ᠰᠠᠷᠠᠭᠤᠯᠳᠤᠶᠠᠭ᠎ᠠ ᠭᠠᠴᠠᠭᠠᠨ ᠤ ᠦᠭᠡᠷ ᠮᠠᠯᠵᠢᠭᠰᠠᠨ ᠠᠮᠵᠢᠯᠳᠠ
ᠨᠡᠶᠢᠲᠡᠯᠡᠭᠰᠡᠨ ᠴᠠᠭ᠄
2017-06-12
      ᠤᠶᠢᠷ᠎ᠠ ᠶᠢᠨ ᠵᠢᠯ ᠠᠴᠠ ᠨᠠᠰᠢ ᠵᠠᠬ᠎ᠠ ᠲᠡᠯᠭᠡᠬᠦᠷ ᠲᠠᠬᠢ ᠮᠠᠯ ᠤᠨ ᠦᠨ᠎ᠡ ᠬᠠᠩᠰᠢ ᠶᠢᠨ ᠪᠠᠶᠢᠳᠠᠯ᠂ ︽ᠬᠤᠨᠢ ᠶᠢ ᠴᠦᠭᠡᠴᠢᠯᠡᠵᠦ ᠦᠭᠡᠷ ᠢ ᠨᠡᠮᠡᠭᠳᠡᠬᠦᠯᠬᠦ︾ ᠪᠠᠶᠢᠯᠳᠤᠬᠤ ᠪᠤᠳᠤᠯᠭ᠎ᠠ ᠶᠢᠨ ᠤᠷᠢᠶᠠᠯᠠᠭ᠎ᠠ ᠵᠡᠷᠭᠡ ᠠᠴᠠ ᠦᠭᠡᠷ ᠮᠠᠯᠵᠢᠬᠤ ᠮᠠᠯᠵᠢᠯ ᠤᠨ ᠶᠡᠭᠡ ᠲᠤᠷᠰᠢᠴᠡ ᠬᠦᠳᠡᠭᠡ ᠨᠤᠳᠤᠭ ᠮᠠᠯᠵᠢᠬᠤ ᠤᠷᠤᠨ ᠢᠶᠠᠷ ᠮᠠᠰᠢ ᠦᠷᠨᠢᠩᠬᠦᠢ  ᠪᠤᠯᠵᠦ ᠪᠠᠶᠢᠨ᠎ᠠ᠃ ᠲᠡᠭᠡᠬᠦ ᠳᠤ ᠠᠪᠠᠭ᠎ᠠ ᠬᠤᠰᠢᠭᠤᠨ ᠤ ᠬᠤᠩᠭᠤᠷᠭᠤᠤᠯ ᠪᠠᠯᠭᠠᠰᠤᠨ ᠤ ᠰᠠᠷᠠᠭᠤᠯᠳᠤᠶᠠᠭ᠎ᠠ ᠭᠠᠴᠠᠭ᠎ᠠ ᠨᠢ ᠠᠯᠢ ᠡᠷᠳᠡ ᠬᠤᠶᠠᠷ ᠮᠢᠩᠭᠠᠨ ᠤ ᠠᠭᠤᠯᠵᠠᠷ ᠠᠴᠠ ᠡᠬᠢᠯᠡᠵᠦ᠂ ᠬᠤᠰᠢᠭᠤᠨ ᠤ ᠭᠠᠵᠠᠷ ᠤᠷᠤᠨ ᠤ ᠦᠪᠡᠷᠮᠢᠴᠡ ᠤᠨᠴᠠᠯᠢᠭ ᠲᠠᠭᠠᠨ ᠵᠤᠬᠢᠴᠠᠭᠤᠯᠤᠨ ᠲᠤᠷᠠᠳᠤᠭᠰᠠᠨ ︽ᠡᠮᠦᠨᠡᠬᠦᠷ ᠢᠶᠠᠨ ᠦᠭᠡᠷ᠂ ᠬᠤᠶᠢᠭᠤᠷ ᠢᠶᠠᠨ ᠬᠤᠨᠢ᠂ ᠡᠬᠦᠯᠳᠡᠷ ᠎ ᠢ ᠨᠢ ᠰᠢᠯᠢᠳᠡᠭᠵᠢᠬᠦᠯᠬᠦ︾ ᠬᠦᠭᠵᠢᠬᠦᠯᠦᠯᠳᠡ ᠶᠢᠨ ᠰᠡᠳᠬᠢᠴᠡ ᠶᠢ ᠴᠤᠤᠷᠢᠶᠠᠳᠤᠨ᠂ ᠪᠦᠬᠦ ᠭᠠᠴᠠᠭ᠎ᠠ ᠪᠠᠷ ᠢᠶᠠᠨ ᠬᠤᠨᠢ ᠪᠠᠨ ᠴᠦᠭᠡᠴᠢᠯᠡᠵᠦ ᠦᠭᠡᠷ ᠢ ᠨᠡᠮᠡᠭᠳᠡᠬᠦᠯᠦᠨ᠂ ᠪᠣᠭ ᠮᠠᠯ ᠤᠨ ᠲᠤᠭ᠎ᠠ 1 ᠲᠦᠮᠡ 4000᠂ ᠪᠤᠳᠠ ᠮᠠᠯ ᠎ ᠤᠨ ᠲᠤᠭ᠎ᠠ 1000 ᠭᠠᠷᠤᠢ ᠳᠤ ᠬᠦᠷᠦᠭᠰᠡᠨ ᠮᠠᠯ ᠰᠦᠷᠦᠭ ᠤᠨ ᠪᠦᠷᠢᠯᠳᠦᠴᠡ ᠳᠡᠭᠡᠨ ᠡᠷᠬᠢᠯᠳᠡ ᠶᠢᠨ ᠴᠢᠨᠠᠷᠳᠠᠢ ᠶᠡᠭᠡ ᠬᠤᠪᠢᠷᠠᠯᠳᠠ ᠭᠠᠷᠭᠠᠵᠦ᠂ ᠤᠳᠤ ᠪᠤᠯᠬᠤ ᠳᠤ ᠪᠦᠬᠦ ᠭᠠᠴᠠᠭᠠᠨ ᠤ ᠪᠠᠶᠢᠩᠭᠤ ᠰᠠᠭᠤᠭ᠎ᠠ 106 ᠡᠷᠦᠭᠡ ᠪᠠᠷᠤᠭ ᠪᠦᠬᠦᠨ ᠢᠶᠠᠷ ᠢᠶᠠᠨ ᠦᠭᠡᠷ ᠭᠤᠤᠯᠳᠠᠢ ᠮᠠᠯᠵᠢᠵᠦ᠂ ᠨᠢᠳᠤᠨᠤᠨ ᠵᠢᠯ ᠤᠨ ᠡᠪᠤᠯ ᠤᠨ ᠤᠯᠠᠷᠢᠯ ᠤᠨ ᠨᠡᠶᠢᠭᠡᠮ ᠤᠨ ᠪᠠᠶᠢᠴᠠᠭᠠᠯᠳᠠ ᠳᠤ ᠪᠦᠬᠦ ᠭᠠᠴᠠᠭᠠᠨ ᠤ ᠮᠠᠯ 3800 ᠭᠠᠷᠤᠢ ᠪᠠᠷ ᠲᠤᠭᠠᠯᠠᠭᠳᠠᠭᠰᠠᠨ ᠪᠤᠯ ᠬᠤᠨᠢ 300 ᠭᠠᠷᠤᠢ ᠯᠡ ᠪᠠᠶᠢᠭᠰᠠᠨ᠃ 32 ᠲᠦᠮᠡ 1582 ᠮᠤ᠋ ᠨᠤᠳᠤᠭ ᠪᠠᠯᠴᠢᠭᠡᠷ ᠲᠠᠢ ᠰᠠᠷᠠᠭᠤᠯᠳᠤᠶᠠᠭ᠎ᠠ ᠭᠠᠴᠠᠭ᠎ᠠ ᠨᠢ ᠪᠠᠷᠤᠭ ᠪᠦᠬᠦ ᠨᠤᠳᠤᠭ ᠢᠶᠠᠷ ᠢᠶᠠᠨ ᠰᠢᠬᠠᠭᠤ ᠬᠤᠯᠠᠨ ᠰᠢᠷᠭ᠎ᠠ ᠲᠠᠭ᠎ᠠ ᠶᠢᠨ ᠡᠯᠡᠰᠦ ᠵᠠᠬᠠᠳᠠᠵᠦ ᠪᠠᠶᠢᠳᠠᠭ ᠠᠴᠠ ᠡᠳᠡᠨᠡᠶᠢᠬᠢᠨ ᠎ ᠳᠤ ᠠᠮᠢ ᠠᠬᠤᠢ ᠶᠢᠨ ᠬᠠᠮᠠᠭᠠᠯᠠᠯᠳᠠ᠂ ᠴᠦᠬᠡᠨ ᠮᠠᠯ ᠠᠴᠠ ᠦᠨᠳᠦᠷ ᠦᠷ᠎ᠡ ᠠᠰᠢᠭ ᠬᠦᠷᠳᠡᠬᠦ ᠲᠤᠷᠰᠢᠴᠡ ᠨᠡᠩ ᠡᠷᠳᠡ ᠠᠴᠠ ᠶᠠᠪᠤᠭᠳᠠᠵᠦ ᠢᠷᠡᠭᠰᠡᠨ ᠨᠢ ᠤᠴᠢᠷᠳᠠᠢ᠃ ᠦᠭᠡᠷ ᠭᠤᠤᠯᠳᠠᠢ ᠮᠠᠯᠵᠢᠵᠦ ᠢᠷᠡᠭᠰᠡᠨ ᠠᠷᠪᠠ ᠭᠠᠷᠤᠢ ᠵᠢᠯ ᠎ ᠤᠨ ᠲᠤᠷᠰᠢ ᠰᠠᠷᠠᠭᠤᠯᠳᠤᠶᠠᠭ᠎ᠠ ᠭᠠᠴᠠᠭ᠎ᠠ ᠨᠢ ᠤᠷᠢᠳ ᠬᠤᠵᠢᠳ 700 ᠭᠠᠷᠤᠢ ᠰᠢᠮᠧᠨ᠋ᠲ᠋ᠡᠷ ᠦᠭᠡᠷ ᠤᠷᠤᠭᠤᠯᠤᠨ᠂ ᠮᠠᠯ ᠤᠨ ᠲᠤᠭ᠎ᠠ 4000᠎ ᠶᠢᠨ ᠨᠠᠭᠠᠭᠤᠷ ᠴᠠᠭᠠᠨᠠᠭᠤᠷ ᠯᠡ ᠬᠡᠯᠪᠡᠯᠵᠡᠵᠦ ᠪᠠᠶᠢᠭᠰᠠᠨ ᠴᠦ ᠮᠠᠯᠴᠢᠳ ᠤᠨ ᠬᠦᠮᠦᠨ ᠲᠤᠮᠳᠠᠴᠢ ᠶᠢᠨ ᠲᠡᠭᠰᠢᠳᠬᠡᠭᠰᠡᠨ ᠤᠷᠤᠯᠭ᠎ᠠ ᠭᠡᠳᠦ ᠵᠠᠭᠤ ᠪᠠᠶᠢᠭᠰᠠᠨ ᠠᠴᠠ ᠪᠠᠨ ᠭᠡᠳᠦᠨ ᠲᠦᠮᠡ ᠳᠤ ᠬᠦᠷᠴᠦ᠂ ᠤᠷᠤᠯᠭ᠎ᠠ ᠲᠤᠭᠳᠠᠭᠤᠨ ᠨᠡᠮᠡᠭᠳᠡᠯ ᠲᠠᠢ᠂ ᠠᠮᠢ ᠠᠬᠤᠢ ᠨᠢ ᠤᠯᠠᠮ ᠢᠶᠠᠷ ᠰᠡᠷᠬᠦᠯᠳᠡ ᠲᠠᠢ᠂ ᠦᠭᠡᠷ ᠤᠨ ᠡᠬᠦᠯᠳᠡᠷ ᠨᠢ ᠤᠯᠠᠮ ᠰᠠᠶᠢᠵᠢᠷᠠᠯᠳᠠ ᠲᠠᠢ ᠪᠤᠯᠵᠦ ᠢᠷᠡᠭᠰᠡᠨ ᠨᠢ ᠲᠡᠳᠡᠨ ᠤ ᠠᠮᠵᠢᠯᠳᠠ ᠶᠢ ᠲᠡᠮᠳᠡᠭᠯᠡᠨ᠎ᠡ᠃       ᠰᠠᠷᠠᠭᠤᠯᠳᠤᠶᠠᠭ᠎ᠠ ᠭᠠᠴᠠᠭᠠᠨ ᠤ ᠮᠠᠯᠴᠢᠨ ᠨᠠᠰᠤᠨᠳᠤᠭᠳᠠᠬᠤ ᠶᠢᠨ ᠬᠢᠨ ᠮᠠᠯᠵᠢᠬᠤ ᠠᠴᠠ ᠲᠠᠯᠠᠭᠠᠳ ᠦᠭᠡᠷ᠂ ᠢᠳᠡᠰᠢᠨ ᠤ ᠲᠠᠪᠢᠭᠠᠳ ᠬᠤᠨᠢ ᠲᠠᠢ᠂ ᠬᠤᠷᠢᠨ ᠭᠡᠳᠦᠨ ᠠᠳᠤᠭᠤ ᠲᠠᠢ᠃ ᠡᠳ᠋ᠯᠡᠵᠦ ᠬᠡᠷᠡᠭᠯᠡᠬᠦ ᠠᠴᠠ ᠬᠢᠯᠠᠯᠵᠠᠭᠰᠠᠨ ᠰᠠᠶᠢᠬᠠᠨ ᠤᠷᠤᠨ ᠰᠠᠭᠤᠴᠠ ᠲᠠᠢ᠂ ᠰᠢᠷ ᠬᠢᠭᠰᠡᠨ ᠪᠦᠳᠦᠭᠡᠨ ᠪᠠᠶᠢᠭᠤᠯᠤᠯᠳᠠ ᠲᠠᠢ᠂ ᠵᠢᠯ ᠤᠨ ᠤᠷᠤᠯᠭ᠎ᠠ 45 ᠲᠦᠮᠡᠨ ᠲᠦᠬᠦᠷᠢᠭ ᠲᠤ ᠬᠦᠷᠳᠡᠭ ᠴᠢᠨᠡᠭᠡᠯᠢᠭ ᠠᠮᠢᠳᠤᠷᠠᠯ ᠲᠠᠢ ᠠᠶᠢᠯ ᠪᠢᠯᠡ᠃ ᠡᠳᠡᠨᠡᠶᠢᠬᠢᠨ ᠤ ᠮᠠᠯ ᠬᠠᠮᠤᠭ ᠤᠯᠠᠨ ᠎ ᠳᠠᠭᠠᠨ 300 ᠭᠠᠷᠤᠢ ᠬᠤᠨᠢ᠂ ᠲᠠᠪᠢᠭᠠᠳ ᠦᠭᠡᠷ ᠲᠤ ᠬᠦᠷᠴᠦ ᠪᠠᠶᠢᠭᠰᠠᠨ᠃ ᠭᠡᠪᠡᠴᠦ ᠬᠤᠶᠠᠷ ᠮᠢᠩᠭᠠᠨ ᠤ ᠠᠭᠤᠯᠵᠠᠷ ᠢᠶᠠᠷ ᠦᠷᠬᠦᠯᠵᠢᠯᠡᠭᠰᠡᠨ ᠭᠠᠩ᠂ ᠬᠦᠳᠡᠯᠮᠤᠷᠢ ᠬᠦᠴᠦᠨ ᠤ ᠲᠤᠳᠠᠮᠠᠭ ᠵᠡᠷᠭᠡ ᠠᠯᠢ ᠤᠯᠠᠨ ᠰᠢᠯᠳᠠᠭᠠᠨ ᠎ ᠠᠴᠠ ᠪᠤᠯᠵᠦ᠂ 2002 ᠤᠨ ᠳᠤ ᠨᠠᠰᠤᠨᠳᠤᠭᠳᠠᠬᠤ ᠶᠢᠨ ᠬᠢᠨ ᠮᠠᠯ ᠰᠦᠷᠦᠭ ᠤᠨ ᠪᠦᠷᠢᠯᠳᠦᠴᠡ ᠳᠡᠭᠡᠨ ᠲᠠᠬᠢᠨ ᠲᠤᠬᠢᠷᠠᠭᠤᠯᠤᠯᠳᠠ ᠬᠢᠬᠦ ᠶᠡᠭᠡ ᠲᠤᠷᠰᠢᠴᠡ ᠶᠠᠪᠤᠭᠤᠯᠵᠦ᠂ ᠢᠳᠡᠰᠢᠨ ᠤ ᠭᠡᠮᠡᠨ 10 ᠡᠮ᠎ᠡ ᠬᠤᠨᠢ ᠦᠯᠡᠳᠡᠭᠡᠭᠰᠡᠨ ᠎ ᠠᠴᠠ ᠪᠤᠰᠤᠳ ᠪᠤᠭ ᠮᠠᠯ ᠢᠶᠠᠨ ᠪᠦᠬᠦᠨ ᠢ ᠵᠠᠷᠤᠴᠠᠭᠤᠯᠵᠦ᠂ ᠱᠠᠷᠦ᠋ᠯᠠᠢ᠂ ᠠᠩᠬᠢᠰ᠂ ᠰᠢᠮᠧᠨ᠋ᠲ᠋ᠡᠷ ᠵᠡᠷᠭᠡ ᠤᠯᠠᠨ ᠡᠬᠦᠯᠳᠡᠷ ᠤᠨ ᠦᠭᠡᠷ ᠲᠠᠪᠢᠭᠠᠳ ᠪᠠᠶᠢᠵᠠᠢ᠃      ᠡᠬᠦᠨ ᠳᠡᠭᠡᠨ ᠰᠠᠭᠤᠷᠢᠯᠠᠨ 4 — 5 ᠵᠢᠯ ᠳᠤ ᠨᠢᠭᠡ ᠰᠢᠮᠧᠨ᠋ᠲ᠋ᠡᠷ ᠦᠷ᠎ᠡ ᠶᠢᠨ ᠮᠠᠯ ᠰᠤᠯᠢᠵᠦ᠂ ᠪᠠᠶᠠᠳᠦ ᠬᠡᠭᠡᠯᠳᠦᠬᠦᠯᠭᠡ ᠪᠠᠷ ᠦᠭᠡᠷ ᠰᠦᠷᠦᠭ ᠤᠨ ᠡᠬᠦᠯᠳᠡᠷ ᠰᠠᠶᠢᠵᠢᠷᠠᠭᠤᠯᠤᠯᠳᠠ ᠶᠢ ᠠᠬᠢᠭᠤᠯᠵᠦ ᠢᠷᠡᠭᠰᠡᠨ ᠠᠴᠠ ᠤᠳᠤ ᠪᠤᠯᠬᠤ ᠳᠤ ᠰᠢᠮᠧᠨ᠋ᠲ᠋ᠡᠷ ᠡᠬᠦᠯᠳᠡᠷ ᠤᠨ ᠭᠤᠤᠯᠳᠠᠢ ᠪᠤᠯᠵᠠᠢ᠃ ᠭᠡᠬᠦ ᠳᠡᠭᠡᠨ ᠴᠦᠬᠡᠨ ᠮᠠᠯ ᠠᠴᠠ ᠦᠨᠳᠦᠷ ᠦᠷ᠎ᠡ ᠠᠰᠢᠭ ᠬᠦᠷᠳᠡᠬᠦ ᠭᠡᠭᠴᠢ ᠮᠠᠯᠵᠢᠯ ᠤᠨ ᠠᠷᠭ᠎ᠠ ᠲᠤᠷᠰᠢᠯᠭ᠎ᠠ ᠱᠠᠭᠠᠷᠳᠠᠬᠤ ᠨᠢ ᠯᠠᠪᠳᠠᠢ᠃      ᠨᠠᠰᠤᠨᠳᠤᠭᠳᠠᠬᠤ ᠶᠢᠨ ᠬᠢᠨ ᠪᠠᠯᠴᠢᠭᠡᠷ ᠤᠨ ᠲᠠᠭᠠᠭᠠᠴᠠ ᠳᠠᠭᠠᠨ ᠵᠤᠬᠢᠴᠠᠭᠤᠯᠤᠨ᠂ ᠦᠭᠡᠷ ᠤᠨ ᠲᠤᠭ᠎ᠠ ᠪᠠᠨ ᠲᠠᠯᠠᠭᠠᠳ ᠲᠤ ᠬᠢᠵᠠᠭᠠᠷᠯᠠᠵᠦ᠂ ᠵᠢᠯ ᠳᠡᠭᠡᠨ ᠨᠢᠭᠡ ᠨᠢᠭᠡ ᠪᠠᠷ ᠰᠢᠳᠦ ᠶᠢ ᠨᠢ ᠲᠠᠳᠠᠨ ᠪᠠᠶᠢᠵᠦ᠂ ᠬᠦᠭᠰᠢᠨ ᠪᠠᠭᠤᠷᠠᠢ ᠦᠭᠡᠷ ᠢᠶᠠᠨ ᠵᠠᠷᠤᠴᠠᠭᠤᠯᠤᠨ᠂ ᠲᠤᠭᠤᠯ ᠢᠶᠠᠷ ᠢᠶᠠᠨ ᠲᠤᠭ᠎ᠠ ᠪᠠᠨ ᠨᠦᠬᠦᠭᠰᠡᠨ ᠰᠠᠭᠤᠷᠢᠨ ᠲᠡᠭᠡᠷ᠎ᠡ ᠦᠯᠡᠳᠡᠭᠰᠡᠨ ᠲᠤᠭᠤᠯ ᠢᠶᠠᠨ ᠪᠦᠬᠦᠨ ᠢ ᠵᠠᠷᠤᠴᠠᠭᠤᠯᠳᠠᠭ᠃ ᠡᠶᠢᠨᠬᠦ 6902 ᠮᠤ᠋ ᠨᠤᠳᠤᠭ ᠢᠶᠠᠨ 5 ᠬᠤᠪᠢᠶᠠᠨ ᠲᠤᠤᠷᠯᠠᠵᠦ᠂ ᠬᠠᠳᠤᠯᠠᠩ ᠤᠨ ᠪᠡᠯᠴᠢᠭᠡᠷ᠂ ᠲᠠᠯᠪᠢᠭᠠᠯ ᠪᠡᠯᠴᠢᠭᠡᠷ᠂ ᠮᠠᠯ ᠤᠨ ᠪᠠᠯᠴᠢᠭᠡᠷ ᠭᠡᠮᠡᠨ ᠵᠤᠬᠢᠰᠳᠠᠢ ᠪᠠᠷ ᠠᠰᠢᠭᠯᠠᠳᠠᠭ ᠠᠴᠠ ᠪᠠᠯᠴᠢᠭᠡᠷ ᠨᠤᠳᠤᠭ ᠨᠢ ᠰᠡᠷᠬᠦᠯᠳᠡ ᠲᠠᠢ᠂ ᠬᠠᠳᠤᠯᠠᠩ ᠤᠨ ᠨᠦᠭᠡᠴᠡ ᠲᠠᠢ ᠪᠠᠶᠢᠳᠠᠭ᠃ ᠨᠢᠳᠤᠨᠤᠨ ᠦᠪᠡᠷ ᠤᠨ ᠬᠠᠳᠤᠯᠠᠩ ᠠᠴᠠ ᠪᠠᠨ 1000 ᠭᠠᠷᠤᠢ ᠪᠤᠭᠤᠯᠳᠠ ᠡᠪᠡᠰᠦ ᠨᠦᠭᠡᠴᠡᠯᠡᠵᠦ᠂ ᠭᠠᠳᠠᠨ᠎ᠠ ᠠᠴᠠ 4000 ᠭᠠᠷᠤᠢ ᠪᠤᠭᠤᠯᠳᠠ ᠡᠪᠡᠰᠦ ᠤᠷᠤᠭᠤᠯᠤᠨ᠂ 5000 ᠺᠢᠯᠦᠭᠷᠡᠮ ᠪᠤᠷᠳᠤᠭ᠎ᠠ ᠬᠤᠳᠠᠯᠳᠤᠨ ᠠᠪᠴᠦ᠂ ᠡᠪᠤᠯ ᠤᠨ ᠪᠡᠯᠡᠳᠬᠡᠯ ᠎ ᠢᠶᠠᠨ ᠬᠦᠢᠴᠡᠳ ᠰᠠᠶᠢᠨ ᠬᠢᠵᠦ ᠠᠪᠤᠭᠰᠠᠨ ᠪᠠᠶᠢᠯ᠎ᠠ᠃ ᠡᠳᠡᠨᠡᠶᠢᠬᠢᠨ ᠶᠡᠷᠦᠨᠢ ᠦᠩᠰᠢᠭ ᠵᠢᠯ ᠤᠷᠤᠯᠭ᠎ᠠ ᠬᠦᠷᠦᠯᠴᠡᠭᠡ ᠎ ᠲᠠᠢ ᠯᠡ ᠪᠠᠶᠢᠪᠠᠯ ᠢᠯᠡᠬᠦᠬᠡᠨ ᠡᠪᠡᠰᠦ ᠨᠦᠭᠡᠴᠡᠯᠡᠵᠦ ᠠᠪᠳᠠᠭ ᠠᠴᠠ ᠡᠪᠡᠰᠦ ᠲᠤᠳᠠᠭᠳᠠᠨ᠎ᠠ ᠭᠡᠵᠦ ᠰᠠᠨᠠᠭᠠᠰᠢᠷᠠᠬᠤ ᠤᠴᠢᠷ ᠲᠤᠬᠢᠶᠠᠯᠳᠤᠳᠠᠭ ᠦᠭᠡᠢ᠃ ᠮᠠᠯ ᠰᠦᠷᠦᠭ ᠤᠨ ᠠᠷᠠᠴᠢᠯᠠᠭ᠎ᠠ ᠮᠠᠯᠵᠢᠯᠭ᠎ᠠ ᠶᠢᠨ ᠲᠠᠯ᠎ᠠ ᠪᠠᠷ ᠦᠭᠡᠷ ᠤᠨ ᠲᠠᠷ ᠬᠦᠴᠦ ᠨᠢ ᠪᠠᠭᠤᠷᠠᠬᠤ ᠠᠴᠠ ᠤᠷᠢᠳ ᠢᠯᠭᠠᠵᠦ ᠰᠠᠯᠭᠠᠵᠦ ᠲᠡᠵᠢᠭᠡᠯ ᠪᠤᠷᠳᠤᠭ᠎ᠠ ᠨᠦᠬᠦᠪᠦᠷᠢᠯᠡᠵᠦ ᠡᠬᠢᠯᠡᠳᠡᠭ︔ ᠨᠠᠮᠤᠷ ᠲᠠᠭᠠᠨ ᠦᠨ᠎ᠡ ᠬᠠᠩᠰᠢ ᠲᠤᠬᠢᠷᠠᠮᠵᠢᠳᠠᠢ ᠪᠤᠯ ᠲᠤᠭᠤᠯ ᠢᠶᠠᠨ ᠡᠷᠳᠡ ᠰᠢᠭ᠋ ᠬᠤᠳᠠᠯᠳᠤᠵᠦ᠂ ᠦᠨᠢᠶᠡᠨ ᠤ ᠲᠠᠷᠭᠤ ᠬᠦᠴᠦ ᠪᠠᠨ ᠪᠠᠳᠤᠯᠠᠳᠠᠭ︔ ᠵᠢᠯ ᠪᠦᠷᠢ 7000 ᠭᠠᠷᠤᠢ ᠮᠤ᠋ ᠲᠦᠷᠢᠶᠡᠰᠦᠯᠡᠭᠰᠡᠨ ᠨᠤᠳᠤᠭ ᠲᠡᠭᠡᠷ᠎ᠡ ᠪᠠᠨ 6 ᠰᠠᠷ᠎ᠠ ᠠᠴᠠ 10 ᠰᠠᠷ᠎ᠠ ᠬᠦᠷᠳᠡᠯ᠎ᠡ ᠦᠭᠡᠷ ᠢᠶᠠᠨ ᠪᠠᠯᠴᠢᠭᠡᠷᠯᠡᠬᠦᠯᠳᠡᠭ ᠠᠴᠠ ᠦᠪᠡᠷ ᠤᠨ ᠬᠢᠨᠢ ᠨᠤᠳᠤᠭ ᠪᠠᠯᠴᠢᠭᠡᠷ ᠎ ᠲᠡᠭᠡᠨ ᠰᠡᠷᠬᠦᠯᠳᠡ ᠶᠢᠨ ᠤᠷᠤᠨ ᠵᠠᠢ ᠲᠠᠢ᠂ ᠮᠠᠯ ᠰᠦᠷᠦᠭ ᠤᠨ ᠲᠠᠷᠭᠤ ᠬᠦᠴᠦ ᠶᠢ ᠪᠠᠳᠤᠯᠠᠨ ᠰᠡᠯᠬᠦᠬᠦ ᠪᠠᠯᠴᠢᠭᠡᠷ ᠎ ᠲᠠᠢ ᠪᠤᠯᠵᠦ ᠴᠢᠳᠠᠳᠠᠭ᠃— ᠦᠭᠡᠷ ᠭᠤᠤᠯᠳᠠᠢ ᠮᠠᠯᠵᠢᠬᠤ ᠨᠢ ᠤᠤᠯ ᠤᠨ ᠤᠯᠠᠨ ᠲᠦᠷᠦᠯ ᠤᠨ ᠮᠠᠯ ᠡᠵᠡᠩᠨᠡᠵᠦ ᠪᠠᠶᠢᠭᠰᠠᠨ ᠢ ᠪᠤᠳᠤᠪᠠᠯ ᠲᠠᠭᠠᠵᠦ ᠬᠠᠷᠢᠭᠤᠯᠬᠤ ᠴᠢᠬᠤᠯᠠ ᠦᠭᠡᠢ ᠪᠤᠯᠬᠤᠷ ᠬᠦᠳᠡᠯᠮᠤᠷᠢ ᠬᠦᠴᠦᠨ ᠳᠤ ᠠᠷᠪᠢᠳᠠᠢ᠃ ᠲᠤᠭ᠎ᠠ ᠲᠤᠯᠤᠭᠠᠢ ᠶᠢᠨ ᠲᠠᠯ᠎ᠠ ᠪᠠᠷ ᠴᠦᠬᠡᠨ ᠪᠤᠯᠬᠤᠷ ᠪᠠᠯᠴᠢᠭᠡᠷ ᠨᠤᠳᠤᠭ ᠲᠤ ᠭᠠᠮᠳᠠᠢ᠃ ᠮᠠᠩᠬᠠᠨ ᠨᠤᠳᠤᠭ ᠲᠤ ᠮᠠᠯᠵᠢᠬᠤ ᠳᠤ ᠲᠤᠬᠢᠷᠠᠮᠵᠢᠳᠠᠢ᠃ ᠤᠷᠤᠯᠭ᠎ᠠ ᠴᠦ ᠲᠤᠭᠳᠠᠪᠤᠷᠢᠳᠠᠢ ᠭᠡᠮᠡᠨ ᠮᠠᠯᠴᠢᠨ ᠨᠠᠰᠤᠨᠳᠤᠭᠳᠠᠬᠤ ᠬᠤᠨᠢ ᠪᠠᠨ ᠴᠦᠭᠡᠴᠢᠯᠡᠵᠦ ᠦᠭᠡᠷ ᠮᠠᠯᠵᠢᠭᠰᠠᠨ ᠲᠤᠬᠠᠢ ᠪᠠᠨ ᠲᠦᠬᠦᠮᠬᠡᠨ ᠠᠳᠠᠯ᠎ᠠ ᠤᠶᠢᠯᠠᠭᠠᠮᠵᠢᠳᠠᠢ ᠶᠠᠷᠢᠨ᠎ᠠ᠃ ᠶᠠᠭ ᠢᠩᠬᠢᠵᠦ ᠦᠭᠡᠷ ᠮᠠᠯᠵᠢᠨ ᠬᠦᠳᠡᠯᠮᠤᠷᠢ ᠬᠦᠴᠦᠨ ᠳᠤ ᠠᠷᠪᠢᠳᠠᠢ ᠪᠤᠯᠤᠭᠰᠠᠨ ᠠᠴᠠ ᠡᠳᠡᠨᠡᠶᠢᠬᠢᠨ ᠪᠠᠰᠠ ᠮᠠᠯᠵᠢᠬᠤ ᠦᠢᠯᠡᠳᠪᠤᠷᠢᠯᠡᠯ ᠤᠨ ᠵᠠᠪ ᠴᠢᠯᠦᠭᠡ ᠪᠠᠨ ᠠᠰᠢᠭᠯᠠᠨ ᠪᠠᠶᠢᠵᠦ᠂ ᠵᠢᠯ ᠳᠡᠭᠡᠨ ᠵᠤᠭᠠᠴᠠᠯ ᠡᠷᠬᠢᠯᠡᠬᠦ᠂ ᠴᠠᠭᠠᠨ ᠢᠳᠡᠭᠡᠨ ᠪᠤᠷᠤᠯᠠᠭᠤᠯᠬᠤ᠂ ᠦᠢᠯᠡ ᠤᠶᠤᠳᠠᠯ ᠤᠶᠤᠬᠤ ᠵᠡᠷᠭᠡ ᠪᠠᠷ 10 ᠰᠢᠬᠠᠮ ᠲᠦᠮᠡᠨ ᠲᠦᠬᠦᠷᠢᠭ ᠤᠨ ᠮᠠᠯᠵᠢᠯ ᠎ ᠤᠨ ᠪᠤᠰᠤ ᠤᠷᠤᠯᠭ᠎ᠠ ᠨᠡᠮᠡᠷᠢᠯᠡᠳᠡᠭ᠃— ᠦᠨᠦ ᠵᠢᠯ ᠵᠢᠷᠠᠭᠠᠳ ᠦᠨᠢᠶ᠎ᠡ ᠲᠤᠭᠤᠯᠯᠠᠨ᠎ᠠ᠃ ᠵᠢᠯ ᠳᠡᠭᠡᠨ ᠠᠷᠪᠠᠨ ᠭᠡᠳᠦᠨ ᠦᠨᠢᠶ᠎ᠡ ᠰᠠᠭᠠᠴᠢᠬᠠᠬᠤ ᠳᠤ ᠦᠪᠡᠷ ᠤᠨ ᠢᠳᠡᠬᠦ ᠪᠠᠨ ᠪᠠᠳᠤᠯᠠᠭᠰᠠᠨ ᠰᠠᠭᠤᠷᠢᠨ ᠲᠡᠭᠡᠷ᠎ᠡ ᠭᠠᠳᠠᠭᠰᠢ ᠪᠤᠷᠤᠯᠠᠭᠤᠯᠬᠤ ᠴᠠᠭᠠᠨ ᠢᠳᠡᠭᠡᠨ ᠴᠦ ᠬᠠᠳᠠᠭᠠᠯᠠᠭᠳᠠᠵᠦ᠂ ᠪᠤᠷᠤᠯᠠᠭᠤᠯᠤᠭᠰᠠᠨ ᠤᠷᠤᠯᠭ᠎ᠠ 3 ᠲᠦᠮᠡ ᠬᠦᠷᠳᠡᠭ᠃ ︽ᠵᠦᠭᠡᠷ ᠰᠠᠭᠤᠬᠤ ᠪᠠᠷ ᠵᠦᠯᠬᠦᠵᠦ ᠰᠠᠭᠤ︾ ᠭᠡᠳᠡᠭᠴᠢᠯᠠᠨ᠂ ᠨᠢᠳᠤᠨᠤᠨ ᠵᠠᠪ ᠴᠢᠯᠦᠭᠡ ᠪᠠᠷ ᠢᠶᠠᠨ ᠤᠶᠤᠳᠠᠯ ᠤᠶᠤᠭᠠᠳ ᠪᠠᠰᠠ 2 ᠲᠦᠮᠡ ᠭᠠᠷᠤᠢ ᠲᠦᠬᠦᠷᠢᠭ ᠤᠨ ᠤᠷᠤᠯᠭ᠎ᠠ ᠡᠬᠦᠳᠦᠭᠰᠡᠨ ᠰᠢᠤ᠃ ᠶᠡᠷᠦᠨᠢ ᠵᠢᠯ ᠤᠨ ᠤᠷᠤᠯᠭ᠎ᠠ ᠳᠠᠭᠠᠨ ᠵᠤᠬᠢᠴᠠᠭᠤᠯᠤᠨ᠂ ᠵᠠᠷᠤᠯᠭ᠎ᠠ ᠎ ᠪᠠᠨ ᠲᠤᠬᠢᠷᠠᠭᠤᠯᠳᠠᠭ ᠪᠤᠯᠬᠤᠷ ᠵᠢᠭᠡᠯᠡᠯᠭᠡ ᠭᠡᠵᠦ ᠪᠠᠶᠢᠳᠠᠭ ᠦᠭᠡᠢ ᠭᠡᠵᠦ ᠨᠠᠰᠤᠨᠳᠤᠭᠳᠠᠬᠤ ᠶᠢᠨ ᠪᠦᠰᠡᠬᠦᠢ ᠤᠯᠠᠭᠠᠨᠴᠡᠴᠡᠭ ᠤᠴᠢᠷᠯᠠᠨ᠎ᠠ᠃     ᠡᠶᠢᠮᠦᠷᠬᠦ ᠮᠠᠩᠬᠠᠨ ᠨᠤᠳᠤᠭ ᠲᠠᠭᠠᠨ ᠬᠤᠨᠢ ᠪᠠᠨ ᠴᠦᠭᠡᠴᠢᠯᠡᠵᠦ ᠦᠭᠡᠷ ᠮᠠᠯᠵᠢᠭᠠᠳ ᠠᠮᠢ ᠠᠬᠤᠢ᠂ ᠠᠵᠦ ᠠᠬᠤᠢ ᠶᠢᠨ ᠬᠤᠤᠰ ᠦᠷ᠎ᠡ ᠠᠰᠢᠭ ᠬᠦᠷᠳᠡᠵᠦ ᠶᠠᠪᠤᠭ᠎ᠠ ᠮᠠᠯᠴᠢᠳ ᠠᠪᠠᠭ᠎ᠠ ᠨᠤᠳᠤᠭ ᠤᠨ ᠬᠤᠯᠠᠨ ᠰᠢᠷᠭ᠎ᠠ ᠲᠠᠭ᠎ᠠ ᠎ ᠶᠢᠨ ᠡᠯᠡᠰᠦ ᠵᠠᠬᠠᠳᠠᠭᠰᠠᠨ ᠪᠠᠯᠭᠠᠰᠤ ᠪᠠᠷ ᠵᠠᠬ᠎ᠠ ᠠᠴᠠ ᠪᠠᠨ ᠲᠤᠭᠠᠯᠠᠭᠳᠠᠨ᠎ᠠ᠃      ᠡᠶᠢᠮᠦᠷᠬᠦ ᠪᠤᠳᠠᠳᠦ ᠪᠠᠶᠢᠳᠠᠯ ᠳᠠᠭᠠᠨ ᠬᠠᠨᠳᠤᠭᠤᠯᠤᠨ ᠬᠤᠰᠢᠭᠤ ᠨᠠᠮ ᠵᠠᠰᠠᠭ ᠠᠴᠠ ᠴᠦ ᠰᠢᠮᠧᠨ᠋ᠲ᠋ᠡᠷ ᠡᠬᠦᠯᠳᠡᠷ ᠎ ᠤᠨ ᠡᠬᠡ ᠮᠠᠯ ᠦᠷᠡᠵᠢᠬᠦᠯᠦᠨ ᠪᠤᠶᠢᠵᠢᠭᠤᠯᠬᠤ ᠰᠠᠭᠤᠷᠢᠨ ᠭᠠᠵᠠᠷ ᠪᠠᠶᠢᠭᠤᠯᠬᠤ᠂ ᠮᠠᠯᠴᠢᠳ ᠢ ᠵᠤᠬᠢᠶᠠᠨ ᠪᠠᠶᠢᠭᠤᠯᠤᠨ ᠬᠢᠷᠢᠨ᠂ ᠯᠢᠶᠤᠤᠨᠢᠩ ᠵᠡᠷᠭᠡ ᠭᠠᠵᠠᠷ ᠢᠶᠠᠷ ᠬᠦᠷᠴᠦ᠂ ᠰᠢᠯᠢᠳᠡᠭ ᠡᠬᠦᠯᠳᠡᠷ ᠤᠨ ᠮᠢᠬᠠᠨ ᠤ ᠦᠭᠡᠷ ᠲᠡᠵᠢᠭᠡᠨ ᠦᠷᠡᠵᠢᠬᠦᠯᠵᠦ ᠪᠠᠶᠢᠭ᠎ᠠ ᠪᠠᠶᠢᠳᠠᠯ ᠤᠨ ᠲᠠᠯ᠎ᠠ ᠪᠠᠷ ᠲᠤᠭᠤᠷᠢᠨ ᠰᠤᠷᠤᠯᠴᠠᠬᠤ ᠵᠡᠷᠭᠡ ᠪᠤᠳᠠᠳᠠᠢ ᠠᠷᠭ᠎ᠠ ᠬᠡᠮᠵᠢᠶ᠎ᠡ ᠠᠪᠴᠦ᠂ ᠤᠳᠤᠬᠠᠨ ᠬᠤᠯᠠᠨ ᠰᠢᠷᠭ᠎ᠠ ᠲᠠᠭ᠎ᠠ ᠶᠢᠨ ᠡᠯᠡᠰᠦᠨ ᠳᠠᠬᠢ ᠬᠤᠨᠢ ᠶᠢ ᠴᠦᠭᠡᠴᠢᠯᠡᠬᠦ ᠠᠵᠢᠯ ᠤᠨ ᠬᠡᠷᠡᠭᠵᠢᠬᠦᠯᠬᠦ ᠲᠦᠰᠦᠯ ᠲᠤᠭᠳᠠᠭᠠᠬᠤ ᠪᠠᠷ ᠲᠤᠭᠤᠶᠢᠯᠠᠩ ᠬᠤᠪᠢᠶᠠᠨ ᠮᠠᠩᠬᠠᠨ ᠨᠤᠳᠤᠭ ᠲᠠᠬᠢ ᠮᠠᠯᠵᠢᠬᠤ ᠡᠷᠦᠭᠡ ᠲᠠᠷᠠᠭᠠᠯᠠᠨ ᠬᠦᠨᠵᠡᠭᠡᠶᠢᠷᠡᠵᠦ᠂ ᠲᠡᠳᠡᠨ ᠤ ᠪᠤᠳᠤᠯ ᠰᠠᠨᠠᠯ᠂ ᠮᠠᠯ ᠰᠦᠷᠦᠭ ᠤᠨ ᠪᠦᠷᠢᠯᠳᠦᠴᠡ ᠶᠢᠨ ᠪᠠᠶᠢᠳᠠᠯ᠂ ᠰᠢᠯᠢᠳᠡᠭ ᠡᠬᠦᠯᠳᠡᠷ ᠤᠨ ᠦᠭᠡᠷ ᠤᠷᠤᠭᠤᠯᠬᠤ ᠱᠠᠭᠠᠷᠳᠠᠯᠭ᠎ᠠ ᠲᠠᠢ ᠡᠰᠡᠬᠦ ᠵᠡᠷᠭᠡ ᠲᠠᠯ᠎ᠠ ᠪᠠᠷ ᠨᠠᠷᠢᠨ ᠨᠢᠮᠪᠠᠢ  ᠪᠠᠶᠢᠴᠠᠭᠠᠯᠳᠠ ᠬᠢᠵᠦ ᠶᠠᠪᠤᠨ᠎ᠠ᠃     ᠠᠷᠠᠳ ᠮᠠᠯᠴᠢᠳ ᠤᠨ ᠮᠠᠯᠵᠢᠬᠤ ᠦᠢᠯᠡᠳᠪᠤᠷᠢᠯᠡᠯ ᠳᠡᠭᠡᠨ ᠠᠪᠤᠭᠰᠠᠨ ᠰᠤᠩᠭᠤᠯᠳᠠ ᠲᠤᠷᠰᠢᠴᠡ᠂ ᠨᠠᠮ ᠵᠠᠰᠠᠭ ᠎ ᠤᠨ ᠲᠡᠮᠵᠢᠯᠭᠡ ᠲᠤᠤᠷ᠎ᠠ ᠮᠠᠩᠬᠠᠨ ᠨᠤᠳᠤᠭ ᠲᠤ ︽ᠬᠤᠨᠢ ᠶᠢ ᠴᠦᠭᠡᠴᠢᠯᠡᠵᠦ ᠦᠭᠡᠷ ᠢ ᠨᠡᠮᠡᠭᠳᠡᠬᠦᠯᠬᠦ︾ ᠪᠠᠶᠢᠯᠳᠤᠬᠤ ᠪᠤᠳᠤᠯᠭ᠎ᠠ ᠨᠡᠩ ᠠᠮᠵᠢᠯᠳᠠ ᠲᠡᠬᠦᠯᠳᠡᠷ ᠶᠠᠪᠤᠭᠳᠠᠬᠤ ᠨᠢ ᠯᠠᠪᠳᠠᠢ᠃
 
ᠢᠷᠡᠯᠲᠡ᠄ ᠪᠤ · ᠲᠤᠶᠠᠭ᠎ᠠ ︵ᠠᠪᠠᠭ᠎ᠠ ᠬᠤᠰᠢᠭᠤᠨ ᠤ ᠣᠬᠠᠭᠤᠯᠬᠤ ᠬᠡᠯᠳᠡᠰ︶
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号