ ᠨᠡᠮᠡᠷᠢᠯᠡᠵᠦ᠂ ᠮᠠᠯ ᠰᠦᠷᠦᠭ ᠢᠶᠠᠨ ᠰᠠᠶᠢᠳᠤᠷ ᠠᠷᠠᠴᠢᠯᠠᠨ ᠮᠠᠯᠵᠢᠵᠦ᠂ ᠦᠨᠢᠷ ᠦᠰᠭᠡᠬᠦ ᠪᠠᠷ ᠴᠢᠷᠮᠠᠶᠢᠨ᠎ᠠ ᠭᠡᠵᠦ ᠬᠡᠤᠬᠡᠨᠪᠠᠭᠠᠳᠤᠷ ᠢᠳᠡᠭᠡᠯ ᠲᠡᠬᠦᠯᠳᠡᠷ ᠤᠴᠢᠷᠯᠠᠨ᠎ᠠ᠃
 
ᠢᠷᠡᠯᠲᠡ᠄ ᠪᠤ · ᠲᠤᠶᠠᠭ᠎ᠠ ︵ᠠᠪᠠᠭ᠎ᠠ ᠬᠤᠰᠢᠭᠤᠨ ᠤ ᠣᠬᠠᠭᠤᠯᠬᠤ ᠬᠡᠯᠳᠡᠰ︶
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号