2012 ᠤᠨ ᠤ ᠵᠠᠰᠠᠭ ᠤᠨ ᠤᠷᠳᠤᠨ ᠤ ᠠᠵᠢᠯ ᠤᠨ ᠢᠯᠡᠳᠬᠡᠯ
ᠨᠡᠶᠢᠲᠡᠯᠡᠭᠰᠡᠨ ᠴᠠᠭ᠄
2017/5/18
                    ᠵᠠᠰᠠᠭ ᠤᠨ ᠤᠷᠳᠤᠨ ᠤ ᠠᠵᠢᠯ ᠤᠨ ᠢᠯᠡᠳᠬᠡᠯ                   2012 ᠤᠨ ᠤ 3 ᠰᠠᠷ᠎ᠠ ᠶᠢᠨ 7 ᠤ ᠡᠳᠤᠷ ᠠᠪᠠᠭ᠎ᠠ ᠬᠤᠰᠢᠭᠤᠨ ᠤ                   ᠠᠷᠪᠠᠨ ᠭᠤᠷᠪᠡᠳᠤᠭᠠᠷ ᠬᠤᠭᠤᠴᠠᠭᠠᠨ ᠤ ᠠᠷᠡᠳ ᠤᠨ ᠲᠦᠯᠤᠬᠡᠯᠡᠭᠴᠢᠳ ᠤᠨ                    ᠶᠡᠭᠡ ᠬᠤᠷᠡᠯ ᠤᠨ ᠵᠢᠷᠭᠤᠳᠤᠭᠠᠷ ᠤᠳᠠᠭᠠᠨ ᠤ ᠬᠤᠷᠡᠯ ᠲᠡᠬᠡᠷᠡᠬᠢ ᠶᠠᠷᠢᠶ᠎ᠠ                   ᠵᠠᠰᠠᠭ ᠤᠨ ᠤᠷᠳᠤᠨ ᠤ ᠬᠤᠰᠢᠭᠤ ᠲᠠᠷᠤᠭ᠎ᠠ      ᠪᠤ ᠰᠤᠶᠤᠯᠳᠤ ᠲᠦᠯᠤᠬᠡᠯᠡᠭᠴᠢᠳ ᠡ᠄ ᠤᠳᠤ ᠪᠢ ᠠᠪᠠᠭ᠎ᠠ ᠬᠤᠰᠢᠭᠤᠨ ᠤ ᠠᠷᠡᠳ ᠤᠨ ᠵᠠᠰᠠᠭ ᠤᠨ ᠤᠷᠳᠤᠨ ᠢ ᠲᠦᠯᠤᠬᠡᠯᠡᠵᠤ᠂ ᠶᠡᠭᠡ ᠬᠤᠷᠡᠯ ᠳᠤ ᠠᠵᠢᠯ ᠤᠨ ᠢᠯᠡᠳᠬᠡᠯ ᠬᠢᠶ᠎ᠠ᠃ ᠬᠢᠨᠡᠨ ᠵᠦᠪᠯᠡᠬᠦ ᠪᠤᠯᠪᠠᠤ︕ ᠬᠤᠰᠢᠭᠤ ᠤᠯᠤᠰ ᠲᠦᠷᠥ ᠶᠢᠨ ᠵᠦᠪᠯᠡᠯᠬᠡᠨ ᠤ ᠬᠡᠰᠢᠬᠦᠳ ᠪᠠ ᠬᠤᠷᠡᠯ ᠳᠤ ᠰᠤᠯᠨ ᠤᠷᠤᠯᠴᠠᠭᠰᠡᠤᠨ ᠰᠠᠨᠠᠯ ᠲᠤᠷᠡᠳᠬᠤ ᠶᠢ ᠬᠦᠰᠠᠶ᠎ᠠ᠃ ᠨᠢᠬᠡ᠂ 2011 ᠤᠨ ᠤ ᠵᠠᠰᠠᠭ ᠤᠨ ᠤᠷᠳᠤᠨ ᠤ ᠠᠵᠢᠯ ᠤᠨ ᠡᠷᠬᠢᠴᠡᠬᠦᠯᠦᠯ      2011 ᠣᠨ ᠪᠣᠯ ︽ᠠᠷᠪᠠᠨ ᠬᠤᠶᠠᠳᠣᠭᠠᠷ ᠲᠠᠪᠣᠨ ᠵᠢᠯ︾ ᠤᠨ ᠲᠦᠯᠦᠪᠵᠢᠬᠦᠯᠬᠡ ᠶᠢ ᠬᠡᠷᠡᠭᠵᠢᠬᠦᠯᠦᠭᠰᠡᠨ ᠡᠬᠢᠨ ᠤ ᠵᠢᠯ ᠪᠣᠯᠣᠨ᠎ᠠ᠂ ᠮᠦᠨᠴᠣ ᠮᠠᠨ ᠤ ᠬᠤᠰᠢᠭᠤᠨ ᠤ ᠪᠦᠳᠦᠬᠡᠨ ᠪᠠᠶᠢᠭᠤᠯᠣᠯᠳᠠ ᠬᠦᠭᠵᠢᠯᠳᠠ ᠶᠢᠨ  ᠶᠠᠪᠣᠴᠨ  ᠳᠠᠬᠢ ᠡᠬᠦᠷᠬᠡ ᠬᠠᠮᠤᠭ ᠠᠴᠠ ᠬᠦᠨᠳᠣ᠂ ᠬᠦᠴᠢᠷᠳᠠᠯ ᠬᠠᠮᠤᠭ ᠠᠴᠠ ᠠᠷᠪᠢᠨ᠂ ᠬᠠᠮᠤᠭ ᠠᠴᠠ ᠬᠠᠳᠠᠭᠤ ᠰᠢᠯᠭᠠᠯᠳᠠ  ᠶᠢ ᠦᠩᠬᠡᠷᠡᠬᠡᠭᠰᠡᠨ ᠨᠢᠬᠡ ᠵᠢᠯ  ᠪᠤᠯᠬᠤ ᠶᠤᠮ᠃ ᠨᠢᠬᠡ ᠵᠢᠯ ᠤᠨ ᠲᠤᠷᠰᠢ᠂ ᠬᠤᠰᠢᠭᠤ ᠨᠠᠮ ᠤᠨ ᠬᠤᠷᠢᠶᠠᠨ ᠤ ᠵᠦᠪ ᠣᠨᠣᠪᠴᠢᠳᠠᠢ ᠣᠳᠣᠷᠢᠳᠣᠯᠭ᠎ᠠ᠂ ᠬᠤᠰᠢᠭᠤ ᠠᠷᠡᠳ ᠤᠨ ᠲᠦᠯᠤᠬᠡᠯᠡᠭᠴᠢᠳ ᠤᠨ ᠶᠡᠭᠡ ᠬᠤᠷᠡᠯ ᠤᠨ ᠬᠢᠨᠡᠯᠳᠠ ᠪᠠ ᠤᠯᠤᠰ ᠲᠦᠷᠥ ᠶᠢᠨ ᠵᠦᠪᠯᠡᠯᠬᠡᠨ ᠤ ᠲᠠᠮᠵᠢᠯᠬᠡ ᠲᠣᠣᠷ᠎ᠠ ᠬᠤᠰᠢᠭᠤ ᠲᠠᠶᠠᠭᠠᠷ ᠢᠶᠠᠨ ᠰᠢᠨᠵᠢᠯᠡᠬᠦ ᠣᠬᠠᠭᠠᠨᠴᠢ ᠬᠦᠭᠵᠢᠯᠳᠠ ᠶᠢᠨ ᠦᠵᠠᠯᠳᠠ ᠶᠢ ᠬᠦᠨᠵᠡᠬᠡᠢ ᠲᠣᠣᠱᠯᠠᠭᠤᠯᠣᠨ ᠨᠠᠶᠢᠳᠠᠪᠣᠷᠢᠵᠢᠭᠤᠯᠵᠣ᠂ ᠪᠣᠳᠣᠯᠢᠶᠠᠨᠳᠠᠢ ᠠᠰᠠᠭᠤᠳᠠᠯ  ᠤᠳ ᠢ ᠢᠳᠡᠪᠬᠢᠳᠠᠢ ᠰᠢᠢᠳᠪᠣᠷᠢᠯᠠᠨ᠂ ᠠᠵᠣ ᠠᠬᠤᠢ ᠨᠡᠶᠢᠬᠡᠮ ᠤᠨ ᠲᠣᠭᠳᠠᠭᠤᠨ ᠪᠦᠬᠡᠳ ᠨᠠᠯᠢᠶᠠᠳ ᠲᠦᠷᠬᠡᠨ ᠬᠦᠭᠵᠢᠯᠳᠠ ᠶᠢ ᠪᠦᠬᠦ ᠬᠦᠴᠣᠨ ᠢᠶᠠᠷ ᠢᠶᠠᠨ ᠠᠬᠢᠭᠤᠯᠣᠭᠰᠠᠨ ᠪᠠᠶᠢᠨ᠎ᠠ᠃ ᠪᠦᠬᠦ ᠵᠢᠯ ᠤᠨ ᠭᠠᠵᠠᠷ ᠣᠷᠣᠨ ᠤ ᠦᠢᠯᠡᠳᠪᠣᠷᠢᠯᠠᠯ ᠤᠨ ᠶᠠᠷᠦᠩᠬᠡᠢ ᠦᠷᠳᠡᠭ ᠢ 39.6 ᠳ᠋ᠦᠩᠰᠢᠭᠤᠷ ᠲᠦᠬᠦᠷᠢᠭ ᠲᠤ ᠬᠦᠷᠬᠡᠵᠤ᠂ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ ᠪᠠᠨ 3.6% ᠪᠠᠷ ᠨᠡᠮᠡᠭᠳᠡᠬᠦᠯᠦᠭᠰᠡᠨ ᠪᠠᠶᠢᠨ᠎ᠠ᠃ ᠡᠬᠦᠨ ᠳᠤ ᠨᠢᠬᠡᠳᠣᠬᠡᠷ ᠠᠵᠣ ᠦᠢᠯᠡᠰ ᠤᠨ ᠨᠡᠮᠡᠭᠳᠠᠯ ᠦᠷᠳᠡᠭ   ᠢ 5.3 ᠳ᠋ᠦᠩᠰᠢᠭᠤᠷ ᠲᠦᠬᠦᠷᠢᠭ ᠲᠤ ᠬᠦᠷᠬᠡᠵᠤ᠂ 5.7% ᠪᠠᠷ ᠨᠡᠮᠡᠭᠳᠡᠬᠦᠯᠪᠡ︔ ᠬᠤᠶᠠᠳᠣᠭᠠᠷ ᠠᠵᠣ ᠦᠢᠯᠡᠰ ᠤᠨ ᠨᠡᠮᠡᠭᠳᠠᠯ ᠦᠷᠳᠡᠭ ᠢ 28.3 ᠳ᠋ᠦᠩᠰᠢᠭᠤᠷ ᠲᠦᠬᠦᠷᠢᠭ ᠲᠤ ᠬᠦᠷᠬᠡᠵᠤ᠂ 1.5% ᠪᠠᠷ ᠨᠡᠮᠡᠭᠳᠡᠬᠦᠯᠵᠤ᠂ ᠡᠬᠦᠨ ᠳᠤ ᠠᠵᠣ ᠦᠢᠯᠡᠳᠪᠣᠷᠢ ᠶᠢᠨ ᠨᠡᠮᠡᠭᠳᠠᠯ ᠦᠷᠳᠡᠭ   ᠢ 25.2ᠳ᠋ᠦᠩᠰᠢᠭᠤᠷ ᠲᠦᠬᠦᠷᠢᠭ ᠲᠤ ᠬᠦᠷᠬᠡᠵᠤ᠂ 13.1% ᠪᠠᠷ ᠨᠡᠮᠡᠭᠳᠡᠬᠦᠯᠪᠠ︔ ᠭᠤᠷᠪᠠᠳᠣᠭᠠᠷ ᠠᠵᠣ ᠦᠢᠯᠡᠰ ᠤᠨ ᠨᠡᠮᠡᠭᠳᠠᠯ ᠦᠷᠳᠡᠭ ᠢ 6.0 ᠳ᠋ᠦᠩᠰᠢᠭᠤᠷ ᠲᠦᠬᠦᠷᠢᠭ ᠲᠤ  ᠬᠦᠷᠬᠡᠵᠤ᠂ 12.3 % ᠪᠠᠷ ᠨᠡᠮᠡᠭᠳᠡᠬᠦᠯᠤᠨ᠂ ᠭᠤᠷᠪᠠᠨ ᠠᠵᠣ ᠦᠢᠯᠡᠰ ᠤᠨ ᠬᠠᠷᠢᠴᠠᠯ ᠢ 13᠄ 72᠄ 15  ᠪᠤᠯᠭᠠᠵᠠᠢ᠃ ᠲᠣᠭᠳᠠᠮᠠᠯ ᠬᠦᠷᠣᠩᠬᠡ ᠶᠢᠨ ᠪᠡᠯᠨ ᠣᠷᠣᠭᠤᠯᠣᠯᠳᠠ 35 ᠳ᠋ᠦᠩᠰᠢᠭᠤᠷ ᠲᠦᠬᠦᠷᠢᠭ  ᠪᠤᠯᠵᠤ᠂ 30.1%   ᠪᠠᠷ ᠪᠠᠭᠤᠷᠠᠪᠠ᠃ ᠨᠠᠶᠢᠬᠡᠮ ᠤᠨ ᠬᠡᠷᠡᠭᠯᠡᠬᠡᠨ ᠤ ᠪᠤᠳᠠᠰ ᠢ ᠵᠢᠵᠢᠭᠯᠡᠨ ᠪᠤᠷᠤᠯᠠᠭᠤᠯᠤᠭᠰᠡᠨ ᠬᠡᠮᠵᠢᠶ᠎ᠠ ᠶᠢ 6.5 ᠳ᠋ᠦᠩᠰᠢᠭᠤᠷ ᠲᠦᠬᠦᠷᠢᠭ ᠲᠤ ᠬᠦᠷᠬᠡᠵᠤ᠂ 17.9% ᠪᠠᠷ ᠨᠡᠮᠡᠭᠳᠡᠬᠦᠯᠪᠠ᠃ ᠡᠳ᠋ ᠤᠨ ᠵᠠᠰᠠᠭ ᠤᠨ ᠶᠠᠷᠣᠩᠬᠡᠢ ᠣᠷᠣᠯᠭ᠎ᠠ ᠨᠢ 2.07 ᠳ᠋ᠦᠩᠰᠢᠭᠤᠷ ᠲᠦᠬᠦᠷᠢᠭ ᠪᠤᠯᠵᠤ᠂ 20.6 % ᠪᠠᠷ ᠪᠠᠭᠤᠷᠠᠪᠠ᠃ ᠬᠤᠳᠠ ᠪᠠᠯᠭᠠᠰᠣᠨ ᠤ ᠰᠠᠭᠤᠭᠠᠯᠢ ᠠᠷᠠᠳ ᠤᠨ ᠲᠤᠮᠳᠠᠴᠢ ᠲᠣᠬᠢᠷᠠᠭᠤᠯᠵᠣ ᠪᠣᠯᠬᠤᠶᠢᠴᠨ ᠣᠷᠣᠯᠭ᠎ᠠ ᠨᠢ 17700 ᠲᠦᠬᠦᠷᠢᠭ ᠲᠤ ᠬᠦᠷᠴᠣ᠂ 14.4 % ᠪᠠᠷ ᠨᠡᠮᠡᠭᠳᠠᠨ᠂ ᠮᠠᠯᠴᠢᠳ ᠤᠨ ᠲᠣᠮᠳᠠᠴᠢ ᠴᠡᠪᠡᠷ ᠣᠷᠣᠯᠭ᠎ᠠ ᠨᠢ 11923 ᠲᠦᠬᠦᠷᠢᠭ ᠲᠤ ᠬᠦᠷᠴᠣ᠂ 30% ᠪᠠᠷ ᠨᠡᠮᠡᠭᠳᠠᠪᠠ᠃ ᠮᠠᠨ ᠤ ᠠᠶᠢᠮᠠᠭ ᠤᠨ ᠬᠤᠶᠠᠷ ᠣᠳᠠᠭᠠᠨ ᠤ ᠡᠷᠡᠬᠦᠦ ᠶᠢᠨ ᠬᠡᠷᠡᠭ ᠪᠠ ᠨᠠᠯᠢᠶᠠᠳ ᠣᠷᠳᠣ ᠬᠤᠭᠤᠴᠠᠭᠠᠨ ᠤ ᠠᠭᠤᠷᠬᠠᠢ ᠶᠢᠨ ᠵᠠᠰᠠᠨ ᠴᠡᠭᠴᠡᠯᠡᠯᠳᠠ ᠶᠢᠨ ᠨᠦᠯᠦᠬᠡᠯᠡᠯ ᠢᠶᠠᠷ ᠪᠦᠬᠦ ᠬᠤᠰᠢᠭᠤᠨ ᠤ ᠠᠵᠣ ᠠᠬᠤᠢ ᠶᠢᠨ ᠨᠡᠮᠡᠭᠳᠠᠯ ᠤᠨ ᠬᠤᠷᠳᠣᠴᠨ ᠣᠳᠠᠭᠠᠰᠢᠷᠠᠭᠰᠠᠨ ᠠᠴᠠ ᠲᠣᠭᠳᠠᠮᠠᠯ ᠬᠦᠷᠦᠩᠬᠡ ᠶᠢᠨ ᠪᠡᠯᠨ ᠣᠷᠣᠭᠤᠯᠣᠯᠳᠠ ᠪᠠ ᠡᠳ᠋ ᠤᠨ ᠵᠠᠰᠠᠭ ᠤᠨ ᠣᠷᠣᠯᠭ᠎ᠠ  ᠨᠢ ᠰᠦᠬᠡᠷᠬᠦ ᠨᠡᠮᠡᠭᠳᠠᠯ ᠲᠠᠢ ᠪᠣᠯᠣᠭᠰᠠᠨ ᠪᠠᠶᠢᠨ᠎ᠠ᠃ᠦᠩᠬᠡᠷᠡᠭᠰᠡᠨ ᠨᠢᠬᠡ ᠵᠢᠯ ᠳᠤ ᠪᠢᠳᠠ ᠲᠣᠣᠷᠠᠬᠢ ᠬᠡᠳᠣᠨ ᠲᠠᠯ᠎ᠠ ᠶᠢᠨ ᠠᠵᠢᠯ ᠢ ᠭᠤᠣᠯᠳᠠᠯᠭ᠎ᠠ ᠲᠠᠢ ᠠᠳᠬᠤᠭᠰᠠᠨ ᠪᠠᠶᠢᠨ᠎ᠠ᠄︵ᠨᠢᠬᠡ︶ ᠮᠠᠯ ᠠᠵᠣ ᠠᠬᠤᠢ ᠶᠢᠨ ᠣᠳᠣᠬᠢᠴᠢᠯᠠᠯᠳᠠ ᠶᠢᠨ ᠠᠬᠢᠴᠨ ᠶᠢ ᠯᠠᠪᠳᠠᠭᠤᠨ ᠪᠠᠳᠣᠳᠠᠢ ᠲᠦᠯᠬᠢᠨ ᠠᠬᠢᠭᠤᠯᠪᠠ᠃ ᠠᠯᠣᠰ ᠢ ᠪᠣᠳᠣᠯᠬᠢᠯᠠᠵᠣ᠂ ᠲᠠᠯ᠎ᠠ ᠨᠣᠳᠤᠭ ᠤᠨ ᠠᠮᠢ ᠠᠬᠤᠢ ᠶᠢ ᠰᠠᠷᠬᠦᠬᠡᠨ ᠬᠠᠮᠠᠭᠠᠯᠠᠬᠤ ᠠᠵᠢᠯ ᠤᠨ ᠡᠷᠴᠢᠮ ᠢ ᠦᠨᠡᠨᠬᠦ ᠴᠢᠩᠭᠠᠷᠠᠭᠤᠯᠪᠠ᠃ ᠲᠠᠯ᠎ᠠ ᠨᠣᠳᠤᠭ ᠤᠨ ᠠᠮᠢ ᠠᠬᠤᠢ ᠶᠢ ᠬᠠᠮᠠᠭᠠᠯᠠᠬᠤ ᠱᠠᠩᠨᠠᠯ ᠨᠦᠬᠦᠪᠣᠷᠢ ᠶᠢᠨ ᠵᠤᠬᠢᠴᠠᠮᠵᠢ ᠶᠢᠨ ᠲᠦᠷᠦ ᠶᠢᠨ ᠪᠣᠳᠣᠯᠭ᠎ᠠ ᠶᠢᠨ ᠶᠣᠰᠣᠭᠠᠷ ᠨᠠᠶᠢᠳᠠ  9702 ᠲᠦᠮᠡᠨ ᠲᠦᠬᠦᠷᠢᠭ ᠵᠠᠷᠤᠴᠠᠭᠤᠯᠵᠤ᠂ 10 ᠭᠠᠴᠠᠭᠠᠨ ᠤ 416 ᠲᠦᠮᠡᠨ ᠮᠣ᠋ ᠪᠠᠯᠴᠢᠬᠡᠷ ᠲᠤ ᠪᠡᠯᠴᠢᠬᠡᠷᠯᠡᠬᠦᠯᠬᠦ ᠶᠢ ᠵᠣᠭᠰᠣᠭᠠᠨ᠂ 61 ᠭᠠᠴᠠᠭᠠᠨ ᠤ 3709 ᠲᠦᠮᠡᠨ ᠮᠣ᠋ ᠪᠠᠯᠴᠢᠬᠡᠷ ᠲᠤ ᠮᠠᠯ ᠪᠡᠯᠴᠢᠬᠡᠷ ᠤᠨ ᠲᠠᠩᠴᠠᠬᠦᠷᠢ   ᠶᠢ ᠪᠠᠶᠠᠯᠠᠬᠦᠯᠪᠠ᠃ ᠲᠠᠯ᠎ᠠ ᠨᠣᠳᠤᠭ ᠤᠨ ᠠᠮᠢ ᠠᠬᠤᠢ ᠶᠢ ᠬᠠᠮᠠᠭᠠᠯᠠᠬᠤ ᠱᠠᠩᠨᠠᠯ ᠨᠦᠬᠦᠪᠣᠷᠢ ᠶᠢᠨ ᠵᠣᠬᠢᠴᠠᠮᠵᠢ ᠶᠢᠨ ᠲᠦᠷᠦ ᠶᠢᠨ ᠪᠣᠳᠣᠯᠭ᠎ᠠ ᠶᠢ ᠬᠡᠷᠡᠭᠵᠢᠬᠦᠯᠬᠦ  ᠪᠠᠷ ᠲᠠᠮᠵᠢᠨ ᠪᠦᠬᠦ ᠬᠤᠰᠢᠭᠤᠨ ᠤ 2011 ᠣᠨ ᠤ ᠮᠠᠯᠵᠢᠯ ᠤᠨ ᠣᠨ ᠤ ᠪᠠᠯᠴᠢᠬᠡᠷᠯᠡᠬᠦᠯᠦᠨ ᠮᠠᠯᠵᠢᠬᠤ ᠮᠠᠯ ᠤᠨ ᠲᠤᠭ᠎ᠠ ᠲᠣᠯᠣᠭᠠᠢ ᠶᠢ 149.4 ᠲᠦᠮᠡᠨ ᠲᠣᠯᠣᠭᠠᠢ ᠪᠣᠯᠭᠠᠨ ᠴᠦᠬᠡᠳᠬᠡᠪᠠ᠃ ᠪᠠᠷᠢᠮᠵᠢᠶᠠᠵᠢᠭᠰᠠᠨ ᠲᠣᠭᠤᠷᠢᠭ ᠬᠤᠪᠢᠶᠠᠨ ᠰᠡᠯᠬᠦᠨ ᠮᠠᠯᠵᠢᠭᠰᠠᠨ ᠲᠠᠯᠠᠪᠠᠢ ᠶᠢ ᠰᠢᠨ᠎ᠠ ᠪᠠᠷ 80 ᠲᠦᠮᠠᠨ ᠮᠣ᠋ ᠨᠡᠮᠡᠭᠳᠡᠬᠦᠯᠦᠨ᠂ ᠨᠠᠶᠢᠳᠠ 706 ᠲᠦᠮᠡᠨ ᠮᠣ᠋ ᠳᠤ ᠬᠦᠷᠬᠡᠵᠤ᠂ ᠠᠰᠢᠭᠯᠠᠵᠣ ᠪᠣᠯᠬᠤᠶᠢᠴᠨ ᠨᠣᠳᠤᠭ ᠪᠠᠯᠴᠢᠬᠡᠷ ᠤᠨ ᠶᠠᠷᠣᠩᠬᠡᠢ ᠲᠠᠯᠠᠪᠠᠢ ᠶᠢᠨ 17.4 % ᠶᠢ ᠡᠵᠡᠯᠡᠪᠠ᠃ ᠠᠮᠢ ᠠᠬᠤᠢ ᠶᠢᠨ ᠲᠦᠷᠦᠯ ᠵᠦᠢᠯ ᠢ ᠨᠢᠬᠡᠳᠣᠯᠳᠠᠢ ᠲᠦᠯᠦᠪᠵᠢᠬᠦᠯᠦᠨ ᠲᠣᠬᠢᠷᠠᠭᠤᠯᠵᠣ᠂ ᠵᠢᠯ  ᠳᠤ 3515 ᠲᠦᠮᠡᠨ ᠲᠦᠬᠦᠷᠢᠭ ᠤᠨ ᠪᠡᠯᠨ ᠣᠷᠣᠭᠤᠯᠵᠣ᠂ 44 ᠲᠦᠮᠡᠨ ᠮᠣ᠋ ᠪᠠᠯᠴᠢᠬᠡᠷ ᠢ ᠰᠡᠷᠬᠦᠬᠡᠪᠠ᠃ ᠮᠠᠯᠵᠢᠬᠤ ᠣᠷᠣᠨ ᠤ ᠬᠦᠮᠦᠨ ᠠᠮᠨ ᠶᠢ ᠨᠡᠬᠦᠯᠬᠡᠬᠦ ᠠᠵᠢᠯ ᠢ ᠯᠠᠪᠳᠠᠭᠤᠨ ᠪᠠᠳᠣᠳᠠᠢ ᠪᠠᠷ ᠶᠠᠪᠣᠭᠳᠠᠭᠤᠯᠵᠣ᠂ ᠣᠯᠣᠰ  ᠤᠨ ᠱᠠᠩᠨᠠᠯ ᠨᠦᠬᠦᠪᠣᠷᠢ ᠶᠢᠨ ᠲᠦᠷᠦ ᠶᠢᠨ ᠪᠣᠳᠣᠯᠭ᠎ᠠ᠂ ᠬᠢᠯᠢ ᠬᠢᠵᠠᠭᠠᠷ ᠣᠷᠣᠨ ᠤ ᠠᠮᠢ ᠠᠬᠤᠢ ᠶᠢᠨ ᠨᠡᠬᠦᠳᠠᠯ ᠠᠷᠠᠳ ᠤᠨ ᠤᠷᠤᠨ ᠰᠠᠭᠤᠴᠠ ᠶᠢᠨ ᠲᠦᠷᠦᠯ ᠵᠦᠢᠯ ᠪᠠ ᠬᠤᠳᠠ ᠪᠠᠯᠭᠠᠰᠤᠵᠢᠯᠳᠠ ᠶᠢ ᠬᠦᠨᠵᠡᠬᠡᠢ ᠲᠦᠯᠬᠢᠨ ᠠᠬᠢᠭᠤᠯᠬᠤ ᠠᠵᠢᠯ ᠲᠠᠢ ᠣᠶᠠᠯᠳᠣᠭᠤᠯᠣᠨ᠂ ᠮᠠᠯᠵᠢᠬᠤ ᠣᠷᠣᠨ ᠤ ᠬᠦᠮᠦᠨ ᠠᠮᠨ ᠶᠢ ᠨᠡᠬᠦᠯᠬᠡᠨ ᠰᠢᠯᠵᠢᠬᠦᠯᠵᠣ ᠬᠤᠳᠠ ᠣᠷᠣᠭᠤᠯᠬᠤ ᠶᠢ ᠵᠢᠯᠣᠭᠤᠳᠣᠨ ᠲᠠᠮᠵᠢᠬᠦ ᠲᠦᠷᠦ ᠶᠢᠨ ᠪᠣᠳᠣᠯᠭ᠎ᠠ ᠤᠳ ᠢ ᠣᠯᠠᠮ ᠴᠢᠨᠠᠭᠰᠢᠳᠠ ᠪᠦᠷᠢᠨᠰᠢᠬᠦᠯᠦᠨ᠂ ᠪᠦᠬᠦ ᠵᠢᠯ ᠳᠤ ᠮᠠᠯᠵᠢᠬᠤ ᠣᠷᠣᠨ ᠤ 1010 ᠬᠦᠮᠦᠨ ᠠᠮᠨ ᠶᠢ ᠨᠡᠬᠦᠯᠬᠡᠨ ᠰᠢᠯᠵᠢᠬᠦᠯᠵᠣ᠂ ᠡᠬᠦᠨ ᠳᠤ ᠬᠤᠳᠠ ᠳᠤ ᠰᠠᠭᠤᠷᠢᠰᠢᠭᠰᠡᠨ ᠨᠢ 300 ᠬᠦᠮᠦᠨ ᠳᠤ ᠬᠦᠷᠪᠠ᠃ ᠮᠠᠯᠴᠢᠳ ᠤᠨ ᠣᠷᠣᠯᠭ᠎ᠠ ᠶᠢ ᠨᠡᠮᠡᠭᠳᠡᠬᠦᠯᠬᠦ ᠪᠠᠷ ᠵᠤᠷᠢᠯᠭ᠎ᠠ ᠪᠤᠯᠭᠠᠨ ᠮᠠᠯ ᠠᠵᠣ ᠠᠬᠤᠢ ᠶᠢᠨ ᠠᠵᠣ ᠦᠢᠯᠡᠰᠵᠢᠯᠳᠠ ᠶᠢ ᠯᠠᠪᠳᠠᠭᠤᠨ ᠢᠶᠠᠷ ᠠᠬᠢᠭᠤᠯᠪᠠ᠃ ᠮᠠᠯ ᠠᠵᠣ ᠠᠬᠤᠢ ᠶᠢᠨ ᠪᠦᠳᠣᠴᠨ ᠶᠢᠨ ᠲᠣᠬᠢᠷᠠᠭᠤᠯᠣᠯᠳᠠ ᠶᠢᠨ ᠠᠵᠢᠯ ᠤᠨ ᠠᠯᠬᠤᠴᠨ ᠶᠢ ᠲᠦᠷᠬᠡᠳᠬᠡᠨ᠂  ᠮᠠᠯ ᠤᠨ ᠡᠬᠦᠯᠳᠡᠷ ᠢ ᠰᠠᠶᠢᠵᠢᠷᠠᠭᠤᠯᠬᠤ ᠢᠡᠵᠧᠨᠧᠷᠢᠩ ᠢ ᠭᠤᠤᠯᠳᠠᠯᠭ᠎ᠠ ᠲᠠᠢ ᠠᠳᠬᠤᠵᠤ᠂ ᠪᠦᠬᠦ ᠬᠤᠰᠢᠭᠤᠨ ᠤ ᠮᠠᠯ ᠤᠨ ᠡᠬᠦᠯᠳᠠᠷ ᠰᠠᠶᠢᠵᠢᠷᠠᠭᠤᠯᠣᠭᠰᠠᠨ ᠬᠠᠷᠢᠴᠠᠯ 97.7 % ᠳᠤ ᠬᠦᠷᠴᠣ᠂ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ ᠪᠠᠨ 0.7 ᠵᠠᠭᠤᠨ ᠤ ᠬᠤᠪᠢ ᠪᠠᠷ ᠨᠡᠮᠡᠭᠳᠡᠬᠦᠯᠦᠭᠰᠡᠨ ᠪᠠᠶᠢᠨ᠎ᠠ᠃ ᠪᠣᠷᠳᠣᠨ ᠲᠠᠷᠭᠤᠯᠠᠭᠤᠯᠬᠤ ᠦᠢᠯᠡᠰ ᠢ ᠢᠳᠡᠪᠬᠢᠳᠡᠢ ᠬᠦᠭᠵᠢᠬᠦᠯᠵᠤ᠂ 2 ᠭᠠᠴᠠᠭ᠎ᠠ ᠶᠢ ᠲᠣᠰᠬᠠᠢ ᠦᠬᠡᠷ ᠮᠠᠯᠵᠢᠬᠤ ᠭᠠᠴᠠᠭ᠎ᠠ᠂ 4 ᠭᠠᠴᠠᠭ᠎ᠠ ᠶᠢ ᠲᠣᠰᠬᠠᠢ ᠬᠤᠨᠢ ᠮᠠᠯᠵᠢᠬᠤ ᠭᠠᠴᠠᠭ᠎ᠠ ᠪᠠᠷ ᠰᠢᠨ᠎ᠠ ᠪᠠᠷ ᠲᠣᠭᠳᠠᠭᠠᠨ᠂ 100 ᠡᠷᠤᠬᠡ ᠶᠢ ᠲᠤᠰᠬᠠᠢ ᠮᠢᠬᠠᠨ ᠤ ᠦᠬᠡᠷ ᠲᠠᠵᠢᠬᠡᠵᠣ ᠠᠷᠠᠴᠢᠯᠠᠬᠤ ᠡᠷᠣᠬᠡ᠂ 200 ᠡᠷᠤᠬᠡ ᠶᠢ ᠲᠤᠰᠬᠠᠢ ᠮᠢᠬᠠᠨ ᠤ ᠬᠤᠨᠢ ᠲᠠᠵᠢᠬᠡᠵᠣ ᠠᠷᠠᠴᠢᠯᠠᠬᠤ ᠡᠷᠤᠬᠡ ᠪᠠᠷ ᠲᠤᠭᠳᠠᠭᠠᠵᠤ᠂ ᠪᠦᠬᠦ ᠵᠢᠯ ᠳᠤ 1800 ᠲᠣᠯᠣᠭᠠᠢ ᠮᠢᠬᠠᠨ ᠤ ᠦᠬᠡᠷ ᠪᠠ 7350 ᠲᠣᠯᠣᠭᠠᠢ ᠬᠤᠷᠠᠭ᠎ᠠ ᠶᠢ ᠪᠣᠷᠳᠣᠨ ᠲᠠᠷᠭᠤᠯᠠᠭᠤᠯᠵᠣ᠂ 216 ᠲᠦᠮᠡᠨ ᠲᠦᠬᠦᠷᠢᠭ ᠤᠨ ᠤᠷᠤᠯᠭ᠎ᠠ ᠡᠬᠦᠳᠤᠨ᠂ 77.2 ᠲᠦᠮᠡᠨ ᠲᠣᠯᠣᠭᠠᠢ ᠮᠠᠯ ᠢ ᠵᠠᠷᠤᠴᠠᠭᠤᠯᠵᠤ᠂ ᠵᠦᠪᠬᠡᠨ ᠪᠤᠷᠳᠤᠨ ᠲᠠᠷᠭᠤᠯᠠᠭᠤᠯᠬᠤ ᠦᠢᠯᠡᠰ ᠨᠢ ᠮᠠᠯᠴᠢᠳ ᠤᠨ ᠬᠦᠮᠦᠨ ᠪᠦᠷᠢ ᠶᠢᠨ ᠲᠤᠮᠳᠠᠴᠢ ᠤᠷᠤᠯᠭ᠎ᠠ ᠶᠢ 110 ᠲᠦᠭᠦᠷᠢᠭ ᠨᠡᠮᠡᠭᠳᠡᠬᠦᠯᠦᠭᠰᠡᠨ ᠪᠠᠶᠢᠨ᠎ᠠ᠃  ᠮᠠᠯᠴᠢᠳ ᠤᠨ ᠴᠠᠭᠠᠨ ᠢᠳᠡᠭᠡ ᠪᠠᠨ ᠡᠳ᠋ᠰᠢᠬᠦᠯᠦᠨ ᠪᠣᠷᠣᠯᠠᠭᠤᠯᠬᠤ ᠪᠠᠷ ᠲᠠᠮᠵᠢᠨ ᠣᠷᠣᠯᠭ᠎ᠠ   ᠪᠠᠨ ᠨᠡᠮᠡᠭᠳᠡᠬᠦᠯᠬᠦ ᠶᠢ ᠵᠣᠷᠢᠭᠵᠢᠭᠤᠯᠣᠨ᠂ ᠴᠠᠭᠠᠨ ᠢᠳᠡᠭᠡ ᠡᠳ᠋ᠰᠢᠬᠦᠯᠦᠨ ᠪᠣᠷᠣᠯᠠᠭᠤᠯᠵᠣ ᠪᠠᠶᠢᠭ᠎ᠠ ᠡᠷᠤᠬᠡ 60 ᠡᠷᠦᠬᠡ   ᠳᠤ ᠬᠦᠷᠴᠤ᠂ 22 ᠲᠣᠨ ᠴᠠᠭᠠᠨ ᠢᠳᠡᠭᠡ ᠪᠣᠷᠣᠯᠠᠭᠤᠯᠣᠨ᠂ ᠨᠢᠳᠤᠨᠤᠨ ᠤ ᠠᠳᠠᠯᠢ ᠬᠤᠭᠤᠴᠠᠭᠠᠨ ᠤ ᠬᠢ ᠠᠴᠠ 22% ᠪᠠᠷ ᠨᠡᠮᠡᠭᠳᠡᠬᠦᠯᠦᠭᠰᠡᠨ ᠪᠠᠶᠢᠨ᠎ᠠ᠃ ᠠᠪᠠᠭ᠎ᠠ ᠬᠠᠷ᠎ᠠ ᠠᠳᠣᠭᠤ ᠶᠢ ᠰᠣᠩᠭᠤᠨ ᠪᠣᠶᠢᠵᠢᠭᠤᠯᠬᠤ ᠠᠵᠢᠯ ᠢ ᠰᠠᠶᠢᠳᠣᠷ ᠬᠢᠵᠣ᠂ ᠬᠤᠶᠠᠳᠣᠭᠠᠷ ᠬᠤᠭᠤᠴᠠᠭᠠᠨ ᠤ ︽ᠬᠠᠷ᠎ᠠ ᠠᠳᠣᠭᠤᠨ ᠰᠣᠶᠣᠯ ᠤᠨ ᠨᠠᠶᠢᠷ︾ ᠢ ᠠᠮᠵᠢᠯᠳᠠ ᠲᠠᠢ ᠶᠠᠪᠤᠭᠳᠠᠭᠤᠯᠬᠤ  ᠪᠠᠷ ᠲᠠᠮᠵᠢᠨ ᠮᠠᠯᠴᠢᠳ ᠢ ᠵᠢᠯᠣᠭᠤᠳᠣᠨ ᠦᠷᠢᠶ᠎ᠠ ᠬᠠᠭᠠᠷᠢᠵᠣ ᠲᠠᠯ ᠲᠠᠮᠠᠭ᠎ᠠ ᠬᠢᠬᠦ᠂ ᠴᠡᠭᠡ ᠢᠰᠬᠡᠬᠦ᠂ ᠣᠷᠣᠯᠳᠣᠭᠠᠨ  ᠤ ᠮᠣᠷᠢ ᠣᠶᠠᠬᠤ ᠵᠠᠷᠬᠡ ᠠᠵᠢᠯ ᠤᠨ ᠲᠠᠯ᠎ᠠ ᠪᠠᠷ ᠠᠳᠣᠭᠤᠨ ᠤ ᠦᠢᠯᠡᠰ ᠤᠨ ᠠᠭᠤᠯᠭ᠎ᠠ ᠶᠢ ᠣᠯᠠᠮ ᠪᠠᠶᠠᠯᠢᠭᠵᠢᠭᠤᠯᠣᠨ ᠬᠦᠭᠵᠢᠬᠦᠯᠪᠠ᠃ ᠪᠠᠶᠢᠭᠠᠯᠢᠯᠢᠭ ᠬᠠᠳᠤᠯᠠᠩ᠂ ᠰᠢᠷ᠎ᠠ ᠪᠤᠷᠭᠠᠰᠤ᠂ ᠪᠤᠳᠠ ᠮᠤᠳᠤᠨ ᠤ ᠬᠠᠮᠠᠭᠠᠯᠠᠯᠳᠠ ᠶᠢ ᠤᠯᠠᠮ ᠴᠢᠩᠭᠠᠳᠬᠠᠨ᠂ ᠡᠪᠡᠰᠤᠨ ᠤ ᠦᠢᠯᠡᠰ ᠪᠠ ᠡᠯᠡᠰᠤᠨ ᠤ ᠦᠢᠯᠡᠰ ᠤᠨ ᠬᠦᠭᠵᠢᠯᠳᠠ ᠳᠤ ᠪᠠᠳᠤ ᠪᠠᠬᠢ ᠰᠠᠭᠤᠷᠢ ᠶᠢ ᠲᠠᠯᠪᠢᠭᠰᠡᠨ ᠪᠠᠶᠢᠨ᠎ᠠ᠃︵ᠬᠤᠶᠡᠷ︶ ᠠᠵᠤ ᠦᠢᠯᠡᠳᠪᠤᠷᠢᠵᠢᠯᠳᠠ ᠶᠢᠨ ᠠᠬᠢᠴᠠ ᠶᠢ ᠲᠦᠷᠬᠡᠳᠬᠡᠪᠠ᠃ 2011 ᠤᠨ ᠳᠤ ᠭᠤᠤᠯᠳᠠᠯᠭ᠎ᠠ  ᠲᠠᠢ ᠲᠦᠷᠥᠯ ᠵᠥᠢᠯ ᠤᠨ ᠪᠦᠳᠤᠬᠡᠨ ᠪᠠᠶᠢᠭᠤᠯᠤᠯᠳᠠ ᠶᠢ ᠪᠦᠬᠦ ᠬᠦᠴᠤᠨ ᠢᠶᠠᠷ ᠢᠶᠠᠨ ᠲᠦᠯᠬᠢᠨ  ᠠᠬᠢᠭᠤᠯᠵᠤ᠂ ᠲᠦᠷᠥᠯ ᠵᠥᠢᠯ ᠤᠨ ᠰᠢᠨ᠎ᠠ ᠪᠠᠷ ᠪᠠ ᠦᠷᠬᠦᠯᠵᠢᠯᠡᠨ ᠠᠵᠢᠯ ᠡᠬᠢᠯᠡᠬᠦᠯᠦᠭᠰᠡᠨ ᠨᠤᠷᠮ᠎ᠠ ᠶᠢ 78 % ᠳᠤ ᠬᠦᠷᠬᠡᠪᠠ᠃ ᠡᠬᠦᠨ ᠳᠤ᠂ ᠬᠦᠢᠳᠡᠡᠰᠢᠯᠢ ᠰᠠᠯᠬᠢᠨ ᠴᠠᠬᠢᠯᠭᠠᠨ ᠤ ᠰᠠᠭᠤᠷᠢᠨ ᠭᠠᠵᠡᠷ ᠤᠨ ᠴᠠᠬᠢᠯᠭᠠᠨ ᠬᠤᠯᠪᠤᠭᠠᠨ ᠳᠤ ᠤᠷᠤᠭᠤᠯᠤᠭᠰᠡᠨ ᠮᠠᠰᠢᠨ ᠴᠤᠭᠴᠠᠯᠠᠪᠤᠷᠢ ᠶᠢᠨ ᠶᠠᠷᠤᠩᠬᠡᠢ ᠬᠡᠮᠵᠢᠶ᠎ᠠ ᠨᠢ 70 ᠲᠦᠮᠡᠨ ᠺᠢᠯᠤᠸᠡᠲ ᠲᠤ ᠬᠦᠷᠴᠤ᠂ 5 ᠲᠦᠮᠡᠨ ᠺᠢᠯᠤᠸᠡᠲ ᠤᠨ ᠮᠠᠰᠢᠨ ᠴᠤᠭᠴᠠᠯᠠᠪᠤᠷᠢ ᠨᠢ ᠪᠠᠶᠢᠭᠤᠯᠤᠯᠳᠠ ᠶᠢᠨ ᠶᠠᠪᠤᠴᠠ ᠳᠠᠭᠠᠨ ᠪᠠᠶᠢᠵᠤ᠂ ᠪᠦᠬᠦ ᠵᠢᠯ ᠤᠨ ᠴᠠᠬᠢᠯᠭᠠᠨ ᠭᠠᠷᠭᠠᠯᠳᠠ ᠶᠢᠨ ᠬᠡᠮᠵᠢᠶ᠎ᠠ ᠨᠢ 17 ᠳ᠋ᠦᠩᠰᠢᠭᠤᠷ ᠺᠢᠯᠤᠸᠡᠲ ᠴᠠᠭ ᠲᠤ ᠬᠦᠷᠴᠤ᠂ ᠰᠠᠯᠬᠢᠨ ᠴᠠᠬᠢᠯᠭᠠᠨ  ᠤ ᠦᠢᠯᠡᠰ ᠤᠯᠠᠮ ᠰᠠᠶᠢᠨ ᠬᠦᠭᠵᠢᠯᠳᠠ ᠲᠠᠢ ᠪᠤᠯᠤᠭᠰᠡᠨ ᠪᠠᠶᠢᠨ᠎ᠠ᠃ ᠴᠠᠭᠠᠡᠨᠠᠭᠤᠷ ᠠᠭᠤᠷᠬᠠᠢ ᠶᠢᠨ ᠲᠤᠭᠤᠷᠢᠭ ᠨᠢ ᠪᠦᠬᠦ ᠠᠶᠢᠮᠠᠭ ᠤᠨ ᠶᠠᠷᠤᠩᠬᠡᠢ ᠲᠦᠯᠤᠪᠵᠢᠬᠦᠯᠬᠡ ᠶᠢᠨ ᠲᠦᠷᠥᠬᠦᠴᠢ ᠪᠠᠷ ᠨᠡᠬᠡᠬᠡᠨ ᠬᠦᠭᠵᠢᠬᠦᠯᠬᠦ ᠠᠭᠤᠷᠬᠠᠢ ᠶᠢᠨ ᠲᠤᠭᠤᠷᠢᠭ ᠲᠤ ᠣᠷᠣᠵᠣ᠂ ᠤᠷᠴᠢᠨ ᠲᠤᠭᠤᠷᠢᠨ ᠤ ᠦᠨᠡᠯᠡᠯᠳᠡ ᠶᠢᠨ ᠮᠡᠳᠡᠬᠦᠯᠤᠯᠳᠡ ᠨᠢ ᠤᠯᠤᠰ ᠤᠨ ᠤᠷᠴᠢᠨ ᠲᠤᠭᠤᠷᠢᠨ ᠤ ᠬᠠᠮᠠᠭᠠᠯᠠᠯᠳᠠ ᠶᠢᠨ ᠶᠠᠮᠤᠨ ᠤ ᠵᠦᠪᠰᠢᠶᠠᠷᠡᠯ ᠢ ᠤᠯᠵᠤ᠂ ᠠᠶᠢᠮᠠᠭ ᠤᠨ ᠨᠡᠬᠦᠷᠡᠰᠤ ᠴᠠᠬᠢᠯᠭᠠᠨ ᠤ ᠰᠠᠭᠤᠷᠢᠨ ᠭᠠᠵᠡᠷ ᠤᠨ ᠶᠠᠷᠤᠩᠬᠡᠢ ᠲᠦᠯᠤᠪᠵᠢᠬᠦᠯᠬᠡ ᠵᠦᠪᠰᠢᠶᠠᠷᠡᠭᠳᠡᠪᠡᠯ ᠲᠤᠰ ᠠᠭᠤᠷᠬᠠᠢ ᠶᠢᠨ ᠲᠤᠭᠤᠷᠢᠭ ᠤᠨ ᠶᠠᠷᠤᠩᠬᠡᠢ ᠲᠦᠯᠤᠪᠵᠢᠬᠦᠯᠬᠡ ᠴᠤ ᠲᠠᠭᠠᠯᠳᠤᠨ ᠵᠦᠪᠰᠢᠶᠠᠷᠡᠭᠳᠡᠬᠦ ᠪᠤᠯᠤᠨ᠎ᠠ᠃ ᠵᠢᠯ ᠳᠤ 800 ᠲᠦᠮᠡᠨ ᠲᠤᠨ ᠨᠡᠬᠦᠷᠡᠰᠤ ᠭᠠᠷᠭᠠᠬᠤ ᠠᠭᠤᠷᠬᠠᠢ ᠶᠢᠨ ᠲᠦᠷᠥᠯ ᠵᠥᠢᠯ ᠨᠢ ᠬᠡᠰᠡᠭ ᠪᠠᠷᠢᠯᠭ᠎ᠠ ᠶᠢᠨ ᠠᠵᠢᠯ ᠢᠶᠠᠨ ᠨᠢᠬᠡᠨᠳᠡ ᠲᠠᠭᠤᠰᠬᠠᠵᠤ᠂ ᠨᠢᠬᠡᠳᠤᠬᠡᠷ ᠬᠤᠭᠤᠴᠠᠭᠠᠨ ᠤ 2×66 ᠲᠦᠮᠡᠨ ᠺᠢᠯᠤᠸᠡᠲ ᠤᠨ ᠴᠠᠬᠢᠯᠭᠠᠨ ᠭᠠᠷᠭᠠᠬᠤ ᠲᠦᠷᠥᠯ ᠵᠥᠢᠯ ᠨᠢ ᠪᠤᠯᠤᠯᠴᠠᠭᠠᠳᠤ ᠮᠡᠳᠡᠬᠦᠯᠤᠯᠳᠡ ᠪᠤᠯᠤᠨ ᠬᠤᠯᠪᠤᠭᠳᠠᠯ ᠪᠦᠬᠦᠢ ᠮᠡᠳᠡᠬᠦᠯᠤᠯᠳᠠ ᠪᠠᠨ ᠪᠦᠷᠢᠡᠰᠢᠬᠦᠯᠬᠦ  ᠶᠠᠪᠤᠴᠠ ᠳᠠᠭᠠᠨ ᠪᠠᠶᠢᠵᠤ᠂ ᠲᠦᠷᠥᠯ ᠵᠥᠢᠯ ᠢ ᠠᠮᠵᠢᠯᠳᠠ ᠲᠠᠢ ᠪᠠᠷ ᠦᠷᠢᠰᠤᠯᠳᠤᠨ ᠤᠯᠬᠤ ᠶᠢᠨ ᠲᠦᠯᠤᠬᠡ ᠠᠵᠤ ᠠᠬᠤᠶᠢᠯᠡᠯ ᠠᠴᠠ 4×66 ᠲᠦᠮᠡᠨ ᠺᠢᠯᠤᠸᠡᠲ ᠤᠨ ᠴᠠᠬᠢᠯᠭᠠᠨ ᠭᠠᠷᠭᠠᠬᠤ ᠪᠤᠯᠤᠯᠴᠠᠭᠠᠳᠤ ᠮᠡᠳᠡᠬᠦᠯᠤᠯᠳᠠ ᠶᠢ ᠨᠠᠶᠢᠷᠠᠭᠤᠯᠣᠭᠠᠳ ᠬᠢᠨᠡᠨ ᠵᠦᠪᠰᠢᠶᠠᠷᠡᠬᠦᠯᠪᠠ᠃ ᠳ᠋ᠠ ᠠᠨ  ᠺᠤᠮᠫᠠᠨᠢ ᠶᠢᠨ ᠵᠢᠯ ᠳᠤ 120 ᠲᠦᠮᠡᠨ ᠲᠤᠨ ᠨᠡᠬᠦᠷᠡᠰᠤ ᠭᠠᠷᠭᠠᠬᠤ ᠲᠦᠷᠥᠯ ᠵᠥᠢᠯ ᠨᠢ ᠠᠭᠤᠷᠬᠠᠢ ᠶᠢᠨ ᠬᠤᠳᠳᠤᠭ ᠤᠨ ᠪᠦᠳᠤᠬᠡᠨ ᠪᠠᠶᠢᠭᠤᠯᠤᠯᠳᠠ ᠪᠠᠨ ᠦᠡᠳᠤᠰᠤᠨ  ᠳᠡᠭᠡᠨ ᠲᠠᠭᠤᠰᠬᠠᠠᠵᠤ᠂ ᠠᠭᠤᠷᠬᠠᠢ ᠶᠢᠨ ᠲᠤᠭᠤᠷᠢᠭ ᠤᠨ ᠶᠠᠷᠤᠩᠬᠡᠢ ᠲᠦᠯᠤᠪᠵᠢᠬᠦᠯᠬᠡ ᠨᠢ ᠴᠤ ᠲᠡᠬᠡᠳᠤ ᠱᠠᠳᠤᠨ ᠤ ᠵᠦᠪᠰᠢᠶᠡᠷᠡᠯ ᠢ ᠤᠯᠵᠤ᠂ ᠤᠳᠤᠬᠠᠨ ᠶᠠᠭ ᠬᠢᠨᠡᠨ ᠵᠦᠪᠰᠢᠶᠠᠷᠡᠯ ᠤᠨ ᠭᠠᠷᠳᠠᠮ ᠢᠶᠠᠨ ᠬᠦᠢᠴᠡᠳᠬᠡᠵᠤ ᠪᠠᠶᠢᠨ᠎ᠠ᠃ ᠬᠠᠳᠠᠳᠤ ᠲᠤᠯᠤᠭᠠᠢ ᠶᠢᠨ ᠨᠢᠬᠡᠳᠤᠬᠡᠷ ᠬᠤᠭᠤᠴᠠᠭᠠᠨ ᠤ ᠡᠳᠤᠷ ᠲᠤ 1000 ᠲᠤᠨ ᠮᠦᠩᠬᠦ᠂ ᠴᠠᠶᠢᠷ᠂ ᠲᠤᠭᠤᠯᠭ᠎ᠠ  ᠶᠢᠨ ᠬᠦᠳᠡᠷ ᠰᠢᠯᠢᠬᠦ ᠦᠢᠯᠡᠳᠪᠤᠷᠢ ᠨᠢ ᠠᠭᠤᠷᠬᠠᠢ ᠶᠢᠨ ᠬᠤᠳᠳᠤᠭ ᠤᠨ ᠪᠠᠷᠢᠯᠭ᠎ᠠ ᠪᠠᠨ ᠲᠠᠭᠤᠰᠬᠠᠵᠤ᠂ ᠲᠤᠨᠤᠭ ᠲᠦᠬᠦᠬᠡᠷᠤᠮᠵᠢ ᠪᠠᠨ  ᠤᠭᠰᠠᠷᠠᠵᠤ ᠪᠤᠢ᠃ ᠴᠢᠶᠠᠨ ᠳ᠋ᠧ ᠡᠳᠤᠷ ᠲᠤ 1000 ᠲᠤᠨ ᠵᠠᠰ ᠪᠢᠰᠮᠦ᠋ᠲ ᠶᠢᠨ ᠬᠦᠳᠡᠷ ᠰᠢᠯᠢᠬᠦ ᠦᠢᠯᠡᠳᠪᠤᠷᠢ ᠨᠢ ᠲᠤᠨᠤᠭ ᠲᠦᠬᠦᠬᠡᠷᠤᠮᠵᠢ ᠪᠠᠨ ᠨᠢᠬᠡᠨᠳᠡ ᠤᠭᠰᠠᠷᠡᠨ᠂ ᠤᠳᠤᠬᠠᠨ ᠠᠭᠤᠷᠬᠠᠢ ᠶᠢᠨ ᠬᠤᠳᠳᠤᠭ ᠤᠨ ᠪᠦᠳᠤᠬᠡᠨ ᠪᠠᠶᠢᠭᠤᠯᠤᠯᠳᠠ ᠶᠢᠨ ᠠᠵᠢᠯ ᠢᠶᠠᠨ ᠶᠠᠪᠤᠭᠳᠠᠭᠤᠯᠵᠤ ᠪᠠᠶᠢᠨ᠎ᠠ᠃ ᠪᠠᠢ ᠶᠢᠨ ᠺᠤᠮᠫᠠᠨᠢ ᠶᠢᠨ ᠡᠳᠤᠷ ᠲᠤ 1000 ᠲᠤᠨ ᠬᠠᠶᠢᠯᠤᠭᠤᠷ ᠵᠤᠩᠰᠢ ᠶᠢᠨ ᠬᠦᠳᠡᠷ ᠰᠢᠯᠢᠬᠦ ᠦᠢᠯᠡᠳᠪᠤᠷᠢ ᠨᠢ ᠪᠠᠷᠢᠯᠭ᠎ᠠ ᠶᠢᠨ ᠠᠵᠢᠯ ᠪᠤᠯᠤᠨ ᠲᠤᠨᠤᠭ ᠲᠦᠬᠦᠬᠡᠷᠤᠮᠵᠢ ᠶᠢᠨ ᠤᠭᠰᠠᠷᠠᠯᠳᠠ ᠶᠢᠨ ᠠᠵᠢᠯ ᠢᠶᠠᠨ ᠪᠦᠬᠦᠨ ᠢ ᠲᠠᠭᠤᠰᠬᠠᠪᠠ᠃ ᠶᠢᠨ ᠳ᠋ᠢ ᠺᠤᠮᠫᠠᠨᠢ ᠶᠢᠨ ᠬᠤᠶᠠᠳᠤᠭᠠᠷ ᠬᠤᠭᠤᠴᠠᠭᠠᠨ ᠤ ᠡᠳᠤᠷ ᠲᠤ 1.5ᠲᠦᠮᠡᠨ ᠲᠤᠨ ᠵᠠᠰ ᠮᠤᠯᠢᠪᠳᠧᠨ ᠤ ᠬᠦᠳᠡᠷ ᠰᠢᠯᠢᠬᠦ ᠦᠢᠯᠡᠳᠪᠤᠷᠢ ᠨᠢ ᠰᠠᠭᠤᠷᠢ ᠪᠦᠳᠤᠬᠡᠨ ᠪᠠᠶᠢᠭᠤᠯᠤᠯᠳᠠ ᠪᠠᠨ ᠪᠠᠶᠠᠯᠠᠬᠦᠯᠵᠤ᠂ ᠬᠡᠰᠡᠭ ᠲᠤᠨᠤᠭ ᠲᠦᠬᠦᠬᠡᠷᠤᠮᠵᠢ ᠪᠠᠨ ᠬᠤᠳᠠᠯᠳᠤᠨ ᠤᠷᠤᠭᠤᠯᠪᠠ᠃ ᠰᠢᠯᠢ ᠶᠢᠨ ᠭᠤᠤᠯ ᠠᠶᠢᠮᠠᠭ ᠤᠨ ᠶᠠᠩ ᠡᠯ ᠲᠧ ᠤᠯᠠᠭᠠᠨ ᠢᠳᠡᠬᠡᠨ ᠤ ᠬᠢᠵᠠᠭᠠᠷᠳᠤ ᠺᠤᠮᠫᠠᠨᠢ ᠶᠢᠨ ᠵᠢᠯ ᠳᠤ 30 ᠲᠦᠮᠡᠨ ᠲᠤᠯᠤᠭᠠᠢ ᠬᠤᠨᠢᠨ ᠤ ᠮᠢᠬ᠎ᠠ ᠶᠢ ᠨᠠᠷᠢᠯᠢᠭ ᠡᠳ᠋ᠰᠢᠬᠦᠯᠬᠦ ᠲᠦᠷᠥᠯ ᠵᠥᠢᠯ ᠨᠢ ᠬᠡᠰᠡᠭ ᠰᠠᠭᠤᠷᠢ ᠪᠦᠳᠤᠬᠡᠨ ᠪᠠᠶᠢᠭᠤᠯᠤᠯᠳᠠ ᠪᠠᠨ ᠪᠠᠶᠠᠯᠠᠬᠦᠯᠪᠠ᠃ ᠠᠭᠤᠷᠬᠠᠢ ᠶᠢᠨ ᠵᠠᠰᠠᠨ ᠴᠡᠭᠴᠡᠯᠡᠯᠳᠡ ᠶᠢᠨ ᠠᠵᠢᠯ  ᠢ ᠬᠦᠡᠵᠡᠬᠡᠶᠢᠷᠡᠬᠦᠯᠤᠨ ᠦᠷᠨᠢᠬᠦᠯᠵᠤ᠂ 25 ᠠᠭᠤᠷᠬᠠᠢ ᠶᠢᠨ ᠠᠵᠤ ᠠᠬᠤᠶᠢᠯᠡᠯ ᠳᠤ ᠵᠠᠰᠠᠨ ᠴᠡᠭᠴᠡᠯᠡᠯᠳᠡ ᠬᠢᠵᠤ᠂ ᠵᠠᠮ ᠲᠠᠭᠠᠣ ᠪᠠ ᠠᠭᠤᠷᠬᠠᠢ ᠶᠢᠨ ᠲᠣᠭᠤᠷᠢᠭ ᠤᠨ ᠡᠷᠬᠢᠨ ᠲᠣᠭᠤᠷᠢᠨ ᠤ ᠨᠤᠳᠤᠭ ᠪᠠᠯᠴᠢᠬᠡᠷ ᠢ ᠲᠡᠯᠬᠢᠳᠡᠵᠤ᠂ ᠲᠤᠭᠤᠰᠤ ᠰᠢᠷᠥᠢ ᠶᠢᠨ ᠪᠤᠬᠢᠷᠳᠤᠯ ᠢ ᠡᠬᠦᠰᠬᠡᠵᠤ ᠪᠠᠶᠢᠭ᠎ᠠ ᠵᠡᠷᠬᠡ ᠠᠷᠡᠳ ᠤᠯᠠᠨ ᠤ ᠦᠢᠯᠡᠳᠪᠤᠷᠢᠯᠡᠯ ᠠᠮᠢᠳᠤᠷᠡᠯ ᠢ ᠰᠢᠭᠤᠳ ᠨᠦᠯᠤᠬᠡᠯᠡᠬᠦ ᠠᠰᠠᠭᠤᠳᠠᠯ ᠤᠳ ᠢ ᠪᠦᠳᠤᠮᠵᠢᠳᠡᠢ ᠰᠢᠢᠳᠪᠤᠷᠢᠯᠡᠪᠠ᠃ ᠡᠬᠦᠨ ᠤ ᠬᠠᠮᠳᠤ ᠡᠬᠢ ᠰᠤᠷᠪᠤᠯᠵᠢ  ᠶᠢ ᠨᠡᠬᠡᠬᠡᠨ ᠠᠰᠢᠭᠯᠠᠬᠤ ᠪᠤᠯᠤᠨ ᠠᠮᠢ ᠠᠬᠤᠢ ᠶᠢ ᠬᠠᠮᠠᠭᠠᠯᠠᠬᠤ᠂ ᠠᠷᠡᠳ ᠤᠯᠠᠨ ᠤ ᠠᠰᠢᠭ ᠲᠤᠰᠠ ᠶᠢ ᠬᠠᠮᠠᠭᠠᠯᠠᠬᠤ ᠪᠠᠶᠢᠩᠭᠤ ᠶᠢᠨ ᠵᠤᠬᠢᠴᠠᠮᠵᠢ ᠶᠢ ᠢᠳᠡᠪᠬᠢᠳᠡᠢ  ᠰᠡᠳᠬᠢᠴᠢᠯᠡᠨ᠂ ︽ᠠᠪᠠᠭ᠎ᠠ ᠬᠤᠰᠢᠭᠤᠨ ᠤ ᠠᠭᠤᠷᠬᠠᠢ ᠶᠢᠨ ᠵᠠᠰᠠᠨ ᠴᠡᠭᠴᠡᠯᠡᠯᠳᠡ ᠶᠢᠨ ᠠᠵᠢᠯ ᠤᠨ ᠬᠡᠷᠡᠭᠵᠢᠬᠦᠯᠬᠦ ᠠᠷᠭ᠎ᠠ ︵ᠲᠣᠷᠰᠢᠨ ᠬᠡᠷᠡᠭᠵᠢᠬᠦᠯᠬᠦ︶︾ ᠶᠢ ᠪᠠᠳᠤᠯᠠᠨ ᠲᠤᠭᠳᠠᠭᠠᠭᠰᠡᠨ ᠪᠠᠶᠢᠨ᠎ᠠ᠃ ᠲᠠᠷᠠᠴᠢᠯᠡᠨ ᠮᠠᠯᠴᠢᠨ ᠲᠦᠮᠡᠨ ᠢ ᠨᠦᠬᠦᠪᠤᠷᠢ ᠮᠦᠩᠬᠦ ᠪᠠᠷ ᠢᠶᠠᠨ ᠠᠵᠤ ᠠᠬᠤᠶᠢᠯᠡᠯ ᠳᠤ ᠬᠤᠪᠢ ᠤᠷᠤᠬᠤ ᠶᠢ ᠵᠤᠷᠢᠭᠵᠢᠭᠤᠯᠬᠤ᠂ ᠠᠵᠤ ᠠᠬᠤᠶᠢᠯᠡᠯ ᠢ ᠱᠠᠭᠠᠷᠳᠠᠨ ᠠᠭᠤᠷᠬᠠᠢ ᠶᠢᠨ ᠲᠤᠭᠤᠷᠢᠭ ᠤᠨ ᠡᠷᠬᠢᠨ ᠲᠤᠭᠤᠷᠢᠨ ᠤ ᠨᠤᠳᠤᠭ ᠪᠠᠯᠴᠢᠬᠡᠷ ᠢ ᠲᠦᠷᠢᠶᠠᠰᠣᠯᠡᠬᠦᠯᠬᠦ ᠪᠠ ᠭᠤᠤᠯᠳᠠᠯᠭ᠎ᠠ ᠲᠠᠢ ᠤᠷᠤᠨ᠂ ᠵᠠᠪᠰᠠᠷ ᠤᠨ ᠤᠷᠤᠨ ᠢ  ᠲᠣᠭᠳᠠᠭᠠᠬᠤ ᠵᠡᠷᠬᠡ ᠠᠷᠭ᠎ᠠ   ᠶᠢ ᠬᠡᠷᠡᠭᠵᠢᠬᠦᠯᠬᠦ ᠪᠠᠷ ᠲᠠᠮᠵᠢᠭᠤᠯᠤᠨ᠂ ᠤᠯᠠᠨ ᠲᠦᠮᠡᠨ ᠳᠤ ᠨᠠᠩ ᠤᠯᠠᠨ ᠪᠤᠳᠡᠳᠡᠢ ᠠᠰᠢᠭ ᠢ ᠬᠦᠷᠳᠡᠬᠡᠵᠡᠢ᠃︵ᠭᠤᠷᠪᠡ︶ ᠭᠤᠷᠪᠡᠳᠤᠭᠠᠷ ᠠᠵᠤ ᠦᠢᠯᠡᠰ ᠢ ᠲᠠᠰᠤᠷᠠᠯᠳᠠ ᠦᠬᠡᠢ ᠬᠦᠭᠵᠢᠬᠦᠯᠤᠨ ᠪᠤᠵᠠᠭᠠᠶᠢᠷᠠᠭᠤᠯᠪᠠ᠃ ᠵᠤᠭᠠᠴᠠᠯ  ᠤᠨ ᠦᠢᠯᠡᠰ ᠤᠨ ᠬᠦᠭᠵᠢᠯᠳᠠ ᠶᠢ ᠲᠦᠷᠬᠡᠳᠬᠡᠵᠤ᠂ ᠤᠯᠢᠶᠠᠰᠤᠳᠡᠢ ᠶᠢᠨ ᠦᠵᠡᠮᠵᠢᠳᠤ ᠤᠷᠤᠨ ᠤ ᠪᠦᠳᠤᠬᠡᠨ ᠪᠠᠶᠢᠭᠤᠯᠤᠯᠳᠠ ᠶᠢ ᠡᠬᠢᠯᠡᠬᠦᠯᠤᠨ᠂ ᠪᠡᠯᠬᠦᠳᠡᠢ ᠵᠢᠰᠠ᠂ ᠪᠡᠯᠬᠦᠳᠡᠢ ᠰᠤᠶᠤᠯ ᠤᠨ ᠬᠦᠷᠢᠶᠠᠯᠠᠩ᠂ ᠴᠠᠭᠠᠨᠴᠢᠯᠠᠭᠤᠳᠣ ᠵᠤᠰᠠᠭᠠᠯ ᠵᠠᠷᠬᠡ ᠵᠤᠭᠠᠴᠠᠯ ᠤᠨ ᠲᠤᠭᠤᠷᠢᠭ ᠤᠨ ᠰᠠᠭᠤᠷᠢ ᠪᠦᠳᠤᠬᠡᠨ ᠪᠠᠶᠢᠭᠤᠯᠤᠯᠳᠠ ᠶᠢ ᠠᠯᠬᠤᠮ ᠲᠠᠷᠠᠭ᠎ᠠ ᠲᠠᠢ ᠪᠠᠷ ᠪᠦᠷᠢᠡᠰᠢᠬᠦᠯᠪᠡ᠃ ᠢᠳᠡᠬᠡᠨ ᠤᠮᠳᠠᠭᠠᠨ᠂ ᠵᠣᠴᠢᠳ ᠪᠠᠭᠤᠳᠠᠯ ᠵᠠᠷᠬᠡ ᠦᠢᠯᠡᠴᠢᠯᠡᠬᠡᠨ ᠤ ᠦᠢᠯᠡᠰ ᠤᠨ ᠡᠵᠡᠩᠨᠡᠯᠳᠡ  ᠶᠢᠨ ᠬᠢᠷᠢ ᠲᠦᠪᠰᠢᠨ ᠢ ᠤᠯᠠᠮ ᠴᠢᠨᠠᠭᠰᠢᠳᠠ ᠲᠡᠬᠡᠭᠰᠢᠯᠡᠬᠦᠯᠤᠨ᠂ ᠪᠦᠬᠦ ᠵᠢᠯ ᠳᠤ ᠨᠠᠶᠢᠳᠠ 9.8 ᠲᠦᠮᠡᠨ ᠬᠦᠮᠤᠨ ᠤᠳᠠᠭᠠᠨ ᠤ ᠭᠠᠳᠠᠭᠠᠳᠤ ᠲᠤᠳᠤᠭᠠᠳᠤ ᠶᠢᠨ ᠵᠤᠭᠠᠴᠠᠭᠰᠠᠳ ᠢ ᠬᠦᠯᠢᠶᠠᠨ ᠵᠤᠴᠢᠯᠡᠵᠤ᠂ 1470 ᠲᠦᠮᠡᠨ ᠲᠦᠬᠦᠷᠢᠭ  ᠤᠨ ᠵᠤᠭᠠᠴᠠᠯ ᠤᠨ ᠦᠢᠯᠡᠰ ᠤᠨ ᠤᠷᠤᠯᠭ᠎ᠠ ᠶᠢ ᠡᠬᠦᠳᠦᠭᠰᠡᠨ ᠪᠠᠶᠢᠨ᠎ᠠ᠃ ᠪᠤᠳᠠᠰ ᠤᠨ ᠬᠦᠢᠯᠬᠡᠬᠡᠨ ᠤ ᠦᠢᠯᠡᠰ ᠢ ᠢᠳᠡᠪᠬᠢᠳᠡᠢ ᠬᠦᠭᠵᠢᠬᠦᠯᠤᠨ᠂ ᠪᠡᠯᠬᠦᠳᠡᠢ ᠪᠠᠯᠭᠠᠰᠤᠨ ᠤ ᠭᠤᠷᠪᠡᠳᠤᠭᠠᠷ ᠲᠡᠰ ᠤᠨ ᠠᠶᠠᠡᠴᠢᠳ ᠤᠨ ᠦᠷᠳᠡᠭᠡ ᠪᠤᠯᠤᠨ ᠪᠠᠶᠠᠡᠳᠤᠭ ᠤᠨ ᠲᠦᠷᠪᠡᠳᠤᠬᠡᠷ ᠲᠡᠰ ᠤᠨ ᠠᠶᠠᠡᠴᠢᠳ ᠤᠨ ᠦᠷᠳᠡᠭᠡ ᠶᠢ ᠠᠰᠢᠭᠯᠠᠯᠳᠠ ᠳᠤ ᠤᠷᠤᠭᠤᠯᠵᠤ᠂ ᠪᠦᠬᠦ ᠵᠢᠯ ᠳᠤ ᠨᠠᠶᠢᠳᠠ 3524 ᠲᠦᠮᠡᠨ ᠬᠦᠮᠤᠨ ᠺᠢᠯᠤᠮᠧᠲᠷ ᠤᠨ ᠠᠶᠠᠡᠴᠢᠳ ᠤᠨ ᠵᠤᠷᠴᠢᠯᠳᠠ ᠶᠢᠨ ᠬᠡᠮᠵᠢᠶ᠎ᠠ ᠶᠢ ᠪᠠᠶᠠᠯᠡᠬᠦᠯᠤᠨ᠂ 4685 ᠲᠦᠮᠡᠨ ᠲᠤᠨ ᠺᠢᠯᠤᠮᠧᠲᠷ ᠤᠨ ᠪᠤᠳᠠᠰ ᠤᠨ ᠡᠷᠬᠢᠯᠳᠡ ᠶᠢᠨ ᠬᠡᠮᠵᠢᠶ᠎ᠠ ᠶᠢ ᠪᠠᠶᠠᠯᠠᠬᠦᠯᠵᠤ᠂ ᠲᠤᠰ ᠲᠤᠰ 10% ᠪᠠ 16% ᠪᠠᠷ ᠨᠡᠮᠡᠭᠳᠡᠬᠦᠯᠪᠠ᠃ ᠵᠢᠵᠢᠭᠯᠡᠨ ᠪᠤᠷᠤᠯᠠᠭᠤᠯᠬᠤ ᠦᠢᠯᠡᠰ ᠤᠨ ᠬᠦᠭᠵᠢᠯᠳᠠ ᠶᠢ ᠲᠦᠷᠬᠡᠳᠬᠡᠨ᠂ 12 ᠬᠦᠳᠡᠭᠡ ᠲᠣᠰᠬᠤᠨ ᠤ ᠬᠤᠷᠰᠢᠶ᠎ᠠ ᠲᠡᠯᠬᠡᠬᠦᠷ ᠢ ᠰᠢᠨ᠎ᠠ ᠪᠠᠷ ᠪᠤᠶᠤ ᠦᠬᠡᠷᠡᠴᠢᠯᠡᠨ ᠪᠠᠶᠢᠭᠤᠯᠵᠤ ᠂ ᠬᠡᠷ ᠤᠨ ᠴᠡᠬᠢᠯᠭᠠᠨ ᠬᠡᠷᠡᠭᠰᠡᠯ ᠢ ᠬᠦᠳᠡᠭᠡ ᠪᠠᠭᠤᠯᠭᠠᠭᠰᠡᠨ ᠲᠡᠸᠡᠷ ᠤᠨ ᠪᠤᠷᠤᠯᠠᠭᠤᠯᠤᠯᠳᠠ ᠶᠢᠨ ᠬᠡᠮᠵᠢᠶ᠎ᠠ ᠨᠢ 460 ᠲᠦᠮᠡᠨ ᠲᠦᠬᠦᠷᠢᠭ ᠲᠤ ᠬᠦᠷᠤᠨ᠂ 52.37ᠲᠦᠮᠡᠨ ᠲᠦᠬᠦᠷᠢᠭ   ᠤᠨ ᠨᠦᠬᠦᠪᠤᠷᠢ ᠮᠦᠩᠬᠦ ᠶᠢ ᠲᠠᠷᠬᠠᠭᠠᠪᠠ᠃  ᠮᠦᠩᠬᠦᠨ ᠬᠦᠢᠯᠬᠡᠬᠡᠨ ᠤ ᠪᠠᠶᠢᠭᠤᠯᠤᠮᠵᠢ ᠶᠢᠨ ᠦᠢᠯᠡᠴᠢᠯᠡᠬᠡᠨ ᠤ ᠴᠢᠳᠠᠪᠤᠷᠢ ᠤᠯᠠᠮ ᠲᠡᠬᠡᠭᠰᠢᠯᠡᠵᠤ᠂ ᠲᠡᠬᠡᠷ᠎ᠠ ᠵᠢᠯ  ᠤᠨ ᠡᠴᠤᠰ ᠲᠤ ᠪᠦᠬᠦ ᠬᠤᠰᠢᠭᠤᠨ ᠤ ᠮᠦᠩᠬᠦᠨ ᠬᠦᠢᠯᠬᠡᠬᠡᠨ ᠤ ᠪᠠᠶᠢᠭᠤᠯᠤᠮᠵᠢ ᠶᠢᠨ ᠬᠠᠳᠠᠭᠠᠯᠠᠭᠰᠡᠨ ᠪᠠ ᠵᠢᠬᠡᠯᠡᠬᠦᠯᠦᠭᠰᠡᠨ ᠦᠯᠡᠳᠡᠪᠤᠷᠢ ᠮᠦᠩᠬᠦ ᠶᠢ 11.02 ᠳ᠋ᠦᠩᠰᠢᠭᠤᠷ ᠲᠦᠬᠦᠷᠢᠭ ᠪᠠ 6.06 ᠳ᠋ᠦᠩᠰᠢᠭᠤᠷ ᠲᠦᠬᠦᠷᠢᠭ   ᠲᠤ ᠬᠦᠷᠬᠡᠵᠤ᠂ ᠲᠤᠰ ᠲᠤᠰ 8.6% ᠪᠠ 26.9 % ᠪᠠᠷ ᠨᠡᠮᠡᠭᠳᠡᠬᠦᠯᠪᠠ᠃︵ᠲᠦᠷᠪᠡ︶ ᠬᠤᠳᠠ ᠬᠦᠳᠡᠭᠡ ᠶᠢᠨ ᠰᠠᠭᠤᠷᠢ ᠲᠦᠬᠦᠬᠡᠷᠤᠮᠵᠢ ᠶᠢᠨ ᠪᠦᠳᠤᠬᠡᠨ ᠪᠠᠶᠢᠭᠤᠯᠤᠯᠳᠠ ᠶᠢ ᠤᠯᠠᠮ ᠲᠡᠬᠦᠯᠳᠡᠷᠵᠢᠬᠦᠯᠪᠠ᠃ ᠬᠤᠳᠠ ᠪᠠᠯᠭᠠᠰᠤᠨ ᠤ ᠲᠣᠯᠠᠭᠠᠯᠠᠭ᠎ᠠ᠂ ᠲᠦᠬᠡᠬᠡᠯ ᠤᠰᠤ ᠬᠠᠩᠭᠠᠬᠤ᠂ ᠪᠤᠬᠢᠷ ᠤᠰᠤ ᠭᠠᠳᠠᠭᠰᠢᠯᠠᠭᠤᠯᠬᠤ᠂ ᠬᠠᠭᠤᠴᠢᠨ ᠬᠤᠳᠠ ᠲᠤᠭᠤᠷᠢᠭ ᠢ ᠵᠠᠰᠠᠵᠤ ᠰᠢᠨᠡᠳᠬᠡᠬᠦ᠂ ᠭᠠᠵᠡᠷ ᠰᠢᠷᠥᠢ ᠬᠡᠷ ᠬᠦᠷᠤᠩᠬᠡ ᠶᠢ ᠨᠡᠬᠡᠬᠡᠨ ᠠᠰᠢᠭᠯᠠᠬᠤ᠂ ᠬᠠᠳᠠᠭᠤᠵᠢᠭᠤᠯᠬᠤ᠂ ᠨᠤᠭᠤᠭᠠᠷᠠᠭᠤᠯᠬᠤ  ᠂ ᠬᠡᠬᠡᠵᠢᠬᠦᠯᠬᠦ᠂ ᠭᠤᠸᠠᠵᠢᠭᠤᠯᠬᠤ ᠵᠡᠷᠬᠡ ᠠᠵᠢᠯ  ᠤᠨ ᠡᠷᠴᠢᠮ ᠢ ᠦᠷᠬᠦᠯᠵᠢᠯᠡᠨ ᠴᠢᠩᠭᠠᠷᠠᠭᠤᠯᠪᠠ᠃ ᠪᠦᠬᠦ ᠵᠢᠯ ᠳᠤ ᠨᠠᠶᠢᠳᠠ 4.57 ᠳ᠋ᠦᠩᠰᠢᠭᠤᠷ ᠲᠦᠬᠦᠷᠢᠭ ᠤᠨ ᠪᠡᠯᠡ ᠤᠷᠤᠭᠤᠯᠤᠨ᠂ ᠲᠦᠬᠡᠬᠡᠯ ᠤᠰᠤ ᠬᠠᠩᠭᠠᠬᠤ ᠬᠤᠭᠤᠯᠠᠢ ᠶᠢ 3 ᠺᠢᠯᠤᠮᠧᠲᠷ ᠤᠷᠳᠤᠳᠬᠠᠵᠤ᠂ ᠲᠦᠪᠯᠡᠷᠡᠩᠬᠦᠢ ᠲᠤᠯᠠᠭᠠᠯᠭ᠎ᠠ ᠬᠠᠩᠭᠠᠬᠤ ᠬᠤᠭᠤᠯᠠᠢ ᠶᠢ 9.7 ᠺᠢᠯᠤᠮᠧᠲᠷ ᠤᠷᠳᠤᠳᠬᠠᠨ᠂  ᠲᠤᠯᠠᠭᠠᠯᠭ᠎ᠠ ᠬᠠᠩᠭᠠᠬᠤ ᠲᠠᠯᠠᠪᠠᠢ ᠶᠢ 10 ᠲᠦᠮᠡᠨ ᠲᠡᠭᠰᠢ ᠲᠦᠷᠪᠡᠯᠵᠢᠨ ᠮᠧᠲᠷ  ᠦᠷᠭᠡᠳᠬᠡᠵᠦ᠂ ᠪᠤᠬᠢᠷ ᠤᠰᠤ ᠭᠠᠳᠠᠭᠰᠢᠯᠠᠭᠤᠯᠬᠤ ᠬᠤᠭᠤᠯᠠᠢ ᠶᠢ 6.8 ᠺᠢᠯᠤᠮᠧᠲᠷ ᠤᠷᠳᠤᠳᠬᠠᠪᠠ᠃ ᠨᠤᠷᠠᠭᠠᠵᠤ ᠨᠡᠬᠦᠯᠬᠡᠭᠰᠡᠨ ᠲᠠᠯᠠᠪᠠᠢ ᠨᠢ 1.4 ᠲᠦᠮᠡᠨ ᠲᠡᠭᠰᠢ ᠲᠦᠷᠪᠡᠯᠵᠢᠨ ᠮᠧᠲᠷ  ᠲᠤ ᠬᠦᠷᠴᠤ᠂ ᠭᠠᠵᠡᠷ ᠰᠢᠷᠥᠢ ᠬᠡᠷ ᠬᠦᠷᠤᠩᠬᠡ ᠶᠢᠨ ᠨᠡᠬᠡᠬᠡᠨ ᠠᠰᠢᠭᠯᠠᠯᠳᠠ ᠪᠠ ᠪᠠᠶᠢᠰᠢᠩ ᠬᠡᠷ ᠢ ᠠᠰᠠᠷ ᠪᠤᠯᠭᠠᠬᠤ ᠢᠡᠵᠧᠨᠧᠷᠢᠩ ᠢ ᠬᠡᠷᠡᠭᠵᠢᠬᠦᠯᠦᠭᠰᠡᠨ ᠲᠠᠯᠠᠪᠠᠢ ᠶᠢ 30.5 ᠲᠦᠮᠡᠨ ᠲᠡᠭᠰᠢ ᠲᠦᠷᠪᠡᠯᠵᠢᠨ ᠮᠧᠲᠷ ᠲᠤ ᠬᠦᠷᠬᠡᠪᠠ︔ ᠰᠢᠨ᠎ᠠ ᠪᠠᠷ 20 ᠲᠦᠮᠡᠨ ᠲᠡᠭᠰᠢ ᠲᠦᠷᠪᠡᠯᠵᠢᠨ ᠮᠧᠲᠷ ᠭᠠᠵᠡᠷ ᠢ ᠨᠤᠭᠤᠭᠠᠷᠠᠭᠤᠯᠵᠤ᠂ ᠡᠳᠤᠷ ᠲᠤ 5000 ᠲᠤᠨ ᠪᠤᠬᠢᠷ ᠤᠰᠤ ᠶᠢ ᠰᠢᠢᠳᠪᠦᠷᠢᠯᠡᠬᠦ ᠦᠢᠯᠡᠳᠪᠤᠷᠢ ᠶᠢᠨ ᠪᠠᠷᠢᠯᠭ᠎ᠠ ᠶᠢᠨ ᠠᠵᠢᠯ ᠢ ᠨᠢᠬᠡᠨᠳᠡ ᠲᠠᠭᠤᠰᠬᠠᠵᠤ᠂ ᠡᠳᠤᠷ ᠲᠤ 45 ᠲᠤᠨ ᠬᠤᠭ ᠨᠤᠪᠰᠢ ᠰᠢᠢᠳᠪᠤᠷᠢᠯᠡᠬᠦ ᠦᠢᠯᠡᠳᠪᠤᠷᠢ ᠶᠢᠨ ᠪᠦᠳᠤᠬᠡᠨ ᠪᠠᠶᠢᠭᠤᠯᠤᠯᠳᠠ ᠶᠢ ᠡᠬᠢᠯᠡᠬᠦᠯᠪᠡ᠃ ᠴᠠᠭᠠᠨ ᠤᠰᠤᠨ ᠴᠦᠬᠦᠷᠤᠮ ᠢ ᠵᠠᠰᠠᠨ ᠪᠠᠬᠢᠵᠢᠬᠦᠯᠬᠦ ᠪᠠᠷᠢᠯᠭ᠎ᠠ ᠶᠢ ᠪᠠᠶᠠᠯᠠᠬᠦᠯᠵᠤ᠂ ᠠᠵᠤ ᠦᠢᠯᠡᠳᠪᠤᠷᠢ ᠳᠤ ᠬᠡᠷᠡᠭᠰᠡᠬᠦ ᠤᠰᠤᠨ ᠰᠤᠷᠪᠤᠯᠵᠢ ᠶᠢᠨ ᠲᠦᠷᠥᠯ ᠵᠥᠢᠯ ᠨᠢ ᠬᠠᠮᠢᠶ᠎ᠠ ᠪᠦᠬᠦᠢ ᠪᠢᠴᠢᠭ ᠮᠠᠲ᠋ᠧᠷᠢᠶᠠᠯ ᠨᠤᠭᠤᠳ ᠢᠶᠠᠨ ᠪᠦᠷᠢᠳᠤᠬᠦᠯᠵᠤ᠂ ᠤᠷᠤᠨ ᠤ ᠦᠬᠡᠷᠡᠴᠢᠯᠡᠯᠳᠡ ᠬᠦᠭᠵᠢᠬᠦᠯᠤᠯᠳᠠ ᠶᠢᠨ ᠵᠦᠪᠯᠡᠯ ᠤᠨ ᠬᠢᠨᠡᠨ ᠵᠦᠪᠰᠢᠶᠠᠷᠡᠯ ᠢ ᠬᠦᠯᠢᠶᠠᠵᠤ ᠪᠤᠢ᠃ ᠪᠡᠯᠬᠦᠳᠡᠢ ᠪᠠᠯᠭᠠᠰᠤ ᠠᠴᠠ ᠪᠠᠶᠠᠡᠳᠤᠭ ᠬᠦᠷᠬᠦ 110 ᠺᠢᠯᠣᠸᠣᠯᠲ ᠤᠨ ᠬᠦᠴᠤᠳᠠᠯ ᠬᠤᠪᠢᠰᠬᠠᠨ ᠴᠠᠬᠢᠯᠭᠠᠨ ᠬᠦᠷᠬᠡᠬᠦ ᠲᠦᠷᠥᠯ ᠵᠥᠢᠯ ᠤᠨ ᠬᠡᠰᠡᠭ ᠠᠵᠢᠯ ᠢ ᠪᠠᠶᠠᠯᠠᠬᠦᠯᠤᠨ᠂ ᠰᠢᠯᠢᠩᠬᠤᠳᠠ ᠠᠴᠠ ᠡᠷᠢᠶᠠᠨ ᠬᠦᠷᠬᠦ ᠲᠠᠮᠤᠷ ᠵᠠᠮ ᠤᠨ ᠪᠠᠷᠢᠯᠭ᠎ᠠ ᠪᠠ ᠬᠢᠨᠡᠨ ᠬᠠᠮᠢᠶᠠᠷᠤᠯᠳᠠ ᠶᠢᠨ ᠠᠵᠢᠯ ᠤᠨ ᠲᠠᠭᠠᠭᠠᠴᠢᠯᠠᠯᠳᠠ ᠵᠠᠷᠯᠠᠬᠤ ᠠᠵᠢᠯ ᠢ ᠬᠦᠢᠴᠡᠳᠬᠡᠵᠤ᠂ ᠴᠠᠭᠠᠡᠨᠠᠭᠤᠷ ᠨᠡᠬᠦᠷᠡᠰᠤᠨ ᠠᠭᠤᠷᠬᠠᠢ ᠶᠢᠨ ᠲᠠᠮᠤᠷ ᠵᠠᠮ ᠤᠨ ᠲᠤᠰᠬᠠᠢ ᠱᠤᠭᠤᠮ ᠤᠨ ᠪᠦᠳᠤᠬᠡᠨ ᠪᠠᠶᠢᠭᠤᠯᠬᠤ ᠲᠦᠷᠥᠯ ᠵᠥᠢᠯ ᠢ ᠨᠢᠬᠡᠨᠳᠡ ᠬᠢᠨᠡᠨ ᠵᠦᠪᠰᠢᠶᠠᠷᠠᠬᠦᠯᠪᠠ᠃ ᠬᠤᠶᠡᠷ ᠵᠤᠷᠪᠤᠰ 49 ᠺᠢᠯᠤᠮᠧᠲᠷ ᠤᠨ ᠭᠠᠴᠠᠭᠠᠨ ᠳᠤ ᠨᠠᠪᠳᠠᠷᠠᠬᠦ ᠴᠠᠷᠳᠡᠮᠡᠯ ᠵᠠᠮ ᠤᠨ ᠶᠡᠬᠡᠩᠬᠢ ᠠᠵᠢᠯ ᠢ ᠪᠠᠶᠠᠯᠡᠬᠦᠯᠵᠤ᠂ ᠮᠠᠨᠢᠳᠤ ᠨᠠᠬᠦᠷᠡᠰᠤᠨ ᠠᠭᠤᠷᠬᠠᠢ  ᠠᠴᠠ ᠷᠡᠰᠢᠶᠠᠨ ᠬᠦᠷᠬᠦ 48 ᠺᠢᠯᠤᠮᠧᠲᠷ ᠤᠨ ᠴᠠᠷᠳᠡᠮᠡᠯ ᠵᠠᠮ ᠤᠨ ᠰᠠᠭᠤᠷᠢ ᠶᠢ ᠲᠠᠪᠢᠰᠬᠦ ᠠᠵᠢᠯ ᠢ ᠪᠠᠶᠠᠯᠡᠬᠦᠯᠦᠭᠰᠡᠨ ᠪᠠᠶᠢᠨ᠎ᠠ᠃︵ᠲᠠᠪᠤ︶ ᠠᠷᠡᠳ ᠤᠨ ᠠᠮᠢᠳᠤᠷᠡᠯ ᠳᠤ ᠬᠤᠯᠪᠤᠭᠳᠠᠭᠰᠡᠨ ᠡᠯ᠎ᠠ ᠲᠦᠷᠥᠯ ᠤᠨ ᠠᠵᠢᠯ ᠪᠤᠯᠤᠨ ᠨᠠᠶᠢᠬᠡᠮ ᠤᠨ ᠠᠵᠢᠯ ᠦᠢᠯᠡᠰ ᠢ ᠯᠠᠪᠳᠠᠭᠤᠨ ᠢᠶᠠᠷ ᠲᠦᠯᠬᠢᠨ ᠠᠬᠢᠭᠤᠯᠪᠠ᠃ ᠶᠠᠳᠠᠭᠤ ᠶᠢ ᠲᠡᠳᠬᠦᠵᠤ ᠨᠡᠬᠡᠬᠡᠨ ᠬᠦᠭᠵᠢᠬᠦᠯᠬᠦ ᠠᠵᠢᠯ ᠢ ᠯᠠᠪᠳᠠᠭᠤᠨ ᠢᠶᠠᠷ ᠠᠬᠢᠭᠤᠯᠵᠤ᠂ 3 ᠭᠠᠴᠠᠭᠠᠨ ᠳᠤ ︽ᠪᠦᠬᠦᠶᠢᠯᠡ ᠭᠠᠴᠠᠭ᠎ᠠ ᠪᠠᠷ ᠨᠢ ᠲᠦᠯᠬᠢᠨ ᠠᠬᠢᠭᠤᠯᠬᠤ︾ ᠢᠡᠵᠧᠨᠧᠷᠢᠩ ᠢ ᠬᠡᠷᠡᠭᠵᠢᠬᠦᠯᠤᠨ᠂ 51 ᠡᠷᠤᠬᠡ ᠶᠢᠨ 174 ᠬᠦᠮᠤᠨ ᠢ ᠶᠠᠳᠠᠭᠤ ᠠᠴᠠ ᠠᠩᠬᠢᠵᠢᠷᠠᠭᠤᠯᠤᠨ᠂ ᠬᠢᠯᠢ ᠬᠢᠵᠠᠭᠠᠷ ᠤᠷᠤᠨ ᠤ ᠠᠮᠢ ᠠᠬᠤᠢ ᠶᠢᠨ ᠨᠠᠬᠦᠳᠠᠯ ᠠᠷᠡᠳ ᠤᠨ ᠲᠦᠷᠥᠯ ᠵᠥᠢᠯ ᠢ ᠬᠡᠷᠡᠭᠵᠢᠬᠦᠯᠬᠦ ᠲᠠᠢ ᠤᠶᠠᠯᠳᠤᠭᠤᠯᠤᠨ᠂ 8029ᠲᠡᠭᠰᠢ ᠲᠦᠷᠪᠡᠯᠵᠢᠨ ᠮᠧᠲᠷ ᠠᠮᠢ ᠠᠬᠤᠢ ᠶᠢᠨ ᠨᠡᠬᠦᠳᠠᠯ ᠠᠷᠡᠳ ᠤᠨ ᠤᠷᠤᠨ ᠰᠠᠭᠤᠴᠠ ᠶᠢ ᠪᠠᠶᠢᠭᠤᠯᠪᠠ᠃ ᠬᠤᠳᠠ ᠬᠦᠳᠡᠭᠡ ᠶᠢᠨ ᠬᠠᠮᠤᠭ ᠨᠠᠭᠠᠳᠤ ᠵᠠᠬ᠎ᠠ ᠶᠢᠨ ᠠᠮᠢᠳᠤᠷᠡᠯ ᠤᠨ ᠪᠠᠳᠤᠯᠠᠭ᠎ᠠ ᠶᠢᠨ ᠠᠵᠢᠯ ᠢ ᠰᠠᠶᠢᠳᠤᠷ ᠠᠳᠬᠤᠵᠤ᠂ ᠬᠤᠳᠠ ᠪᠠᠯᠭᠠᠰᠤᠨ ᠤ ᠬᠠᠮᠤᠭ ᠨᠠᠭᠠᠳᠤ ᠵᠠᠬ᠎ᠠ ᠶᠢᠨ ᠠᠮᠢᠳᠤᠷᠡᠯ ᠤᠨ ᠪᠠᠳᠤᠯᠠᠭ᠎ᠠ  ᠶᠢᠨ ᠮᠦᠩᠬᠦ ᠶᠢᠨ ᠰᠠᠷ᠎ᠠ ᠶᠢᠨ ᠪᠠᠷᠢᠮᠵᠢᠶ᠎ᠠ ᠶᠢ ᠬᠦᠮᠦᠨ ᠪᠦᠷᠢ ᠶᠢᠨ 320 ᠲᠦᠬᠦᠷᠢᠭ ᠠᠴᠠ ᠨᠢ ᠨᠡᠮᠡᠭᠳᠡᠬᠦᠯᠤᠬᠡᠳ 360 ᠲᠦᠬᠦᠷᠢᠭ ᠪᠤᠯᠭᠠᠨ᠂ ᠮᠠᠯᠵᠢᠬᠤ ᠤᠷᠤᠨ ᠤ ᠬᠠᠮᠤᠭ ᠨᠠᠭᠠᠳᠤ ᠶᠢᠨ ᠵᠠᠬ᠎ᠠ ᠶᠢᠨ ᠠᠮᠢᠳᠤᠷᠡᠯ ᠤᠨ ᠪᠠᠳᠤᠯᠠᠭ᠎ᠠ  ᠶᠢᠨ ᠮᠦᠩᠬᠦ ᠶᠢᠨ ᠵᠢᠯ ᠤᠨ ᠪᠠᠷᠢᠮᠵᠢᠶ᠎ᠠ ᠶᠢ ᠬᠦᠮᠦᠨ ᠪᠦᠷᠢ ᠶᠢᠨ 1800 ᠲᠦᠬᠦᠷᠢᠭ ᠠᠴᠠ ᠨᠢ ᠨᠡᠮᠡᠭᠳᠡᠬᠦᠯᠤᠬᠡᠳ 2400 ᠲᠦᠬᠦᠷᠢᠭ  ᠪᠤᠯᠭᠠᠪᠠ᠃ ᠬᠦᠡᠳᠤ ᠡᠪᠡᠳᠴᠢᠳᠠᠨ ᠢ ᠠᠪᠤᠷᠡᠨ ᠲᠤᠰᠠᠯᠠᠬᠤ ᠠᠵᠢᠯ ᠢ ᠴᠢᠩᠭᠠᠳᠬᠠᠵᠤ᠂ ᠠᠪᠣᠷᠠᠨ ᠲᠣᠰᠠᠯᠠᠬᠤ ᠨᠦᠬᠦᠴᠡᠯ ᠳᠤ ᠨᠡᠶᠢᠴᠡᠭᠰᠡᠨ ᠡᠪᠡᠳᠴᠢᠳᠠᠨ ᠳᠤ ᠪᠠᠷᠢᠮᠵᠢᠶ᠎ᠠ ᠶᠤᠰᠤᠭᠠᠷ ᠠᠪᠤᠷᠡᠨ ᠲᠤᠰᠠᠯᠠᠯᠳᠠ  ᠶᠢᠨ ᠮᠦᠩᠬᠦ ᠤᠯᠭᠤᠪᠠ᠃ ᠨᠠᠶᠢᠬᠡᠮ ᠤᠨ ᠲᠠᠭᠠᠳᠬᠠᠯ ᠤᠨ ᠪᠦᠷᠬᠦᠴᠠ ᠶᠢ ᠦᠷᠬᠦᠯᠵᠢᠯᠡᠨ ᠨᠡᠮᠡᠭᠳᠡᠬᠦᠯᠵᠤ᠂ ᠪᠦᠬᠦ ᠵᠢᠯ  ᠳᠤ 2.7 ᠲᠦᠮᠡᠨ ᠬᠦᠮᠤᠨ ᠡᠯ᠎ᠠ ᠲᠦᠷᠥᠯ ᠤᠨ ᠨᠠᠶᠢᠬᠡᠮ ᠤᠨ ᠲᠠᠭᠠᠳᠬᠠᠯ ᠳᠤ  ᠤᠷᠤᠯᠴᠠᠭᠰᠡᠨ ᠪᠠᠶᠢᠨ᠎ᠠ᠃ ᠠᠵᠢᠯ ᠤᠯᠭᠤᠬᠤ ᠲᠡᠬᠢᠨ ᠠᠵᠢᠯ ᠤᠯᠭᠤᠬᠤ ᠠᠵᠢᠯ ᠢ ᠢᠳᠡᠪᠬᠢᠳᠡᠢ ᠦᠷᠨᠢᠬᠦᠯᠵᠤ᠂ ᠨᠠᠶᠢᠳᠠ 5894 ᠠᠵᠢᠯ ᠤᠨ ᠪᠠᠶᠢᠷᠢ ᠴᠤᠭᠯᠠᠭᠤᠯᠤᠨ᠂ 1292 ᠬᠦᠮᠤᠨ ᠢ ᠤᠷᠤᠡᠰᠢᠭᠤᠯᠵᠤ᠂ 1900 ᠲᠦᠮᠡᠨ ᠲᠦᠬᠦᠷᠢᠭ ᠤᠨ ᠪᠠᠭ᠎ᠠ ᠬᠡᠮᠵᠢᠶᠠᠨ ᠤ ᠪᠠᠳᠤᠯᠠᠭᠠᠳᠤ ᠵᠢᠬᠡᠯᠡᠯᠬᠡ ᠶᠢ ᠲᠠᠷᠬᠠᠭᠠᠨ᠂ 2406 ᠬᠦᠮᠤᠨ ᠤᠳᠠᠭ᠎ᠠ ᠶᠢᠨ ᠪᠤᠯᠪᠠᠰᠤᠷᠡᠯ ᠬᠠᠩᠭᠠᠵᠤ᠂ ᠺᠠᠳ᠋ᠷ ᠠᠵᠢᠯᠳᠠᠨ ᠤ ᠴᠠᠯᠢᠩ ᠢ ᠲᠤᠮᠳᠠᠴᠢ ᠪᠠᠷ ᠰᠠᠷ᠎ᠠ ᠪᠦᠷᠢ 800 ᠲᠦᠬᠦᠷᠢᠭ ᠦᠰᠬᠡᠪᠠ᠃ ᠪᠠᠳᠤᠯᠠᠭ᠎ᠠ ᠶᠢᠨ ᠴᠢᠨᠠᠷ ᠲᠠᠢ ᠤᠷᠤᠨ ᠰᠠᠭᠤᠴᠠ ᠶᠢ ᠪᠠᠶᠢᠭᠤᠯᠬᠤ ᠠᠵᠢᠯ ᠢ ᠢᠳᠡᠪᠬᠢᠳᠡᠢ ᠲᠦᠯᠬᠢᠨ ᠠᠬᠢᠭᠤᠯᠵᠤ᠂ 150 ᠬᠢᠮᠳᠠ ᠪᠠᠷ ᠲᠦᠷᠢᠶᠠᠰᠤᠯᠠᠬᠦ ᠤᠷᠤᠨ ᠰᠠᠭᠤᠴᠠ ᠪᠤᠯᠤᠨ 94 ᠬᠢᠮᠳᠠ ᠲᠤᠬᠢᠯᠢᠭ ᠤᠷᠤᠨ ᠰᠠᠭᠤᠴᠠ ᠶᠢ ᠰᠢᠨ᠎ᠠ ᠪᠠᠷ ᠪᠠᠶᠢᠭᠤᠯᠪᠠ᠃ ᠰᠤᠷᠭᠠᠨ ᠬᠦᠮᠤᠵᠢᠯ ᠤᠨ ᠪᠡᠯᠨ ᠤᠷᠤᠭᠤᠯᠤᠯᠳᠠ ᠶᠢ ᠤᠯᠠᠮ ᠴᠢᠨᠠᠭᠰᠢᠳᠠ ᠨᠡᠮᠡᠭᠳᠡᠬᠦᠯᠵᠤ᠂ 12 ᠵᠢᠯ ᠤᠨ ᠰᠦᠢᠳᠬᠡᠯ ᠬᠤᠷᠢᠶᠠᠬᠤ ᠦᠬᠡᠢ ᠪᠠᠷ ᠰᠤᠷᠭᠠᠨ ᠬᠦᠮᠤᠵᠢᠯ  ᠬᠦᠷᠳᠡᠬᠡᠬᠦ ᠠᠵᠢᠯ ᠪᠠ ᠮᠤᠩᠭᠤᠯ ᠢᠶᠠᠷ ᠬᠢᠴᠢᠶᠠᠯᠯᠠᠬᠦ ᠰᠤᠷᠤᠭᠴᠢ ᠶᠢᠨ 15 ᠵᠢᠯ ᠤᠨ ᠰᠦᠢᠳᠬᠡᠯ ᠬᠤᠷᠢᠶᠠᠬᠤ ᠦᠬᠡᠢ ᠪᠠᠷ ᠰᠤᠷᠭᠠᠨ ᠬᠦᠮᠤᠵᠢᠯ  ᠬᠦᠷᠳᠡᠬᠡᠬᠦ ᠠᠵᠢᠯ ᠢ ᠪᠦᠬᠦ ᠲᠠᠯ᠎ᠠ ᠪᠠᠷ ᠪᠠᠶᠠᠯᠡᠬᠦᠯᠤᠨ᠂ ᠲᠤᠮᠳᠠᠳᠤ ᠪᠠᠭ᠎ᠠ ᠰᠤᠷᠭᠠᠭᠤᠯᠢ ᠶᠢᠨ ᠠᠮᠤᠷ ᠲᠦᠪᠰᠢᠨ ᠤ ᠢᠡᠵᠧᠨᠧᠷᠢᠩ ᠢ ᠲᠦᠯᠬᠢᠨ ᠠᠬᠢᠭᠤᠯᠵᠤ᠂ 3.8 ᠲᠦᠮᠡᠨ ᠲᠡᠭᠰᠢ ᠲᠦᠷᠪᠡᠯᠵᠢᠨ ᠮᠧᠲᠷ ᠰᠤᠷᠭᠠᠭᠤᠯᠢ ᠶᠢᠨ ᠪᠠᠶᠢᠷᠢ ᠶᠢᠨ ᠬᠡᠷ ᠢ ᠰᠢᠨ᠎ᠠ  ᠪᠠᠷ ᠪᠠᠶᠢᠭᠤᠯᠵᠤ᠂ 5895 ᠲᠡᠭᠰᠢ ᠲᠦᠷᠪᠡᠯᠵᠢᠨ ᠮᠧᠲᠷ ᠤᠨ ᠬᠢᠳᠡᠳ ᠢᠶᠠᠷ ᠬᠢᠴᠢᠶᠠᠯᠯᠠᠬᠦ ᠴᠡᠴᠡᠷᠯᠢᠭ ᠢ ᠰᠢᠨ᠎ᠠ ᠪᠠᠷ ᠪᠠᠶᠢᠭᠤᠯᠵᠡᠢ᠃ ᠪᠠᠭᠰᠢ ᠶᠢᠨ ᠡᠩᠨᠡᠬᠡᠨ ᠤ ᠪᠠᠶᠢᠭᠤᠯᠤᠯᠳᠠ ᠶᠢ ᠴᠢᠩᠭᠠᠳᠬᠠᠵᠤ᠂  ᠪᠠᠭᠰᠢ ᠶᠢᠨ ᠲᠤᠰᠬᠠᠢ  ᠮᠡᠷᠬᠡᠵᠢᠯ ᠲᠡᠬᠦᠰᠦᠭᠰᠡᠨ ᠤᠶᠤᠳᠠᠳ ᠠᠴᠠ 23 ᠨᠠᠷ᠎ᠠ ᠪᠠᠭᠰᠢ ᠰᠢᠯᠭᠠᠨ ᠡᠯᠰᠠᠵᠤ ᠰᠤᠷᠭᠠᠨ ᠬᠦᠮᠤᠵᠢᠯ ᠤᠨ ᠨᠢᠬᠡᠳᠤᠬᠡᠷ ᠹᠷᠤᠡᠲ ᠲᠤ ᠲᠤᠬᠢᠷᠠᠭᠤᠯᠤᠭᠰᠡᠨ ᠤ ᠬᠠᠮᠳᠤ ᠤᠯᠤᠰ ᠤᠨ ᠭᠤᠷᠪᠡᠳᠤᠭᠠᠷ ᠲᠦᠷᠥᠯ ᠤᠨ ᠭᠠᠵᠡᠷ ᠤᠷᠤᠨ ᠤ ᠦᠬᠡ ᠬᠡᠯᠨ ᠦᠰᠦᠭ ᠪᠢᠴᠢᠭ ᠢ ᠦᠨᠡᠯᠡᠨ ᠪᠠᠷᠢᠮᠵᠢᠶᠠᠯᠠᠬᠤ ᠠᠵᠢᠯ ᠢ ᠦᠷᠨᠢᠬᠦᠯᠪᠠ᠃ ᠡᠮ ᠡᠮᠨᠡᠯᠬᠡ ᠡᠷᠡᠬᠦᠯ ᠬᠠᠮᠠᠭᠠᠯᠠᠯ ᠤᠨ ᠪᠠᠶᠢᠭᠤᠯᠤᠮᠵᠢ ᠶᠢᠨ ᠦᠬᠡᠷᠡᠴᠢᠯᠡᠯᠳᠡ ᠶᠢ ᠢᠳᠡᠪᠬᠢᠳᠡᠢ ᠲᠦᠯᠬᠢᠨ ᠠᠬᠢᠭᠤᠯᠵᠤ᠂ ᠬᠦᠮᠤᠨ ᠪᠦᠷᠢ ᠳᠤ ᠲᠡᠭᠰᠢᠳᠬᠡᠭᠰᠡᠨ ᠤᠯᠠᠨ ᠨᠠᠶᠢᠳᠠ ᠶᠢᠨ ᠦᠢᠯᠡᠴᠢᠯᠡᠬᠡᠨ ᠤ ᠵᠠᠷᠤᠳᠠᠯ ᠮᠦᠩᠬᠦ ᠶᠢᠨ ᠪᠠᠷᠢᠮᠵᠢᠶ᠎ᠠ ᠶᠢ ᠬᠦᠮᠦᠨ ᠪᠦᠷᠢ ᠶᠢᠨ 15 ᠲᠦᠬᠦᠷᠢᠭ  ᠠᠴᠠ 25 ᠲᠦᠬᠦᠷᠢᠭ ᠪᠤᠯᠭᠠᠨ ᠦᠰᠬᠡᠵᠤ᠂  ᠠᠯᠪᠠᠨ ᠠᠴᠠ ᠡᠷᠬᠢᠯᠡᠭᠰᠡᠨ 12 ᠦᠡᠳᠤᠰᠤᠨ ᠱᠠᠳᠤᠨ ᠤ ᠡᠷᠡᠬᠦᠯ ᠬᠠᠮᠠᠭᠠᠯᠠᠯ ᠤᠨ ᠪᠠᠶᠢᠭᠤᠯᠤᠮᠵᠢ ᠳᠤ ᠴᠦᠮ ᠦᠡᠳᠤᠰᠤᠨ ᠡᠮ ᠤᠨ ᠵᠥᠢᠯᠡᠰ ᠤᠨ ᠬᠠᠮᠢᠶᠠᠷᠤᠯᠳᠠ ᠶᠢᠨ ᠲᠦᠷᠢᠮ ᠢ ᠬᠡᠷᠡᠭᠵᠢᠬᠦᠯᠤᠨ᠂ ᠪᠠᠷᠢᠮᠵᠢᠶᠠᠵᠢᠭᠰᠠᠨ ᠡᠮᠨᠡᠯᠬᠡ ᠶᠢᠨ ᠬᠤᠷᠢᠶᠠᠨ ᠤ ᠪᠠᠷᠢᠯᠭ᠎ᠠ ᠶᠢ ᠦᠡᠳᠤᠰᠤᠨ ᠳᠡᠭᠡᠨ ᠲᠠᠭᠤᠰᠬᠠᠵᠤ᠂ ᠮᠠᠯᠵᠢᠬᠤ ᠤᠷᠤᠨ ᠤ ᠰᠢᠨ᠎ᠠ ᠬᠡᠯᠪᠡᠷᠢ ᠶᠢᠨ ᠬᠤᠷᠰᠢᠭᠰᠡᠨ ᠡᠮᠨᠡᠯᠬᠡ ᠳᠤ ᠤᠷᠤᠯᠴᠠᠭᠰᠡᠨ ᠨᠤᠷᠮ᠎ᠠ ᠨᠢ 98.4 %  ᠳᠤ ᠬᠦᠷᠦᠭᠰᠡᠨ ᠪᠠᠶᠢᠨ᠎ᠠ᠃ ᠤᠯᠠᠨ ᠲᠦᠮᠡᠨ ᠤ ᠠᠵᠢᠯ ᠤᠨ ᠴᠢᠯᠤᠬᠡᠨ ᠤ ᠠᠮᠢᠳᠣᠷᠠᠯ ᠢ  ᠪᠠᠶᠠᠯᠢᠭᠵᠢᠭᠤᠯᠬᠤ ᠠᠵᠢᠯ  ᠢ ᠶᠡᠭᠡ ᠬᠦᠴᠤᠨ ᠢᠶᠠᠷ ᠲᠠᠮᠵᠢᠨ᠂ ᠤᠯᠠᠨ ᠲᠦᠮᠡᠡᠴᠢ ᠴᠢᠨᠠᠷ ᠲᠠᠢ ᠰᠤᠶᠤᠯ ᠲᠠᠮᠢᠷ ᠤᠨ ᠬᠦᠳᠡᠯᠬᠡᠬᠡᠨ ᠢ  ᠦᠷᠨᠢᠬᠦᠯᠵᠤ᠂ ︽ᠵᠢᠷᠭᠠᠯᠠᠩᠳᠤ ᠲᠠᠯ᠎ᠠ ᠨᠤᠳᠤᠭ᠂ ᠰᠢᠯᠢ ᠶᠢᠨ ᠭᠤᠤᠯ︾ ᠦᠪᠡᠳᠡᠭᠰᠢ ᠨᠠᠶᠢᠷ ᠤᠨ ᠰᠢᠳᠠᠷ᠎ᠠ ᠶᠢᠨ ᠤᠷᠤᠯᠳᠤᠭᠠᠨ ᠢ ᠠᠮᠵᠢᠯᠳᠠᠳᠡᠢ ᠪᠠᠷ ᠲᠠᠭᠠᠭᠠᠴᠢᠯᠠᠨ ᠶᠠᠪᠤᠭᠳᠠᠭᠤᠯᠪᠠ᠃ ᠦᠡᠳᠤᠰᠤᠳᠠᠨ ᠤ ᠰᠤᠶᠤᠯ ᠤᠷᠠᠯᠢᠭ ᠢ ᠤᠯᠠᠮ ᠴᠢᠨᠠᠭᠰᠢᠳᠠ ᠠᠭᠤᠳᠠᠯᠯᠠᠨ ᠬᠦᠭᠵᠢᠬᠦᠯᠵᠤ᠂ ︽ᠠᠪᠠᠭ᠎ᠠ ᠴᠤᠭᠤᠷ︾ ᠨᠢ ᠭᠤᠷᠪᠡᠳᠤᠭᠠᠷ ᠪᠦᠯᠦᠭ ᠤᠨ ᠤᠯᠤᠰ  ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ ᠲᠤ ᠵᠢᠭᠰᠠᠭᠠᠭᠳᠠᠭᠰᠡᠨ ᠪᠠᠶᠢᠨ᠎ᠠ᠃ ᠷᠡᠳᠢᠤ᠋ ᠲᠧᠯᠸᠢᠰ ᠢ ᠭᠠᠴᠠᠭ᠎ᠠ ᠪᠤᠯᠭᠠᠨ ᠳᠤ ᠨᠠᠪᠳᠠᠷᠡᠬᠦᠯᠬᠦ ᠢᠡᠵᠧᠨᠧᠷᠢᠩ ᠢ ᠬᠦᠡᠵᠡᠬᠡᠢ ᠲᠦᠯᠬᠢᠨ ᠠᠬᠢᠭᠤᠯᠵᠤ᠂ 1230 ᠢᠵᠢ ᠲᠠᠭᠠᠭᠤᠯᠢ ᠣᠳᠣᠨ ᠤ ᠲᠧᠯᠸᠢᠰ ᠲᠠᠮᠵᠢᠭᠤᠯᠭ᠎ᠠ ᠶᠢ ᠬᠤᠷᠢᠶᠠᠨ ᠠᠪᠬᠤ ᠮᠠᠰᠢᠨ᠂ 1000 ᠢᠵᠢ ᠲᠤᠭᠠᠴᠢᠯᠠᠭᠰᠡᠨ ᠪᠢᠴᠢᠯ ᠲᠣᠯᠬᠢᠶᠠᠨ ᠤ ᠲᠧᠯᠸᠢᠰ ᠲᠠᠮᠵᠢᠭᠤᠯᠭ᠎ᠠ ᠶᠢᠨ ᠮᠠᠰᠢᠨ ᠢ ᠤᠭᠰᠠᠷᠠᠵᠤ᠂ 2230 ᠮᠠᠯᠴᠢᠨ ᠡᠷᠤᠬᠡ ᠶᠢᠨ ᠲᠧᠯᠸᠢᠰ ᠦᠵᠡᠬᠦ ᠬᠦᠴᠢᠷᠳᠡᠯ ᠢ ᠰᠢᠢᠳᠪᠤᠷᠢᠯᠡᠨ᠂ ᠷᠡᠳᠢᠤ᠋ ᠲᠧᠯᠸᠢᠰ ᠤᠨ ᠪᠦᠷᠬᠦᠴᠠ ᠶᠢᠨ ᠨᠤᠷᠮ᠎ᠠ ᠶᠢ ᠲᠤᠰ ᠲᠤᠰ 98.4% ᠪᠠ 96.5% ᠳᠤ ᠬᠦᠷᠬᠡᠪᠡ᠃ ᠬᠦᠮᠤᠨ ᠠᠮᠨ ᠪᠤᠯᠤᠨ ᠲᠦᠯᠤᠪᠯᠡᠬᠡᠳᠤ ᠦᠷᠡᠵᠢᠯ ᠤᠨ ᠬᠠᠷᠠᠯᠳᠠᠳᠤ ᠬᠠᠮᠢᠶᠠᠷᠤᠯᠳᠠ ᠶᠢᠨ ᠬᠠᠷᠢᠭᠤᠴᠠᠯᠭ᠎ᠠ ᠶᠢᠨ ᠲᠦᠷᠢᠮ ᠢ ᠤᠯᠠᠮ ᠴᠢᠨᠠᠭᠰᠢᠳᠠ ᠲᠡᠬᠦᠯᠳᠡᠷᠵᠢᠬᠦᠯᠤᠨ᠂ ᠬᠦᠮᠤᠨ ᠠᠮᠨ  ᠶᠢᠨ ᠲᠦᠷᠤᠯᠳᠠ ᠶᠢᠨ ᠨᠤᠷᠮ᠎ᠠ ᠪᠠ ᠲᠦᠷᠥ ᠶᠢᠨ ᠪᠤᠳᠤᠯᠭ᠎ᠠ ᠳᠤ ᠨᠠᠶᠢᠴᠡᠭᠰᠡᠨ ᠦᠷᠡᠵᠢᠯ ᠤᠨ ᠨᠤᠷᠮ᠎ᠠ ᠨᠢ ᠲᠤᠰᠪᠤᠷᠢ 7.75‰ ᠪᠠ 99.04% ᠬᠦᠷᠦᠭᠰᠡᠨ ᠪᠠᠶᠢᠨ᠎ᠠ᠃ ᠮᠠᠨᠢᠳᠤ ᠠᠭᠤᠷᠬᠠᠢ ᠶᠢᠨ ᠲᠣᠭᠤᠷᠢᠭ ᠤᠨ ᠨᠠᠮ ᠤᠨ ᠠᠵᠢᠯᠯᠠᠬᠤ ᠬᠤᠷᠢᠶ᠎ᠠ ᠪᠠ ᠬᠠᠮᠢᠶᠠᠷᠤᠯᠳᠠ ᠶᠢᠨ ᠵᠦᠪᠯᠡᠯ ᠤᠨ ᠴᠢᠳᠠᠪᠬᠢ ᠶᠢ ᠬᠦᠢᠴᠡᠳ ᠪᠠᠳᠠᠷᠠᠭᠤᠯᠤᠨ᠂ ᠲᠤᠭᠳᠠᠭᠠᠭᠰᠡᠨ ᠲᠦᠰᠤᠯ ᠶᠤᠰᠤᠭᠠᠷ ᠠᠭᠤᠷᠬᠠᠢ ᠶᠢᠨ ᠲᠤᠭᠤᠷᠢᠭ ᠤᠨ ᠰᠠᠭᠤᠭᠠᠯᠢ ᠠᠷᠡᠳ ᠤᠨ ᠲᠤᠰᠬᠠᠭᠰᠡᠨ ᠠᠰᠠᠭᠤᠳᠠᠯ ᠤᠳ ᠢ ᠠᠯᠬᠤᠮ ᠠᠯᠬᠤᠮ ᠢᠶᠠᠷ ᠰᠢᠢᠳᠪᠣᠷᠢᠯᠠᠵᠣ ᠪᠠᠶᠢᠨ᠎ᠠ᠃ ᠨᠢᠳᠤᠨᠤᠨ ᠠᠭᠤᠷᠬᠠᠢ ᠶᠢᠨ ᠵᠠᠰᠠᠨ ᠴᠡᠭᠴᠡᠯᠡᠯᠳᠠ ᠶᠢᠨ ᠠᠵᠢᠯ ᠤᠨ ᠨᠦᠯᠦᠬᠡᠯᠡᠯ ᠢᠶᠠᠷ ᠡᠳ᠋ ᠤᠨ ᠵᠠᠰᠠᠭ ᠤᠨ ᠣᠷᠣᠯᠭ᠎ᠠ ᠶᠢᠨ ᠬᠡᠮᠵᠢᠶ᠎ᠠ ᠶᠡᠬᠡᠪᠡᠷ ᠪᠠᠭᠤᠷᠠᠭᠰᠠᠨ ᠠᠴᠠ ᠬᠤᠰᠢᠭᠤ ᠵᠠᠰᠠᠭ ᠤᠨ ᠣᠷᠳᠣᠨ ᠤ ᠠᠷᠠᠳ ᠲᠤ ᠠᠮᠠᠯᠳᠣᠭᠰᠠᠨ ︽ᠠᠷᠪᠠᠨ ᠪᠤᠳᠠᠳᠤ ᠶᠠᠪᠤᠳᠠᠯ︾  ᠳᠠᠬᠢ ᠨᠠᠰᠤᠳᠠᠶᠢᠴᠤᠤᠯ ᠤᠨ ᠬᠦᠳᠡᠯᠬᠡᠬᠡᠨ ᠤ ᠲᠦᠪ ᠢ ᠪᠠᠶᠢᠭᠤᠯᠬᠤ ᠠᠵᠢᠯ ᠨᠢ ᠪᠠᠶᠠᠯᠡᠭᠳᠡᠵᠤ ᠲᠠᠶᠢᠯᠦᠭᠰᠡᠨ ᠦᠬᠡᠢ᠂ ᠡᠬᠦᠨ ᠠᠴᠠ ᠪᠤᠰᠤᠳ ᠢ ᠨᠢ ᠴᠦᠮ ᠪᠠᠶᠠᠯᠠᠬᠦᠯᠪᠠ᠃ ᠡᠨ᠋ᠨ ᠵᠢᠯ᠂ ᠨᠠᠰᠤᠳᠠᠶᠢᠴᠤᠤᠯ ᠤᠨ ᠬᠦᠳᠡᠯᠬᠡᠬᠡᠨ` ᠤ ᠲᠦᠪ  ᠤᠨ ᠠᠵᠢᠯ ᠢ ᠨᠦᠬᠦᠵᠤ ᠪᠠᠶᠠᠯᠠᠬᠦᠯᠬᠦ ᠪᠠᠷ ᠪᠣᠢ᠃︵ᠵᠢᠷᠭᠤᠭ᠎ᠠ︶ ᠨᠡᠶᠢᠬᠡᠮ ᠤᠨ ᠠᠮᠣᠷ ᠲᠣᠭᠳᠠᠭᠤᠨ ᠢ ᠦᠨᠡᠨᠬᠦ ᠪᠠᠳᠣᠯᠠᠪᠠ᠃ ᠠᠮᠤᠭᠤᠯᠠᠩ ᠲᠠᠶᠢᠪᠤᠡᠭ ᠠᠪᠠᠭ᠎ᠠ ᠨᠤᠳᠤᠭ ᠢ ᠴᠤᠭᠴᠠᠯᠠᠨ ᠪᠠᠶᠢᠭᠤᠯᠬᠤ ᠠᠵᠢᠯᠯᠠᠭ᠎ᠠ ᠶᠢ ᠬᠦᠡᠵᠡᠬᠡᠢ ᠦᠷᠨᠢᠬᠦᠯᠵᠤ᠂ ᠬᠠᠤᠯᠢ ᠠᠴᠠ ᠵᠦᠷᠢᠴᠡᠭᠰᠡᠨ ᠪᠠ ᠡᠷᠡᠬᠦᠦ ᠶᠢᠨ ᠬᠡᠷᠡᠭ ᠲᠤ ᠬᠤᠯᠪᠤᠭᠳᠠᠭᠰᠡᠨ ᠠᠵᠢᠯᠯᠠᠭ᠎ᠠ ᠳᠤ  ᠴᠢᠩᠭ᠎ᠠ ᠴᠤᠬᠢᠯᠳᠠ ᠦᠭᠬᠦᠨ᠂  ᠪᠦᠯᠦᠭᠯᠡᠨ ᠬᠡᠷᠡᠭ ᠦᠳᠣᠬᠡᠬᠦ ᠶᠡᠪᠣᠳᠠᠯ ᠢ ᠢᠳᠡᠪᠬᠢᠳᠠᠢ ᠪᠠᠷ ᠰᠡᠷᠬᠡᠶᠢᠯᠠᠵᠣ᠂ ᠨᠠᠶᠢᠬᠡᠮ ᠤᠨ ᠠᠮᠤᠷ ᠲᠤᠭᠳᠠᠭᠤᠨ ᠢ ᠪᠦᠬᠦ ᠬᠦᠴᠤᠨ ᠢᠶᠠᠷ ᠪᠠᠳᠤᠯᠠᠭᠰᠡᠨ ᠪᠠᠶᠢᠨ᠎ᠠ᠃ ᠨᠠᠶᠢᠬᠡᠮ ᠤᠨ ᠲᠤᠭᠳᠠᠭᠤᠨ ᠢ ᠨᠦᠯᠤᠬᠡᠯᠡᠬᠦ ᠪᠣᠯᠣᠮᠵᠢ ᠶᠢ ᠰᠡᠷᠬᠡᠶᠢᠯᠡᠬᠦ ᠡᠷᠴᠢᠮ ᠢᠶᠠᠨ ᠴᠢᠩᠭᠠᠷᠠᠭᠤᠯᠵᠤ᠂ ᠤᠯᠠᠨ ᠲᠦᠮᠡᠨ ᠤ ᠵᠠᠬᠢᠳᠠᠯ ᠰᠤᠷᠪᠤᠯᠵᠢᠯᠠᠭ᠎ᠠ ᠶᠢ ᠬᠢᠨᠠᠮᠠᠭᠠᠢ ᠰᠢᠢᠳᠪᠤᠷᠢᠯᠡᠨ᠂ ᠰᠢᠢᠳᠪᠤᠷᠢᠯᠡᠭᠰᠡᠨ ᠨᠤᠷᠮ᠎ᠠ ᠨᠢ 92% ᠲᠤ ᠬᠦᠷᠪᠡ᠃ ᠠᠶᠤᠯᠬᠦᠢ ᠦᠢᠯᠡᠳᠪᠤᠷᠢᠯᠡᠯ ᠤᠨ ᠬᠢᠨᠡᠨ ᠬᠠᠮᠢᠶᠠᠷᠤᠯᠳᠠ ᠶᠢᠨ ᠵᠤᠬᠢᠴᠠᠮᠵᠢ ᠶᠢᠨ ᠪᠠᠶᠢᠭᠤᠯᠤᠯᠳᠠ᠂ ᠬᠠᠤᠯᠢ ᠲᠦᠷᠢᠮ ᠤᠨ ᠪᠠᠶᠢᠭᠤᠯᠤᠯᠳᠠ ᠪᠠ ᠬᠠᠤᠯᠢ ᠶᠢ ᠬᠡᠷᠡᠭᠵᠢᠬᠦᠯᠬᠦ ᠡᠩᠨᠡᠬᠡᠨ ᠤ ᠪᠠᠶᠢᠭᠤᠯᠤᠯᠳᠠ  ᠶᠢ ᠴᠢᠩᠭᠠᠳᠬᠠᠵᠤ᠂ ᠪᠦᠬᠦ ᠵᠢᠯ ᠳᠤ ᠨᠡᠬᠦᠷᠡᠰᠤᠨ ᠠᠭᠤᠷᠬᠠᠢ ᠪᠠ ᠪᠤᠰᠤᠳ ᠠᠭᠤᠷᠬᠠᠢ ᠶᠢᠨ ᠠᠵᠤ ᠠᠬᠤᠶᠢᠯᠡᠯ ᠳᠤ ᠠᠳᠡᠯ ᠡᠬᠦᠰᠦᠭᠰᠡᠨ ᠦᠬᠡᠢ ᠪᠠᠶᠢᠳᠠᠯ ᠢ ᠪᠠᠳᠤᠯᠠᠪᠠ᠃ ᠬᠢᠯᠢ ᠶᠢᠨ ᠬᠠᠮᠢᠶᠠᠷᠤᠯᠳᠠ ᠶᠢ ᠴᠢᠩᠭᠠᠳᠬᠠᠵᠤ᠂ ᠬᠢᠯᠢ ᠬᠢᠵᠠᠭᠠᠷ ᠤᠷᠤᠨ ᠤ ᠠᠮᠤᠷ ᠲᠤᠭᠳᠠᠭᠤᠨ ᠢ ᠦᠨᠡᠡᠬᠦ ᠪᠠᠳᠤᠯᠠᠪᠠ᠃ ᠦᠡᠳᠤᠰᠤᠳᠠᠨ ᠱᠠᠰᠢᠨ ᠰᠤᠷᠳᠠᠬᠤᠨ ᠤ ᠠᠵᠢᠯ  ᠤᠨ ᠤᠳᠤᠷᠢᠳᠤᠯᠭ᠎ᠠ ᠪᠠᠨ ᠴᠢᠩᠭᠠᠳᠬᠠᠨ᠂ ᠦᠡᠳᠤᠰᠤᠳᠠᠨ ᠨᠦᠭᠦᠳ ᠨᠢᠭ᠌ᠳᠡᠷᠡᠨ ᠪᠦᠯᠬᠦᠮᠳᠠᠵᠤ ᠬᠠᠮᠳᠤᠪᠡᠷ ᠲᠠᠪᠰᠢᠭᠰᠡᠨ ᠢᠳᠡᠪᠬᠢᠳᠡᠢ ᠤᠷᠴᠢᠨ ᠢ ᠤᠯᠠᠮ ᠴᠢᠨᠠᠭᠰᠢᠳᠠ ᠪᠠᠳᠤᠵᠢᠭᠤᠯᠤᠭᠰᠡᠨ ᠪᠠᠶᠢᠨ᠎ᠠ᠃ ᠵᠠᠬ᠎ᠠ ᠲᠡᠯᠬᠡᠬᠦᠷ ᠤᠨ ᠡᠮᠬᠢ ᠲᠢᠭᠯᠢᠮ ᠢ ᠴᠡᠭᠴᠡᠯᠡᠵᠤ᠂ ᠢᠳᠡᠬᠡᠨ ᠪᠠ  ᠡᠮ ᠤᠨ ᠵᠥᠢᠯᠡᠰ ᠤᠨ ᠬᠢᠨᠡᠨ ᠬᠠᠮᠢᠶᠠᠷᠤᠯᠳᠠ ᠶᠢ ᠴᠢᠩᠭᠠᠳᠬᠠᠵᠤ᠂ ᠬᠠᠭᠤᠷᠮᠠᠭ ᠲᠡᠸᠠᠷ ᠦᠢᠯᠡᠳᠪᠤᠷᠢᠯᠡᠨ ᠪᠤᠷᠤᠯᠠᠭᠤᠯᠬᠤ ᠠᠵᠢᠯᠯᠠᠭ᠎ᠠ ᠳᠤ ᠴᠢᠩᠭ᠎ᠠ ᠴᠤᠬᠢᠯᠳᠠ ᠦᠭᠴᠤ᠂ ᠪᠦᠬᠦ ᠬᠤᠰᠢᠭᠤᠨ ᠤ ᠢᠳᠡᠬᠡᠨ ᠪᠠ ᠡᠮ ᠤᠨ ᠵᠥᠢᠯᠡᠰ ᠤᠨ ᠠᠮᠤᠷ ᠲᠦᠪᠰᠢᠨ ᠢ ᠪᠠᠳᠣᠯᠠᠵᠣ ᠴᠢᠳᠠᠵᠠᠢ᠃   ︵ᠳᠤᠯᠤᠭ᠎ᠠ︶ ᠵᠠᠰᠠᠭ ᠤᠨ ᠤᠷᠳᠤᠨ ᠤ ᠳᠤᠰ ᠪᠡᠶ᠎ᠡ ᠶᠢᠨ ᠪᠠᠶᠢᠭᠤᠯᠤᠯᠳᠠ ᠶᠢ ᠳᠠᠰᠤᠷᠠᠯᠳᠠ ᠦᠭᠡᠢ ᠴᠢᠩᠭᠠᠳᠬᠠᠪᠠ ᠃ ᠦᠢᠯᠡᠴᠢᠯᠡᠭᠡ ᠮᠠᠶ᠋ᠢᠭ ᠤᠨ ᠵᠠᠰᠠᠭ ᠤᠨ ᠤᠷᠳᠤᠨ ᠢ ᠴᠤᠭᠴᠠᠯᠠᠨ ᠪᠠᠶᠢᠭᠤᠯᠬᠤ ᠠᠵᠢᠯᠯᠭ᠎ᠠ ᠶᠢ ᠭᠦᠨᠵᠡᠭᠡᠢ ᠦᠷᠨᠢᠭᠦᠯᠦᠨ᠂ ᠬᠠᠤᠯᠢ ᠶᠤᠰᠤᠭᠠᠷ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠳᠤ ᠠᠵᠢᠯ ᠢᠶᠠᠨ ᠬᠠᠷᠢᠭᠤ ᠮᠡᠳᠡᠭᠦᠯᠵᠦ᠂ ᠤᠯᠤᠰ ᠲᠦᠷᠦ ᠶᠢᠨ ᠵᠦᠪᠯᠡᠯᠬᠡᠨ ᠲᠠᠢ ᠬᠠᠷᠢᠯᠴᠠᠭ᠎ᠠ ᠪᠠᠨ ᠢᠳᠡᠪᠬᠢᠲᠠᠢ ᠨᠢᠭᠳᠠᠷᠠᠭᠤᠯᠤᠨ᠂ ᠦᠢᠯᠡᠳᠪᠦᠷᠢ ᠬᠤᠳᠠᠯᠳᠤᠭᠠᠨ ᠤ ᠬᠤᠯᠪᠤᠭ᠎ᠠ᠂ ᠨᠠᠮ ᠪᠤᠰᠤ ᠨᠦᠬᠦᠳ ᠤᠨ ᠰᠠᠨᠠᠯ ᠢ ᠬᠢᠨᠠᠮᠠᠭᠠᠢ ᠬᠦᠯᠢᠶᠡᠨ᠂ ᠡᠯᠧᠺᠲᠷᠤᠨᠴᠢᠯᠡᠭᠰᠡᠨ ᠵᠠᠰᠠᠭ ᠤᠨ ᠶᠠᠪᠤᠳᠠᠯ ᠤᠨ ᠬᠠᠮᠢᠶᠠᠷᠤᠯᠳᠠ ᠪᠠᠨ ᠴᠢᠩᠭᠠᠳᠬᠠᠵᠤ᠂ ᠨᠡᠶᠢᠭᠡᠮ ᠤᠨ ᠡᠯ᠎ᠡ ᠡᠳᠡᠭᠡᠳ  ᠤᠨ ᠬᠢᠨ ᠤ ᠬᠢᠨᠠᠯᠳᠠ ᠶᠢ ᠦᠷᠭᠡᠨ ᠢᠶᠠᠷ ᠬᠦᠯᠢᠶᠡᠪᠡ᠃ ᠪᠦᠬᠦ ᠵᠢᠯ ᠳᠤ 124 ᠬᠤᠪᠢ ᠠᠷᠠᠳ ᠤᠨ ᠲᠦᠯᠦᠭᠡᠯᠡᠭᠴᠢᠳ ᠤᠨ ᠰᠠᠨᠠᠯ ᠵᠦᠪᠯᠡᠯᠭᠡ᠂ 84 ᠬᠤᠪᠢ ᠤᠯᠤᠰ ᠲᠦᠷᠦ ᠶᠢᠨ ᠵᠦᠪᠯᠡᠯᠭᠡᠨ ᠤ ᠭᠡᠰᠢᠭᠦᠳ ᠤᠨ ᠳᠤᠷᠠᠳᠤᠯᠭ᠎ᠠ ᠳᠤ ᠬᠠᠷᠢᠭᠤᠯᠳᠠ ᠦᠭᠭᠦᠨ᠂ ᠰᠢᠢᠳᠪᠦᠷᠢᠯᠡᠭᠰᠡᠨ ᠨᠤᠷᠮ᠎ᠠ ᠨᠢ 100%   ᠳᠤ ᠬᠦᠷᠪᠡ᠃ ᠬᠤᠰᠢᠭᠤ ᠳᠠᠷᠤᠭ᠎ᠠ ᠶᠢᠨ ᠠᠯᠪᠠᠨ ᠬᠤᠷᠠᠯ ᠵᠡᠷᠭᠡ ᠬᠠᠮᠢᠶ᠎ᠠ ᠪᠦᠬᠦᠢ ᠳᠦᠷᠢᠮ ᠢ ᠦᠨᠡᠨᠬᠦ ᠬᠡᠷᠡᠭᠵᠢᠭᠦᠯᠦᠨ᠂ ᠬᠦᠨᠳᠦ ᠴᠢᠬᠤᠯᠠ ᠤᠴᠢᠷ ᠶᠠᠪᠤᠳᠠᠯ ᠤᠨ ᠬᠡᠷᠡᠴᠢᠯᠠᠯᠳᠠ ᠰᠣᠨᠤᠰᠬᠤ᠂ ᠠᠰᠠᠭᠤᠨ ᠯᠠᠪᠯᠠᠬᠤ ᠳᠦᠷᠢᠮ ᠢ ᠪᠦᠷᠢᠨᠰᠢᠭᠦᠯᠵᠦ᠂ ᠲᠦᠷᠥᠯ ᠵᠥᠢᠯ ᠤᠨ ᠪᠦᠲᠦᠭᠡᠨ ᠪᠠᠶᠢᠭᠤᠯᠤᠯᠳᠠ ᠶᠢᠨ ᠬᠦᠷᠢᠶᠡᠨ ᠬᠡᠪᠴᠢᠶᠡᠨ ᠳᠠᠬᠢ ᠳᠤᠪᠤᠶᠢᠮ᠎ᠠ ᠠᠰᠠᠭᠤᠳᠠᠯ ᠤᠳ ᠢ ᠳᠤᠰᠬᠠᠢ ᠲᠦᠷᠦᠯ ᠢᠶᠠᠷ ᠴᠡᠭᠴᠡᠯᠡᠨ ᠵᠠᠰᠠᠵᠤ᠂ ᠵᠠᠰᠠᠭ ᠤᠨ ᠤᠷᠳᠤᠨ ᠠᠴᠠ ᠪᠡᠯᠡ ᠤᠷᠤᠭᠤᠯᠤᠭᠰᠠᠨ ᠲᠦᠷᠦᠯ ᠵᠦᠢᠯ ᠤᠨ ᠪᠡᠯᠡ ᠮᠦᠩᠭᠦᠨ ᠤ ᠬᠠᠮᠢᠶᠠᠷᠤᠯᠳᠠ ᠶᠢ ᠴᠢᠩᠭᠠᠳᠬᠠᠨ᠂ ᠠᠷᠢᠭᠤᠨ ᠴᠢᠬᠡᠴᠢ ᠪᠠᠷ ᠵᠠᠰᠠᠭᠯᠠᠬᠤ᠂ ᠠᠷᠠᠳᠴᠢᠯᠠᠯ ᠢᠶᠠᠷ ᠵᠠᠰᠠᠭᠯᠠᠬᠤ᠂ ᠰᠢᠨᠵᠢᠯᠡᠬᠦ ᠤᠬᠠᠭᠠᠨᠴᠢ ᠪᠠᠷ ᠵᠠᠰᠠᠭᠯᠠᠬᠤ ᠬᠢᠷᠢ ᠲᠦᠪᠰᠢᠨ ᠢᠶᠠᠨ ᠤᠯᠠᠮ ᠴᠢᠨᠠᠭᠰᠢᠳᠠ ᠳᠡᠭᠡᠭᠰᠢᠯᠡᠭᠦᠯᠪᠡ ᠃ ᠡᠬᠦᠨ ᠠᠴᠠ ᠭᠠᠳᠠᠨ᠎ᠠ᠂ ᠡᠮᠡᠭᠳᠡᠶᠢᠴᠤᠳ ᠬᠡᠤᠬᠡᠳ᠂  ᠡᠬᠡ ᠨᠢᠯᠬᠠᠰ᠂  ᠨᠠᠰᠣᠳᠠᠶᠢᠴᠣᠣᠯ᠂ ᠵᠠᠮᠳᠡᠭᠴᠣᠣᠯ᠂ ᠴᠢᠮᠡᠭᠡ ᠬᠤᠯᠪᠤᠭ᠎ᠠ᠂ ᠴᠠᠭ ᠠᠭᠤᠷ᠂ ᠠᠷᠡᠳ ᠤᠨ ᠠᠭᠠᠷ ᠤᠨ ᠰᠠᠷᠬᠡᠶᠢᠯᠡᠯᠳᠡ ᠵᠠᠷᠬᠡ ᠡᠯ᠎ᠠ ᠲᠠᠯ᠎ᠠ ᠶᠢᠨ ᠠᠵᠢᠯ ᠴᠦᠮ ᠰᠢᠨ᠎ᠠ ᠠᠬᠢᠴᠠ ᠲᠠᠢ ᠪᠤᠯᠪᠠ᠃  ᠲᠦᠯᠣᠬᠡᠯᠡᠭᠴᠢᠣᠨ ᠡ᠂  ᠡᠳᠡᠬᠡᠷ ᠠᠮᠵᠢᠯᠳᠠ ᠪᠦᠳᠣᠮᠵᠢ ᠶᠢ ᠣᠯᠣᠭᠰᠠᠨ ᠨᠢ ᠬᠤᠰᠢᠭᠤ ᠨᠠᠮ ᠤᠨ ᠬᠤᠷᠢᠶᠠᠨ ᠤ ᠵᠦᠪ ᠣᠨᠣᠪᠴᠢᠳᠠᠢ ᠣᠳᠣᠷᠢᠳᠣᠯᠭ᠎ᠠ ᠠᠴᠠ ᠰᠠᠯᠵᠣ ᠴᠢᠳᠠᠬᠤ ᠦᠬᠡᠢ᠂ ᠠᠷᠠᠣᠨ ᠤᠨ ᠲᠦᠯᠣᠬᠡᠯᠡᠭᠴᠢᠣᠨ ᠤᠨ ᠶᠡᠭᠡ ᠬᠤᠷᠠᠯ᠂ ᠣᠯᠣᠰ ᠲᠦᠷᠣ ᠶᠢᠨ ᠵᠦᠪᠯᠡᠯᠬᠡᠨ ᠤ ᠴᠢᠩᠭ᠎ᠠ ᠬᠢᠨᠠᠯᠳᠠ ᠪᠠ ᠬᠦᠴᠣᠳᠠᠢ ᠲᠡᠮᠵᠢᠯᠬᠡ ᠠᠴᠠ ᠰᠠᠯᠵᠣ ᠴᠢᠳᠠᠬᠤ ᠦᠬᠡᠢ᠂ ᠪᠦᠬᠦ ᠬᠤᠰᠢᠭᠤᠨ ᠤ ᠦᠡᠳᠣᠰᠣᠳᠠᠨ ᠨᠦᠭᠦᠳ ᠤᠨ ᠺᠠᠳ᠋ᠷ ᠣᠯᠠᠨ ᠲᠦᠮᠡᠨ ᠤ ᠰᠢᠡᠳᠠᠷᠠᠰᠢ ᠦᠬᠡᠢ ᠴᠢᠷᠮᠠᠶᠢᠯᠭ᠎ᠠ ᠠᠴᠠ ᠰᠠᠯᠵᠣ ᠴᠢᠳᠠᠬᠤ ᠦᠬᠡᠢ᠃ ᠠᠳᠡ ᠪᠢ ᠬᠤᠰᠢᠭᠤ ᠠᠷᠠᠣᠨ ᠤᠨ ᠵᠠᠰᠠᠭ ᠤᠨ ᠣᠷᠳᠣᠨ ᠢ ᠲᠦᠯᠣᠬᠡᠯᠡᠨ᠂  ᠬᠦᠡᠳᠤᠳᠤ ᠲᠦᠯᠤᠬᠡᠯᠡᠭᠴᠢᠳ ᠬᠡᠰᠢᠬᠦᠳ ᠲᠡᠭᠡᠨ᠂ ᠡᠯ᠎ᠡ ᠠᠵᠢᠯ ᠤᠨ ᠹᠷᠣᠡᠲ ᠲᠡᠬᠡᠷ᠎ᠡ ᠰᠢᠭᠤᠷᠬᠠᠶᠢᠯᠠᠨ ᠠᠵᠢᠯᠯᠠᠵᠣ ᠪᠠᠶᠢᠭ᠎ᠠ ᠺᠠᠳ᠋ᠷ ᠣᠯᠠᠨ ᠲᠦᠮᠡᠨ ᠳᠡᠭᠡᠨ᠂ ᠮᠠᠨ ᠤ ᠬᠤᠰᠢᠭᠤᠨ ᠤ ᠬᠦᠭᠵᠢᠯᠳᠡ ᠶᠢ ᠬᠠᠯᠠᠮᠵᠢᠯᠠᠨ ᠲᠡᠮᠵᠢᠭᠰᠡᠬᠡᠷ ᠢᠷᠡᠭᠰᠡᠨ ᠨᠠᠶᠢᠬᠡᠮ ᠤᠨ ᠡᠯ᠎ᠠ ᠡᠳᠡᠬᠡᠣᠡ ᠤᠨ ᠨᠠᠶᠢᠵᠠ ᠨᠦᠬᠦᠣᠨ ᠲᠡᠭᠡᠨ ᠡᠷᠬᠢᠮ ᠲᠡᠬᠡᠳᠣ ᠬᠦᠡᠳᠣᠣᠡᠬᠡᠯ ᠪᠠ ᠴᠢᠩ ᠰᠡᠳᠬᠢᠯ ᠤᠨ ᠲᠠᠯᠠᠷᠬᠠᠯ ᠢᠶᠠᠨ  ᠲᠠᠪᠰᠢᠬᠦᠯᠵᠣ ᠪᠠᠶᠢᠨ᠎ᠠ︕  ᠪᠢᠳᠡ ᠠᠮᠵᠢᠯᠲᠠ ᠪᠠᠨ ᠨᠤᠳᠠᠯᠠᠬᠤ ᠶᠢᠨ ᠬᠠᠮᠳᠤ ᠮᠠᠨ ᠤ ᠬᠤᠰᠢᠭᠤᠨ ᠤ ᠪᠠᠨ ᠬᠦᠭᠵᠢᠯᠲᠠ ᠶᠢᠨ ᠳᠤᠮᠳᠠ ᠤᠷᠤᠰᠢᠵᠤ ᠪᠠᠶᠢᠭ᠎ᠠ ᠬᠦᠴᠢᠷᠳᠡᠯ ᠪᠠ ᠠᠰᠠᠭᠤᠳᠠᠯ ᠨᠤᠭᠤᠳ ᠢ ᠳᠤᠳᠤᠷᠬᠠᠢ ᠳᠠᠨᠢᠬᠤ ᠴᠢᠬᠤᠯᠠᠳᠠᠢ ᠪᠠᠶᠢᠨ᠎ᠠ᠃ ᠠᠵᠤ ᠠᠬᠤᠢ ᠶᠢᠨ ᠶᠡᠷᠦᠩᠭᠡᠢ ᠬᠡᠮᠵᠢᠶ᠎ᠡ ᠪᠠᠷ ᠪᠠᠭ᠎ᠠ᠂ ᠤᠨᠴᠠᠭᠠᠶᠢᠯᠠᠨ ᠠᠵᠤ ᠦᠢᠯᠡᠳᠪᠦᠷᠢ ᠶᠢᠨ ᠠᠵᠤ ᠠᠬᠤᠢ ᠶᠢᠨ ᠶᠡᠷᠦᠩᠬᠡᠢ ᠬᠡᠮᠵᠢᠶ᠎ᠡ ᠦᠨᠡᠨᠬᠦ ᠨᠡᠯᠢᠶᠡᠳ ᠳᠤᠤᠷ᠎ᠠ ᠪᠠᠶᠢᠵᠤ᠂ ᠠᠵᠤ ᠦᠢᠯᠡᠰ ᠤᠨ ᠬᠦᠭᠵᠢᠯᠳᠠ ᠶᠢᠨ ᠬᠢᠷᠢ ᠲᠦᠪᠰᠢᠨ  ᠢᠶᠠᠷ ᠲᠤᠤᠷ᠎ᠠ᠂ ᠪᠦᠲᠦᠴᠡ ᠨᠢ ᠳᠠᠩ ᠴᠤᠯᠭᠤᠢ ᠪᠠᠶᠢᠬᠤ ᠠᠰᠠᠭᠤᠳᠠᠯ ᠢᠯᠡᠳᠲᠡ ᠤᠷᠤᠰᠢᠵᠤ᠂ ᠮᠠᠯ ᠠᠵᠤ ᠠᠬᠤᠢ  ᠶᠢᠨ ᠰᠠᠭᠤᠷᠢ ᠨᠢᠮᠭᠡᠨ᠂ ᠡᠬᠢ ᠪᠠᠶᠠᠯᠢᠭ ᠤᠨ ᠪᠤᠰᠤ ᠠᠵᠤ ᠦᠢᠯᠡᠰ᠂ ᠦᠢᠯᠡᠴᠢᠯᠡᠭᠡᠨ ᠤ ᠦᠢᠯᠡᠰ ᠪᠠ ᠳᠤᠮᠳᠠ ᠪᠠᠭ᠎ᠠ ᠠᠵᠤ ᠠᠬᠤᠶᠢᠯᠠᠯ ᠤᠨ ᠬᠦᠭᠵᠢᠯᠲᠠ ᠨᠢ ᠤᠳᠠᠭᠠᠨ ᠪᠠᠶᠢᠵᠤ᠂ ᠤᠯᠠᠨ ᠲᠦᠮᠡᠨ ᠤ ᠬᠡᠷᠡᠭᠯᠡᠭᠡᠨ ᠤ ᠱᠠᠭᠠᠷᠳᠠᠯᠭ᠎ᠠ ᠶᠢ ᠬᠠᠩᠭᠠᠵᠤ ᠳᠡᠶᠢᠯᠬᠦ ᠦᠭᠡᠢ ᠪᠠᠶᠢᠭᠰᠠᠭᠠᠷ︔ ᠬᠤᠳᠠ ᠪᠠᠯᠭᠠᠰᠤᠨ ᠤ ᠰᠠᠭᠤᠷᠢ ᠲᠦᠬᠦᠭᠡᠷᠦᠮᠵᠢ ᠨᠢ ᠪᠦᠷᠢᠨᠰᠢᠭᠡᠳᠦᠢ᠂ ᠦᠡᠳᠤᠰᠤᠨ ᠤᠯᠠᠨ ᠨᠡᠶᠢᠳᠡ ᠶᠢᠨ ᠦᠢᠯᠡᠴᠢᠯᠡᠭᠡᠨ ᠤ ᠬᠢᠷᠢ ᠳᠦᠪᠰᠢᠨ ᠳᠤᠤᠷ᠎ᠠ᠂ ᠨᠡᠶᠢᠭᠡᠮ ᠤᠨ ᠨᠡᠶᠢᠳᠡ ᠶᠢᠨ ᠠᠰᠢᠭᠳᠤ ᠠᠵᠢᠯ ᠦᠢᠯᠡᠰ ᠢ ᠴᠢᠩᠭᠠᠳᠬᠠᠬᠤ ᠴᠢᠬᠤᠯᠠᠳᠠᠢ ᠪᠠᠶᠢᠭᠰᠠᠭᠠᠷ︔ ᠵᠠᠰᠠᠭ ᠤᠨ ᠤᠷᠳᠤᠨ ᠤ ᠴᠢᠳᠠᠪᠬᠢ ᠶᠢᠨ ᠬᠤᠪᠢᠷᠠᠭᠤᠯᠤᠯᠳᠠ ᠨᠢ ᠬᠦᠭᠵᠢᠯᠳᠠ ᠶᠢᠨ ᠰᠢᠨ᠎ᠡ ᠪᠠᠶᠢᠳᠠᠯ᠂ ᠰᠢᠨ᠎ᠡ ᠡᠭᠦᠷᠭᠡ ᠶᠢᠨ ᠱᠠᠭᠠᠷᠳᠠᠯᠭ᠎ᠠ ᠳᠤ ᠪᠦᠷᠢᠮᠦᠰᠦᠨ ᠵᠣᠬᠢᠴᠠᠬᠤ ᠦᠭᠡᠢ ᠪᠠᠶᠢᠭᠰᠠᠭᠠᠷ︔ ᠳᠡᠭᠡᠷᠡᠬᠢ ᠠᠰᠠᠭᠤᠳᠠᠯ ᠨᠤᠭᠤᠳ ᠢ ᠪᠢᠳᠡ ᠡᠷᠬᠡᠪᠰᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠦ᠂ ᠪᠦᠳᠦᠮᠵᠢᠲᠠᠢ ᠠᠷᠭ᠎ᠠ ᠬᠡᠮᠵᠢᠶ᠎ᠡ ᠠᠪᠤᠨ᠂ ᠬᠢᠨᠠᠮᠠᠭᠠᠢ ᠰᠢᠢᠳᠪᠦᠷᠢᠯᠡᠬᠦ ᠴᠢᠬᠤᠯᠠᠳᠠᠢ ᠪᠠᠶᠢᠨ᠎ᠠ᠃ᠬᠤᠶᠡᠷ᠂ 2012 ᠤᠨ ᠤ ᠵᠠᠰᠠᠭ ᠤᠨ ᠤᠷᠳᠤᠨ ᠤ ᠠᠵᠢᠯ ᠤᠨ ᠡᠬᠦᠷᠬᠡᠤᠳᠤᠬᠠᠨ ᠳᠤ᠂ ᠮᠠᠨ ᠤ ᠬᠤᠰᠢᠭᠤᠨ ᠤ ᠠᠵᠤ ᠠᠬᠤᠢ ᠨᠠᠶᠢᠬᠡᠮ ᠤᠨ ᠬᠦᠭᠵᠢᠯᠳᠠ ᠶᠢᠨ ᠲᠤᠮᠳᠠ ᠤᠷᠤᠰᠢᠵᠤ ᠪᠠᠶᠢᠭ᠎ᠠ ᠠᠰᠠᠭᠤᠳᠠᠯ ᠤᠨ ᠣᠭ ᠦᠡᠳᠤᠰᠤ ᠨᠢ ᠬᠦᠭᠵᠢᠯᠳᠠ ᠣᠳᠠᠭᠠᠨ᠂ ᠠᠵᠣ ᠠᠬᠤᠢ ᠶᠢᠨ ᠶᠠᠷᠣᠩᠬᠡᠢ ᠬᠡᠮᠵᠢᠶ᠎ᠠ ᠨᠢ ᠪᠠᠭ᠎ᠠ᠂ ᠦᠷ᠎ᠠ ᠠᠰᠢᠭ ᠨᠢ ᠲᠤᠤᠷ᠎ᠠ ᠪᠠᠶᠢᠬᠤ ᠠᠰᠠᠭᠤᠳᠠᠯ ᠪᠣᠯᠣᠨ᠎ᠠ᠃ ᠪᠢᠳᠠᠨ ᠤ ᠬᠠᠮᠤᠭ ᠤᠨ ᠴᠢᠬᠤᠯᠨ ᠡᠬᠦᠷᠬᠡ ᠪᠣᠯ  ᠬᠦᠭᠵᠢᠬᠦᠯᠬᠦ᠂ ᠬᠦᠭᠵᠢᠬᠦᠯᠬᠦ᠂ ᠲᠠᠬᠢᠨ ᠬᠦᠭᠵᠢᠬᠦᠯᠬᠦ ᠶᠠᠪᠤᠳᠠᠯ ᠪᠤᠯᠤᠨ᠎ᠠ᠃ ᠢᠩᠬᠢᠪᠠᠯ ᠰᠠᠶ᠋ᠢ ᠪᠢᠳ᠋ᠨ ᠲᠤᠯᠭᠠᠷᠠᠵᠤ ᠪᠠᠶᠢᠭ᠎ᠠ ᠦᠷᠢᠰᠣᠯᠳᠣᠬᠡᠨ ᠪᠤᠯᠤᠨ ᠬᠦᠴᠢᠷ ᠪᠡᠷᠬᠡᠰᠢᠶᠠᠯ ᠢ ᠢᠯᠡᠨ ᠲᠠᠪᠠᠵᠣ ᠴᠢᠳᠠᠨ᠎ᠠ︔ ᠢᠩᠬᠢᠪᠠᠯ ᠰᠠᠶ᠋ᠢ ᠨᠠᠶᠢᠬᠡᠮ ᠤᠨ ᠡᠶ᠎ᠡ ᠵᠤᠬᠢᠴᠠᠯ ᠢ ᠨᠠᠩ ᠰᠠᠶᠢᠨ ᠪᠠᠳᠤᠯᠠᠵᠤ ᠴᠢᠳᠠᠨ᠎ᠠ︔ ᠢᠩᠬᠢᠪᠠᠯ ᠰᠠᠶ᠋ᠢ ᠠᠷᠡᠳ ᠤᠨ ᠠᠮᠢᠳᠤᠷᠡᠯ ᠢ ᠦᠨᠡᠡᠬᠦ ᠰᠠᠶᠢᠵᠢᠷᠠᠭᠤᠯᠵᠤ ᠴᠢᠳᠠᠨ᠎ᠠ︔ ᠢᠩᠬᠢᠪᠠᠯ ᠰᠠᠶ᠋ᠢ ᠬᠤᠳᠠ ᠬᠦᠳᠡᠭᠡ ᠶᠢᠨ ᠰᠠᠭᠤᠭᠠᠯᠢ ᠠᠷᠡᠳ  ᠤᠨ ᠤᠷᠤᠯᠭ᠎ᠠ ᠶᠢᠨ ᠲᠤᠭᠳᠠᠭᠤᠨ ᠨᠡᠮᠡᠭᠳᠡᠯ ᠢ ᠠᠬᠢᠭᠤᠯᠵᠤ ᠴᠢᠳᠠᠨ᠎ᠠ᠃ 2012ᠤᠨ ᠤ ᠵᠠᠰᠠᠭ ᠤᠨ ᠤᠷᠳᠤᠨ ᠤ ᠠᠵᠢᠯ ᠤᠨ ᠶᠡᠷᠦᠩᠭᠡᠢ ᠰᠡᠳᠭᠢᠴᠡ ᠪᠤᠯ᠄ ᠬᠦᠭᠵᠢᠬᠦᠯᠤᠯᠳᠠ ᠶᠢ ᠲᠡᠷᠢᠭᠦᠨ ᠪᠠᠶᠢᠷᠢᠨ ᠳᠤ ᠲᠠᠯᠪᠢᠬᠤ ᠶᠢ ᠭᠤᠶᠢᠪᠢᠰᠢ ᠦᠭᠡᠢ ᠪᠠᠷᠢᠮᠳᠠᠯᠠᠨ᠂ ᠰᠢᠨᠵᠢᠯᠡᠬᠦ ᠤᠬᠠᠭᠠᠨᠴᠢ ᠭᠦᠭᠵᠢᠯᠲᠠ ᠶᠢᠨ ᠦᠵᠡᠯᠲᠠ  ᠶᠢ ᠪᠦᠬᠦ ᠲᠠᠯ᠎ᠠ ᠪᠠᠷ ᠳᠤᠤᠱᠯᠠᠭᠤᠯᠵᠣ᠂《ᠠᠮᠢ ᠠᠬᠤᠢ ᠶᠢᠨ ᠤᠷᠴᠢᠨ ᠳᠤᠭᠤᠷᠢᠨ ᠢ ᠬᠠᠮᠠᠭᠠᠯᠠᠨ᠂ ᠬᠦᠭᠵᠢᠭᠦᠯᠦᠯᠲᠠ ᠶᠢᠨ ᠬᠡᠯᠪᠡᠷᠢ ᠮᠠᠶ᠋ᠢᠭ ᠢᠶᠠᠨ ᠬᠤᠪᠢᠷᠠᠭᠤᠯᠵᠤ᠂ ᠠᠵᠤ ᠠᠬᠤᠢ ᠶᠢᠨ ᠶᠡᠷᠦᠩᠬᠡᠢ ᠬᠡᠮᠵᠢᠶ᠎ᠡ ᠶᠢ ᠦᠷᠬᠡᠳᠬᠡᠨ᠂ ᠠᠷᠠᠳ ᠢᠶᠠᠨ ᠪᠠᠶᠠᠵᠢᠭᠤᠯᠵᠤ᠂ ᠬᠤᠰᠢᠭᠤ ᠪᠠᠨ ᠬᠦᠴᠦᠷᠬᠡᠭᠵᠢᠭᠦᠯᠬᠦ ᠶᠢ ᠪᠡᠶᠡᠯᠡᠭᠦᠯᠬᠦ》ᠶᠡᠷᠦᠩᠬᠡᠢ ᠱᠠᠭᠠᠷᠳᠠᠯᠭ᠎ᠠ ᠶᠢᠨ ᠶᠤᠰᠤᠭᠠᠷ ᠠᠵᠤ ᠠᠬᠤᠢ ᠶᠢᠨ ᠪᠦᠳᠦᠴᠡ ᠶᠢ ᠰᠢᠯᠢᠳᠡᠭᠵᠢᠭᠦᠯᠬᠦ ᠠᠯᠬᠤᠴᠠ ᠪᠠᠨ ᠲᠦᠷᠭᠡᠳᠭᠡᠨ᠂ ᠠᠵᠤ ᠠᠬᠤᠢ ᠶᠢᠨ ᠦᠷᠭᠦᠯᠵᠢᠯᠡᠭᠦᠶᠢᠴᠡ ᠲᠦᠷᠭᠡᠨ ᠬᠦᠭᠵᠢᠯᠲᠠ ᠶᠢ ᠪᠠᠳᠤᠯᠠᠨ᠂ ᠤᠰᠤ ᠡᠨᠧᠷᠬᠢ ᠠᠷᠪᠢᠯᠠᠬᠤ᠂ ᠤᠷᠴᠢᠨ ᠳᠤᠭᠤᠷᠢᠨ ᠢ ᠬᠠᠮᠠᠭᠠᠯᠠᠬᠤ ᠶᠢ ᠨᠡᠩ ᠴᠢᠬᠤᠯᠠᠴᠢᠯᠠᠵᠤ᠂ ᠰᠠᠭᠤᠷᠢ ᠪᠦᠳᠦᠭᠡᠨ ᠪᠠᠶᠢᠭᠤᠯᠤᠯᠳᠠ ᠶᠢᠨ ᠨᠦᠭᠦᠴᠡᠯ ᠢ ᠶᠡᠭᠡ ᠬᠦᠴᠦᠨ ᠢᠶᠠᠷ ᠰᠠᠶᠢᠵᠢᠷᠠᠭᠤᠯᠤᠨ᠂ ᠠᠷᠠᠳ ᠤᠨ ᠠᠮᠢᠳᠤᠷᠠᠯ ᠢ ᠪᠠᠳᠤᠯᠠᠨ ᠰᠠᠶᠢᠵᠢᠷᠠᠭᠤᠯᠬᠤ ᠡᠷᠴᠢᠮ ᠢᠶᠠᠨ ᠴᠢᠩᠭᠠᠷᠠᠭᠤᠯᠤᠨ᠎ᠠ᠃ ᠰᠢᠨᠵᠢᠯᠡᠬᠦ ᠤᠬᠠᠭᠠᠨᠴᠢ ᠬᠦᠭᠵᠢᠭᠦᠯᠦᠯᠲᠠ᠂  ᠦᠰᠤᠷᠤᠯᠳᠠ ᠶᠢᠨ ᠴᠢᠨᠠᠷᠳᠡᠢ ᠬᠦᠭᠵᠢᠭᠦᠯᠦᠯᠲᠠ ᠪᠠ ᠠᠷᠠᠳ ᠢᠶᠠᠨ ᠪᠠᠶᠠᠵᠢᠭᠤᠯᠵᠤ ᠬᠤᠰᠢᠭᠤ ᠪᠠᠨ ᠬᠦᠴᠦᠷᠬᠡᠭᠵᠢᠭᠦᠯᠬᠦ ᠠᠬᠢᠴᠠ ᠶᠢ ᠲᠦᠷᠭᠡᠳᠭᠡᠨ᠂ ᠠᠯᠢ ᠲᠦᠷᠭᠡᠨ ᠢᠶᠠᠷ ᠪᠦᠬᠦ ᠠᠶᠢᠮᠠᠭ ᠤᠨ ᠲᠤᠮᠳᠠ ᠪᠠᠶᠢᠷᠢᠨ ᠳᠤ ᠵᠢᠭᠰᠠᠭᠠᠭᠳᠠᠬᠤ ᠳᠤ ᠪᠠᠳᠤ ᠪᠠᠬᠢ ᠰᠠᠭᠤᠷᠢ ᠶᠢ ᠳᠠᠯᠪᠢᠨ᠎ᠠ᠃ᠠᠵᠤ ᠠᠬᠤᠢ ᠶᠢᠨ ᠬᠦᠭᠵᠢᠯᠲᠡ ᠶᠢᠨ ᠲᠦᠰᠤᠪᠯᠡᠭᠰᠡᠨ ᠬᠠᠷᠠᠯᠳᠠ ᠪᠤᠯ᠄ ᠭᠠᠵᠠᠷ ᠤᠷᠤᠨ ᠤ ᠦᠢᠯᠡᠳᠪᠦᠷᠢᠯᠡᠯ ᠤᠨ ᠶᠡᠷᠦᠩᠭᠡᠢ ᠦᠷᠳᠡᠭ ᠢ 48.0 ᠳ᠋ᠦᠩᠰᠢᠭᠤᠷ ᠲᠦᠭᠦᠷᠢᠭ ᠲᠤ ᠬᠦᠷᠭᠡᠨ᠂ ᠠᠳᠠᠯᠢ ᠬᠤᠭᠤᠴᠠᠭᠠᠨ ᠤ ᠬᠢ ᠠᠴᠠ 21.2 % ᠪᠠᠷ ᠨᠡᠮᠡᠭᠳᠡᠭᠦᠯᠦᠨ᠎ᠡ᠃ ᠡᠭᠦᠨ ᠳᠤ ᠨᠢᠭᠡᠳᠦᠭᠡᠷ ᠠᠵᠤ ᠦᠢᠯᠡᠰ ᠤᠨ ᠨᠡᠮᠡᠭᠳᠡᠯ ᠦᠷᠳᠡᠭ ᠢ 5.8 ᠳ᠋ᠦᠩᠰᠢᠭᠤᠷ ᠲᠦᠭᠦᠷᠢᠭ ᠲᠤ ᠬᠦᠷᠭᠡᠨ᠂ 9.4% ᠪᠠᠷ ᠨᠡᠮᠡᠭᠳᠡᠭᠦᠯᠦᠨ᠎ᠡ︔ ᠬᠤᠶᠠᠳᠤᠭᠠᠷ ᠠᠵᠤ ᠦᠢᠯᠡᠰ ᠤᠨ ᠨᠡᠮᠡᠭᠳᠡᠯ ᠦᠷᠳᠡᠭ ᠢ 34.7 ᠳ᠋ᠦᠩᠰᠢᠭᠤᠷ ᠲᠦᠭᠦᠷᠢᠭ ᠲᠤ ᠬᠦᠷᠬᠡᠨ᠂ 22.6% ᠪᠠᠷ ᠨᠡᠮᠡᠭᠳᠡᠬᠦᠯᠵᠤ᠂ ᠡᠬᠦᠨ ᠳᠤ ᠠᠵᠤ ᠦᠢᠯᠡᠳᠪᠤᠷᠢ ᠶᠢᠨ ᠨᠡᠮᠡᠭᠳᠡᠯ ᠦᠷᠳᠡᠭ ᠢ 30.3 ᠳ᠋ᠦᠩᠰᠢᠭᠤᠷ ᠲᠦᠬᠦᠷᠢᠭ ᠲᠤ ᠬᠦᠷᠬᠡᠨ 20.2% ᠪᠠᠷ ᠨᠡᠮᠡᠭᠳᠡᠭᠦᠯᠦᠨ᠎ᠡ︔ ᠭᠤᠷᠪᠠᠳᠤᠭᠠᠷ ᠠᠵᠤ ᠦᠢᠯᠡᠰ ᠤᠨ ᠨᠡᠮᠡᠭᠳᠡᠯ ᠦᠷᠳᠡᠭ ᠢ 7.5 ᠳ᠋ᠦᠩᠰᠢᠭᠤᠷ ᠲᠦᠭᠦᠷᠢᠭ ᠲᠤ ᠬᠦᠷᠭᠡᠨ᠂ 25.0 %   ᠪᠠᠷ ᠨᠡᠮᠡᠭᠳᠡᠭᠦᠯᠦᠨ᠎ᠡ᠃ ᠭᠤᠷᠪᠠᠨ ᠠᠵᠤ ᠦᠢᠯᠡᠰ ᠤᠨ ᠬᠠᠷᠢᠴᠠᠯ ᠢ 12᠄72᠄16 ᠪᠤᠯᠭᠠᠨ᠎ᠠ᠃ ᠳᠤᠭᠳᠠᠮᠠᠯ ᠬᠦᠷᠦᠩᠭᠡ ᠶᠢᠨ ᠪᠡᠯᠡ ᠤᠷᠤᠭᠤᠯᠤᠯᠳᠠ ᠶᠢ 50 ᠳ᠋ᠦᠩᠰᠢᠭᠤᠷ ᠲᠦᠭᠦᠷᠢᠭ ᠲᠤ ᠬᠦᠷᠭᠡᠨ᠂ 42.9%   ᠪᠠᠷ ᠨᠡᠮᠡᠭᠳᠡᠭᠦᠯᠵᠦ᠂ ᠪᠦᠬᠦ ᠨᠡᠶᠢᠭᠡᠮ ᠤᠨ ᠬᠡᠷᠡᠭᠯᠡᠭᠡᠨ ᠤ ᠪᠤᠳᠠᠰ ᠢ ᠵᠢᠵᠢᠭᠯᠡᠨ ᠪᠤᠷᠤᠯᠠᠭᠤᠯᠤᠭᠰᠠᠨ ᠶᠡᠷᠦᠩᠬᠡᠢ ᠦᠷᠳᠡᠭ ᠢ 7.6 ᠳ᠋ᠦᠩᠰᠢᠭᠤᠷ ᠲᠦᠭᠦᠷᠢᠭ ᠲᠤ ᠬᠦᠷᠭᠡᠨ᠂ 17.8% ᠪᠠᠷ ᠨᠡᠮᠡᠭᠳᠡᠭᠦᠯᠦᠨ᠂ ᠭᠠᠵᠠᠷ ᠤᠷᠤᠨ ᠤ ᠡᠳ᠋ ᠤᠨ ᠵᠠᠰᠠᠭ ᠤᠨ ᠶᠡᠷᠦᠩᠬᠡᠢ ᠤᠷᠤᠯᠭ᠎ᠠ ᠶᠢ 3.6 ᠳ᠋ᠦᠩᠰᠢᠭᠤᠷ ᠲᠦᠭᠦᠷᠢᠭ ᠲᠤ ᠬᠦᠷᠭᠡᠨ᠂ 73.9%   ᠪᠠᠷ ᠨᠡᠮᠡᠭᠳᠡᠭᠦᠯᠦᠨ᠎ᠡ᠃ ᠬᠤᠳᠠ ᠪᠠᠯᠭᠠᠰᠤᠨ ᠤ ᠰᠠᠭᠤᠭᠠᠯᠢ ᠠᠷᠠᠳ ᠤᠨ ᠳᠤᠮᠳᠠᠴᠢ ᠳᠤᠬᠢᠷᠠᠭᠤᠯᠵᠤ ᠪᠤᠯᠬᠤᠶᠢᠴᠠ ᠤᠷᠤᠯᠭ᠎ᠠ ᠶᠢ 20200 ᠲᠦᠭᠦᠷᠢᠭ ᠲᠤ ᠬᠦᠷᠭᠡᠨ᠂ 14.1%   ᠪᠠᠷ ᠨᠡᠮᠡᠭᠳᠡᠭᠦᠯᠦᠨ᠂ ᠮᠠᠯᠴᠢᠳ  ᠤᠨ ᠳᠤᠮᠳᠠᠴᠢ ᠴᠠᠪᠠᠷ ᠤᠷᠤᠯᠭ᠎ᠠ ᠶᠢ 13780 ᠲᠦᠭᠦᠷᠢᠭ ᠲᠤ ᠬᠦᠷᠭᠡᠨ᠂ 15.6%   ᠪᠠᠷ ᠨᠡᠮᠡᠭᠳᠡᠭᠦᠯᠦᠨ᠎ᠡ᠃ᠡᠳᠡᠭᠡᠷ ᠬᠠᠷᠠᠯᠳᠠ ᠶᠢ ᠪᠡᠶᠡᠯᠡᠬᠦᠯᠬᠦ ᠳᠤ ᠬᠤᠰᠢᠭᠤ ᠠᠷᠡᠳ ᠤᠨ ᠵᠠᠰᠠᠭ ᠤᠨ ᠤᠷᠳᠤᠨ ᠠᠴᠠ ᠳᠤᠤᠷᠠᠬᠢ ᠬᠡᠳᠤᠨ ᠲᠠᠯ᠎ᠠ ᠶᠢ ᠭᠤᠤᠯᠳᠠᠯᠭ᠎ᠠ ᠲᠠᠢ ᠠᠳᠬᠤᠬᠤ ᠪᠠᠷ ᠪᠠᠶᠢᠨ᠎ᠠ  ᠄︵ᠨᠢᠬᠡ︶ ᠤᠳᠤᠬᠢᠴᠢᠯᠠᠭᠰᠡᠨ ᠮᠠᠯ ᠠᠵᠤ ᠠᠬᠤᠢ ᠶᠢᠨ ᠬᠦᠭᠵᠢᠯᠳᠠ ᠶᠢ ᠯᠠᠪᠳᠠᠭᠤᠨ ᠪᠠᠳᠤᠳᠡᠢ ᠠᠬᠢᠭᠤᠯᠤᠨ᠎ᠠ᠃ ︽ᠨᠢᠬᠡ ᠶᠢ ᠬᠤᠪᠢᠷᠠᠭᠤᠯᠤᠨ᠂ ᠨᠢᠬᠡ ᠶᠢ ᠨᠡᠬᠦᠯᠬᠡᠵᠤ᠂ ᠨᠢᠬᠡ ᠶᠢ ᠰᠢᠯᠵᠢᠬᠦᠯᠤᠨ᠂ ᠭᠤᠷᠪᠡ ᠶᠢ ᠨᠡᠮᠡᠭᠳᠡᠬᠦᠯᠵᠤ᠂ ᠭᠤᠷᠪᠡ ᠶᠢ ᠲᠦᠪᠯᠡᠷᠡᠬᠦᠯᠬᠦ︾  ︵ᠲᠠᠷᠤᠢ᠄ ︽ᠮᠠᠯᠵᠢᠬᠤ ᠦᠢᠯᠡᠳᠪᠤᠷᠢᠯᠡᠯ ᠤᠨ ᠡᠵᠡᠩᠨᠡᠯᠳᠡ ᠶᠢᠨ ᠬᠡᠯᠪᠡᠷᠢ ᠮᠠᠶ᠋ᠢᠭ ᠢ ᠬᠤᠪᠢᠷᠠᠭᠤᠯᠤᠨ᠂ ᠮᠠᠯᠵᠢᠬᠤ ᠤᠷᠤᠨ ᠤ ᠬᠦᠮᠤᠨ ᠠᠮᠨ ᠶᠢ ᠨᠡᠬᠦᠯᠬᠡᠵᠤ᠂ ᠨᠤᠳᠤᠭ ᠪᠠᠯᠴᠢᠬᠡᠷ ᠤᠨ ᠡᠵᠡᠩᠨᠡᠬᠦ ᠡᠷᠬᠡ  ᠶᠢ ᠰᠢᠯᠵᠢᠬᠦᠯᠬᠦ︾᠂ ︽ᠡᠪᠡᠰᠤ ᠪᠤᠷᠳᠤᠭᠠᠨ ᠤ ᠨᠦᠬᠡᠴᠠ ︵ ᠭᠠᠷᠤᠯᠳᠠ︶ ᠶᠢ ᠨᠡᠮᠡᠭᠳᠡᠬᠦᠯᠬᠦ᠂ ᠬᠠᠰᠢᠶᠠᠯᠠᠨ ᠲᠠᠵᠢᠬᠡᠬᠦ ᠬᠠᠷᠢᠴᠠᠯ ᠢ ᠨᠡᠮᠡᠭᠳᠡᠬᠦᠯᠬᠦ᠂ ᠮᠠᠯᠴᠢᠳ ᠤᠨ ᠤᠷᠤᠯᠭ᠎ᠠ ᠶᠢ ᠨᠡᠮᠡᠭᠳᠡᠬᠦᠯᠬᠦ︾᠂ ︽ᠤᠰᠤᠨ ᠤ ᠰᠤᠷᠪᠤᠯᠵᠢ ᠪᠠ ᠰᠠᠭᠤᠷᠢ ᠲᠦᠬᠦᠬᠡᠷᠤᠮᠵᠢ ᠶᠢᠨ ᠨᠦᠬᠦᠴᠠᠯ ᠢᠶᠠᠷ ᠰᠠᠶᠢᠨ ᠭᠠᠵᠡᠷ ᠤᠷᠤᠨ ᠳᠤ ᠲᠤᠰᠬᠠᠶᠢᠵᠢᠭᠰᠡᠨ ᠠᠷᠠᠴᠢᠯᠠᠭ᠎ᠠ ᠮᠠᠯᠵᠢᠯᠭ᠎ᠠ ᠶᠢᠨ ᠡᠷᠤᠬᠡ ᠶᠢ ᠬᠠᠷᠢᠴᠠᠩᠭᠤᠢ ᠪᠠᠷ ᠲᠦᠪᠯᠡᠷᠡᠬᠦᠯᠬᠦ᠂ ᠠᠷᠠᠴᠢᠯᠠᠭ᠎ᠠ ᠮᠠᠯᠵᠢᠯᠭ᠎ᠠ ᠶᠢᠨ ᠭᠠᠷᠮᠠᠭᠠᠢ ᠬᠦᠮᠤᠰ ᠪᠠ ᠬᠤᠷᠰᠢᠶᠠᠵᠢᠯ ᠳᠤ ᠮᠠᠯᠵᠢᠬᠤ ᠦᠢᠯᠡᠳᠪᠤᠷᠢᠯᠡᠯ ᠤᠨ ᠮᠠᠲ᠋ᠧᠷᠢᠶᠠᠯ ᠢ ᠬᠠᠷᠢᠴᠠᠩᠭᠤᠢ ᠪᠠᠷ ᠲᠦᠪᠯᠡᠷᠡᠬᠦᠯᠬᠦ᠂ ᠭᠤᠤᠯᠯᠠᠬᠤ ᠠᠵᠤ ᠦᠢᠯᠡᠰ ᠲᠤ ᠮᠠᠯ ᠠᠵᠤ ᠠᠬᠤᠢ ᠳᠤ ᠬᠤᠯᠪᠤᠭᠳᠠᠭᠰᠡᠨ ᠲᠦᠷᠥᠯ ᠵᠥᠢᠯ ᠪᠠ ᠪᠡᠯᠨ ᠮᠦᠩᠬᠦ ᠶᠢ ᠬᠠᠷᠢᠴᠠᠩᠭᠤᠢ ᠪᠠᠷ ᠲᠦᠪᠯᠡᠷᠡᠬᠦᠯᠬᠦ︾︶ ᠪᠠ     ︽ᠨᠢᠬᠡ ᠶᠢ ᠬᠤᠪᠢᠷᠠᠭᠤᠯᠬᠤ ᠦᠬᠡᠢ᠂ ᠬᠤᠶᠡᠷ ᠢ ᠪᠠᠷᠢᠮᠳᠠᠯᠠᠵᠤ᠂ ᠭᠤᠷᠪᠡ ᠶᠢ ᠨᠢᠬᠡᠳᠬᠡᠨ᠂ ᠲᠦᠷᠪᠡ ᠶᠢ ᠪᠠᠳᠠᠷᠠᠭᠤᠯᠵᠤ᠂ ᠲᠠᠪᠤ ᠶᠢ ᠲᠡᠬᠡᠭᠰᠢᠯᠡᠬᠦᠯᠬᠦ︾ ᠰᠡᠳᠬᠢᠴᠠ ᠶᠢᠨ ᠲᠣᠭᠤᠷᠢᠨ  ᠳᠤ᠂ ︽ᠠᠷᠪᠡᠨ ᠪᠠᠷᠢᠮᠵᠢᠶ᠎ᠠ︾ ᠳᠤ ᠬᠦᠷᠬᠡᠬᠦ ᠱᠠᠭᠠᠷᠳᠠᠯᠭ᠎ᠠ ᠶᠣᠰᠣᠭᠠᠷ ᠤᠳᠤᠬᠢᠴᠢᠯᠠᠭᠰᠡᠨ ᠮᠠᠯ ᠠᠵᠤ ᠠᠬᠤᠢ ᠶᠢᠨ ᠵᠠᠮ ᠢᠶᠠᠷ ᠵᠠᠮᠨᠠᠵᠤ᠂ ᠪᠦᠳᠤᠬᠡᠨ ᠪᠠᠶᠢᠭᠤᠯᠤᠯᠳᠠ ᠶᠢᠨ ᠬᠡᠯᠪᠡᠷᠢ ᠶᠢᠨ ᠮᠠᠯ ᠠᠵᠤ ᠠᠬᠤᠢ ᠶᠢᠨ ᠠᠷᠭ᠎ᠠ ᠵᠠᠮ ᠢ ᠪᠠᠷᠢᠮᠳᠠᠯᠠᠨ᠂ ᠨᠣᠳᠤᠭ ᠪᠠᠯᠴᠢᠬᠡᠷ ᠤᠨ ᠪᠦᠳᠣᠬᠡᠨ ᠪᠠᠶᠢᠭᠤᠯᠤᠯᠳᠠ ᠶᠢ ᠲᠦᠷᠬᠡᠳᠬᠡᠨ᠂ ᠮᠠᠯ ᠠᠵᠤ ᠠᠬᠤᠢ ᠶᠢᠨ ᠬᠡᠪᠴᠢᠶᠠᠵᠢᠭ᠍ᠰᠡᠨ ᠪᠠᠷᠢᠮᠵᠢᠶᠠᠵᠢᠭᠰᠡᠨ ᠪᠦᠳᠤᠬᠡᠨ ᠪᠠᠶᠢᠭᠤᠯᠤᠯᠳᠠ ᠪᠠ ᠠᠮᠢ ᠠᠬᠤᠢ ᠶᠢᠨ ᠪᠤᠯᠪᠠᠰᠤᠨ ᠤ ᠪᠦᠳᠤᠬᠡᠨ ᠪᠠᠶᠢᠭᠤᠯᠤᠯᠳᠠ ᠶᠢ ᠪᠦᠬᠦ ᠬᠦᠴᠤᠨ ᠢᠶᠠᠷ ᠢᠶᠠᠨ ᠲᠦᠯᠬᠢᠨ ᠠᠬᠢᠭᠤᠯᠵᠤ᠂ ᠬᠦᠮᠤᠨ ᠪᠠᠶᠢᠭᠠᠯᠢ ᠶᠢᠨ ᠡᠶ᠎ᠡ ᠵᠤᠬᠢᠴᠠᠯᠳᠤ ᠬᠦᠭᠵᠢᠯᠳᠠ ᠶᠢ ᠠᠬᠢᠭᠤᠯᠤᠨ᠂ ᠠᠮᠢ ᠠᠬᠤᠢ ᠪᠠᠨ ᠣᠯᠠᠮ ᠰᠠᠷᠬᠦᠬᠡᠵᠤ᠂ ᠦᠢᠯᠡᠳᠪᠤᠷᠢᠯᠡᠯ ᠢ ᠣᠯᠠᠮ ᠬᠦᠭᠵᠢᠬᠦᠯᠤᠨ᠂ ᠠᠷᠡᠳ ᠤᠨ ᠠᠮᠢᠳᠤᠷᠡᠯ ᠢ ᠣᠯᠠᠮ ᠴᠢᠨᠡᠬᠡᠯᠢᠭᠵᠢᠬᠦᠯᠬᠦ ᠬᠠᠷᠠᠯᠳᠠ ᠶᠢ ᠪᠠᠶᠠᠯᠠᠬᠦᠯᠤᠨ᠎ᠠ᠃││ᠲᠠᠯ᠎ᠠ ᠨᠤᠳᠤᠭ ᠤᠨ ᠠᠮᠢ ᠠᠬᠤᠢ ᠶᠢᠨ ᠬᠠᠮᠠᠭᠠᠯᠠᠯᠳᠠ ᠪᠠ ᠪᠦᠳᠤᠬᠡᠨ ᠪᠠᠶᠢᠭᠤᠯᠤᠯᠳᠠ ᠶᠢ ᠴᠢᠩᠭᠠᠳᠬᠠᠨ᠎ᠠ᠃  ᠪᠠᠯᠴᠢᠬᠡᠷᠯᠡᠬᠦᠯᠬᠦ ᠶᠢ ᠵᠣᠭᠰᠣᠭᠠᠬᠤ᠂ ᠪᠠᠯᠴᠢᠬᠡᠷ ᠰᠡᠷᠬᠦᠬᠡᠬᠦ᠂ ᠪᠠᠯᠴᠢᠬᠡᠷ ᠰᠡᠯᠬᠦᠨ ᠮᠠᠯᠵᠢᠬᠤ ᠪᠠ ᠮᠠᠯ ᠪᠠᠯᠴᠢᠬᠡᠷ ᠤᠨ ᠲᠠᠩᠴᠠᠬᠦᠷᠢ ᠶᠢᠨ ᠲᠦᠷᠢᠮ ᠢ ᠬᠢᠨᠠᠮᠠᠭᠠᠢ ᠬᠡᠷᠡᠭᠵᠢᠬᠦᠯᠵᠤ᠂ ᠤᠯᠠᠮᠵᠢᠯᠠᠯᠳᠤ ᠡᠵᠡᠩᠨᠡᠯᠳᠡ ᠶᠢᠨ ᠬᠡᠯᠪᠡᠷᠢ ᠮᠠᠶ᠋ᠢᠭ ᠢᠶᠠᠨ ᠬᠤᠪᠢᠷᠠᠭᠤᠯᠤᠨ᠂ ᠨᠤᠳᠤᠭ ᠪᠠᠯᠴᠢᠬᠡᠷ ᠢᠶᠠᠨ ᠲᠤᠬᠢᠷᠠᠮᠵᠢᠳᠡᠢ ᠡᠵᠡᠩᠨᠡᠵᠤ᠂ ᠮᠠᠯ ᠠᠵᠤ ᠠᠬᠤᠢ ᠶᠢᠨ ᠬᠦᠭᠵᠢᠯᠳᠠ ᠶᠢᠨ ᠬᠡᠯᠪᠡᠷᠢ ᠮᠠᠶ᠋ᠢᠭ ᠤᠨ ᠬᠤᠪᠢᠷᠠᠭᠤᠯᠤᠯᠳᠠ ᠶᠢ ᠪᠦᠳᠤᠮᠵᠢᠳᠡᠢ ᠠᠬᠢᠭᠤᠯᠤᠨ᠎ᠠ᠃ ᠤᠯᠤᠰ ᠤᠨ ᠲᠠᠯ᠎ᠠ ᠨᠤᠳᠤᠭ ᠤᠨ ᠠᠮᠢ ᠠᠬᠤᠢ ᠶᠢᠨ ᠬᠠᠮᠠᠭᠠᠯᠠᠯᠳᠠ ᠶᠢᠨ ᠱᠠᠩᠨᠠᠯ ᠨᠦᠬᠦᠪᠤᠷᠢ ᠶᠢᠨ ᠲᠦᠷᠢᠮ ᠢ ᠬᠢᠨᠠᠮᠠᠭᠠᠢ ᠲᠤᠤᠱᠯᠠᠭᠤᠯᠵᠤ᠂ ᠪᠠᠯᠴᠢᠬᠡᠷᠯᠡᠬᠦᠯᠬᠦ  ᠶᠢ ᠵᠤᠭᠰᠤᠭᠠᠬᠤ  ᠲᠦᠷᠢᠮ ᠪᠠ ᠮᠠᠯᠵᠢᠬᠤ ᠡᠷᠤᠬᠡ ᠶᠢᠨ ᠮᠠᠯ ᠪᠠᠯᠴᠢᠬᠡᠷ ᠤᠨ ᠲᠠᠩᠴᠠᠬᠦᠷᠢ ᠶᠢᠨ ᠲᠦᠷᠢᠮ ᠢ ᠴᠢᠩᠭ᠎ᠠ ᠬᠡᠷᠡᠭᠵᠢᠬᠦᠯᠤᠨ᠂ ᠪᠠᠯᠴᠢᠬᠡᠷᠯᠡᠬᠦᠯᠤᠨ ᠮᠠᠯᠵᠢᠬᠤ ᠮᠠᠯ ᠤᠨ ᠲᠤᠭ᠎ᠠ ᠲᠤᠯᠤᠭᠠᠢ ᠶᠢ ᠴᠦᠬᠡᠳᠬᠡᠨ᠎ᠠ᠃  ᠪᠤᠳᠠᠳᠤ ᠪᠠᠶᠢᠳᠠᠯ  ᠳᠤᠨᠢ ᠵᠤᠬᠢᠴᠠᠭᠤᠯᠤᠨ ᠬᠠᠰᠢᠶᠠᠯᠠᠨ ᠲᠡᠵᠢᠭᠡᠬᠦ ᠶᠢ ᠯᠠᠪᠳᠠᠭᠤᠨ ᠢᠶᠠᠷ ᠠᠬᠢᠭᠤᠯᠵᠤ᠂ ᠮᠠᠯ ᠤᠨ ᠠᠰᠢᠭ ᠰᠢᠮ᠎ᠡ ᠶᠢᠨ ᠬᠠᠩᠭᠠᠯᠭ᠎ᠠ ᠪᠠ ᠮᠠᠯᠴᠢᠳ ᠤᠨ ᠤᠷᠤᠯᠭ᠎ᠠ ᠶᠢᠨ ᠨᠡᠮᠡᠭᠳᠠᠯ ᠤᠨ ᠰᠢᠪᠳᠤᠯᠤᠯᠳᠠ ᠶᠢᠨ ᠴᠡᠭ ᠪᠤᠯᠭᠠᠨ᠎ᠠ᠃ ᠣᠯᠠᠮᠵᠢᠯᠠᠯᠳᠣ ᠡᠵᠡᠩᠨᠡᠯᠳᠡ ᠶᠢᠨ ᠠᠷᠭ᠎ᠠ ᠮᠠᠶ᠋ᠢᠭ ᠢᠶᠠᠨ ᠬᠤᠪᠢᠷᠠᠭᠤᠯᠵᠤ᠂ ᠲᠠᠵᠢᠬᠡᠯ ᠪᠣᠷᠳᠣᠭᠠᠨ ᠤ ᠰᠠᠭᠤᠷᠢᠨ ᠭᠠᠵᠠᠷ  ᠤᠨ ᠪᠠᠶᠢᠭᠤᠯᠣᠯᠳᠠ ᠶᠢ ᠴᠢᠩᠭᠠᠳᠬᠠᠵᠣ᠂ ᠪᠠᠯᠴᠢᠬᠡᠷᠯᠡᠬᠦᠯᠬᠦ ᠶᠢ  ᠵᠤᠭᠰᠤᠭᠠᠭᠰᠡᠨ ᠴᠤ ᠣᠷᠣᠯᠭ᠎ᠠ ᠶᠢᠨ ᠨᠡᠮᠡᠭᠳᠠᠯ ᠢ ᠨᠦᠯᠤᠬᠡᠯᠡᠬᠦ ᠦᠬᠡᠢ ᠬᠠᠷᠠᠯᠳᠠ ᠶᠢ ᠪᠠᠶᠡᠯᠡᠬᠦᠯᠬᠦ ᠪᠣᠯᠣᠨ᠎ᠠ᠃ ᠲᠠᠯ᠎ᠠ ᠨᠤᠳᠤᠭ ᠤᠨ ᠬᠢᠨᠡᠨ ᠬᠠᠮᠢᠶᠠᠷᠤᠯᠳᠠ ᠶᠢᠨ ᠰᠠᠯᠠᠭ᠎ᠠ ᠮᠦᠴᠢᠷ ᠪᠠ ᠭᠠᠴᠠᠭᠠᠨ ᠤ ᠨᠤᠳᠤᠭ ᠪᠡᠯᠴᠢᠭᠡᠷ ᠤᠨ ᠬᠢᠨᠠᠨ ᠬᠠᠮᠢᠶᠠᠷᠤᠯᠳᠠ ᠶᠢᠨ ᠠᠵᠢᠯᠳᠠᠳ ᠤᠨ ᠦᠢᠯᠡᠳᠤᠯ  ᠢ ᠬᠦᠢᠴᠡᠳ ᠪᠠᠳᠠᠷᠠᠭᠤᠯᠵᠤ᠂ ᠪᠠᠯᠴᠢᠬᠡᠷᠯᠡᠬᠦᠯᠬᠦ ᠶᠢ ᠵᠤᠭᠰᠤᠭᠠᠬᠤ ᠤᠷᠤᠨ ᠪᠠ ᠮᠠᠯ ᠪᠠᠯᠴᠢᠬᠡᠷ ᠤᠨ ᠲᠠᠩᠴᠠᠬᠦᠷᠢ ᠶᠢ ᠪᠠᠳᠤᠯᠠᠬᠤ ᠤᠷᠤᠨ ᠤ ᠬᠢᠨᠡᠨ ᠬᠠᠮᠢᠶᠠᠷᠬᠤ ᠠᠵᠢᠯ ᠤᠨ ᠡᠷᠴᠢᠮ ᠢ ᠦᠨᠡᠡᠬᠦ ᠴᠢᠩᠭᠠᠳᠬᠠᠵᠤ᠂ ᠲᠠᠯᠳᠡᠭᠤᠷ ᠮᠠᠯᠵᠢᠬᠤ ᠪᠠ ᠲᠤᠷ᠎ᠠ ᠪᠠᠷ ᠮᠠᠯᠵᠢᠬᠤ ᠠᠵᠢᠯᠯᠠᠭ᠎ᠠ ᠳᠤ ᠡᠷᠡᠰ ᠴᠤᠬᠢᠯᠳᠠ ᠦᠭᠴᠤ᠂ ᠲᠦᠷᠥᠯ ᠵᠥᠢᠯ ᠤᠨ ᠤᠷᠤᠨ ᠳᠠᠬᠢ ᠲᠠᠯ᠎ᠠ ᠨᠤᠳᠤᠭ ᠤᠨ ᠠᠮᠢ ᠠᠬᠤᠢ ᠶᠢ ᠢᠯᠡᠳᠳᠡ ᠰᠡᠷᠬᠦᠬᠡᠬᠦ ᠶᠢ ᠪᠠᠳᠤᠯᠠᠨ᠎ᠠ᠃ ᠮᠠᠯᠵᠢᠯ ᠤᠨ ᠪᠤᠰᠤ ᠡᠷᠤᠬᠡ ᠪᠠ ᠺᠠᠳ᠋ᠷ ᠠᠵᠢᠯᠳᠠᠨ ᠤ ᠮᠠᠯ ᠮᠠᠯᠵᠢᠬᠤ ᠦᠵᠡᠭᠳᠡᠯ ᠢ ᠦᠷᠬᠦᠯᠵᠢᠯᠡᠨ ᠴᠡᠪᠡᠷᠯᠡᠨ ᠴᠡᠭᠴᠡᠯᠡᠵᠤ᠂ ᠬᠠᠤᠯᠢ ᠪᠤᠰᠤ ᠪᠠᠷ ᠨᠤᠳᠤᠭ ᠪᠠᠯᠴᠢᠬᠡᠷ ᠢ ᠲᠤᠷ᠎ᠠ ᠪᠠᠷ ᠲᠠᠳᠠᠪᠤᠷᠢᠯᠠᠬᠤ ᠪᠠ ᠲᠤᠷ᠎ᠠ ᠪᠠᠷ ᠬᠠᠭᠠᠯᠪᠤᠷᠢᠯᠠᠬᠤ  ᠠᠵᠢᠯᠯᠠᠭ᠎ᠠ ᠳᠤ ᠬᠦᠡᠳᠤ ᠴᠤᠬᠢᠯᠳᠠ ᠦᠭᠬᠦᠨ᠎ᠠ᠃ ᠮᠠᠯ ᠠᠵᠤ ᠠᠬᠤᠢ ᠶᠢᠨ ᠨᠠᠶᠢᠳᠠᠮ ᠪᠠᠶᠢᠴᠠᠭᠠᠯᠳᠠ ᠶᠢᠨ ᠠᠵᠢᠯ ᠢ ᠤᠯᠠᠮ ᠴᠢᠩᠭᠠᠳᠬᠠᠵᠤ᠂ ᠮᠠᠯᠵᠢᠯ ᠤᠨ ᠤᠨ ᠤ ᠮᠠᠯ ᠤᠨ ᠲᠤᠭ᠎ᠠ ᠪᠠ ᠡᠪᠤᠯᠵᠢᠬᠦ ᠮᠠᠯ ᠤᠨ ᠲᠤᠭ᠎ᠠ ᠶᠢ ᠡᠷᠤᠬᠡ ᠲᠠᠷᠠᠭᠠᠯᠠᠨ ᠨᠠᠷᠢᠨ ᠪᠦᠷᠢᠳᠬᠡᠵᠤ᠂ ᠪᠦᠷᠢᠳᠬᠡᠯ ᠤᠨ ᠲᠤᠭ᠎ᠠ ᠪᠠᠷᠢᠮᠳᠠ ᠶᠢᠨ ᠦᠨᠡᠨ ᠪᠤᠳᠡᠳᠤ ᠴᠢᠨᠠᠷ ᠪᠠ ᠰᠢᠡᠵᠢᠯᠡᠬᠦ ᠤᠬᠠᠭᠠᠡᠴᠢ ᠴᠢᠨᠠᠷ ᠢ ᠲᠡᠬᠡᠭᠰᠢᠯᠡᠬᠦᠯᠤᠨ᠎ᠠ᠃ ᠨᠤᠳᠤᠭ ᠪᠠᠯᠴᠢᠬᠡᠷ ᠤᠨ ᠡᠵᠡᠩᠨᠡᠯᠳᠡ ᠶᠢᠨ ᠡᠷᠬᠡ ᠶᠢ ᠰᠢᠯᠵᠢᠬᠦᠯᠬᠦ ᠠᠵᠢᠯᠯᠠᠭ᠎ᠠ ᠶᠢ ᠲᠦᠷᠢᠮᠵᠢᠬᠦᠯᠵᠤ᠂ ᠨᠤᠳᠤᠭ ᠪᠠᠯᠴᠢᠬᠡᠷ ᠤᠨ ᠵᠢᠭᠤᠷᠠᠭᠠᠨ ᠢ ᠵᠤᠬᠢᠰ ᠲᠠᠢ ᠰᠢᠢᠳᠪᠤᠷᠢᠯᠡᠨ᠎ᠠ᠃ ᠮᠠᠯᠴᠢᠳ ᠤᠨ ᠪᠠᠷᠢᠮᠵᠢᠶᠠᠵᠢᠭᠰᠡᠨ ᠲᠤᠭᠤᠷᠢᠭ ᠬᠤᠪᠢᠶᠠᠨ ᠰᠠᠯᠬᠦᠨ ᠮᠠᠯᠵᠢᠬᠤ ᠠᠵᠢᠯ ᠢ ᠲᠦᠯᠬᠢᠨ ᠠᠬᠢᠭᠤᠯᠬᠤ ᠶᠢ ᠵᠤᠷᠢᠭᠵᠢᠭᠤᠯᠵᠤ ᠂  ᠪᠡᠬᠡᠵᠢᠩ ᠲᠢᠶᠠᠡᠵᠢᠨ ᠤ ᠡᠯᠡᠰᠤᠨ ᠤ ᠡᠬᠢ ᠶᠢ ᠵᠠᠰᠠᠬᠤ ᠢᠡᠵᠧᠨᠧᠷᠢᠩ ᠢ ᠨᠢᠬᠡᠳᠤᠯᠳᠡᠢ ᠲᠦᠯᠤᠪᠵᠢᠬᠦᠯᠤᠨ ᠲᠤᠬᠢᠷᠠᠭᠤᠯᠵᠤ ᠲᠤᠤᠱᠳᠡᠢ ᠬᠡᠷᠡᠭᠵᠢᠬᠦᠯᠤᠨ᠂ 27 ᠲᠦᠮᠡᠨ ᠮᠤ᠋ ᠶᠢᠨ ᠡᠯᠡᠰᠤ ᠶᠢ ᠵᠠᠰᠠᠬᠤ ᠡᠬᠦᠷᠬᠡ ᠪᠠᠨ ᠴᠢᠨᠠᠷᠵᠢᠭᠤᠨ ᠪᠠᠶᠠᠯᠠᠬᠦᠯᠵᠤ᠂ ᠮᠠᠯᠴᠢᠳ ᠤᠨ ᠮᠤᠳᠤ ᠲᠠᠷᠢᠬᠤ ᠢᠳᠡᠪᠬᠢᠵᠢᠯ ᠢ ᠲᠠᠶᠢᠴᠢᠯᠠᠨ᠎ᠠ᠃ ᠮᠠᠯᠵᠢᠬᠤ ᠤᠷᠤᠨ ᠤ ᠬᠦᠮᠤᠨ ᠠᠮᠨ ᠶᠢ ᠨᠡᠬᠦᠯᠬᠡᠨ ᠰᠢᠯᠵᠢᠬᠦᠯᠬᠦ ᠲᠦᠰᠤᠯ ᠢ  ᠪᠦᠷᠢᠡᠰᠢᠬᠦᠯᠵᠤ᠂ ᠨᠡᠬᠦᠯᠬᠡᠨ ᠰᠢᠯᠵᠢᠬᠦᠯᠬᠦ ᠠᠵᠢᠯ ᠢᠶᠠᠨ ᠰᠢᠡᠵᠢᠯᠡᠬᠦ ᠤᠬᠠᠭᠠᠡᠴᠢ ᠪᠠᠷ  ᠦᠷᠨᠢᠭᠦᠯᠤᠨ᠂  ᠲᠤᠰ ᠵᠢᠯ ᠳᠤ  ︽ᠮᠡᠷᠭᠡᠵᠢᠯ ᠤᠨ ᠪᠤᠯᠪᠠᠰᠤᠷᠠᠯ᠂ ᠲᠦᠷᠦ ᠶᠢᠨ ᠪᠤᠳᠤᠯᠭ᠎ᠠ ᠶᠢᠨ ᠲᠡᠮᠵᠢᠯᠭᠡ᠂ ᠠᠵᠢᠯ ᠤᠯᠭᠤᠯᠳᠠ ᠶᠢᠨ ᠦᠢᠯᠡᠴᠢᠯᠡᠭᠡᠨ︾ ᠤ ᠲᠠᠯ᠎ᠠ ᠪᠠᠷ ᠰᠠᠶᠢᠳᠤᠷ ᠠᠳᠬᠤᠵᠤ᠂ ᠮᠠᠯᠵᠢᠬᠤ ᠤᠷᠤᠨ ᠤ 1000 ᠬᠦᠮᠤᠨ ᠠᠮᠨ ᠶᠢ ᠨᠡᠬᠦᠯᠬᠡᠨ ᠰᠢᠯᠵᠢᠬᠦᠯᠤᠨ᠎ᠠ᠃││ ᠮᠠᠯ ᠤᠨ ᠡᠬᠦᠯᠳᠡᠷ ᠰᠠᠶᠢᠵᠢᠷᠠᠭᠤᠯᠬᠤ ᠠᠬᠢᠴᠠ ᠶᠢ ᠲᠦᠷᠬᠡᠳᠬᠡᠨ ᠠᠬᠢᠭᠤᠯᠤᠨ᠎ᠠ᠃ ︽ᠡᠮᠤᠨᠡᠬᠦᠷ ᠢᠶᠠᠨ ᠦᠬᠡᠷ᠂  ᠬᠤᠶᠢᠭᠤᠷ ᠢᠶᠠᠨ ᠬᠤᠨᠢ᠂ ᠡᠬᠦᠯᠳᠡᠷ ᠢ ᠨᠢ ᠰᠢᠯᠢᠳᠡᠭᠵᠢᠭᠦᠯᠬᠦ︾ ᠬᠦᠭᠵᠢᠬᠦᠯᠤᠯᠳᠠ ᠶᠢᠨ ᠰᠠᠳᠬᠢᠴᠠ ᠶᠢ ᠦᠷᠬᠦᠯᠵᠢᠯᠡᠨ ᠪᠠᠷᠢᠮᠳᠠᠯᠠᠵᠤ᠂ ᠡᠮᠤᠨ᠎ᠠ ᠬᠡᠰᠡᠭ ᠤᠨ ᠮᠢᠬᠠᠨ ᠤ ᠦᠬᠡᠷ ᠲᠡᠵᠢᠬᠡᠨ ᠦᠷᠡᠵᠢᠬᠦᠯᠬᠦ ᠲᠤᠭᠤᠷᠢᠭ ᠲᠤ ᠢᠴᠡᠬᠡᠯ ᠦᠷ᠎ᠠ ᠶᠢᠨ ᠬᠡᠬᠡᠯᠳᠤᠬᠦᠯᠬᠡ ᠪᠠᠷ ᠭᠤᠤᠯᠯᠠᠵᠤ᠂ ᠢᠴᠡᠬᠡᠯ ᠦᠷ᠎ᠠ ᠪᠤᠯᠤᠨ ᠪᠠᠶᠢᠭᠠᠯᠢᠯᠢᠭ ᠬᠡᠬᠡᠯᠳᠤᠬᠦᠯᠬᠡ ᠶᠢ ᠤᠶᠠᠯᠳᠤᠭᠤᠯᠤᠨ᠂ ᠲᠤᠰ ᠵᠢᠯ ᠳᠤ 2.2 ᠲᠦᠮᠡᠨ ᠲᠤᠯᠤᠭᠠᠢ ᠦᠨᠢᠶᠠᠨ ᠳᠤ ᠢᠴᠡᠬᠡᠯ ᠦᠷ᠎ᠠ ᠶᠢᠨ ᠬᠡᠬᠡᠯᠳᠤᠬᠦᠯᠬᠡ ᠬᠢᠵᠤ᠂ 3.2 ᠲᠦᠮᠡᠨ ᠲᠤᠯᠤᠭᠠᠢ ᠰᠢᠮᠧᠨ᠋ᠲᠷ ᠦᠬᠡᠷ ᠦᠷᠡᠵᠢᠬᠦᠯᠤᠨ᠂ 440 ᠲᠤᠯᠤᠭᠠᠢ ᠬᠢᠷᠢ ᠲᠠᠩᠴᠡᠭᠰᠡᠨ ᠪᠡᠯᠡᠳᠬᠡᠯ ᠪᠤᠬ᠎ᠠ ᠶᠢ ᠰᠤᠩᠭᠤᠨ ᠪᠤᠶᠢᠵᠢᠭᠤᠯᠤᠨ᠎ᠠ᠃ ᠲᠤᠮᠳᠠ ᠬᠤᠶᠢᠳᠤ ᠬᠡᠰᠡᠭ ᠤᠨ ᠮᠢᠬᠠᠨ ᠤ ᠬᠤᠨᠢ ᠦᠷᠠᠵᠢᠬᠦᠯᠬᠦ ᠲᠤᠭᠤᠷᠢᠭ ᠲᠤ ᠬᠤᠴᠠ ᠶᠢ ᠲᠦᠪᠯᠡᠷᠡᠬᠦᠯᠤᠨ ᠬᠠᠮᠢᠶᠠᠷᠬᠤ ᠡᠷᠴᠢᠮ ᠢᠶᠠᠨ  ᠴᠢᠩᠭᠠᠳᠬᠠᠵᠤ᠂ ᠭᠠᠵᠡᠷ ᠤᠷᠤᠨ ᠤ ᠰᠢᠯᠢᠳᠡᠭ ᠡᠬᠦᠯᠳᠡᠷ ᠢ ᠴᠡᠪᠡᠷᠰᠢᠬᠦᠯᠤᠨ᠂ ᠲᠤᠰ ᠵᠢᠯ ᠳᠤ ᠰᠢᠨ᠎ᠠ ᠪᠠᠷ 5ᠢᠵᠢ ᠪᠦᠷᠢᠳᠦᠭᠰᠡᠨ ᠬᠤᠴᠠ ᠲᠦᠪᠯᠡᠷᠡᠬᠦᠯᠤᠨ ᠬᠠᠮᠢᠶᠠᠷᠬᠤ ᠰᠠᠭᠤᠷᠢᠨ ᠭᠠᠵᠡᠷ᠂ 1 ᠰᠢᠯᠢᠳᠡᠭ ᠡᠬᠦᠯᠳᠡᠷ ᠤᠨ ᠬᠤᠴᠠ ᠦᠷᠡᠵᠢᠬᠦᠯᠤᠨ ᠪᠤᠶᠢᠵᠢᠭᠤᠯᠬᠤ ᠰᠠᠭᠤᠷᠢᠨ ᠭᠠᠵᠡᠷ ᠢ ᠪᠠᠶᠢᠭᠤᠯᠵᠤ᠂ 250ᠤᠳᠤᠬᠢᠴᠢᠯᠠᠭᠰᠡᠨ ᠬᠡᠷ ᠪᠦᠯᠢ ᠶᠢᠨ ᠮᠠᠯᠵᠢᠯ ᠤᠨ ᠴᠤᠭᠴᠠ ᠶᠢ ᠪᠠᠶᠢᠭᠤᠯᠤᠨ᠎ᠠ᠃  200 ᠪᠠᠷᠢᠮᠵᠢᠶᠠᠵᠢᠭᠰᠡᠨ ᠰᠦᠷᠦᠭ ᠢ ᠰᠢᠨ᠎ᠡ ᠪᠠᠷ ᠪᠠᠶᠢᠭᠤᠯᠵᠤ᠂ ᠨᠠᠶᠢᠳᠠ 300 ᠰᠦᠷᠦᠭ ᠲᠤ ᠬᠦᠷᠬᠡᠨ᠎ᠠ᠃ ᠤᠷᠤᠨ ᠨᠤᠳᠤᠭ ᠤᠨ ᠰᠢᠯᠢᠳᠡᠭ ᠡᠬᠦᠯᠳᠡᠷ ᠢᠶᠠᠨ ᠬᠠᠮᠠᠭᠠᠯᠠᠨ᠂  ᠴᠠᠪᠡᠷ ᠡᠬᠦᠯᠳᠡᠷ ᠤᠨ ᠠᠪᠠᠭ᠎ᠠ ᠬᠠᠷ᠎ᠠ ᠠᠳᠤᠭᠤ ᠶᠢ ᠪᠤᠶᠢᠵᠢᠭᠤᠯᠤᠨ᠂ ᠦᠪᠤᠷ ᠮᠤᠩᠭᠤᠯ ᠤᠨ ᠬᠠᠷ᠎ᠠ ᠠᠳᠤᠭᠤᠨ ᠤ ᠨᠠᠷᠡᠳᠤ ᠲᠡᠮᠳᠡᠭ ᠢ ᠡᠬᠦᠳᠴᠤ᠂  ᠲᠤᠰ ᠵᠢᠯ ᠳᠡᠭᠡᠨ ᠠᠪᠠᠭ᠎ᠠ ᠬᠠᠷ᠎ᠠ ᠠᠳᠤᠭᠤ᠂ ᠠᠪᠠᠭ᠎ᠠ ᠴᠡᠭᠡ ᠶᠢᠨ ᠤᠷᠤᠨ ᠨᠤᠳᠤᠭ ᠤᠨ ᠤᠡᠴᠠᠯᠢᠭᠳᠤ ᠲᠡᠸᠡᠷ ᠤᠨ ᠲᠡᠮᠳᠡᠭ   ᠢᠶᠠᠨ ᠲᠠᠩᠰᠠᠯᠠᠭᠤᠯᠬᠤ ᠪᠠᠷ ᠴᠢᠷᠮᠠᠶᠢᠨ᠎ᠠ᠃││ᠮᠠᠯ ᠠᠵᠤ ᠠᠬᠤᠢ ᠶᠢᠨ ᠠᠵᠤ ᠦᠢᠯᠡᠰᠵᠢᠯᠳᠠ ᠶᠢᠨ ᠬᠢᠷᠢ ᠲᠦᠪᠰᠢᠨ ᠢ ᠲᠡᠬᠡᠭᠰᠢᠯᠡᠬᠦᠯᠤᠨ᠎ᠠ᠃  ᠦᠷᠬᠦᠯᠵᠢᠯᠡᠨ ︽ᠮᠢᠬ᠎ᠠ᠂ ᠰᠦ᠂ ᠠᠳᠤᠭᠤ᠂ ᠡᠪᠡᠰᠤ᠂ ᠡᠯᠡᠰᠤ︾ ᠲᠠᠪᠤᠨ ᠤᠡᠴᠠᠯᠢᠭᠳᠤ ᠠᠵᠤ ᠦᠢᠯᠡᠰ ᠤᠨ ᠲᠤᠭᠤᠷᠢᠨ ᠳᠤ ᠮᠠᠯ ᠠᠵᠤ ᠠᠬᠤᠢ ᠶᠢᠨ ᠠᠵᠤ ᠦᠢᠯᠡᠰᠵᠢᠯᠳᠠ ᠶᠢᠨ ᠠᠬᠢᠴᠠ ᠶᠢ ᠯᠠᠪᠳᠠᠭᠤᠨ ᠢᠶᠠᠷ ᠲᠦᠯᠬᠢᠨ ᠠᠬᠢᠭᠤᠯᠤᠨ᠎ᠠ᠃ ᠤᠷᠤᠨ ᠪᠦᠰᠠ ᠶᠢᠨ ᠪᠦᠳᠤᠴᠠ᠂ ᠮᠠᠯ ᠤᠨ ᠪᠦᠳᠤᠴᠠ᠂ ᠡᠬᠦᠯᠳᠡᠷ ᠤᠨ ᠪᠦᠳᠤᠴᠠ᠂ ᠰᠦᠷᠦᠭ  ᠤᠨ ᠪᠦᠳᠤᠴᠠ᠂ ᠰᠦᠷᠦᠭ ᠤᠨ ᠬᠡᠪᠴᠢᠶᠠᠨ ᠳᠤ ᠰᠢᠡᠵᠢᠯᠡᠬᠦ ᠤᠬᠠᠭᠠᠡᠴᠢ ᠪᠠᠷ ᠲᠤᠬᠢᠷᠠᠭᠤᠯᠤᠯᠳᠠ ᠬᠢᠵᠤ᠂ ᠪᠤᠳᠠ ᠪᠤᠭ ᠮᠠᠯ ᠤᠨ ᠬᠠᠷᠢᠴᠠᠯ᠂ ᠡᠬᠡ ᠮᠠᠯ᠂ ᠪᠡᠯᠡᠳᠬᠡᠯ ᠡᠬᠡ ᠮᠠᠯ᠂ ᠦᠷ᠎ᠠ ᠶᠢᠨ ᠮᠠᠯ ᠤᠨ ᠬᠠᠷᠢᠴᠠᠯ ᠪᠠ ᠲᠠᠩ ᠰᠦᠷᠦᠭ  ᠤᠨ ᠲᠤᠭ᠎ᠠ  ᠲᠤᠯᠤᠭᠠᠢ ᠶᠢ ᠰᠠᠶᠢᠳᠤᠷ ᠡᠵᠡᠮᠳᠡᠬᠦ ᠬᠡᠷᠡᠭᠳᠡᠢ᠃ ᠦᠨᠤ ᠵᠢᠯ ᠳᠤ ᠰᠢᠨ᠎ᠠ ᠪᠠᠷ 3 ᠭᠠᠴᠠᠭ᠎ᠠ ᠶᠢ ᠲᠤᠰᠬᠠᠢ ᠦᠬᠡᠷ ᠮᠠᠯᠵᠢᠬᠤ ᠪᠠᠷ ᠲᠤᠭᠳᠠᠭᠠᠵᠤ᠂  ᠨᠠᠶᠢᠳᠠ 10 ᠭᠠᠴᠠᠭ᠎ᠠ ᠪᠤᠯᠭᠠᠨ᠎ᠠ︔ 4 ᠭᠠᠴᠠᠭ᠎ᠠ ᠶᠢ ᠲᠤᠰᠬᠠᠢ ᠬᠤᠨᠢ ᠮᠠᠯᠵᠢᠬᠤ ᠭᠠᠴᠠᠭ᠎ᠠ ᠪᠠᠷ ᠲᠤᠭᠳᠠᠭᠠᠵᠤ᠂ ᠨᠠᠶᠢᠳᠠ 12 ᠭᠠᠴᠠᠭ᠎ᠠ ᠪᠤᠯᠭᠠᠨ᠎ᠠ᠃ 2ᠭᠠᠴᠠᠭᠠᠨ ᠤ ᠪᠤᠳᠠ ᠮᠠᠯ  ᠤᠨ ᠬᠠᠷᠢᠴᠠᠯ   ᠢ 50 % ᠠᠴᠠ ᠲᠠᠪᠠᠭᠤᠯᠵᠣ᠂ ᠨᠠᠶᠢᠳᠠ 14 ᠭᠠᠴᠠᠭ᠎ᠠ ᠶᠢ ᠲᠣᠰ ᠪᠠᠷᠢᠮᠵᠢᠶᠠᠨ ᠳᠤ ᠬᠦᠷᠬᠡᠨ᠎ᠠ᠃ ᠡᠬᠦᠨ ᠠᠴᠠ ᠭᠠᠳᠠᠨ᠎ᠠ᠂  ᠮᠢᠬᠠᠨ ᠤ ᠦᠬᠡᠷ ᠮᠠᠯᠵᠢᠬᠤ ᠲᠤᠰᠬᠠᠢ ᠡᠷᠤᠬᠡ   ᠶᠢ ᠰᠢᠨ᠎ᠠ ᠪᠠᠷ 30 ᠡᠷᠦᠬᠡ ᠨᠡᠮᠡᠭᠳᠡᠬᠦᠯᠵᠤ᠂ ᠨᠠᠶᠢᠳᠠ 315 ᠡᠷᠤᠬᠡ ᠪᠤᠯᠭᠠᠨ᠂ ᠮᠢᠬᠠᠨ ᠤ ᠬᠤᠨᠢ ᠮᠠᠯᠵᠢᠬᠤ ᠲᠤᠰᠬᠠᠢ ᠡᠷᠤᠬᠡ ᠶᠢ ᠰᠢᠨ᠎ᠠ ᠪᠠᠷ 120 ᠡᠷᠤᠬᠡ ᠨᠡᠮᠡᠭᠳᠡᠬᠦᠯᠵᠤ᠂ ᠨᠠᠶᠢᠳᠠ 720 ᠡᠷᠤᠬᠡ ᠳᠤ ᠬᠦᠷᠬᠡᠵᠤ᠂ 3000 ᠲᠤᠯᠤᠭᠠᠢ ᠦᠬᠡᠷ᠂ 3 ᠲᠦᠮᠡᠨ ᠲᠤᠯᠤᠭᠠᠢ ᠬᠤᠷᠠᠭ᠎ᠠ ᠶᠢ ᠪᠤᠷᠳᠤᠨ ᠲᠠᠷᠭᠤᠯᠠᠭᠤᠯᠣᠨ᠎ᠠ᠃ ᠴᠠᠭᠠᠨ ᠢᠳᠡᠭᠡ ᠡᠳ᠋ᠰᠢᠬᠦᠯᠤᠨ ᠪᠤᠷᠤᠯᠠᠭᠤᠯᠬᠤ ᠡᠷᠤᠬᠡ 20  ᠶᠢ ᠨᠡᠮᠡᠭᠳᠡᠬᠦᠯᠵᠤ᠂ ᠨᠠᠶᠢᠳᠠ 80 ᠡᠷᠤᠬᠡ ᠳᠤ ᠬᠦᠷᠬᠡᠵᠤ᠂ ᠲᠤᠰ ᠵᠢᠯ   ᠳᠤ ᠴᠠᠭᠠᠨ ᠢᠳᠡᠬᠡᠨ ᠤ ᠪᠤᠯᠪᠠᠰᠤᠷᠠᠭᠤᠯᠤᠯᠳᠠ ᠶᠢᠨ ᠬᠡᠮᠵᠢᠶ᠎ᠠ ᠶᠢ 22 ᠲᠤᠨ ᠳᠤ ᠬᠦᠷᠬᠡᠨ᠎ᠠ᠃ ᠱᠠᠩᠨᠠᠨ ᠨᠦᠬᠦᠪᠤᠷᠢᠯᠡᠬᠦ ᠲᠦᠷᠢᠮ ᠪᠠ ᠲᠤᠭᠤᠷᠢᠭ ᠬᠤᠪᠢᠶᠠᠨ ᠰᠠᠯᠬᠦᠨ ᠮᠠᠯᠵᠢᠬᠤ ᠲᠦᠷᠥᠯ ᠵᠥᠢᠯ ᠳᠤ ᠲᠦᠰᠢᠭᠯᠡᠨ᠂ ᠰᠢᠨ᠎ᠠ ᠪᠠᠷ 20 ᠲᠦᠮᠡᠨ ᠮᠤ᠋ ᠬᠠᠳᠤᠯᠠᠩ ᠤᠨ ᠲᠠᠯᠠᠪᠠᠢ ᠪᠠᠶᠢᠭᠤᠯᠵᠤ᠂ ᠨᠠᠶᠢᠳᠠ 732 ᠲᠦᠮᠡᠨ ᠮᠤ᠋ ᠳᠤ ᠬᠦᠷᠬᠡᠵᠤ᠂ ᠬᠠᠳᠤᠯᠠᠩ ᠤᠨ ᠲᠠᠯᠠᠪᠠᠢ  ᠶᠢᠨ ᠡᠪᠡᠰᠤᠨ ᠤ ᠭᠠᠷᠤᠯᠳᠠ ᠶᠢ ᠲᠡᠬᠡᠭᠰᠢᠯᠡᠬᠦᠯᠵᠤ᠂ ᠲᠡᠵᠢᠬᠡᠨ ᠠᠷᠠᠴᠢᠯᠠᠬᠤ ᠦᠷᠳᠡᠭ ᠢ ᠪᠠᠭᠠᠰᠬᠠᠨ᠎ᠠ᠃ ᠠᠪᠠᠭ᠎ᠠ ᠬᠠᠷ᠎ᠠ ᠠᠳᠤᠭᠤ ᠶᠢ ᠦᠷᠬᠡᠨ ᠪᠠᠷ ᠠᠷᠠᠴᠢᠯᠡᠨ ᠮᠠᠯᠵᠢᠵᠤ᠂ ᠴᠡᠭᠡ ᠶᠢᠨ ᠭᠠᠷᠤᠯᠳᠠ ᠶᠢ ᠨᠡᠮᠡᠭᠳᠡᠬᠦᠯᠤᠨ᠂ ᠬᠡᠷ ᠪᠦᠯᠢ  ᠶᠢᠨ ᠪᠠ ᠬᠤᠷᠰᠢᠶᠠᠵᠢᠯ ᠤᠨ ᠬᠡᠯᠪᠡᠷᠢ ᠪᠠᠷ ᠲᠠᠮᠵᠢᠨ 800 ᠬᠡᠬᠦᠦ ᠶᠢ ᠲᠦᠪᠯᠡᠷᠡᠬᠦᠯᠤᠨ᠂ ᠲᠤᠰ ᠵᠢᠯ ᠳᠤ 200 ᠲᠤᠨ ᠴᠡᠭᠡ ᠪᠣᠷᠣᠯᠠᠭᠤᠯᠣᠨ᠎ᠠ᠃ ᠪᠡᠬᠡᠵᠢᠩ ᠲᠢᠶᠠᠡᠵᠢᠨ ᠤ ᠡᠯᠡᠰᠤᠨ ᠤ ᠡᠬᠢ ᠶᠢ ᠵᠠᠰᠠᠬᠤ ᠢᠡᠵᠧᠨᠧᠷᠢᠩ ᠤᠨ ᠲᠦᠷᠥᠯ ᠵᠥᠢᠯ ᠳᠤ ᠲᠦᠰᠢᠭᠯᠡᠵᠤ᠂ ᠪᠣᠳᠠᠯᠢᠭ ᠮᠤᠳᠤ ᠦᠢᠵᠢᠭᠤᠯᠬᠤ ᠬᠦᠴᠤᠯᠡᠴᠠ ᠪᠠᠨ ᠴᠢᠩᠭᠠᠳᠬᠠᠵᠤ᠂ ᠲᠠᠯᠠᠪᠠᠢ  ᠶᠢ ᠨᠢ ᠦᠷᠬᠡᠳᠬᠡᠨ᠂ ᠤᠢ ᠰᠢᠭᠤᠢ ᠡᠯᠡᠰᠤᠨ ᠤ ᠠᠵᠤ ᠦᠢᠯᠡᠰ ᠢ ᠨᠡᠬᠡᠬᠡᠨ ᠬᠦᠭᠵᠢᠬᠦᠯᠬᠦ ᠳᠤ ᠡᠬᠢ ᠪᠠᠶᠠᠯᠢᠭ ᠤᠨ ᠪᠡᠯᠡᠳᠬᠡᠯ ᠬᠠᠩᠭᠠᠨ᠎ᠠ᠃ ᠵᠤᠬᠢᠶᠠᠨ ᠪᠠᠶᠢᠭᠤᠯᠤᠯᠵᠢᠯᠳᠠ ᠶᠢᠨ ᠬᠢᠷᠢ ᠲᠦᠪᠰᠢᠨ ᠢᠶᠠᠨ ᠦᠷᠬᠦᠯᠵᠢᠯᠡᠨ ᠲᠡᠬᠡᠭᠰᠢᠯᠡᠬᠦᠯᠤᠨ ᠂ ᠭᠠᠴᠠᠭᠠᠨ ᠤ ᠬᠤᠶᠡᠷ ᠵᠦᠪᠯᠡᠯ᠂ ᠮᠠᠯᠵᠢᠬᠤ ᠤᠷᠤᠨ ᠤ ᠴᠢᠳᠠᠪᠤᠷᠢᠳᠠᠨ᠂ ᠪᠤᠳᠡᠳᠤ ᠬᠦᠴᠤᠨ ᠲᠠᠢ᠂ ᠢᠳᠡᠪᠬᠢᠵᠢᠯ  ᠰᠠᠶᠢᠳᠡᠢ ᠮᠠᠯᠵᠢᠬᠤ ᠡᠷᠤᠬᠡ ᠶᠢᠨ ᠵᠢᠱᠢᠶ᠎ᠡ ᠦᠵᠡᠬᠦᠯᠬᠦ ᠦᠢᠯᠡᠳᠤᠯ ᠢ ᠨᠢ ᠬᠦᠢᠴᠡᠳ ᠪᠠᠳᠠᠷᠠᠭᠤᠯᠵᠤ᠂ ᠭᠠᠵᠡᠷ ᠤᠷᠤᠨ ᠠᠯᠤᠰᠯᠠᠭᠰᠡᠨ ᠵᠡᠷᠬᠡ ᠤᠯᠠᠨ ᠬᠡᠯᠪᠡᠷᠢ ᠶᠢᠨ ᠮᠠᠯᠴᠢᠳ ᠤᠨ ᠲᠤᠰᠬᠠᠶᠢᠵᠢᠭᠰᠡᠨ ᠬᠤᠷᠰᠢᠶᠠᠵᠢᠯ ᠢ ᠪᠠᠶᠢᠭᠤᠯᠤᠨ᠎ᠠ᠃ ᠦᠷ᠎ᠠ ᠠᠰᠢᠭ ᠢᠶᠠᠷ ᠬᠤᠯᠪᠤᠭᠠᠯᠠᠭᠰᠡᠨ ᠪᠦᠳᠤᠮᠵᠢᠳᠤ ᠵᠤᠬᠢᠴᠠᠮᠵᠢ ᠶᠢ ᠪᠠᠶᠢᠭᠤᠯᠵᠤ᠂ ᠠᠵᠤ ᠠᠬᠤᠶᠢᠯᠡᠯ ᠪᠤᠯᠤᠨ ᠮᠠᠯᠵᠢᠬᠤ ᠡᠷᠤᠬᠡ ᠶᠢᠨ ᠬᠤᠭᠤᠷᠤᠡᠳᠤ ᠬᠦᠬᠦᠷᠬᠡ ᠬᠤᠯᠪᠤᠭᠠᠰᠤ ᠪᠤᠯᠬᠤ ᠦᠢᠯᠡᠳᠤᠯ ᠢ ᠨᠢ ᠪᠠᠳᠠᠷᠠᠭᠤᠯᠤᠨ᠎ᠠ᠃ ᠮᠠᠯᠴᠢᠳ ᠤᠨ ᠲᠤᠰᠬᠠᠶᠢᠵᠢᠭᠰᠡᠨ ᠬᠤᠷᠰᠢᠶᠠᠵᠢᠯ ᠪᠠᠶᠢᠭᠤᠯᠬᠤ ᠶᠢ ᠠᠵᠤ ᠦᠢᠯᠡᠰᠵᠢᠯᠳᠠ ᠶᠢᠨ ᠠᠵᠢᠯ ᠤᠨ ᠲᠤᠮᠳᠡᠬᠢ ᠭᠤᠤᠯᠳᠠᠯᠭ᠎ᠠ ᠪᠤᠯᠭᠠᠨ᠂ ᠲᠤᠰᠬᠠᠶᠢᠵᠢᠭᠰᠡᠨ ᠬᠤᠷᠰᠢᠶᠠᠵᠢᠯ ᠢ ᠪᠠᠶᠢᠭᠤᠯᠬᠤ ᠲᠦᠷᠢᠮ ᠲᠤᠭᠳᠠᠭᠠᠯ ᠪᠠ ᠡᠵᠡᠩᠨᠡᠯᠳᠡ  ᠶᠢᠨ ᠠᠷᠭ᠎ᠠ ᠮᠠᠶ᠋ᠢᠭ ᠢ ᠲᠦᠷᠢᠮᠵᠢᠬᠦᠯᠤᠨ ᠲᠡᠬᠦᠯᠳᠡᠷᠵᠢᠬᠦᠯᠬᠦ ᠵᠠᠷᠬᠡ ᠲᠠᠯ᠎ᠠ ᠳᠤ ᠶᠡᠭᠡ ᠬᠦᠴᠤᠨ ᠤ ᠲᠠᠮᠵᠢᠯᠬᠡ ᠦᠵᠡᠬᠦᠯᠤᠨ᠎ᠠ᠃ ᠲᠤᠰ ᠵᠢᠯ ᠳᠤ 10 ᠮᠠᠯᠴᠢᠳ ᠤᠨ ᠲᠤᠰᠬᠠᠶᠢᠵᠢᠭᠰᠡᠨ ᠬᠤᠷᠰᠢᠶᠠᠵᠢᠯ ᠢ ᠨᠡᠮᠡᠭᠳᠡᠬᠦᠯᠬᠦ ᠪᠠᠷ ᠴᠢᠷᠮᠠᠶᠢᠨ᠂ ᠨᠠᠶᠢᠳᠠ 71 ᠳᠤ ᠬᠦᠷᠬᠡᠨ᠎ᠠ᠂ ᠡᠬᠦᠨ ᠤ ᠬᠠᠮᠳᠤ ᠲᠦᠷᠥᠯ ᠵᠥᠢᠯ ᠢᠶᠠᠷ ᠲᠡᠳᠬᠦᠬᠦ ᠪᠠᠷ ᠲᠠᠮᠵᠢᠨ᠂ 2│ 3 ᠮᠠᠯᠴᠢᠳ ᠤᠨ ᠲᠤᠰᠬᠠᠶᠢᠵᠢᠭᠰᠡᠨ ᠬᠤᠷᠰᠢᠶᠠᠵᠢᠯ   ᠤᠨ ᠲᠤᠷᠰᠢᠯᠳᠠ ᠶᠢᠨ ᠴᠡᠭ ᠤᠨ ᠠᠵᠢᠯ ᠢ ᠰᠠᠶᠢᠳᠤᠷ ᠠᠳᠬᠤᠨ᠎ᠠ᠃ ᠦᠨᠤ ᠵᠢᠯ ᠢ ︽ᠮᠠᠯ ᠠᠵᠣ ᠠᠬᠤᠢ ᠶᠢᠨ ᠬᠦᠭᠵᠢᠬᠦᠯᠣᠯᠳᠠ ᠶᠢᠨ ᠬᠡᠯᠪᠡᠷᠢ ᠮᠠᠶ᠋ᠢᠭ ᠢᠶᠠᠨ ᠬᠤᠪᠢᠷᠠᠭᠤᠯᠬᠤ ᠤᠨ︾ ᠢᠶᠠᠷ ᠲᠤᠭᠳᠠᠭᠠᠵᠤ᠂ ᠡᠯ᠎ᠠ ᠲᠦᠷᠥᠯ ᠤᠨ ᠠᠬᠤᠢ ᠲᠠᠯᠠᠪᠠᠢ ᠶᠢᠨ ᠬᠤᠷᠡᠯ ᠪᠠ ᠲᠤᠭᠤᠷᠢᠨ ᠰᠤᠷᠤᠯᠴᠠᠬᠤ ᠬᠤᠷᠡᠯ ᠢ ᠶᠠᠪᠤᠭᠳᠠᠭᠤᠯᠵᠤ᠂ ᠬᠡᠪᠴᠢᠶᠡᠵᠢᠭᠰᠡᠨ᠂ ᠵᠣᠬᠢᠶᠠᠨ ᠪᠠᠶᠢᠭᠤᠯᠣᠯᠵᠢᠭᠰᠠᠨ᠂ ᠲᠤᠰᠬᠠᠶᠢᠵᠢᠭᠰᠡᠨ ᠮᠠᠯᠵᠢᠬᠤ ᠦᠢᠯᠡᠳᠪᠣᠷᠢᠯᠠᠯ ᠤᠨ ᠬᠢᠷᠢ ᠲᠦᠪᠰᠢᠨ ᠢᠶᠠᠨ ᠲᠡᠬᠡᠭᠰᠢᠯᠡᠬᠦᠯᠬᠦ ᠶᠢ ᠵᠢᠯᠣᠭᠤᠳᠣᠨ ᠲᠠᠭᠠᠭᠤᠯᠤᠨ᠎ᠠ᠃  ││ ᠰᠢᠨ᠎ᠠ ᠮᠠᠯᠵᠢᠬᠤ ᠤᠷᠤᠨ ᠤ ᠪᠦᠳᠤᠬᠡᠨ ᠪᠠᠶᠢᠭᠤᠯᠤᠯᠳᠠ ᠶᠢ ᠦᠷᠬᠦᠯᠵᠢᠯᠡᠨ ᠯᠠᠪᠳᠠᠭᠤᠨ ᠪᠠᠳᠤᠳᠡᠢ ᠲᠦᠯᠬᠢᠨ ᠠᠬᠢᠭᠤᠯᠤᠨ᠎ᠠ᠃ ︽ᠤᠷᠢᠳᠴᠢᠯᠡᠨ ᠲᠦᠯᠤᠪᠵᠢᠬᠦᠯᠵᠤ᠂ ᠵᠠᠰᠠᠭ ᠤᠨ ᠤᠷᠳᠤᠨ ᠠᠴᠠ ᠵᠢᠯᠤᠭᠤᠳᠤᠨ᠂ ᠪᠦᠬᠦ ᠠᠷᠡᠳ  ᠢᠶᠠᠷ ᠢᠶᠠᠨ ᠤᠷᠤᠯᠴᠠᠵᠤ᠂ ᠤᠯᠠᠨ ᠠᠷᠭ᠎ᠠ ᠵᠠᠮ ᠢᠶᠠᠷ ᠪᠡᠯᠨ ᠬᠤᠷᠠᠮᠳᠤᠭᠤᠯᠤᠨ᠂ ᠤᠡᠴᠠᠯᠢᠭ ᠢᠶᠠᠨ ᠬᠠᠳᠠᠭᠠᠯᠠᠵᠤ᠂ ᠭᠤᠤᠯᠳᠠᠯᠭ᠎ᠠ ᠪᠠᠨ ᠲᠤᠪᠤᠶᠢᠯᠭᠠᠨ᠂ ᠪᠦᠬᠦᠶᠢᠯᠨ ᠴᠤᠭᠴᠠ ᠪᠠᠷ ᠨᠢ ᠲᠦᠯᠬᠢᠨ ᠠᠬᠢᠭᠤᠯᠬᠤ︾ ᠰᠡᠳᠬᠢᠴᠠ ᠶᠤᠰᠤᠭᠠᠷ ᠰᠢᠨ᠎ᠠ ᠮᠠᠯᠵᠢᠬᠤ ᠤᠷᠤᠨ ᠤ ᠪᠦᠳᠤᠬᠡᠨ ᠪᠠᠶᠢᠭᠤᠯᠤᠯᠳᠠ ᠶᠢᠨ ᠠᠵᠢᠯ ᠢ ᠰᠠᠶᠢᠳᠤᠷ ᠠᠳᠬᠤᠨ᠎ᠠ᠃ ᠮᠠᠯ ᠠᠵᠤ ᠠᠬᠤᠢ  ᠳᠤ ᠬᠤᠯᠪᠤᠭᠳᠠᠭᠰᠡᠨ ᠲᠦᠷᠥᠯ ᠵᠥᠢᠯ ᠨᠦᠭᠦᠳ ᠢ ᠨᠢᠬᠡᠳᠬᠡᠵᠤ᠂ ᠲᠣᠰ ᠵᠢᠯ ᠳᠤ ᠤᠷᠤᠨ ᠤ ᠲᠡᠰ ᠤᠨ ᠵᠢᠱᠢᠶ᠎ᠠ ᠦᠵᠡᠬᠦᠯᠬᠦ ᠭᠠᠴᠠᠭ᠎ᠠ  ᠭᠤᠷᠪᠠ᠂ ᠭᠤᠤᠯᠳᠠᠯᠭ᠎ᠠ ᠲᠠᠢ ᠵᠢᠱᠢᠶ᠎ᠠ ᠦᠵᠡᠬᠦᠯᠬᠦ ᠭᠠᠴᠠᠭ᠎ᠠ ᠬᠤᠶᠠᠷ᠂ ᠪᠦᠬᠦᠶᠢᠯᠡ ᠭᠠᠴᠠᠭ᠎ᠠ ᠪᠠᠷ ᠨᠢ ᠲᠦᠯᠬᠢᠨ ᠠᠬᠢᠭᠤᠯᠤᠭᠰᠡᠨ ᠵᠢᠱᠢᠶ᠎ᠠ ᠦᠵᠡᠬᠦᠯᠬᠦ ᠰᠤᠮᠤ ᠪᠠᠯᠭᠠᠰᠤ ᠨᠢᠭᠡ ᠶᠢ ᠪᠠᠶᠢᠭᠤᠯᠤᠨ᠎ᠠ᠃ ᠤᠷᠤᠨ ᠤ 2012 ᠤᠨ ᠤ ᠰᠢᠨ᠎ᠠ ᠮᠠᠯᠵᠢᠬᠤ ᠤᠷᠤᠨ ᠤ ᠵᠢᠱᠢᠶ᠎ᠠ ᠦᠵᠡᠬᠦᠯᠬᠦ ᠭᠠᠴᠠᠭᠠᠨ ᠤ ᠪᠦᠳᠤᠬᠡᠨ ᠪᠠᠶᠢᠭᠤᠯᠤᠯᠳᠠ ᠶᠢᠨ ᠢᠡᠵᠧᠨᠧᠷᠢᠩ ᠤᠨ ᠵᠢᠱᠢᠶ᠎ᠠ ᠦᠵᠡᠬᠦᠯᠬᠦ ᠴᠡᠭ ᠤᠨ ᠲᠦᠷᠥᠯ ᠵᠥᠢᠯ ᠢ ᠭᠤᠶᠤᠴᠢᠯᠠᠬᠤ ᠠᠵᠢᠯ ᠢ ᠢᠳᠡᠪᠬᠢᠳᠡᠢ ᠦᠷᠨᠢᠬᠦᠯᠤᠨ᠎ᠠ᠃ (ᠬᠤᠶᠡᠷ)ᠠᠵᠤ ᠦᠢᠯᠡᠳᠪᠤᠷᠢ ᠶᠢᠨ ᠠᠵᠤ ᠠᠬᠤᠢ ᠶᠢ ᠦᠷᠬᠦᠯᠵᠢᠯᠡᠨ ᠬᠦᠭᠵᠢᠬᠦᠯᠤᠨ ᠪᠤᠵᠠᠭᠠᠶᠢᠷᠠᠭᠤᠯᠤᠨ᠎ᠠ᠃ ᠠᠵᠤ ᠦᠢᠯᠡᠳᠪᠤᠷᠢ ᠪᠠᠷ ᠭᠤᠤᠯᠯᠠᠬᠤ ᠶᠢ ᠦᠷᠬᠦᠯᠵᠢᠯᠡᠨ ᠭᠤᠶᠢᠪᠢᠰᠢ ᠦᠬᠡᠢ ᠪᠠᠷᠢᠮᠳᠠᠯᠠᠵᠤ᠂ ᠨᠡᠮᠡᠭᠳᠡᠯ ᠤᠨ ᠲᠤᠮᠳᠠ ᠪᠦᠳᠤᠴᠠ ᠪᠠᠨ ᠲᠤᠬᠢᠷᠠᠭᠤᠯᠵᠤ᠂ ᠬᠦᠭᠵᠢᠬᠦᠯᠤᠯᠳᠠ ᠶᠢᠨ ᠲᠤᠮᠳᠠ ᠬᠤᠪᠢᠷᠠᠭᠤᠯᠤᠯᠳᠠ ᠪᠠᠨ ᠠᠬᠢᠭᠤᠯᠬᠤ ᠶᠢ ᠪᠠᠷᠢᠮᠳᠠᠯᠠᠨ᠂ ᠲᠤᠯᠭᠠᠭᠤᠷᠢ ᠠᠵᠤ ᠦᠢᠯᠡᠰ ᠢ ᠲᠠᠰᠤᠷᠡᠯ ᠦᠬᠡᠢ ᠪᠤᠵᠠᠭᠠᠶᠢᠷᠠᠭᠤᠯᠤᠨ᠂ ᠠᠵᠤ ᠦᠢᠯᠡᠰ ᠤᠨ ᠪᠦᠳᠤᠴᠠ ᠶᠢ ᠨᠢ ᠰᠢᠯᠢᠳᠡᠭᠵᠢᠬᠦᠯᠵᠤ᠂ ᠬᠡᠯᠬᠢᠶᠠᠵᠢᠯ ᠢ ᠨᠢ ᠤᠷᠳᠤᠳᠬᠠᠨ᠎ᠠ᠃ ᠠᠵᠤ ᠦᠢᠯᠡᠰ ᠤᠨ ᠤᠯᠠᠨ ᠡᠰᠢᠳᠤ ᠬᠦᠭᠵᠢᠯᠳᠠ ᠶᠢ ᠠᠬᠢᠭᠤᠯᠵᠤ᠂ ᠵᠠᠬ᠎ᠠ ᠲᠡᠯᠬᠡᠬᠦᠷ ᠤᠨ  ᠲᠦᠭᠰᠢᠬᠦᠷᠢ ᠶᠢ ᠰᠡᠷᠬᠡᠶᠢᠯᠡᠬᠦ ᠴᠢᠳᠠᠪᠤᠷᠢ ᠶᠢ ᠨᠢ ᠲᠡᠬᠡᠭᠰᠢᠯᠡᠬᠦᠯᠤᠨ᠎ᠠ᠃  ││ ᠭᠤᠤᠯᠳᠠᠯᠭ᠎ᠠ ᠲᠠᠢ ᠲᠦᠷᠥᠯ ᠵᠥᠢᠯ ᠤᠨ ᠪᠦᠳᠤᠬᠡᠨ ᠪᠠᠶᠢᠭᠤᠯᠤᠯᠳᠠ ᠶᠢ ᠰᠠᠶᠢᠳᠤᠷ ᠠᠳᠬᠤᠨ᠎ᠠ᠃ ᠮᠠᠨ ᠤ ᠬᠤᠰᠢᠭᠤᠨ ᠤ ᠠᠵᠤ ᠦᠢᠯᠡᠳᠪᠤᠷᠢᠵᠢᠯᠳᠠ ᠶᠢᠨ ᠡᠬᠢᠯᠡᠯᠳᠡ ᠨᠢ ᠣᠷᠣᠢ ᠪᠤᠯᠪᠠᠴᠣ ᠬᠢᠷᠢ ᠲᠦᠪᠰᠢᠨ ᠨᠢ ᠦᠡᠳᠤᠷ ᠶᠤᠮ᠃ ᠬᠤᠶᠢᠰᠢᠳᠠ ᠦᠡᠳᠤᠷ ᠬᠢᠷᠢ ᠲᠦᠪᠰᠢᠨ ᠢᠶᠠᠨ ᠦᠷᠬᠦᠯᠵᠢᠯᠡᠨ ᠪᠠᠷᠢᠮᠳᠠᠯᠠᠭᠰᠡᠨ ᠰᠠᠭᠤᠷᠢᠨ ᠲᠡᠬᠡᠷ᠎ᠠ ᠪᠡᠯᠨ ᠤᠷᠤᠭᠤᠯᠤᠯᠳᠠ ᠪᠠᠷ ᠶᠡᠭᠡ᠂ ᠰᠢᠡᠵᠢᠯᠡᠭᠡ ᠮᠡᠷᠬᠡᠵᠢᠯ ᠤᠨ ᠠᠭᠤᠯᠠᠭᠳᠠᠴᠠ ᠪᠠᠷ ᠦᠡᠳᠤᠷ᠂ ᠠᠵᠤ ᠠᠬᠤᠢ ᠶᠢᠨ ᠦᠷ᠎ᠠ ᠠᠰᠢᠭ ᠢᠶᠠᠷ ᠰᠠᠶᠢᠨ᠂ ᠡᠬᠢ ᠪᠠᠶᠠᠯᠢᠭ ᠤᠨ ᠬᠤᠷᠤᠭᠳᠠᠯ ᠲᠤᠤᠷ᠎ᠠ᠂ ᠤᠷᠴᠢᠨ ᠲᠤᠭᠤᠷᠢᠨ ᠤ ᠪᠤᠬᠢᠷᠳᠤᠯ ᠪᠠᠭ᠎ᠠ᠂ ᠬᠦᠮᠤᠨ ᠤ ᠬᠦᠴᠤᠨ ᠤ ᠡᠬᠢ ᠪᠠᠶᠠᠯᠢᠭ ᠤᠨ ᠲᠠᠪᠠᠭᠤᠯᠢᠭ ᠢ ᠬᠦᠢᠴᠡᠳ ᠪᠠᠳᠠᠷᠠᠭᠤᠯᠤᠭᠰᠡᠨ ᠰᠢᠨ᠎ᠠ ᠬᠡᠯᠪᠡᠷᠢ ᠶᠢᠨ ᠠᠵᠤ ᠦᠢᠯᠡᠳᠪᠤᠷᠢᠵᠢᠯᠳᠠ ᠶᠢᠨ ᠪᠠᠷᠢᠮᠵᠢᠶ᠎ᠠ ᠪᠠᠷ ᠮᠠᠨ ᠤ ᠬᠤᠰᠢᠭᠤᠨ ᠤ ᠬᠢ ᠪᠠᠨ ᠡᠬᠢ ᠪᠠᠶᠠᠯᠢᠭ ᠡᠯᠪᠡᠭ᠂ ᠤᠷᠤᠨ ᠪᠠᠶᠢᠷᠢᠰᠢᠯ ᠤᠨ ᠲᠠᠪᠠᠭᠤᠯᠢᠭ ᠲᠠᠢ᠂ ᠬᠦᠭᠵᠢᠯᠳᠠ ᠶᠢᠨ ᠣᠷᠣᠨ ᠵᠠᠢ ᠲᠠᠢ ᠪᠠᠶᠢᠳᠠᠯ ᠢ ᠬᠦᠢᠴᠡᠳ ᠠᠰᠢᠭᠯᠠᠵᠤ᠂ ᠰᠠᠭᠤᠷᠢ ᠲᠦᠬᠦᠬᠡᠷᠤᠮᠵᠢ ᠪᠠ ᠠᠭᠤᠷ ᠠᠮᠢᠰᠬᠤᠯ ᠤᠨ ᠨᠦᠬᠦᠴᠡᠯ ᠤᠨ ᠬᠢᠵᠠᠭᠠᠷᠯᠠᠯ ᠢ ᠲᠠᠪᠴᠢᠵᠤ᠂ ᠲᠦᠷᠥᠯ ᠵᠥᠢᠯ  ᠤᠨ ᠪᠠᠶᠢᠭᠤᠯᠤᠯᠳᠠ ᠪᠠᠨ ᠳᠦᠷᠭᠡᠳᠭᠡᠨ᠎ᠡ᠃ ᠦᠨᠤ ᠵᠢᠯ᠂ 22 ᠭᠤᠤᠯᠳᠠᠯᠭ᠎ᠠ ᠲᠠᠢ ᠠᠵᠤ ᠦᠢᠯᠡᠳᠪᠣᠷᠢ ᠶᠢᠨ ᠲᠦᠷᠥᠯ ᠵᠥᠢᠯ ᠢ ᠲᠤᠬᠢᠷᠠᠭᠤᠯᠤᠨ᠂ 26.2 ᠳ᠋ᠦᠩᠰᠢᠭᠤᠷ ᠲᠦᠬᠦᠷᠢᠭ ᠤᠨ ᠪᠡᠯᠨ ᠤᠷᠤᠭᠤᠯᠬᠤ ᠪᠠᠷ ᠲᠦᠯᠤᠪᠯᠡᠵᠤ ᠪᠤᠢ᠃ ᠴᠠᠭᠠᠡᠨᠠᠭᠤᠷ ᠨᠡᠬᠦᠷᠡᠰᠤᠨ ᠠᠭᠤᠷᠬᠠᠢ ᠶᠢᠨ ᠠᠭᠤᠷᠬᠠᠢ ᠶᠢᠨ ᠬᠤᠳᠳᠤᠭ ᠤᠨ ᠪᠠᠷᠢᠯᠭ᠎ᠠ ᠶᠢᠨ ᠠᠵᠢᠯ ᠢ 3 ᠳ᠋ᠤᠭᠠᠷ ᠰᠠᠷ᠎ᠠ ᠶᠢᠨ ᠰᠠᠬᠦᠯᠴᠢ ᠪᠠᠷ ᠠᠵᠢᠯ ᠡᠬᠢᠯᠡᠬᠦᠯᠵᠣ᠂ ᠲᠤᠰ ᠵᠢᠯ ᠳᠤ ᠲᠡᠬᠢᠨ 2120 ᠮᠧᠲᠷ ᠮᠡᠯᠳᠠᠵᠤ᠂ ᠬᠡᠰᠡᠭ ᠦᠢᠯᠡᠳᠪᠤᠷᠢᠯᠡᠯ ᠤᠨ ᠰᠢᠰᠲ᠋ᠧᠮ᠂ ᠲᠡᠳ᠋ ᠬᠤᠳᠳᠤᠭ ᠤᠨ ᠵᠦᠬᠡᠬᠡᠪᠤᠷᠢᠯᠡᠬᠦ ᠰᠢᠰᠲ᠋ᠧᠮ ᠪᠠ ᠰᠠᠯᠬᠢ ᠨᠡᠪᠳᠡᠷᠡᠬᠦᠯᠬᠦ ᠲᠤᠨᠤᠭᠯᠠᠯ ᠤᠨ ᠲᠠᠰᠤᠭ ᠵᠡᠷᠬᠡ ᠶᠢᠨ ᠪᠠᠷᠢᠯᠭ᠎ᠠ ᠶᠢ ᠲᠠᠭᠤᠰᠬᠠᠵᠤ᠂ ᠭᠤᠤᠯ ᠬᠤᠳᠳᠤᠭ ᠤᠨ ᠵᠦᠬᠡᠬᠡᠪᠤᠷᠢᠯᠡᠬᠦ ᠰᠢᠰᠲ᠋ᠧᠮ ᠤᠨ ᠪᠠᠷᠢᠯᠭ᠎ᠠ ᠶᠢ ᠡᠬᠢᠯᠡᠬᠦᠯᠤᠨ᠂ ᠬᠡᠰᠡᠭ ᠲᠦᠬᠦᠬᠡᠷᠤᠮᠵᠢ ᠶᠢ ᠤᠭᠰᠠᠷᠠᠭᠤᠯᠤᠨ᠎ᠠ᠃ ᠳ᠋ᠠ ᠠᠨ ᠺᠤᠮᠫᠠᠨᠢ ᠶᠢᠨ ᠵᠢᠯ ᠳᠤ 120 ᠲᠦᠮᠡᠨ ᠲᠤᠨ ᠨᠠᠬᠦᠷᠡᠰᠤ ᠮᠠᠯᠳᠠᠬᠤ ᠠᠭᠤᠷᠬᠠᠢ ᠶᠢᠨ ᠬᠤᠳᠳᠤᠭ ᠤᠨ ᠰᠠᠯᠬᠢ ᠨᠠᠪᠳᠠᠷᠡᠬᠦᠯᠬᠦ ᠬᠤᠳᠳᠤᠭ ᠤᠨ ᠪᠠᠷᠢᠯᠭ᠎ᠠ ᠬᠢᠬᠡᠳ ᠲᠠᠭᠠᠯᠳᠤᠭᠤᠯᠤᠯ ᠲᠦᠬᠦᠬᠡᠷᠤᠮᠵᠢ ᠶᠢᠨ ᠪᠠᠶᠢᠭᠤᠯᠤᠯᠳᠠ ᠶᠢ ᠲᠠᠭᠤᠰᠬᠠᠨ᠎ᠠ᠃ ᠨᠠᠷᠠᠡᠪᠤᠯᠠᠭ ᠨᠠᠬᠦᠷᠡᠰᠤᠨ ᠠᠭᠤᠷᠬᠠᠢ ᠶᠢ ᠨᠡᠬᠡᠬᠡᠨ ᠠᠰᠢᠭᠯᠠᠬᠤ ᠡᠮᠤᠨ᠎ᠠ ᠬᠤᠭᠤᠴᠠᠭᠠᠨ ᠤ ᠠᠵᠢᠯ ᠤᠨ ᠠᠬᠢᠴᠨ ᠶᠢ ᠲᠦᠷᠬᠡᠳᠬᠡᠨ᠎ᠠ᠃ ᠴᠠᠭᠠᠡᠨᠠᠭᠤᠷ ᠴᠠᠬᠢᠯᠭᠠᠨ ᠦᠢᠯᠡᠳᠪᠤᠷᠢ ᠶᠢᠨ ᠨᠢᠬᠡᠳᠤᠬᠡᠷ ᠬᠤᠭᠤᠴᠠᠭᠠᠨ ᠤ ᠪᠠᠷᠢᠯᠭ᠎ᠠ  ᠶᠢ 7 ᠳ᠋ᠤᠭᠠᠷ ᠰᠠᠷ᠎ᠠ ᠶᠢᠨ ᠰᠠᠬᠦᠯᠴᠢ ᠳᠤ ᠲᠠᠭᠠᠭᠠᠴᠢᠯᠠᠯᠳᠠ ᠵᠠᠷᠯᠠᠭᠤᠯᠵᠣ᠂ ᠰᠠᠭᠤᠷᠢ ᠪᠦᠳᠤᠬᠡᠨ ᠪᠠᠶᠢᠭᠤᠯᠤᠯᠳᠠ ᠶᠢ  ᠨᠢ ᠡᠬᠢᠯᠡᠬᠦᠯᠬᠦ ᠪᠠᠷ ᠴᠢᠷᠮᠠᠶᠢᠨ᠎ᠠ᠃ ᠢᠯᠴᠢ ᠴᠠᠬᠢᠯᠭᠠᠨ ᠤ ᠬᠠᠪᠰᠣᠷᠭᠠᠭᠰᠠᠨ‌‍ᠲ᠋ᠦ᠋ᠷᠥᠯ ᠵᠥᠢᠯ ᠤᠨ ᠡᠮᠤᠨ᠎ᠠ ᠬᠤᠭᠤᠴᠠᠭᠠᠨ ᠤ ᠠᠵᠢᠯ ᠢ ᠤᠷᠤᠭᠰᠢᠳᠡᠢ ᠠᠬᠢᠭᠤᠯᠤᠨ᠎ᠠ︔ ᠬᠦᠢᠳᠡᠡᠰᠢᠯᠢ ᠰᠠᠯᠬᠢᠨ ᠴᠠᠬᠢᠯᠭᠠᠨ ᠤ ᠰᠠᠭᠤᠷᠢᠨ ᠭᠠᠵᠡᠷ  ᠤᠨ ᠠᠨ ᠨᠸᠡᠭ ᠺᠤᠮᠫᠠᠨᠢ ᠶᠢᠨ ᠨᠢᠬᠡᠳᠤᠬᠡᠷ ᠬᠤᠭᠤᠴᠠᠭᠠᠨ ᠤ 5 ᠲᠦᠮᠡᠨ ᠺᠢᠯᠤᠸᠡᠲ ᠤᠨ ᠲᠦᠷᠥᠯ ᠵᠥᠢᠯ ᠢ ᠲᠡᠬᠡᠷ᠎ᠠ ᠬᠠᠭᠠᠰ ᠵᠢᠯ ᠳᠤ ᠴᠠᠬᠢᠯᠭᠠᠨ ᠬᠤᠯᠪᠤᠭᠠᠨ ᠳᠤ ᠤᠷᠤᠭᠤᠯᠤᠨ ᠴᠠᠬᠢᠯᠭᠠᠨ ᠭᠠᠷᠭᠠᠭᠤᠯᠬᠤ ᠪᠠᠷ ᠴᠢᠷᠮᠠᠶᠢᠵᠤ᠂ ᠬᠦᠸᠧ ᠬᠤᠸᠠ ᠶᠢᠨ ᠭᠤᠷᠪᠡᠳᠤᠭᠠᠷ ᠬᠤᠭᠤᠴᠠᠭᠠᠨ ᠤ 5 ᠲᠦᠮᠡᠨ ᠺᠢᠯᠤᠸᠡᠲ ᠤᠨ ᠲᠦᠷᠥᠯ ᠵᠥᠢᠯ ᠢ 5 ᠳ᠋ᠤᠭᠠᠷ ᠰᠠᠷ᠎ᠠ ᠳᠤ ᠠᠵᠢᠯ ᠡᠬᠢᠯᠡᠬᠦᠯᠤᠨ᠂ ᠲᠤᠰ ᠵᠢᠯ ᠳᠡᠭᠡᠨ ᠴᠠᠬᠢᠯᠭᠠᠨ ᠬᠤᠯᠪᠤᠭᠠᠨ ᠳᠤ ᠤᠷᠤᠭᠤᠯᠤᠨ ᠴᠠᠬᠢᠯᠭᠠᠨ ᠭᠠᠷᠭᠠᠭᠤᠯᠤᠨ᠎ᠠ︔ ᠳ᠋ᠠ ᠲᠠᠩ ᠤᠨ ᠵᠢᠷᠭᠤᠳᠤᠭᠠᠷ ᠬᠤᠭᠤᠴᠠᠭᠠᠨ ᠤ 5 ᠲᠦᠮᠡᠨ ᠺᠢᠯᠤᠸᠡᠲ ᠤᠨ ᠲᠦᠷᠥᠯ ᠵᠥᠢᠯ ᠢ 8 ᠳ᠋ᠤᠭᠠᠷ ᠰᠠᠷ᠎ᠠ  ᠳᠤ ᠠᠵᠢᠯ ᠡᠬᠢᠯᠡᠬᠦᠯᠵᠤ᠂ ᠲᠤᠰ ᠵᠢᠯ ᠳᠤ ᠰᠠᠯᠬᠢᠨ ᠮᠠᠰᠢᠨ ᠢ ᠡᠬᠢᠯᠡᠨ ᠤᠭᠰᠠᠷᠠᠵᠤ᠂ ᠭᠠᠨᠭ᠌ ᠴᠸᠡᠭ ᠤᠨ ᠨᠢᠬᠡᠳᠤᠬᠡᠷ ᠬᠤᠭᠤᠴᠠᠭ᠎ᠠ᠂ ᠵᠦᠡᠭ ᠭᠤᠸᠠᠩ ᠡᠾᠧ ᠤᠨ ᠬᠤᠶᠠᠳᠤᠭᠠᠷ ᠬᠤᠭᠤᠴᠠᠭ᠎ᠠ ᠪᠠ ᠪᠡᠯᠬᠦᠳᠡᠢ ᠰᠠᠯᠬᠢᠨ ᠴᠠᠬᠢᠯᠭᠠᠨ ᠤ ᠰᠠᠭᠤᠷᠢᠨ ᠭᠠᠵᠡᠷ ᠤᠨ ᠳ᠋ᠠ ᠲᠠᠩ ᠤᠨ 2 ᠲᠦᠮᠡᠨ ᠺᠢᠯᠤᠸᠡᠲ   ᠤᠨ ᠲᠦᠷᠥᠯ ᠵᠥᠢᠯ ᠢ ᠲᠤᠰ ᠵᠢᠯ ᠳᠤ ᠬᠢᠨᠡᠨ ᠵᠦᠪᠰᠢᠶᠠᠷᠡᠬᠦᠯᠵᠤ᠂ ᠪᠠᠷᠢᠯᠭ᠎ᠠ ᠡᠬᠢᠯᠡᠬᠦᠯᠬᠦ ᠪᠠᠷ ᠴᠢᠷᠮᠠᠶᠢᠨ᠎ᠠ᠃ ᠶᠢᠨ ᠳ᠋ᠢ ᠶᠢᠨ ᠬᠤᠶᠠᠳᠤᠭᠠᠷ ᠬᠤᠭᠤᠴᠠᠭᠠᠨ ᠤ 1.5 ᠲᠦᠮᠡᠨ ᠲᠤᠨ ᠵᠠᠰ ᠮᠤᠯᠢᠪᠳᠧᠨ ᠤ ᠬᠦᠳᠡᠷ ᠰᠢᠯᠢᠬᠦ ᠦᠢᠯᠡᠳᠪᠤᠷᠢ ᠶᠢᠨ ᠲᠦᠷᠥᠯ ᠵᠥᠢᠯ ᠢ ᠲᠤᠰ ᠵᠢᠯ ᠳᠡᠭᠡᠨ ᠠᠰᠢᠭᠯᠠᠯᠳᠠ ᠳᠤ ᠤᠷᠤᠭᠤᠯᠬᠤ ᠪᠠᠷ ᠴᠢᠷᠮᠠᠶᠢᠬᠤ ᠶᠢᠨ ᠬᠠᠮᠳᠤ ᠮᠤᠯᠢᠪᠳᠧᠨ ᠤ ᠪᠦᠳᠦᠭᠡᠭᠳᠡᠬᠦᠨ ᠢ ᠪᠤᠯᠪᠠᠰᠤᠷᠠᠭᠤᠯᠬᠤ ᠠᠵᠤ ᠠᠬᠤᠶᠢᠯᠡᠯᠳᠡᠨ ᠢ ᠣᠷᠢᠨ  ᠤᠷᠤᠭᠤᠯᠬᠤ ᠪᠠᠷ ᠴᠢᠷᠮᠠᠶᠢᠨ᠎ᠠ᠃ ᠬᠠᠳᠠᠳᠤ ᠲᠤᠯᠤᠭᠠᠢ ᠶᠢᠨ ᠨᠢᠬᠡᠳᠤᠬᠡᠷ ᠬᠤᠭᠤᠴᠠᠭᠠᠨ ᠤ ᠡᠳᠤᠷ ᠲᠤ 1000 ᠲᠤᠨ ᠮᠦᠩᠬᠦ ᠲᠤᠭᠤᠯᠭ᠎ᠠ ᠴᠠᠶᠢᠷ ᠤᠨ ᠬᠦᠳᠡᠷ ᠰᠢᠯᠢᠬᠦ ᠦᠢᠯᠡᠳᠪᠤᠷᠢ ᠶᠢᠨ ᠠᠭᠤᠷᠬᠠᠢ ᠶᠢᠨ ᠬᠤᠳᠳᠤᠭ ᠤᠨ ᠪᠠᠶᠢᠭᠤᠯᠤᠯᠳᠠ ᠶᠢ ᠲᠦᠷᠬᠡᠳᠬᠡᠨ᠂ ᠤᠶᠢᠷ᠎ᠠ ᠶᠢᠨ ᠬᠤᠭᠤᠴᠠᠭᠠᠨ ᠳᠤ ᠲᠤᠷᠰᠢᠨ ᠦᠢᠯᠡᠳᠪᠤᠷᠢᠯᠡᠬᠦᠯᠵᠤ᠂ ᠪᠠᠢ ᠶᠢᠨ ᠤ ᠡᠳᠤᠷ ᠲᠤ 1000 ᠲᠤᠨ ᠬᠠᠶᠢᠯᠤᠭᠤᠷ ᠵᠣᠩᠰᠢ ᠶᠢᠨ ᠬᠦᠳᠡᠷ ᠰᠢᠯᠢᠬᠦ ᠦᠢᠯᠡᠳᠪᠤᠷᠢ ᠶᠢᠨ ᠲᠦᠷᠥᠯ ᠵᠥᠢᠯ ᠢ 4 ᠳ᠋ᠤᠬᠡᠷ ᠰᠠᠷ᠎ᠠ ᠳᠤ ᠵᠢᠩᠬᠢᠨᠢ ᠪᠠᠷ ᠠᠰᠢᠭᠯᠠᠯᠳᠠ ᠳᠤ ᠤᠷᠤᠭᠤᠯᠤᠨ᠂ ᠴᠢᠶᠠᠨ ᠳ᠋ᠧ ᠶᠢᠨ ᠡᠳᠤᠷ ᠲᠤ 1000 ᠲᠤᠨ ᠵᠡᠰ ᠪᠢᠰᠮᠦ᠋ᠲ ᠤᠨ ᠬᠦᠳᠡᠷ ᠰᠢᠯᠢᠬᠦ ᠦᠢᠯᠡᠳᠪᠤᠷᠢ ᠶᠢᠨ ᠣᠰᠤ᠂ ᠴᠠᠬᠢᠯᠭᠠᠨ ᠵᠠᠷᠬᠡ ᠶᠢᠨ ᠲᠠᠭᠠᠯᠳᠤᠭᠤᠯᠤᠯ ᠲᠦᠬᠦᠬᠡᠷᠤᠮᠵᠢ ᠶᠢᠨ ᠠᠵᠢᠯ ᠢ 5 ᠳ᠋ᠣᠭᠠᠷ ᠰᠠᠷ᠎ᠠ ᠳᠤ ᠪᠠᠶᠠᠯᠠᠬᠦᠯᠵᠤ᠂ 6 ᠳ᠋ᠤᠭᠠᠷ ᠰᠠᠷ᠎ᠠ ᠳᠤ ᠦᠢᠯᠡᠳᠪᠤᠷᠢᠯᠡᠯ ᠡᠬᠢᠯᠡᠬᠦᠯᠬᠦ ᠪᠠᠷ ᠴᠢᠷᠮᠠᠶᠢᠨ᠎ᠠ᠃ ᠵᠢᠯ ᠳᠤ 300 ᠲᠦᠮᠡᠨ ᠲᠡᠭᠰᠢ ᠲᠦᠷᠪᠡᠯᠵᠢᠨ ᠮᠧᠲᠷ ᠤᠨ ᠪᠣᠷᠭᠠᠰᠣᠨ ᠤ ᠬᠡᠮᠬᠡᠳᠡᠭ ᠪᠠ ᠨᠡᠬᠦᠷᠠᠰᠣᠨ ᠨᠣᠨᠳᠠᠭ ᠤᠨ ᠨᠡᠶᠢᠯᠠᠮᠠᠯ ᠬᠠᠪᠳᠠᠰᠣ ᠦᠢᠯᠡᠳᠪᠣᠷᠢᠯᠡᠬᠦ ᠲᠦᠷᠥᠯ ᠵᠥᠢᠯ ᠢ 5 ᠳ᠋ᠤᠭᠠᠷ ᠰᠠᠷ᠎ᠠ ᠳᠤ ᠠᠵᠢᠯ ᠡᠬᠢᠯᠡᠬᠦᠯᠵᠤ᠂ ᠲᠤᠰ ᠵᠢᠯ ᠳᠤ ᠦᠢᠯᠡᠳᠪᠤᠷᠢ ᠶᠢᠨ ᠲᠠᠰᠤᠭ ᠤᠨ ᠪᠠᠷᠢᠯᠭ᠎ᠠ ᠪᠠ ᠲᠦᠬᠦᠬᠡᠷᠤᠮᠵᠢ ᠶᠢᠨ ᠲᠤᠨᠤᠭᠯᠠᠯ ᠢ ᠪᠡᠶᠡᠯᠡᠭᠦᠯᠦᠨ᠎ᠡ᠃ ᠶᠠᠩ ᠡᠯ ᠲᠧ 30 ᠲᠦᠮᠡᠨ ᠲᠤᠯᠤᠭᠠᠢ ᠬᠤᠨᠢᠨ ᠤ ᠮᠢᠬ᠎ᠠ ᠶᠢ ᠨᠠᠷᠢᠯᠢᠭ ᠡᠳ᠋ᠰᠢᠬᠦᠯᠬᠦ ᠲᠦᠷᠥᠯ ᠵᠥᠢᠯ ᠢ ᠲᠡᠬᠡᠷ᠎ᠠ ᠬᠠᠭᠠᠰ ᠵᠢᠯ ᠳᠤ ᠪᠠᠷᠢᠯᠭ᠎ᠠ ᠲᠠᠭᠤᠰᠬᠠᠨ᠂ 7 ᠳ᠋ᠣᠭᠠᠷ ᠰᠠᠷ᠎ᠠ ᠠᠴᠠ ᠦᠢᠯᠡᠳᠪᠤᠷᠢᠯᠡᠯ ᠡᠬᠢᠯᠡᠭᠦᠯᠦᠨ᠎ᠡ᠃ ᠡᠬᠦᠨ ᠠᠴᠠ ᠭᠠᠳᠠᠨ᠎ᠠ ︽ᠪᠠᠶᠠᠵᠢᠯ︾ ᠦᠡᠳᠤᠰᠤᠳᠠᠨ ᠤ ᠭᠠᠷ ᠤᠷᠠᠯᠡᠯ ᠤᠨ ᠮᠠᠷᠬᠡᠵᠢᠯ ᠤᠨ ᠦᠬᠡᠷᠡᠴᠢᠯᠡᠯᠳᠡ ᠶᠢᠨ ᠲᠦᠷᠥᠯ ᠵᠥᠢᠯ ᠤᠨ ᠪᠠᠶᠢᠭᠤᠯᠤᠯᠳᠠ ᠶᠢ ᠲᠦᠷᠬᠡᠳᠬᠡᠨ᠂ ᠰᠠᠯᠬᠢᠨ ᠬᠦᠴᠤᠨ ᠤ ᠮᠠᠰᠢᠨ ᠤ ᠪᠠᠭᠠᠨ᠎ᠠ ᠶᠢ ᠦᠢᠯᠡᠳᠪᠤᠷᠢᠯᠡᠬᠦ ᠨᠢᠬᠡᠳᠤᠬᠡᠷ ᠬᠤᠭᠤᠴᠠᠭᠠᠨ ᠤ ᠠᠵᠢᠯ ᠪᠠ ᠴᠢᠯᠠᠭᠤᠨ ᠮᠠᠲ᠋ᠧᠷᠢᠶᠠᠯ ᠢ ᠪᠤᠯᠪᠠᠰᠤᠷᠠᠭᠤᠯᠬᠤ ᠨᠢᠬᠡᠳᠤᠬᠡᠷ ᠬᠤᠭᠤᠴᠠᠭᠠᠨ ᠤ ᠲᠦᠷᠥᠯ ᠵᠥᠢᠯ ᠤᠨ ᠡᠮᠤᠨ᠎ᠠ ᠬᠤᠭᠤᠴᠠᠭᠠᠨ ᠤ ᠠᠵᠢᠯ ᠢ ᠢᠯᠡᠳᠳᠡ ᠠᠬᠢᠭᠤᠯᠤᠨ᠎ᠠ᠃        ││ ᠠᠵᠤ ᠠᠬᠤᠶᠢᠯᠡᠯ ᠤᠨ ᠦᠢᠯᠡᠳᠪᠤᠷᠢᠯᠡᠯ ᠤᠨ ᠤᠷᠴᠢᠯᠳᠠ ᠶᠢ ᠰᠠᠶᠢᠳᠤᠷ ᠠᠣᠡᠬᠤᠨ᠎ᠠ᠃ ᠠᠵᠤ ᠠᠬᠤᠶᠢᠯᠡᠯ ᠨᠢ ᠠᠵᠤ ᠠᠬᠤᠢ ᠶᠢᠨ ᠬᠦᠭᠵᠢᠯᠳᠠ ᠶᠢᠨ ᠭᠤᠤᠯ ᠴᠤᠭᠴᠠ ᠪᠤᠯᠬᠤ ᠪᠦᠬᠡᠳ ᠠᠵᠤ ᠠᠬᠤᠢ ᠶᠢᠨ ᠨᠡᠮᠡᠭᠳᠡᠯ ᠤᠨ ᠭᠤᠤᠯ ᠰᠤᠷᠪᠤᠯᠵᠢ ᠪᠤᠯᠤᠨ᠎ᠠ᠃ ᠪᠢᠳᠠ ᠠᠷᠭ᠎ᠠ ᠪᠦᠬᠦᠨ ᠢ ᠰᠦᠪᠡᠭᠴᠢᠯᠡᠨ ᠰᠢᠯᠢᠳᠡᠭ ᠦᠢᠯᠡᠴᠢᠯᠡᠭᠡ ᠬᠠᠩᠭᠠᠨ᠂ ᠲᠦᠷᠥ ᠶᠢᠨ ᠪᠤᠳᠤᠯᠭ᠎ᠠ ᠶᠢ ᠴᠠᠭ ᠲᠠᠷᠤᠢ ᠳᠤᠨᠢ ᠦᠢᠯᠠᠭᠠᠭᠤᠯᠵᠤ᠂  ᠪᠤᠳᠡᠳᠡᠢ ᠬᠦᠴᠢᠷᠳᠡᠯ ᠢ ᠨᠢ ᠢᠳᠡᠪᠬᠢᠳᠠᠢ ᠬᠠᠪᠰᠣᠷᠣᠨ ᠰᠢᠢᠳᠪᠤᠷᠢᠯᠡᠵᠤ᠂ ᠠᠵᠤ ᠠᠬᠤᠶᠢᠯᠡᠯ ᠤᠨ ᠠᠵᠤ ᠠᠬᠤᠢ ᠶᠢᠨ ᠪᠠᠶᠢᠳᠠᠯ ᠤᠨ ᠬᠤᠪᠢᠷᠠᠯᠳᠠ  ᠶᠢ ᠦᠡᠳᠤᠰᠤᠯᠡᠨ ᠦᠢᠯᠡᠳᠪᠤᠷᠢᠯᠡᠯ ᠡᠵᠡᠩᠨᠡᠯᠳᠡ ᠪᠠᠨ ᠵᠤᠬᠢᠰᠳᠡᠢ ᠲᠤᠬᠢᠷᠠᠭᠤᠯᠬᠤ ᠳᠤᠨᠢ ᠵᠤᠬᠢᠴᠠᠭᠤᠯᠤᠯᠳᠠ ᠵᠢᠯᠤᠭᠤᠳᠤᠯᠭ᠎ᠠ ᠬᠠᠩᠭᠠᠨ᠎ᠠ᠃ ᠪᠠᠭ᠎ᠠ ᠵᠢᠵᠢᠭ ᠠᠵᠣ ᠠᠬᠤᠶᠢᠯᠠᠯ ᠤᠨ ᠬᠦᠭᠵᠢᠯᠳᠠ ᠶᠢ ᠶᠠᠬᠡᠪᠡᠷ ᠲᠡᠳᠬᠦᠨ ᠲᠡᠮᠵᠢᠵᠣ᠂ ᠪᠡᠶ᠎ᠡ ᠪᠠᠨ ᠲᠠᠭᠠᠭᠠᠵᠣ ᠠᠳᠠᠯ ᠦᠢᠯᠡᠰ ᠪᠣᠰᠬᠠᠬᠤ ᠳᠤ ᠨᠢ ᠲᠦᠬᠦᠮ ᠦᠵᠡᠬᠦᠯᠣᠨ᠂ ᠠᠵᠢᠯ ᠣᠯᠭᠤᠯᠳᠠ ᠶᠢ ᠨᠡᠮᠡᠭᠳᠡᠬᠦᠯᠵᠣ᠂ ᠬᠤᠳᠠ ᠬᠦᠳᠡᠭᠡ ᠶᠢᠨ ᠰᠠᠭᠤᠭᠠᠯᠢ ᠠᠷᠠᠣᠨ ᠤᠨ ᠣᠷᠣᠯᠭ᠎ᠠ ᠶᠢᠨ ᠨᠡᠮᠡᠭᠳᠡᠯ ᠢ ᠠᠬᠢᠭᠤᠯᠣᠨ᠎ᠠ᠃ ᠮᠦᠩᠬᠦᠨ ᠬᠦᠢᠯᠬᠡᠬᠡᠨ ᠤ ᠰᠠᠯᠠᠭ᠎ᠠ ᠮᠦᠴᠢᠷ ᠨᠢ ᠪᠠᠭ᠎ᠠ ᠵᠢᠵᠢᠭ ᠠᠵᠣ ᠠᠬᠤᠶᠢᠯᠠᠯ ᠢ ᠢᠳᠡᠬᠡᠮᠵᠢᠳᠣ ᠵᠢᠬᠡᠯᠡᠯᠬᠡ ᠪᠠᠷ ᠲᠡᠮᠵᠢᠬᠦ ᠬᠦᠴᠣᠯᠡᠴᠨ ᠪᠠᠨ ᠴᠢᠩᠭᠠᠣᠡᠬᠠᠵᠣ᠂ ᠪᠠᠭ᠎ᠠ ᠵᠢᠵᠢᠭ ᠠᠵᠣ ᠠᠬᠤᠶᠢᠯᠠᠯ ᠤᠨ ᠪᠡᠯᠡ ᠮᠦᠩᠬᠦ ᠭᠦᠷᠣᠯᠴᠡᠬᠦ ᠦᠬᠡᠢ ᠪᠠᠶᠢᠳᠠᠯ ᠢ ᠰᠢᠢᠣᠡᠪᠦᠷᠢᠯᠡᠨ᠎ᠠ᠃ ᠨᠡᠬᠦᠷᠡᠰᠤ᠂ ᠴᠠᠬᠢᠯᠭᠠᠨ᠂ ᠲᠤᠰᠤ᠂ ᠵᠦᠬᠡᠬᠡᠪᠤᠷᠢ ᠵᠠᠷᠬᠡ ᠲᠠᠯ᠎ᠠ ᠪᠠᠷ ᠬᠢ ᠵᠤᠬᠢᠴᠠᠭᠤᠯᠤᠯᠳᠠ ᠶᠢ ᠰᠠᠶᠢᠳᠤᠷ ᠠᠳᠬᠤᠨ᠂ ᠠᠵᠤ ᠠᠬᠤᠶᠢᠯᠡᠯ ᠤᠨ ᠢᠳᠡᠪᠬᠢᠳᠡᠢ ᠪᠠᠷ ᠠᠵᠠ ᠲᠤᠬᠢᠶᠠᠯ ᠢ ᠡᠵᠡᠮᠳᠠᠨ ᠂ ᠬᠦᠭᠵᠢᠯᠳᠠ ᠪᠠᠨ ᠲᠦᠷᠬᠡᠳᠬᠡᠬᠦ   ᠶᠢ ᠨᠢ ᠵᠤᠷᠢᠭᠵᠢᠭᠤᠯᠤᠨ᠎ᠠ᠃ ᠠᠵᠤ ᠠᠬᠤᠢ ᠶᠢᠨ ᠤᠷᠴᠢᠯᠳᠠ ᠶᠢᠨ ᠤᠷᠴᠢᠨ ᠲᠤᠭᠤᠷᠢᠨ ᠢ ᠰᠠᠶᠢᠵᠢᠷᠠᠭᠤᠯᠬᠤ ᠪᠠᠷ ᠴᠢᠷᠮᠠᠶᠢᠨ᠂ ᠠᠵᠤ ᠠᠬᠤᠶᠢᠯᠡᠯ ᠳᠤ ᠬᠤᠯᠪᠤᠭᠳᠠᠭᠰᠡᠨ ᠰᠦᠢᠳᠬᠡᠯ ᠬᠤᠷᠢᠶᠠᠬᠤ ᠲᠦᠷᠥᠯ ᠵᠥᠢᠯ ᠢ ᠴᠡᠭᠴᠡᠯᠡᠨ ᠴᠡᠪᠡᠷᠯᠡᠵᠤ᠂ ᠭᠠᠷᠳᠠᠮ ᠬᠦᠢᠴᠡᠳᠬᠡᠯ ᠤᠨ ᠠᠯᠪᠠᠨ ᠲᠠᠷᠠᠭᠠᠯᠠᠯ ᠢ  ᠴᠤᠮᠬᠠᠳᠬᠠᠵᠤ᠂ ᠲᠠᠷᠤᠭᠠᠰᠤ ᠶᠢ ᠨᠢ ᠬᠦᠩᠬᠡᠷᠡᠬᠦᠯᠵᠤ ᠦᠭᠬᠦᠨ᠎ᠠ᠃ ᠲᠤᠰ ᠵᠢᠯ ᠳᠤ 280 ᠲᠦᠮᠡᠨ ᠲᠤᠨ ᠨᠡᠬᠦᠷᠡᠰᠤ ᠭᠠᠷᠭᠠᠨ᠂ 1.95 ᠲᠦᠮᠡᠨ ᠲᠤᠨ ᠦᠩᠬᠡᠳᠤ ᠲᠠᠮᠦᠷᠯᠢᠭ ᠤᠨ ᠨᠠᠷᠢᠯᠢᠭ ᠨᠣᠨᠳᠠᠭ ᠢ ᠦᠢᠯᠡᠳᠪᠦᠷᠢᠯᠠᠵᠣ᠂ ᠴᠠᠬᠢᠯᠭᠠᠨ ᠭᠠᠷᠭᠠᠯᠳᠠ  ᠶᠢᠨ ᠬᠡᠮᠵᠢᠶ᠎ᠠ ᠶᠢ 18.7 ᠳ᠋ᠦᠩᠰᠢᠭᠤᠷ ᠺᠢᠯᠣᠸᠠᠲ ᠴᠠᠭ ᠲᠤ ᠬᠦᠷᠬᠡᠨ᠂ 130 ᠲᠦᠮᠡᠨ ᠲᠤᠨ ᠼᠧᠮᠧᠨ᠋ᠲ ᠦᠢᠯᠡᠳᠪᠤᠷᠢᠯᠡᠬᠦᠯᠬᠦ ᠪᠠᠷ ᠴᠢᠷᠮᠠᠶᠢᠨ᠎ᠠ᠃││ ᠡᠨᠧᠷᠬᠢ ᠠᠷᠪᠢᠯᠠᠵᠣ ᠪᠣᠬᠢᠷᠳᠣᠯ ᠪᠠᠭᠠᠰᠬᠠᠬᠤ ᠠᠵᠢᠯ ᠢ ᠲᠡᠬᠡᠳᠣ ᠬᠡᠮᠵᠢᠶ᠎ᠡ ᠪᠠᠷ ᠴᠢᠬᠤᠯᠠᠴᠢᠯᠠᠨ᠎ᠠ᠃ ᠡᠨᠧᠷᠬᠢ ᠠᠷᠪᠢᠯᠠᠵᠣ ᠪᠣᠬᠢᠷᠳᠣᠯ ᠪᠠᠭᠠᠰᠬᠠᠬᠤ ᠠᠵᠢᠯ ᠢ ᠦᠷᠬᠦᠯᠵᠢᠯᠡᠨ ᠴᠢᠩᠭᠠᠣᠡᠬᠠᠵᠣ᠂ ᠡᠨᠧᠷᠬᠢ ᠠᠷᠪᠢᠯᠠᠵᠣ ᠪᠣᠬᠢᠷᠳᠣᠯ ᠪᠠᠭᠠᠰᠬᠠᠬᠤ ᠠᠵᠢᠯ ᠤᠨ ᠪᠠᠶᠢᠴᠠᠭᠠᠯᠳᠠ ᠶᠢᠨ ᠡᠷᠴᠢᠮ ᠢᠶᠠᠨ ᠴᠢᠩᠭᠠᠷᠠᠭᠤᠯᠵᠤ᠂ ᠵᠠᠰᠠᠭ ᠵᠠᠬᠢᠷᠭ᠎ᠠ᠂ ᠠᠵᠣ ᠠᠬᠤᠢ᠂ ᠢᠡᠵᠧᠨᠧᠷᠢᠩ᠂ ᠲᠧᠭᠨᠢᠭ ᠮᠡᠷᠬᠡᠵᠢᠯ ᠵᠡᠷᠬᠡ ᠶᠢ ᠶᠠᠷᠤᠩᠬᠡᠶᠢᠯᠡᠨ ᠠᠰᠢᠭᠯᠠᠵᠤ᠂ ᠠᠵᠣ ᠦᠢᠯᠡᠣᠡᠪᠦᠷᠢ᠂ ᠵᠠᠮ ᠬᠠᠷᠢᠯᠴᠠᠭ᠎ᠠ᠂ ᠪᠠᠷᠢᠯᠭ᠎ᠠ ᠪᠠ ᠤᠯᠠᠨ ᠨᠡᠶᠢᠳᠡ ᠶᠢᠨ ᠪᠠᠶᠢᠭᠤᠯᠣᠮᠵᠢ ᠶᠢᠨ ᠬᠦᠷᠢᠶ᠎ᠠ ᠬᠡᠪᠴᠢᠶᠠᠨ ᠳᠠᠬᠢ ᠡᠨᠧᠷᠬᠢ ᠠᠷᠪᠢᠯᠠᠬᠤ ᠠᠵᠢᠯ ᠢ ᠰᠠᠶᠢᠳᠤᠷ ᠠᠳᠬᠤᠵᠤ᠂ ᠡᠨᠧᠷᠬᠢ ᠠᠷᠪᠢᠯᠠᠵᠣ ᠪᠣᠬᠢᠷᠳᠣᠯ ᠪᠠᠭᠠᠰᠬᠠᠬᠤ ᠠᠵᠢᠯ ᠢ ᠬᠦᠡᠵᠡᠬᠡᠶᠢᠷᠡᠬᠦᠯᠤᠨ ᠠᠬᠢᠭᠤᠯᠣᠨ᠎ᠠ᠃ ᠣᠷᠴᠢᠯᠳᠠ ᠶᠢᠨ ᠠᠵᠣ ᠠᠬᠤᠢ ᠶᠢ  ᠪᠦᠬᠦ ᠬᠦᠴᠤᠨ ᠢᠶᠠᠷ ᠢᠶᠠᠨ ᠬᠦᠭᠵᠢᠬᠦᠯᠵᠣ᠂ ᠡᠬᠢ ᠪᠠᠶᠠᠯᠢᠭ ᠢ ᠶᠡᠷᠣᠩᠬᠡᠶᠢᠯᠡᠨ ᠠᠰᠢᠭᠯᠠᠬᠤ ᠬᠢᠷᠢ ᠲᠦᠪᠰᠢᠨ ᠢᠶᠠᠨ ᠲᠡᠬᠡᠭᠰᠢᠯᠡᠬᠦᠯᠵᠣ᠂ ᠣᠰᠣᠨ  ᠤ ᠡᠬᠢ ᠪᠠᠶᠠᠯᠢᠭ ᠤᠨ ᠬᠠᠮᠢᠶᠠᠷᠣᠯᠳᠠ ᠶᠢᠨ ᠲᠦᠷᠢᠮ ᠢ ᠡᠷᠡᠰ ᠴᠢᠩᠭ᠎ᠠ ᠬᠡᠷᠡᠭᠵᠢᠬᠦᠯᠵᠣ᠂ ᠭᠠᠵᠠᠷ ᠲᠣᠣᠷᠠᠬᠢ ᠤᠰᠤᠨ ᠰᠤᠷᠪᠤᠯᠵᠢ ᠶᠢ ᠨᠡᠬᠡᠬᠡᠨ ᠠᠰᠢᠭᠯᠠᠬᠤ ᠪᠠ ᠤᠰᠤᠨ ᠤ ᠬᠤᠷᠤᠭᠳᠠᠯ ᠢᠶᠠᠷ ᠶᠡᠭᠡ ᠠᠵᠣ ᠦᠢᠯᠡᠣᠡᠪᠦᠷᠢ ᠶᠢᠨ ᠲᠦᠷᠣᠯ ᠵᠣᠶᠢᠯ ᠢ ᠴᠢᠩᠭ᠎ᠠ ᠬᠢᠵᠠᠭᠠᠷᠯᠠᠨ᠎ᠠ᠃││ ᠭᠠᠵᠡᠷ ᠰᠢᠡᠵᠢᠯᠡᠬᠡᠨ ᠤ ᠬᠠᠶᠢᠨ ᠰᠢᠡᠵᠢᠯᠡᠯᠳᠡ ᠶᠢᠨ ᠠᠬᠢᠴᠠ ᠪᠠᠨ ᠲᠦᠷᠬᠡᠣᠡᠬᠡᠨ᠎ᠠ᠃ ᠬᠠᠶᠢᠨ ᠰᠢᠡᠵᠢᠯᠡᠯᠳᠡ  ᠶᠢᠨ ᠲᠦᠷᠥᠯ ᠵᠥᠢᠯ ᠢ ᠪᠠᠶᠢᠴᠠᠭᠠᠨ ᠴᠡᠭᠴᠡᠯᠡᠬᠦ ᠠᠵᠢᠯ ᠢ ᠦᠷᠨᠢᠬᠦᠯᠵᠤ᠂ ᠠᠵᠢᠯ ᠳᠠᠭᠠᠨ ᠨᠠᠵᠠᠭᠠᠢ᠂ ᠪᠡᠯᠨ ᠮᠦᠩᠬᠦ ᠬᠦᠷᠤᠯᠴᠡᠭᠡ ᠮᠠᠭᠤᠳᠡᠢ ᠠᠵᠤ ᠠᠬᠤᠶᠢᠯᠡᠯ ᠤᠨ ᠠᠭᠤᠷᠬᠠᠢ ᠬᠠᠶᠢᠬᠤ ᠡᠷᠬᠡ ᠶᠢ ᠨᠢᠬᠡᠳᠬᠡᠬᠦ ᠪᠤᠶᠤ ᠰᠢᠯᠵᠢᠬᠦᠯᠵᠤ᠂ ᠪᠣᠳᠠᠳᠣ ᠬᠦᠴᠣᠨ ᠲᠠᠢ ᠠᠵᠤ ᠠᠬᠤᠶᠢᠯᠡᠯ   ᠢ ᠤᠷᠢᠨ ᠤᠷᠤᠭᠤᠯᠬᠤ ᠪᠠᠷ ᠲᠠᠮᠵᠢᠨ᠂ ᠬᠠᠶᠢᠨ ᠰᠢᠨᠵᠢᠯᠠᠯᠳᠠ ᠶᠢᠨ ᠪᠡᠯᠨ ᠤᠷᠤᠭᠤᠯᠤᠯᠳᠠ ᠶᠢ ᠨᠡᠮᠡᠭᠳᠡᠬᠦᠯᠵᠤ᠂ ᠨᠠᠶᠢᠳᠠᠮ ᠨᠠᠷᠢᠯᠢᠭ ᠬᠠᠶᠢᠨ ᠰᠢᠡᠵᠢᠵᠤ᠂ ᠠᠯᠢ ᠲᠦᠷᠬᠡᠨ ᠢᠶᠠᠷ ᠠᠭᠤᠷᠬᠠᠢ  ᠶᠢᠨ ᠬᠠᠳᠠᠭᠠᠯᠠᠭᠳᠠᠴᠠ ᠶᠢᠨ ᠪᠠᠶᠢᠳᠠᠯ ᠢᠶᠠᠨ ᠣᠶᠢᠯᠠᠭᠠᠵᠣ᠂ ᠬᠤᠶᠢᠰᠢᠳᠠ ᠶᠢᠨ ᠬᠦᠭᠵᠢᠯᠳᠠ ᠳᠤ ᠪᠠᠳᠤᠯᠠᠭ᠎ᠠ ᠬᠠᠩᠭᠠᠨ᠎ᠠ᠃ ᠲᠤᠰ ᠵᠢᠯ ᠳᠤ 1.5 ᠳ᠋ᠦᠩᠰᠢᠭᠤᠷ ᠲᠦᠬᠦᠷᠢᠭ ᠤᠨ ᠬᠠᠶᠢᠨ ᠰᠢᠡᠵᠢᠯᠡᠯᠳᠡ ᠶᠢᠨ ᠪᠡᠯᠨ ᠤᠷᠤᠭᠤᠯᠤᠯᠳᠠ ᠶᠢ ᠪᠠᠶᠠᠯᠠᠬᠦᠯᠤᠨ᠎ᠠ᠃ ᠡᠬᠦᠨ ᠠᠴᠠ ᠭᠠᠳᠠᠨ᠎ᠠ᠂ ᠱᠠᠨᠰᠢ ᠶᠢᠨ ᠶᠠᠨ ᠴᠠᠩ ᠴᠢᠯᠠᠭᠤᠨ ᠲᠣᠰᠣᠨ ᠤ ᠠᠵᠣ ᠠᠬᠤᠶᠢᠯᠠᠯ ᠲᠠᠢ ᠢᠳᠡᠪᠬᠢᠳᠠᠢ ᠬᠠᠷᠢᠴᠠᠨ᠂ ᠬᠡᠰᠡᠭ ᠭᠠᠵᠠᠷ ᠣᠷᠣᠨ ᠳᠤ ᠬᠠᠶᠢᠨ ᠰᠢᠡᠵᠢᠬᠦ ᠡᠷᠬᠡ ᠶᠢ ᠭᠤᠶᠤᠴᠢᠯᠡᠨ ᠤᠯᠵᠤ᠂ ᠪᠤᠳᠠᠳᠤ ᠬᠦᠴᠤᠨ ᠲᠠᠢ ᠠᠵᠣ ᠠᠬᠤᠶᠢᠯᠠᠯ ᠢ ᠣᠷᠢᠨ ᠤᠷᠤᠭᠤᠯᠵᠤ᠂ ᠴᠢᠯᠠᠭᠤᠨ ᠲᠣᠰᠣ ᠬᠠᠶᠢᠨ ᠰᠢᠨᠵᠢᠬᠦ ᠲᠠᠯ᠎ᠠ ᠪᠠᠷ ᠰᠢᠪᠳᠣᠯᠣᠯᠳᠠ ᠭᠠᠷᠭᠠᠬᠤ ᠶᠢ ᠪᠠᠳᠤᠯᠠᠨ᠎ᠠ᠃││ ᠠᠷᠠᠯᠵᠢᠶᠠᠴᠢᠨ ᠤᠷᠢᠵᠤ ᠪᠡᠯᠨ ᠤᠷᠤᠭᠤᠯᠬᠤ ᠠᠵᠢᠯ ᠢᠶᠠᠨ ᠦᠷᠬᠦᠯᠵᠢᠯᠡᠨ ᠴᠢᠩᠭᠠᠣᠡᠬᠠᠨ᠎ᠠ  ᠃  ᠤᠳᠤᠬᠠᠨ  ᠳᠤ᠂ ᠮᠠᠨ ᠤ ᠬᠤᠰᠢᠭᠤᠨ ᠤ ᠠᠵᠤ ᠦᠢᠯᠡᠳᠪᠤᠷᠢ ᠶᠢᠨ ᠠᠵᠤ ᠠᠬᠤᠢ ᠶᠢᠨ ᠬᠦᠭᠵᠢᠯᠳᠠ ᠳᠤ ᠲᠤᠯᠭᠠᠷᠠᠵᠤ ᠪᠠᠶᠢᠭ᠎ᠠ ᠭᠤᠣᠯ ᠠᠰᠠᠭᠤᠳᠠᠯ ᠪᠤᠯ ᠨᠦᠬᠡᠴᠨ ᠲᠦᠷᠥᠯ ᠵᠥᠢᠯ ᠬᠦᠷᠤᠯᠴᠠᠬᠦ ᠦᠬᠡᠢ ᠶᠠᠪᠤᠳᠠᠯ ᠪᠤᠯᠤᠨ᠎ᠠ᠃ ᠡᠬᠢ ᠪᠠᠶᠠᠯᠢᠭ ᠪᠠ ᠠᠵᠤ ᠦᠢᠯᠡᠰ ᠤᠨ ᠰᠠᠭᠤᠷᠢᠨ ᠳᠠᠭᠠᠨ ᠲᠦᠰᠢᠭᠯᠡᠨ᠂ ᠵᠡᠬᠦᠨ ᠬᠡᠰᠡᠭ ᠤᠨ ᠲᠠᠯᠠᠢ ᠲᠠᠭᠠᠤ ᠤᠷᠤᠨ ᠤ ᠠᠵᠤ ᠦᠢᠯᠡᠰ  ᠤᠨ ᠪᠦᠳᠤᠴᠠ ᠶᠢᠨ ᠲᠤᠬᠢᠷᠠᠭᠤᠯᠤᠯᠳᠠ ᠪᠠ ᠡᠮᠤᠨᠠᠳᠤ ᠶᠢᠨ ᠠᠷᠠᠯᠵᠢᠶᠠᠴᠢᠨ ᠤᠮᠠᠷᠡᠳᠤ ᠳᠤ ᠨᠡᠬᠡᠬᠡᠯᠳᠠ ᠬᠢᠵᠣ᠂ ᠵᠡᠬᠦᠨ ᠬᠡᠰᠡᠭ ᠤᠨ ᠪᠡᠯᠨ ᠮᠦᠩᠬᠦ ᠪᠠᠷᠠᠭᠤᠡᠰᠢ ᠰᠢᠯᠵᠢᠵᠤ ᠪᠠᠶᠢᠭ᠎ᠠ ᠲᠤᠬᠢᠶᠠᠯ ᠢ ᠡᠵᠡᠮᠳᠠᠨ᠂ ᠠᠯᠢ ᠲᠦᠷᠬᠡᠨ ᠢᠶᠠᠷ ᠬᠡᠰᠡᠭ ᠭᠤᠤᠯᠳᠠᠯᠭ᠎ᠠ ᠲᠠᠢ ᠲᠦᠷᠥᠯ ᠵᠥᠢᠯ ᠢ ᠲᠦᠯᠤᠪᠵᠢᠬᠦᠯᠤᠨ ᠨᠦᠬᠡᠴᠡᠯᠡᠬᠦ ᠶᠢᠨ ᠬᠠᠮᠳᠤ ᠤᠯᠤᠰ ᠤᠨ ᠲᠤᠳᠤᠭᠠᠳᠤ ᠶᠢᠨ ᠲᠤᠮᠤ ᠠᠵᠤ ᠠᠬᠤᠶᠢᠯᠡᠯ ᠨᠤᠭᠤᠳ ᠲᠠᠢ ᠬᠠᠷᠢᠯᠴᠠᠵᠤ᠂ ᠬᠠᠨᠳᠤᠯᠭ᠎ᠠ ᠲᠠᠢ ᠪᠠᠷ ᠠᠷᠠᠯᠵᠢᠶᠠᠴᠢᠨ ᠤᠷᠢᠵᠤ ᠪᠡᠯᠨ ᠤᠷᠤᠭᠤᠯᠤᠨ᠂ ᠠᠵᠤ ᠦᠢᠯᠡᠰ ᠤᠨ ᠬᠡᠯᠬᠢᠶᠠᠵᠢᠯ ᠢ ᠤᠷᠳᠤᠳᠬᠠᠬᠤ ᠲᠦᠷᠥᠯ ᠵᠥᠢᠯ ᠪᠠ ᠡᠬᠢ ᠪᠠᠶᠠᠯᠢᠭ ᠤᠨ ᠪᠤᠰᠤ ᠲᠦᠷᠥᠯ ᠵᠥᠢᠯ ᠢ ᠲᠡᠳᠠᠨ ᠤᠷᠤᠭᠤᠯᠵᠤ ᠬᠡᠷᠡᠭᠵᠢᠬᠦᠯᠬᠦ ᠪᠠᠷ ᠲᠠᠮᠵᠢᠨ ᠠᠵᠤ ᠦᠢᠯᠡᠰ ᠤᠨ ᠦᠷᠬᠦᠯᠵᠢᠯᠡᠬᠦᠶᠢᠴᠠ ᠬᠦᠭᠵᠢᠯᠳᠠ ᠶᠢ ᠪᠠᠳᠣᠯᠠᠬᠤ ᠣᠬᠢ ᠰᠠᠶᠢᠨ ᠣᠷᠴᠢᠨ ᠢ ᠪᠣᠢ ᠪᠣᠯᠭᠠᠬᠤ ᠪᠠᠷ ᠴᠢᠷᠮᠠᠶᠢᠨ᠎ᠠ᠃︵ ᠭᠤᠷᠪᠡ︶ ᠭᠤᠷᠪᠡᠳᠤᠭᠠᠷ ᠠᠵᠤ ᠦᠢᠯᠡᠰ ᠤᠨ ᠬᠦᠭᠵᠢᠯᠳᠠ ᠶᠢ ᠲᠦᠷᠬᠡᠣᠡᠬᠡᠨ᠎ᠠ᠃ ᠦᠢᠯᠡᠣᠡᠪᠦᠷᠢᠯᠡᠯ ᠤᠨ ᠴᠢᠨᠠᠷᠳᠠᠢ ᠪᠠ ᠠᠮᠢᠳᠣᠷᠠᠯ ᠤᠨ ᠴᠢᠨᠠᠷᠳᠠᠢ ᠦᠢᠯᠡᠴᠢᠯᠡᠬᠡᠨ ᠤ ᠦᠢᠯᠡᠰ ᠢ ᠬᠠᠮᠳᠣ ᠳᠤ ᠨᠢ ᠬᠦᠡᠳᠣᠣᠡᠬᠡᠨ ᠦᠵᠡᠵᠣ᠂ ᠤᠳᠤ ᠦᠶ᠎ᠠ ᠶᠢᠨ ᠪᠠ ᠣᠯᠠᠮᠵᠢᠯᠠᠯᠳᠣ ᠦᠢᠯᠡᠴᠢᠯᠡᠬᠡᠨ ᠤ ᠦᠢᠯᠡᠰ ᠢ ᠵᠡᠷᠬᠡᠪᠡᠷ ᠠᠳᠬᠤᠵᠤ᠂ ᠣᠡᠴᠠᠯᠢᠭᠳᠣ ᠵᠣᠭᠠᠴᠠᠯ  ᠤᠨ ᠦᠢᠯᠡᠰ᠂ ᠢᠳᠡᠬᠡᠨ ᠣᠮᠳᠠᠭᠠᠨ᠂ ᠪᠠᠭᠤᠳᠠᠯ ᠤᠨ ᠦᠢᠯᠡᠰ᠂ ᠣᠳᠣᠬᠢᠴᠢᠯᠠᠭᠰᠠᠨ ᠪᠣᠳᠠᠰ ᠤᠨ ᠬᠦᠢᠯᠬᠡᠬᠡᠨ ᠤ ᠦᠢᠯᠡᠰ ᠢ ᠣᠯᠠᠮ ᠴᠢᠨᠠᠭᠰᠢᠳᠠ ᠬᠦᠭᠵᠢᠬᠦᠯᠣᠨ᠎ᠠ᠃ ᠵᠤᠭᠠᠴᠠᠯ ᠤᠨ ᠦᠢᠯᠡᠰ ᠢ ᠦᠡᠳᠤᠷ ᠬᠢᠷᠢ ᠲᠦᠪᠰᠢᠨ ᠢᠶᠠᠷ ᠲᠦᠯᠤᠪᠵᠢᠬᠦᠯᠦᠭᠰᠡᠨ ᠰᠠᠭᠤᠷᠢᠨ ᠲᠡᠬᠡᠷ᠎ᠠ᠂ ᠵᠤᠭᠠᠴᠠᠯ ᠤᠨ ᠦᠢᠯᠡᠰ ᠤᠨ ᠵᠠᠬ᠎ᠠ ᠲᠡᠯᠬᠡᠬᠦᠷᠵᠢᠯᠳᠠ ᠶᠢᠨ ᠲᠦᠪᠰᠢᠨ ᠢ  ᠲᠠᠬᠡᠭᠰᠢᠯᠡᠬᠦᠯᠣᠨ᠎ᠠ᠃ ᠵᠤᠭᠠᠴᠠᠯ ᠤᠨ ᠡᠬᠢ ᠪᠠᠶᠠᠯᠢᠭ ᠢ ᠨᠡᠬᠡᠬᠡᠨ ᠠᠰᠢᠭᠯᠠᠬᠤ ᠠᠵᠢᠯ ᠢ ᠡᠷᠴᠢᠮᠳᠡᠢ ᠠᠳᠬᠤᠨ᠂ ᠵᠤᠭᠠᠴᠠᠯ ᠤᠨ ᠵᠠᠮ ᠱᠤᠭᠤᠮ ᠪᠠ ᠦᠵᠠᠮᠵᠢ ᠶᠢᠨ ᠲᠤᠭᠤᠷᠢᠭ᠂ ᠦᠵᠠᠮᠵᠢ ᠶᠢᠨ ᠴᠡᠭ ᠤᠨ ᠢᠵᠢ ᠪᠦᠷᠢᠳᠦᠭᠰᠡᠨ ᠲᠦᠬᠦᠬᠡᠷᠤᠮᠵᠢ ᠶᠢᠨ ᠪᠠᠶᠢᠭᠤᠯᠤᠯᠳᠠ ᠶᠢ ᠴᠢᠩᠭᠠᠳᠬᠠᠨ᠂ ᠵᠤᠭᠠᠴᠠᠯ ᠤᠨ ᠦᠢᠯᠡᠰ ᠤᠨ ᠡᠵᠡᠩᠨᠡᠯᠳᠡ ᠶᠢ ᠲᠦᠷᠢᠮᠵᠢᠬᠦᠯᠵᠤ᠂ ᠬᠦᠯᠢᠶᠠᠨ ᠵᠣᠴᠢᠯᠠᠬᠤ ᠴᠢᠳᠠᠪᠤᠷᠢ ᠪᠠ ᠦᠢᠯᠡᠴᠢᠯᠡᠬᠡᠨ ᠤ ᠲᠦᠪᠰᠢᠨ ᠵᠶ᠋ᠡᠨ‌‍ᠲ᠋ᠡᠬᠡᠭᠰᠢᠯᠡᠬᠦᠯᠣᠨ᠎ᠠ᠃ ᠵᠤᠭᠠᠴᠠᠯ ᠤᠨ ᠰᠤᠶᠤᠯ ᠤᠨ ᠠᠭᠤᠯᠬᠤᠨ ᠢ ᠬᠦᠡᠵᠡᠬᠡᠢ ᠠᠭᠤᠳᠠᠯᠯᠠᠨ ᠢᠯᠡᠷᠡᠬᠦᠯᠵᠤ᠂ ᠦᠡᠳᠤᠰᠤᠳᠠᠨ ᠤ ᠵᠠᠩ ᠰᠤᠶᠤᠯ ᠤᠨ ᠦᠢᠯᠡᠳᠬᠦᠨ ᠪᠠ ᠦᠪᠡᠷᠮᠢᠴᠠ ᠤᠡᠴᠠᠯᠢᠭᠳᠤ ᠵᠤᠭᠠᠴᠠᠯ ᠤᠨ ᠦᠢᠯᠡᠳᠬᠦᠨ ᠢ  ᠨᠡᠬᠡᠬᠡᠨ ᠠᠰᠢᠭᠯᠠᠬᠤ ᠡᠷᠴᠢᠮ ᠢᠶᠠᠨ ᠴᠢᠩᠭᠠᠷᠠᠭᠤᠯᠵᠤ᠂ ᠲᠠᠳᠠᠬᠤ ᠬᠦᠴᠤᠨ ᠢᠶᠠᠨ ᠨᠡᠮᠡᠭᠳᠡᠬᠦᠯᠤᠨ᠎ᠠ᠃ 2012 ᠤᠨ ᠳᠤ᠂ ᠪᠠᠯᠴᠢᠬᠡᠷᠯᠡᠬᠦᠯᠬᠦ ᠶᠢ ᠵᠤᠭᠰᠤᠭᠠᠭᠰᠡᠨ ᠭᠠᠴᠠᠭ᠎ᠠ ᠪᠠ ᠲᠤᠮᠳᠠ ᠡᠮᠤᠨ᠎ᠠ ᠬᠡᠰᠡᠭ ᠤᠨ ᠭᠤᠷᠪᠡᠨ ᠪᠠᠯᠭᠠᠰᠤ ᠪᠠᠷ ᠭᠤᠤᠯᠯᠠᠨ᠂ 30 ︽ᠬᠦᠳᠡᠭᠡ ᠠᠶᠢᠯ︾ ᠵᠤᠭᠠᠴᠠᠯ ᠤᠨ ᠴᠡᠭ ᠭᠠᠷᠭᠠᠨ᠎ᠠ᠃ ᠬᠤᠯᠪᠤᠭᠠᠳᠤ ᠡᠵᠡᠩᠨᠡᠯᠳᠡ ᠪᠠ ᠨᠠᠷᠡᠳᠤ ᠲᠡᠮᠳᠡᠭᠳᠤ ᠲᠠᠸᠡᠷ ᠤᠨ ᠲᠤᠰᠬᠠᠢ ᠡᠵᠡᠩᠨᠡᠯᠳᠡ ᠶᠢ ᠵᠤᠷᠢᠭᠵᠢᠭᠤᠯᠵᠤ᠂ ᠲᠤᠰᠬᠠᠢ ᠬᠤᠳᠠᠯᠳᠤᠭᠠᠨ ᠤ ᠵᠠᠬᠡᠯᠢ ᠶᠢ ᠴᠤᠭᠴᠠᠯᠡᠨ᠂ ᠵᠢᠵᠢᠭᠯᠡᠨ ᠪᠤᠷᠤᠯᠠᠭᠤᠯᠬᠤ ᠦᠢᠯᠡᠰ ᠤᠨ ᠴᠢᠨᠠᠷ ᠲᠡᠰ ᠢ ᠲᠠᠰᠤᠷᠠᠯᠳᠠ ᠦᠬᠡᠢ ᠲᠡᠬᠡᠭᠰᠢᠯᠡᠬᠦᠯᠤᠨ᠎ᠠ᠃ ︽ᠲᠦᠮᠡᠨ ᠲᠣᠰᠬᠤᠨ ᠮᠢᠩᠭᠠᠨ ᠰᠢᠶᠠᠩ︾ ᠤᠨ ᠵᠠᠬ᠎ᠠ ᠲᠡᠯᠬᠡᠬᠦᠷ ᠤᠨ ᠢᠨᠵᠧᠨᠧᠷᠢᠩ᠂ ᠬᠡᠷ ᠤᠨ ᠴᠠᠬᠢᠯᠭᠠᠨ ᠬᠡᠷᠡᠭᠰᠡᠯ ᠮᠠᠰᠢᠨ ᠮᠤᠲ᠋ᠤᠷ ᠢ ᠬᠦᠳᠡᠭᠡ ᠪᠠᠭᠤᠯᠭᠠᠬᠤ ᠢᠨᠵᠧᠨᠧᠷᠢᠩ ᠪᠠ ᠬᠠᠭᠤᠴᠢᠨ ᠴᠠᠬᠢᠯᠭᠠᠨ ᠬᠡᠷᠡᠭᠰᠡᠯ ᠢᠶᠠᠷ ᠰᠢᠨ᠎ᠠ ᠶᠢ ᠰᠤᠯᠢᠬᠤ ᠢᠡᠵᠧᠨᠧᠷᠢᠩ ᠢ ᠲᠤᠤᠱᠳᠡᠢ ᠬᠡᠷᠡᠭᠵᠢᠬᠦᠯᠵᠤ᠂ ᠬᠡᠷᠡᠭᠯᠡᠬᠡᠨ ᠤ ᠵᠠᠬ᠎ᠠ ᠲᠡᠯᠬᠡᠬᠦᠷ ᠢ ᠶᠡᠭᠡ ᠪᠠᠷ ᠦᠷᠬᠡᠳᠬᠡᠨ᠎ᠠ᠃ ᠰᠢᠨ᠎ᠠ ᠬᠡᠷᠡᠭᠯᠡᠬᠡᠨ ᠤ ᠬᠠᠯᠠᠮᠰᠢᠯ ᠢ ᠢᠳᠡᠪᠬᠢᠳᠡᠢ ᠪᠠᠷ ᠪᠤᠶᠢᠵᠢᠭᠤᠯᠵᠤ᠂ ᠲᠠᠪᠰᠢᠩᠭᠤᠢ ᠬᠡᠷᠡᠭᠯᠡᠬᠡᠨ ᠤ ᠲᠠᠨᠢᠯᠳᠠ ᠶᠢ ᠣᠬᠠᠭᠤᠯᠣᠨ᠂ ᠮᠠᠰᠢᠨ ᠲᠡᠷᠬᠡ᠂ ᠴᠢᠮᠡᠭᠡ ᠬᠤᠯᠪᠤᠭ᠎ᠠ᠂ ᠡᠷᠡᠬᠦᠯᠵᠢᠯ ᠭᠤᠸᠠᠵᠢᠯ᠂ ᠰᠤᠶᠤᠯ ᠪᠣᠯᠪᠠᠰᠣᠷᠠᠯ ᠤᠨ ᠲᠠᠯ᠎ᠠ  ᠪᠠᠷ ᠬᠢ ᠬᠡᠷᠡᠭᠯᠡᠬᠡᠨ ᠤ ᠰᠢᠨ᠎ᠠ ᠱᠠᠭᠠᠷᠳᠠᠯᠭ᠎ᠠ ᠶᠢ ᠵᠤᠬᠢᠰᠳᠡᠢ ᠵᠢᠯᠤᠭᠤᠳᠤᠨ᠎ᠠ᠃ ᠨᠡᠬᠦᠷᠡᠰᠤ᠂ ᠪᠠᠷᠢᠯᠭ᠎ᠠ ᠶᠢᠨ ᠮᠠᠲ᠋ᠧᠷᠢᠶᠠᠯ᠂ ᠠᠭᠤᠷᠬᠠᠢ ᠶᠢᠨ ᠭᠠᠷᠤᠯᠳᠠ ᠪᠠ ᠮᠠᠯ ᠤᠨ ᠠᠰᠢᠭ ᠰᠢᠮ᠎ᠠ ᠶᠢᠨ ᠦᠢᠯᠡᠳᠬᠦᠨ ᠵᠡᠷᠬᠡ ᠶᠢ ᠬᠦᠮᠤᠷᠬᠡᠯᠡᠵᠤ ᠵᠦᠬᠡᠬᠡᠪᠤᠷᠢᠯᠡᠬᠦ ᠵᠢᠴᠢ ᠬᠠᠩᠭᠠᠯᠭ᠎ᠠ ᠬᠡᠷᠡᠭᠴᠡᠬᠡᠨ ᠤ ᠮᠡᠳᠡᠭᠡ ᠵᠠᠩᠬᠢ᠂ ᠵᠠᠰᠠᠪᠣᠷᠢ ᠬᠢᠬᠦ᠂ ᠲᠦᠬᠡᠬᠡᠨ ᠬᠤᠳᠠᠯᠳᠤᠬᠤ ᠱᠠᠭᠠᠷᠳᠠᠯᠭ᠎ᠠ ᠶᠢᠨ ᠲᠤᠭᠤᠷᠢᠨ ᠳᠤ ᠪᠤᠳᠠᠰ ᠤᠨ ᠬᠦᠢᠯᠬᠡᠬᠡᠨ ᠤ ᠠᠵᠤ ᠠᠬᠤᠶᠢᠯᠡᠯ ᠢ ᠤᠷᠢᠨ ᠤᠷᠤᠭᠤᠯᠬᠤ ᠪᠠ ᠪᠤᠶᠢᠵᠢᠭᠤᠯᠵᠤ᠂ ᠪᠤᠳᠠᠰ ᠤᠨ ᠬᠦᠢᠯᠬᠡᠬᠡᠨ ᠤ ᠦᠢᠯᠡᠰ ᠤᠨ ᠲᠦᠪᠰᠢᠨ ᠢ ᠲᠡᠬᠡᠭᠰᠢᠯᠡᠬᠦᠯᠤᠨ᠎ᠠ᠃ ᠢᠳᠡᠬᠡᠨ ᠤᠮᠳᠠᠭᠠᠨ ᠂ ᠪᠠᠭᠤᠳᠠᠯ ᠤᠨ ᠦᠢᠯᠡᠰ ᠤᠨ ᠬᠦᠭᠵᠢᠯᠳᠠ ᠶᠢ ᠤᠯᠠᠮ ᠲᠦᠷᠬᠡᠳᠬᠡᠵᠤ᠂ ᠴᠢᠨᠠᠷ ᠲᠡᠰ ᠢ ᠨᠢ ᠲᠠᠰᠤᠷᠡᠯ ᠦᠬᠡᠢ  ᠲᠡᠬᠡᠭᠰᠢᠯᠡᠬᠦᠯᠦᠨ᠎ᠠ᠃ ᠮᠦᠩᠬᠦᠨ ᠬᠦᠢᠯᠬᠡᠬᠡ᠂ ᠠᠰᠠᠭᠤᠨ ᠯᠠᠪᠯᠠᠬᠤ᠂ ᠦᠨᠡᠯᠡᠯᠳᠡ ᠬᠢᠬᠦ ᠵᠠᠷᠬᠡ ᠤᠳᠤ ᠦᠶ᠎ᠠ ᠶᠢᠨ ᠦᠢᠯᠡᠴᠢᠯᠡᠬᠡᠨ ᠤ ᠬᠦᠭᠵᠢᠯᠳᠠ ᠶᠢ ᠲᠦᠷᠬᠡᠳᠬᠡᠨ᠎ᠠ᠃︵ᠲᠦᠷᠪᠡ︶ ᠬᠤᠳᠠ ᠬᠦᠳᠡᠭᠡ ᠶᠢᠨ ᠰᠠᠭᠤᠷᠢ ᠲᠦᠬᠦᠬᠡᠷᠤᠮᠵᠢ ᠶᠢᠨ ᠨᠦᠬᠦᠴᠡᠯ ᠢ ᠰᠠᠶᠢᠵᠢᠷᠠᠭᠤᠯᠬᠤ ᠪᠠᠷ ᠴᠢᠷᠮᠠᠶᠢᠨ᠎ᠠ ᠃ ᠤᠯᠠᠨ ᠡᠰᠢᠳᠤ ᠪᠡᠯᠨ ᠤᠷᠤᠭᠤᠯᠤᠯᠳᠠ ᠶᠢᠨ ᠵᠤᠬᠢᠴᠠᠮᠵᠢ ᠶᠢ ᠤᠯᠠᠮ ᠴᠢᠨᠠᠭᠰᠢᠳᠠ ᠪᠠᠶᠢᠭᠤᠯᠣᠨ ᠪᠦᠷᠢᠨᠰᠢᠬᠦᠯᠵᠣ᠂ ᠪᠡᠯᠨ ᠤᠷᠤᠭᠤᠯᠤᠯᠳᠠ ᠪᠠᠨ ᠨᠡᠮᠡᠭᠳᠡᠬᠦᠯᠤᠨ᠂ ᠬᠤᠳᠠ ᠪᠠᠯᠭᠠᠰᠤᠨ ᠤ ᠪᠦᠳᠤᠬᠡᠨ ᠪᠠᠶᠢᠭᠤᠯᠤᠯᠳᠠ ᠪᠠ ᠤᠰᠤᠨ ᠠᠰᠢᠭᠯᠠᠯᠳᠠ᠂ ᠴᠠᠬᠢᠯᠭᠠᠨ᠂ ᠵᠠᠰᠠᠮᠠᠯ ᠵᠠᠮ᠂ ᠲᠠᠮᠤᠷ ᠵᠠᠮ ᠵᠠᠷᠬᠡ ᠰᠠᠭᠤᠷᠢ ᠲᠦᠬᠦᠬᠡᠷᠤᠮᠵᠢ ᠶᠢᠨ ᠪᠦᠳᠤᠬᠡᠨ ᠪᠠᠶᠢᠭᠤᠯᠤᠯᠳᠠ ᠶᠢᠨ ᠠᠬᠢᠴᠠ ᠶᠢ ᠲᠦᠷᠬᠡᠳᠬᠡᠵᠣ᠂ ᠬᠦᠭᠵᠢᠯᠳᠠ ᠶᠢᠨ ᠨᠦᠬᠦᠴᠡᠯ ᠢᠶᠠᠨ ᠰᠠᠶᠢᠵᠢᠷᠠᠭᠤᠯᠤᠨ᠎ᠠ᠃││ ᠬᠤᠳᠠ ᠪᠠᠯᠭᠠᠰᠤᠵᠢᠯᠳᠠ ᠶᠢᠨ ᠲᠦᠪᠰᠢᠨ ᠢᠶᠠᠨ ᠤᠯᠠᠮ ᠲᠡᠬᠡᠭᠰᠢᠯᠡᠬᠦᠯᠣᠨ᠎ᠠ᠃ ︽ᠦᠡᠳᠤᠷ ᠬᠢᠷᠢ ᠲᠦᠪᠰᠢᠨ  ᠢᠶᠠᠷ ᠲᠦᠯᠤᠪᠵᠢᠬᠦᠯᠵᠤ᠂  ᠣᠯᠠᠨ ᠠᠷᠭ᠎ᠠ ᠵᠠᠮ ᠢᠶᠠᠷ ᠪᠡᠯᠨ ᠬᠤᠷᠠᠮᠳᠤᠭᠤᠯᠤᠨ᠂ ᠡᠷᠴᠢᠮᠳᠡᠢ ᠪᠠᠷ ᠪᠦᠳᠤᠬᠡᠨ ᠪᠠᠶᠢᠭᠤᠯᠵᠤ᠂ ᠨᠠᠷᠢᠯᠢᠭ ᠢᠶᠠᠷ ᠬᠠᠮᠢᠶᠠᠷᠬᠤ︾ ᠬᠦᠭᠵᠢᠯᠳᠠ ᠶᠢᠨ ᠵᠠᠷᠴᠢᠮ ᠢ ᠦᠷᠬᠦᠯᠵᠢᠯᠡᠨ ᠪᠠᠷᠢᠮᠳᠠᠯᠠᠵᠤ᠂ ᠪᠡᠯᠬᠦᠳᠡᠢ ᠪᠠᠯᠭᠠᠰᠤᠨ ᠤ ᠬᠡᠪᠴᠢᠶ᠎ᠠ ᠶᠢ ᠤᠯᠠᠮ ᠦᠷᠬᠡᠳᠬᠡᠨ᠂ ᠴᠢᠳᠠᠪᠬᠢ ᠶᠢ ᠨᠢ ᠤᠯᠠᠮ ᠰᠢᠯᠢᠳᠡᠭᠵᠢᠬᠦᠯᠵᠤ᠂ ᠤᠷᠴᠢᠨ ᠲᠤᠭᠤᠷᠢᠨ ᠢ ᠤᠯᠠᠮ ᠭᠤᠸᠠᠵᠢᠭᠤᠯᠤᠨ᠂ ︽ᠦᠪᠡᠷᠮᠢᠴᠠ ᠣᠨᠴᠠᠯᠢᠭᠳᠣ᠂ ᠬᠡᠪ ᠨᠠᠮᠪᠠᠯᠢᠭ᠂ ᠴᠢᠨᠠᠷᠵᠢᠭᠤᠨ ᠭᠤᠸᠠᠯᠢᠭ ᠂  ᠰᠠᠭᠤᠬᠤ ᠳᠤ ᠲᠣᠬᠢᠯᠢᠭ︾ ᠲᠠᠯ᠎ᠠ ᠨᠤᠳᠤᠭ ᠤᠨ ᠰᠢᠨ᠎ᠠ ᠪᠠᠯᠭᠠᠰᠤ ᠪᠤᠯᠭᠠᠨ ᠴᠤᠭᠴᠠᠯᠠᠨ ᠪᠠᠶᠢᠭᠤᠯᠬᠤ ᠪᠠᠷ ᠴᠢᠷᠮᠠᠶᠢᠨ᠎ᠠ᠃ ᠲᠤᠰ ᠵᠢᠯ ᠳᠤ᠂ ᠴᠠᠭᠠᠨᠴᠢᠯᠠᠭᠤᠳᠣ ᠰᠢᠨ᠎ᠠ ᠲᠤᠭᠤᠷᠢᠭ ᠤᠨ ᠪᠠᠶᠢᠭᠤᠯᠤᠯᠳᠠ ᠪᠠ ᠬᠠᠭᠤᠴᠢᠨ ᠬᠤᠳᠠ ᠲᠤᠭᠤᠷᠢᠭ ᠢ ᠦᠬᠡᠷᠡᠴᠢᠯᠡᠬᠦ ᠪᠠᠷ ᠭᠤᠤᠯᠳᠠᠯᠭ᠎ᠠ ᠪᠠᠨ ᠪᠤᠯᠭᠠᠨ᠂ 5 ᠳ᠋ᠦᠩᠰᠢᠭᠤᠷ ᠲᠦᠬᠦᠷᠢᠭ ᠤᠨ ᠪᠡᠯᠨ ᠤᠷᠤᠭᠤᠯᠵᠤ᠂ ᠵᠠᠮ᠂ ᠲᠦᠬᠡᠬᠡᠯ ᠤᠰᠤ ᠬᠠᠩᠭᠠᠬᠤ ᠪᠠ ᠪᠤᠬᠢᠷ ᠤᠰᠤ ᠭᠠᠳᠠᠭᠰᠢᠯᠠᠭᠤᠯᠬᠤ᠂  ᠲᠤᠯᠠᠭᠠᠯᠭ᠎ᠠ᠂ ᠨᠤᠭᠤᠭᠠᠷᠠᠭᠤᠯᠤᠯᠳᠠ᠂ ᠬᠠᠳᠠᠭᠤᠵᠢᠭᠤᠯᠤᠯᠳᠠ᠂ ᠬᠡᠬᠡᠵᠢᠬᠦᠯᠤᠯᠳᠠ᠂ ᠭᠤᠸᠠᠵᠢᠭᠤᠯᠤᠯᠳᠠ᠂ ᠬᠤᠳᠠ ᠲᠤᠭᠤᠷᠢᠭ ᠤᠨ ᠴᠠᠪᠠᠷᠯᠠᠯᠳᠠ᠂ ᠪᠠᠳᠤᠯᠠᠭ᠎ᠠ ᠶᠢᠨ ᠬᠡᠷ ᠪᠠᠶᠢᠰᠢᠩ ᠤᠨ ᠪᠠᠶᠢᠭᠤᠯᠤᠯᠳᠠ᠂ ᠬᠡᠷ ᠬᠦᠷᠤᠩᠬᠡ ᠶᠢᠨ ᠨᠡᠬᠡᠬᠡᠨ ᠠᠰᠢᠭᠯᠠᠯᠳᠠ ᠵᠠᠷᠬᠡ ᠢᠡᠵᠧᠨᠧᠷᠢᠩ ᠢ ᠬᠡᠷᠡᠭᠵᠢᠬᠦᠯᠬᠦ ᠪᠠᠷ ᠪᠠᠶᠢᠨ᠎ᠠ᠃ 14 ᠵᠤᠷᠪᠤᠰ ᠨᠠᠶᠢᠳᠠ 15.7 ᠲᠦᠮᠡᠨ ᠲᠡᠭᠰᠢ ᠲᠦᠷᠪᠠᠯᠵᠢᠨ ᠮᠧᠲᠷ ᠵᠠᠮ ᠲᠠᠪᠢᠰᠤᠨ᠂ 5 ᠲᠦᠮᠡᠨ ᠲᠡᠭᠰᠢ ᠲᠦᠷᠪᠡᠯᠵᠢᠨ ᠮᠧᠲᠷ ᠭᠠᠵᠠᠷ ᠪᠠ 7 ᠵᠤᠷᠪᠤᠰ ᠨᠠᠶᠢᠳᠠ 1.2 ᠲᠦᠮᠡᠨ ᠲᠡᠭᠰᠢ ᠲᠦᠷᠪᠡᠯᠵᠢᠨ ᠮᠧᠲᠷ ᠭᠤᠳᠣᠮᠵᠢᠨ ᠵᠠᠮ ᠢ ᠬᠠᠳᠠᠭᠤᠵᠢᠭᠤᠯᠵᠤ᠂   4 ᠬᠡᠰᠡᠭ ᠨᠠᠶᠢᠳᠠ 4300 ᠲᠡᠭᠰᠢ ᠲᠦᠷᠪᠠᠯᠵᠢᠨ ᠮᠧᠲᠷ ᠤᠨ ᠲᠠᠷᠬᠡᠨ ᠵᠣᠭᠰᠣᠭᠠᠯ ᠢ ᠪᠠᠶᠢᠭᠤᠯᠤᠨ᠎ᠠ᠃ ᠡᠳᠤᠷ ᠲᠤ 5000 ᠲᠤᠨ ᠪᠤᠬᠢᠷ ᠤᠰᠤ ᠰᠢᠢᠳᠪᠤᠷᠢᠯᠡᠬᠦ ᠦᠢᠯᠡᠳᠪᠤᠷᠢ᠂ ᠡᠳᠣᠷ ᠲᠤ 3000 ᠲᠣᠨ ᠲᠦᠬᠡᠬᠡᠯ ᠣᠰᠣ ᠴᠡᠪᠡᠷᠰᠢᠬᠦᠯᠬᠦ ᠦᠢᠯᠡᠳᠪᠣᠷᠢ ᠶᠢᠨ ᠰᠠᠬᠦᠯᠴᠢ ᠶᠢᠨ ᠪᠠᠷᠢᠯᠭ᠎ᠠ ᠶᠢ ᠲᠠᠭᠤᠰᠬᠠᠵᠣ᠂ ᠰᠢᠨ᠎ᠠ ᠪᠠᠷ 5 ᠤᠰᠤᠨ ᠬᠤᠳᠳᠤᠭ ᠢ ᠮᠠᠯᠳᠠᠨ᠂ ᠬᠠᠭᠤᠴᠢᠨ ᠲᠤᠭᠤᠷᠢᠭ ᠤᠨ ᠲᠦᠬᠡᠬᠡᠯ ᠤᠰᠤᠨ ᠤ ᠬᠤᠭᠤᠯᠠᠢ ᠶᠢ 8 ᠺᠢᠯᠤᠮᠧᠲᠷ ᠵᠠᠰᠠᠵᠤ ᠰᠢᠨᠡᠳᠬᠡᠵᠤ᠂ ᠲᠦᠪᠯᠡᠷᠡᠩᠬᠦᠢ ᠲᠣᠯᠠᠭᠠᠯᠭ᠎ᠠ ᠶᠢᠨ ᠲᠠᠯᠠᠪᠠᠢ ᠶᠢ 15 ᠲᠦᠮᠡᠨ ᠲᠡᠭᠰᠢ ᠲᠦᠷᠪᠡᠯᠵᠢᠨ ᠮᠧᠲᠷ ᠦᠷᠬᠡᠳᠬᠡᠨ᠂ ᠬᠠᠭᠤᠴᠢᠷᠠᠵᠤ ᠡᠪᠳᠡᠷᠡᠭᠰᠡᠨ ᠲᠤᠯᠠᠭᠠᠯᠭ᠎ᠠ ᠶᠢᠨ ᠲᠦᠬᠦᠬᠡᠷᠤᠮᠵᠢ ᠶᠢ ᠵᠠᠰᠠᠵᠤ ᠰᠢᠨᠡᠳᠬᠡᠨ᠎ᠠ᠃ ᠪᠤᠬᠢᠷ ᠤᠰᠤ ᠰᠢᠢᠳᠪᠣᠷᠢᠯᠡᠬᠦ ᠦᠢᠯᠡᠳᠪᠤᠷᠢ ᠶᠢᠨ ᠵᠡᠬᠦᠡᠳᠡᠬᠢ ᠲᠤᠰᠠᠭᠠᠷᠯᠠᠬᠤ ᠪᠦᠰᠠ ᠪᠠ ᠲᠤᠭᠤᠰᠬᠠᠨ ᠤ ᠦᠢᠯᠡᠳᠪᠤᠷᠢ ᠪᠠᠶᠢᠭᠰᠠᠨ ᠭᠠᠵᠠᠷ ᠢ ᠨᠤᠭᠤᠭᠠᠷᠠᠭᠤᠯᠵᠤ᠂ 640 ᠰᠠᠤᠷᠢ ᠵᠠᠮ ᠤᠨ ᠳ᠋ᠸᠡᠭ ᠣᠭᠰᠠᠷᠠᠨ᠂ ᠬᠤᠭ ᠨᠣᠪᠰᠢ ᠶᠢ ᠰᠢᠢᠳᠪᠤᠷᠢᠯᠡᠬᠦ ᠦᠢᠯᠡᠳᠪᠤᠷᠢ ᠶᠢᠨ ᠰᠠᠬᠦᠯᠴᠢ ᠶᠢᠨ ᠪᠠᠷᠢᠯᠭ᠎ᠠ ᠶᠢ ᠲᠠᠭᠤᠰᠬᠠᠨ᠂ 12 ᠵᠤᠷᠯᠤᠩ ᠢ ᠵᠠᠰᠠᠨ ᠰᠢᠨᠡᠳᠬᠡᠵᠣ᠂ 300 ᠬᠤᠭ ᠤᠨ ᠬᠠᠶᠢᠷᠴᠠᠭ ᠤᠭᠰᠠᠷᠠᠨ᠎ᠠ᠃ ᠨᠠᠶᠢᠳᠠ 6000 ᠲᠡᠭᠰᠢ ᠲᠦᠷᠪᠡᠯᠵᠢᠨ ᠮᠧᠲᠷ ᠤᠨ 120ᠢᠵᠢ ᠬᠢᠮᠳᠠ  ᠪᠠᠷ ᠲᠦᠷᠢᠶᠠᠰᠣᠯᠡᠬᠦ ᠣᠷᠣᠨ ᠰᠠᠭᠤᠴᠨ᠂ ᠨᠠᠶᠢᠳᠠ 9000 ᠲᠡᠭᠰᠢ ᠲᠦᠷᠪᠡᠯᠵᠢᠨ ᠮᠧᠲᠷ ᠤᠨ 100 ᠢᠵᠢ ᠬᠢᠮᠳᠠ ᠲᠤᠬᠢᠯᠢᠭ ᠣᠷᠣᠨ ᠰᠠᠭᠤᠴᠨ ᠶᠢ ᠰᠢᠨ᠎ᠠ ᠪᠠᠷ ᠪᠠᠶᠢᠭᠤᠯᠵᠤ᠂ 20 ᠲᠦᠮᠡᠨ ᠲᠡᠭᠰᠢ ᠲᠦᠷᠪᠡᠯᠵᠢᠨ ᠮᠧᠲᠷ ᠲᠠᠯᠠᠪᠠᠢ  ᠶᠢᠨ ᠬᠡᠷ ᠬᠦᠷᠤᠩᠬᠡ ᠶᠢᠨ ᠨᠡᠬᠡᠬᠡᠨ ᠠᠰᠢᠭᠯᠠᠯᠳᠠ ᠪᠠ ᠪᠠᠶᠢᠰᠢᠩ ᠬᠡᠷ ᠢ ᠨᠤᠷᠠᠭᠠᠵᠤ ᠠᠰᠠᠷ ᠪᠣᠯᠭᠠᠬᠤ ᠪᠠᠷᠢᠯᠭ᠎ᠠ ᠶᠢ  ᠪᠠᠶᠠᠯᠠᠬᠦᠯᠤᠨ᠎ᠠ᠃ ᠪᠠᠶᠠᠨᠴᠠᠭᠠᠨ ᠵᠡᠬᠡᠯᠢ  ᠪᠠ  ᠪᠡᠯᠬᠦᠳᠠᠢ ᠵᠠᠮ ᠲᠠᠭᠠᠤ ᠶᠢᠨ 11 ᠰᠠᠭᠤᠷᠢ ᠠᠰᠠᠷ ᠢ ᠴᠢᠮᠡᠭᠯᠡᠨ ᠵᠠᠰᠠᠵᠣ᠂ ᠴᠠᠭᠠᠡᠨᠠᠭᠤᠷ ᠬᠤᠶᠢᠳᠤ ᠵᠠᠮ᠂ ᠬᠠᠶᠢᠷᠬᠠᠨ ᠡᠮᠤᠨ᠎ᠠ ᠵᠠᠮ ᠲᠠᠭᠠᠤ ᠶᠢᠨ ᠪᠠᠷᠢᠯᠭ᠎ᠠ ᠶᠢ ᠨᠤᠷᠠᠭᠠᠵᠤ ᠨᠡᠬᠦᠯᠬᠡᠨ᠂ ᠠ ᠵᠢᠢ ᠲᠤᠰᠤ ᠨᠡᠮᠡᠬᠦ ᠦᠷᠳᠡᠭᠡ᠂ ᠬᠤᠶᠠᠳᠤᠭᠠᠷ  ᠪᠠ ᠲᠠᠪᠤᠳᠤᠭᠠᠷ  ᠲᠤᠰᠤ ᠨᠡᠮᠡᠬᠦ ᠦᠷᠳᠡᠭᠡ᠂ ᠰᠤᠮᠤ  ᠲᠡᠷᠢ ᠶᠢᠨ ᠬᠦᠮᠤᠷᠬᠡ ᠶᠢ ᠨᠡᠬᠦᠯᠬᠡᠨ᠎ᠠ᠃ ᠡᠬᠦᠨ ᠠᠴᠠ ᠭᠠᠳᠠᠨ᠎ᠠ᠂ ᠰᠢᠨ᠎ᠠ ᠪᠠᠷ ᠨᠡᠮᠡᠭᠳᠡᠬᠦ ᠪᠠᠶᠠᠡᠳᠤᠭ ᠰᠤᠮᠤᠨ ᠤ ᠠᠯᠪᠠᠨ ᠬᠡᠷ ᠵᠢᠴᠢ ᠲᠠᠭᠠᠯᠳᠤᠭᠤᠯᠤᠯ ᠪᠠᠷᠢᠯᠭ᠎ᠠ ᠶᠢᠨ ᠠᠵᠢᠯ ᠢ ᠰᠠᠶᠢᠳᠤᠷ ᠠᠳᠬᠤᠬᠤ ᠶᠢᠨ ᠬᠠᠮᠳᠤ ᠪᠤᠰᠤᠳ ᠰᠤᠮᠤ ᠪᠠᠯᠭᠠᠰᠤᠨ ᠤ ᠠᠯᠪᠠᠨ ᠬᠡᠷ ᠤᠳ ᠢ ᠴᠤ ᠰᠢᠨᠡᠳᠬᠡᠨ ᠵᠠᠰᠠᠵᠤ᠂ ᠦᠡᠳᠤᠰᠤᠨ ᠱᠠᠳᠤᠨ ᠤ ᠠᠯᠪᠠᠯᠠᠬᠤ ᠨᠦᠬᠦᠴᠡᠯ ᠢ ᠰᠠᠶᠢᠵᠢᠷᠠᠭᠤᠯᠤᠨ᠎ᠠ᠃││ ᠴᠠᠭᠠᠨᠴᠢᠯᠠᠭᠤᠳᠤ ᠰᠢᠨ᠎ᠠ ᠲᠤᠭᠤᠷᠢᠭ ᠤᠨ ᠪᠦᠳᠤᠬᠡᠨ ᠪᠠᠶᠢᠭᠤᠯᠤᠯᠳᠠ ᠶᠢᠨ ᠠᠵᠢᠯ ᠢ ᠰᠠᠶᠢᠳᠤᠷ ᠬᠢᠨ᠎ᠠ᠃  ᠴᠠᠭᠠᠨᠴᠢᠯᠠᠭᠤᠳᠤ ᠰᠢᠨ᠎ᠠ ᠲᠤᠭᠤᠷᠢᠭ ᠢ ᠨᠡᠬᠡᠬᠡᠨ ᠠᠰᠢᠭᠯᠠᠵᠤ ᠪᠦᠳᠤᠬᠡᠨ ᠪᠠᠶᠢᠭᠤᠯᠬᠤ ᠪᠤᠯ ᠪᠢᠳᠡ ᠬᠦᠡᠵᠡᠬᠡᠢ ᠰᠤᠳᠤᠯᠤᠨ᠂ ᠤᠯᠠᠨ ᠭᠠᠵᠡᠷ ᠤᠨ ᠲᠣᠷᠰᠢᠯᠭ᠎ᠠ ᠶᠢ ᠦᠨᠳᠣᠰᠣᠯᠠᠵᠣ᠂ ᠰᠢᠡᠵᠢᠯᠡᠬᠦ ᠤᠬᠠᠭᠠᠡᠴᠢ ᠤᠨᠤᠯ ᠢᠶᠠᠷ ᠪᠠᠳᠤᠯᠠᠭᠰᠡᠨ ᠰᠠᠭᠤᠷᠢᠨ ᠲᠡᠬᠡᠷ᠎ᠠ ᠲᠤᠷᠡᠳᠤᠨ ᠭᠠᠷᠭᠠᠭᠰᠡᠨ ᠪᠠᠶᠢᠯᠳᠤᠬᠤ ᠪᠤᠳᠤᠯᠭ᠎ᠠ ᠶᠢᠨ ᠴᠢᠬᠤᠯᠨ ᠰᠢᠢᠳᠪᠤᠷᠢ ᠪᠤᠯᠤᠨ᠎ᠠ᠂ ᠮᠦᠡᠴᠤ ᠮᠠᠨ ᠤ ᠬᠤᠰᠢᠭᠤᠨ ᠤ ᠬᠤᠳᠠ ᠪᠠᠯᠭᠠᠰᠤᠨ ᠤ ᠲᠦᠷᠢ ᠲᠦᠷᠬᠦ ᠶᠢ ᠬᠤᠪᠢᠷᠠᠭᠤᠯᠵᠤ᠂ ᠦᠰᠤᠷᠤᠯᠳᠠ ᠶᠢᠨ ᠴᠢᠨᠠᠷᠳᠡᠢ ᠬᠦᠭᠵᠢᠯᠳᠠ ᠶᠢ ᠪᠠᠶᠠᠯᠠᠬᠦᠯᠬᠦ ᠪᠤᠳᠡᠳᠤ ᠠᠷᠭ᠎ᠠ ᠬᠡᠮᠵᠢᠶ᠎ᠠ ᠪᠤᠯᠤᠨ᠎ᠠ᠃  ᠴᠠᠭᠠᠨᠴᠢᠯᠠᠭᠤᠳᠤ ᠰᠢᠨ᠎ᠠ ᠲᠤᠭᠤᠷᠢᠭ ᠨᠢ ᠮᠠᠨ ᠤ ᠬᠤᠰᠢᠭᠤᠨ ᠤ ︽ᠨᠢᠬᠡ ᠴᠤᠭᠴᠠ ᠬᠤᠶᠡᠷ ᠵᠢᠬᠦᠷ︾ ᠤᠨ ᠬᠤᠳᠠ ᠪᠠᠯᠭᠠᠰᠤᠨ ᠤ ᠬᠦᠭᠵᠢᠯᠳᠠ ᠶᠢᠨ ᠪᠠᠶᠢᠯᠳᠤᠬᠤ ᠪᠤᠳᠤᠯᠭ᠎ᠠ ᠶᠢᠨ ᠴᠢᠬᠤᠯᠨ ᠪᠦᠷᠢᠯᠳᠤᠬᠦᠨ ᠪᠤᠯᠤᠭᠰᠡᠨ ᠤ ᠬᠤᠪᠢ ᠳᠤ᠂ ᠮᠠᠨ ᠤ ᠬᠤᠰᠢᠭᠤᠨ ᠤ ᠬᠤᠳᠠ ᠪᠠᠯᠭᠠᠰᠤᠨ ᠤ ᠬᠦᠷᠢᠶ᠎ᠠ ᠬᠡᠪᠴᠢᠶ᠎ᠠ ᠶᠢ ᠦᠷᠬᠡᠳᠬᠡᠬᠦ᠂ ᠬᠤᠳᠠ ᠬᠦᠳᠡᠭᠡ ᠶᠢᠨ ᠨᠢᠬᠡᠳᠤᠯᠳᠡᠢ ᠲᠦᠯᠦᠪᠵᠢᠬᠦᠯᠬᠡ ᠶᠢ ᠲᠦᠯᠬᠢᠨ ᠠᠬᠢᠭᠤᠯᠬᠤ  ᠂ ᠬᠠᠮᠳᠣ ᠪᠠᠷ ᠴᠢᠨᠡᠬᠡᠯᠢᠭᠵᠢᠬᠦ ᠶᠢ ᠠᠬᠢᠭᠤᠯᠬᠤ ᠳᠤ ᠠᠯᠤᠰ ᠬᠡᠳᠤ ᠶᠢᠨ ᠠᠴᠢ ᠬᠤᠯᠪᠣᠭᠳᠠᠯ ᠲᠠᠢ ᠶᠤᠮ᠃ ᠨᠢᠬᠡ ᠳᠤ᠂ ᠲᠠᠭᠠᠭᠠᠴᠢᠯᠠᠯᠳᠠ ᠵᠠᠷᠯᠠᠬᠤ ᠠᠷᠭ᠎ᠠ ᠪᠠᠷ ᠭᠠᠵᠡᠷ ᠰᠢᠷᠥᠢ ᠶᠢᠨ ᠡᠵᠡᠩᠨᠡᠯᠳᠡ ᠶᠢᠨ ᠡᠷᠬᠡ ᠶᠢ ᠰᠢᠯᠵᠢᠬᠦᠯᠬᠦ ᠠᠵᠢᠯ ᠢ ᠰᠠᠶᠢᠳᠤᠷ ᠬᠢᠵᠣ᠂ ᠭᠠᠵᠡᠷ ᠰᠢᠷᠥᠢ ᠶᠢᠨ ᠵᠠᠬ᠎ᠠ ᠲᠠᠯᠬᠡᠬᠦᠷ ᠤᠨ ᠡᠷᠬᠢᠯᠳᠠ ᠶᠢ ᠠᠬᠢᠭᠤᠯᠣᠨ᠂ ᠭᠠᠵᠠᠷ ᠰᠢᠷᠣᠢ ᠠᠴᠠ ᠠᠰᠢᠭ ᠡᠬᠦᠳᠴᠣ ᠬᠤᠳᠠ ᠪᠠᠨ ᠪᠠᠶᠢᠭᠤᠯᠬᠤ ᠶᠢ ᠪᠡᠶᠡᠯᠡᠬᠦᠯᠦᠨ᠎ᠠ᠃ ᠬᠤᠶᠡᠷ ᠲᠤ᠂ ᠵᠠᠮ᠂ ᠲᠦᠬᠡᠬᠡᠯ ᠤᠰᠤ ᠬᠠᠩᠭᠠᠬᠤ᠂ ᠪᠤᠬᠢᠷ ᠤᠰᠤ ᠭᠠᠳᠠᠭᠰᠢᠯᠠᠭᠤᠯᠬᠤ᠂ ᠲᠤᠯᠠᠭᠠᠯᠭ᠎ᠠ᠂ ᠴᠠᠬᠢᠯᠭᠠᠨ ᠬᠠᠩᠭᠠᠯᠭ᠎ᠠ᠂ ᠨᠣᠭᠤᠭᠠᠷᠠᠭᠤᠯᠣᠯᠳᠠ᠂ ᠬᠡᠬᠡᠵᠢᠬᠦᠯᠣᠯᠳᠠ᠂ ᠭᠤᠸᠠᠵᠢᠭᠤᠯᠤᠯᠳᠠ᠂ ᠬᠠᠳᠠᠭᠤᠵᠢᠭᠤᠯᠣᠯᠳᠠ᠂ ᠷᠡᠳᠢᠤ᠋ ᠲᠧᠯᠸᠢᠰ ᠤᠨ ᠲᠤᠬᠢᠶ᠎ᠠ ᠤᠳᠠᠰᠤ ᠵᠠᠷᠬᠡ ᠰᠠᠭᠤᠷᠢ ᠲᠦᠬᠦᠬᠡᠷᠤᠮᠵᠢ ᠶᠢ ᠪᠦᠷᠢᠡᠰᠢᠬᠦᠯᠵᠤ᠂ ᠡᠳᠡᠬᠡᠷ ᠠᠵᠢᠯ ᠢ ᠦᠨᠦ ᠵᠢᠯ ᠳᠡᠭᠡᠨ ᠬᠦᠢᠴᠡᠳᠬᠡᠨ᠂ ᠦᠡᠳᠤᠰᠤᠨ ᠴᠢᠳᠠᠪᠬᠢ ᠶᠢ ᠪᠦᠷᠢᠡᠰᠢᠬᠦᠯᠵᠤ ᠂ ᠰᠢᠨ᠎ᠠ ᠲᠤᠭᠤᠷᠢᠭ ᠤᠨ ᠠᠩᠬᠠᠨ ᠤ ᠲᠦᠷᠢ ᠲᠦᠷᠬᠦ ᠶᠢ ᠪᠤᠢ ᠪᠤᠯᠭᠠᠬᠤ ᠪᠠᠷ ᠴᠢᠷᠮᠠᠶᠢᠨ᠎ᠠ᠃ ᠭᠤᠷᠪᠡ ᠳᠤ᠂ ᠰᠢᠨ᠎ᠠ ᠲᠤᠭᠤᠷᠢᠭ ᠲᠤ ᠨᠡᠬᠦᠵᠤ ᠤᠴᠢᠬᠤ ᠪᠠᠶᠢᠭᠤᠯᠭ᠎ᠠ ᠨᠤᠭᠤᠳ ᠤᠨ ᠠᠯᠪᠠᠨ ᠠᠰᠠᠷ ᠤᠨ ᠪᠠᠷᠢᠯᠭ᠎ᠠ ᠶᠢᠨ ᠠᠵᠢᠯ ᠢ ᠰᠠᠶᠢᠳᠤᠷ ᠠᠳᠬᠤᠵᠤ᠂ ᠲᠤᠰ ᠵᠢᠯ ᠳᠡᠭᠡᠨ ᠪᠠᠷᠢᠯᠭ᠎ᠠ ᠲᠠᠭᠤᠰᠬᠠᠬᠤ ᠪᠠᠷ ᠴᠢᠷᠮᠠᠶᠢᠬᠤ ᠶᠢᠨ ᠬᠠᠮᠳᠤ ᠨᠢᠬᠡ ᠪᠠᠭ᠎ᠠ ᠰᠤᠷᠭᠠᠭᠤᠯᠢ ᠪᠠ ᠨᠢᠬᠡ ᠴᠡᠴᠡᠷᠯᠢᠭ ᠪᠠᠶᠢᠭᠤᠯᠬᠤ ᠪᠠᠷ ᠲᠦᠯᠤᠪᠵᠢᠬᠦᠯᠤᠨ᠎ᠠ᠃││  ᠬᠦᠭᠵᠢᠬᠦᠯᠤᠯᠳᠠ ᠶᠢ ᠪᠠᠳᠤᠯᠠᠬᠤ ᠴᠢᠳᠠᠪᠤᠷᠢ ᠪᠠᠨ ᠦᠨᠡᠡᠬᠦ ᠲᠡᠬᠡᠭᠰᠢᠯᠡᠬᠦᠯᠤᠨ᠎ᠠ᠃ ᠤᠰᠤᠨ ᠠᠰᠢᠭᠯᠠᠯᠳᠠ᠂ ᠴᠠᠬᠢᠯᠭᠠᠨ ᠲᠤᠤᠷ᠂ ᠵᠠᠮ ᠬᠠᠷᠢᠯᠴᠠᠭᠠᠨ ᠤ ᠪᠦᠳᠤᠬᠡᠨ ᠪᠠᠶᠢᠭᠤᠯᠤᠯᠳᠠ ᠶᠢ ᠲᠦᠷᠬᠡᠳᠬᠡᠨ᠂ ᠪᠤᠭᠤᠮᠢ ᠬᠢᠵᠠᠭᠠᠷᠯᠠᠯ ᠤᠨ ᠬᠦᠯᠢᠶᠠᠰᠤᠯᠡᠯ ᠢ ᠡᠷᠴᠢᠮᠳᠡᠢ ᠰᠢᠢᠳᠪᠤᠷᠢᠯᠡᠨ᠎ᠠ᠃ ᠴᠠᠭᠠᠨ ᠤᠰᠤᠨ ᠴᠦᠬᠦᠷᠤᠮ ᠤᠨ ᠠᠵᠤ ᠦᠢᠯᠡᠳᠪᠤᠷᠢ ᠳᠤ ᠬᠡᠷᠡᠭᠯᠡᠬᠦ ᠤᠰᠤᠨ ᠤ ᠲᠦᠷᠥᠯ ᠵᠥᠢᠯ ᠢ ᠡᠮᠤᠨ᠎ᠠ ᠬᠠᠭᠠᠰ ᠵᠢᠯ ᠳᠤ ᠠᠵᠢᠯ ᠡᠬᠢᠯᠡᠬᠦᠯᠬᠦ ᠪᠠᠷ ᠴᠢᠷᠮᠠᠶᠢᠵᠤ᠂ ᠦᠨᠦ ᠵᠢᠯ ᠪᠠᠶᠠᠨᠭᠤᠣᠯ ᠤᠰᠤᠨ ᠴᠦᠬᠦᠷᠤᠮ ᠢ ᠵᠠᠰᠠᠨ ᠪᠠᠬᠢᠵᠢᠬᠦᠯᠬᠦ ᠢᠡᠵᠧᠨᠧᠷᠢᠩ ᠤᠨ ᠲᠦᠷᠥᠯ ᠵᠥᠢᠯ ᠤᠨ ᠵᠦᠪᠰᠢᠶᠠᠷᠡᠯ ᠢ ᠤᠯᠬᠤ ᠪᠠᠷ ᠴᠢᠷᠮᠠᠶᠢᠨ᠎ᠠ︔ ᠪᠡᠯᠬᠦᠳᠡᠢ ᠠᠴᠠ ᠪᠠᠶᠠᠡᠳᠤᠭ ᠬᠦᠷᠬᠦ 110 ᠺᠢᠯᠤᠸᠤᠯᠲ   ᠤᠨ ᠴᠠᠬᠢᠯᠭᠠᠨ ᠱᠤᠭᠤᠮ ᠤᠨ ᠢᠡᠵᠧᠨᠧᠷᠢᠩ᠂ ᠪᠡᠯᠬᠦᠳᠡᠢ ᠠᠴᠠ ᠴᠠᠭᠠᠡᠨᠠᠭᠤᠷ᠂ ᠪᠠᠶᠠᠡᠳᠤᠭ ᠠᠴᠠ ᠮᠠᠨᠢᠳᠤ ᠠᠭᠤᠷᠬᠠᠢ ᠶᠢᠨ ᠲᠤᠭᠤᠷᠢᠭ ᠬᠦᠷᠬᠦ ᠬᠤᠶᠡᠷ ᠵᠤᠷᠪᠤᠰ 110 ᠺᠢᠯᠤᠸᠤᠯᠲ ᠤᠨ ᠴᠠᠬᠢᠯᠭᠠᠨ ᠱᠤᠭᠤᠮ ᠤᠨ ᠢᠡᠵᠧᠨᠧᠷᠢᠩ ᠢ ᠵᠢᠯ ᠤᠨ ᠲᠤᠳᠤᠷ᠎ᠠ ᠠᠰᠢᠭᠯᠠᠯᠳᠠ ᠳᠤ ᠣᠷᠣᠭᠤᠯᠵᠣ᠂ ᠬᠦᠢᠳᠡᠩᠭᠤᠣᠯ ᠠᠴᠠ ᠴᠠᠭᠠᠨᠨᠠᠭᠤᠷ ᠬᠦᠷᠬᠦ 220 ᠺᠢᠯᠣᠸᠣᠯᠲ ᠤᠨ ᠬᠦᠴᠣᠳᠠᠯ ᠬᠤᠪᠢᠰᠬᠠᠨ ᠴᠠᠬᠢᠯᠭᠠᠨ ᠲᠠᠮᠵᠢᠭᠤᠯᠬᠤ ᠱᠣᠭᠤᠮ ᠤᠨ ᠢᠨᠵᠧᠨᠧᠷᠢᠩ ᠢ ᠲᠣᠰ ᠵᠢᠯ ᠳᠤ ᠪᠠᠷᠢᠯᠭ᠎ᠠ ᠡᠬᠢᠯᠡᠬᠦᠯᠬᠦ ᠪᠠᠷ ᠴᠢᠷᠮᠠᠶᠢᠨ᠎ᠠ︔ ᠰᠢᠯᠢᠩᠬᠤᠳᠠ ᠠᠴᠠ ᠡᠷᠢᠶᠠᠨ ᠬᠤᠳᠠ ᠬᠦᠷᠬᠦ ᠲᠠᠮᠤᠷ ᠵᠠᠮ ᠤᠨ ᠮᠠᠨ ᠤ ᠬᠤᠰᠢᠭᠤᠨ ᠳᠠᠬᠢ ᠬᠡᠰᠡᠭ ᠱᠤᠭᠤᠮ ᠬᠢᠬᠡᠳ ᠴᠠᠭᠠᠡᠨᠠᠭᠤᠷ ᠨᠠᠬᠦᠷᠡᠰᠤᠨ ᠠᠭᠤᠷᠬᠠᠢ ᠶᠢᠨ ᠲᠠᠮᠣᠷ ᠵᠠᠮ ᠤᠨ ᠱᠣᠭᠤᠮ ᠤᠨ ᠰᠠᠭᠤᠷᠢ ᠲᠠᠯᠪᠢᠬᠤ ᠠᠵᠢᠯ ᠢ ᠪᠠᠶᠡᠯᠡᠬᠦᠯᠦᠨ᠎ᠠ᠃ ᠲᠤᠰ ᠵᠢᠯ ᠳᠤ᠂ 6 ᠵᠤᠷᠪᠤᠰ 180 ᠺᠢᠯᠤᠮᠧᠲᠷ ᠤᠨ ᠭᠠᠴᠠᠭᠠᠨ ᠳᠤ ᠨᠠᠪᠳᠠᠷᠡᠬᠦ ᠴᠡᠷᠳᠡᠮᠡᠯ ᠵᠠᠮ ᠪᠠ ᠮᠠᠨᠢᠳᠤ ᠶᠢᠨ ᠠᠭᠤᠷᠬᠠᠢ ᠶᠢᠨ ᠲᠤᠭᠤᠷᠢᠭ ᠠᠴᠠ ᠷᠡᠰᠢᠶᠠᠨ ᠬᠦᠷᠬᠦ ᠴᠡᠷᠳᠡᠮᠡᠯ ᠵᠠᠮ ᠤᠨ ᠪᠠᠷᠢᠯᠭ᠎ᠠ  ᠶᠢ ᠲᠠᠭᠤᠰᠬᠠᠨ ᠠᠰᠢᠭᠯᠠᠯᠳᠠ ᠳᠤ ᠤᠷᠤᠭᠤᠯᠤᠨ᠎ᠠ᠃︵ᠲᠠᠪᠤ︶ ᠡᠳ᠋ ᠤᠨ ᠵᠠᠰᠠᠭ ᠤᠨ ᠮᠦᠩᠬᠦᠨ ᠬᠦᠢᠯᠬᠡᠬᠡᠨ ᠤ ᠪᠠᠳᠣᠯᠠᠭ᠎ᠠ ᠶᠢᠨ ᠴᠢᠳᠠᠪᠤᠷᠢ ᠪᠠᠨ ᠪᠦᠬᠦ ᠲᠠᠯ᠎ᠠ ᠪᠠᠷ ᠲᠡᠬᠡᠭᠰᠢᠯᠡᠬᠦᠯᠤᠨ᠎ᠠ᠃ ︽ᠡᠳ᠋ ᠮᠦᠩᠬᠦᠨ ᠤ ᠬᠦᠴᠤᠨ ᠮᠡᠬᠦᠰ᠂ ᠮᠦᠩᠬᠦᠨ ᠬᠦᠢᠯᠬᠡᠬᠡ ᠠᠮᠢᠳᠣᠯᠢᠭ ᠪᠣᠰᠣ︾ ᠪᠠᠶᠢᠬᠤ ᠠᠰᠠᠭᠤᠳᠠᠯ ᠳᠤ ᠬᠠᠨᠳᠤᠭᠤᠯᠤᠨ᠂ ᠣᠯᠠᠨ ᠨᠠᠶᠢᠳᠠ ᠶᠢᠨ ᠡᠳ᠋ ᠤᠨ ᠵᠠᠰᠠᠭ ᠤᠨ ᠵᠣᠬᠢᠴᠠᠮᠵᠢ ᠶᠢ ᠲᠠᠷᠥᠢ ᠲᠦᠷᠬᠡᠨ ᠪᠠᠶᠢᠭᠤᠯᠵᠤ᠂ ᠮᠦᠩᠬᠦᠨ ᠬᠦᠢᠯᠬᠡᠬᠡᠨ ᠤ ᠲᠡᠳᠬᠦᠮᠵᠢ ᠶᠢᠨ ᠵᠤᠬᠢᠴᠠᠮᠵᠢ ᠶᠢ ᠢᠳᠡᠪᠬᠢᠳᠡᠢ ᠰᠦᠪᠡᠭᠴᠢᠯᠠᠨ᠂ ᠡᠳ᠋ ᠤᠨ ᠵᠠᠰᠠᠭ ᠪᠠ ᠮᠦᠩᠬᠦᠨ ᠬᠦᠢᠯᠬᠡᠬᠡ ᠠᠴᠠ ᠭᠠᠵᠡᠷ ᠤᠷᠤᠨ ᠤ ᠠᠵᠤ ᠠᠬᠤᠢ ᠨᠠᠶᠢᠬᠡᠮ ᠤᠨ ᠬᠦᠭᠵᠢᠯᠳᠠ ᠳᠤ ᠦᠵᠡᠬᠦᠯᠬᠦ ᠪᠠᠳᠣᠯᠠᠭ᠎ᠠ ᠬᠠᠩᠭᠠᠬᠤ ᠦᠢᠯᠡᠳᠣᠯ ᠢ ᠢᠯᠡᠳᠳᠠ ᠴᠢᠩᠭᠠᠳᠬᠠᠨ᠎ᠠ᠃ ᠨᠢᠬᠡ ᠳᠤ᠂ ᠡᠯ᠎ᠠ ᠲᠦᠷᠥᠯ ᠤᠨ ᠰᠢᠯᠵᠢᠬᠦᠯᠤᠨ ᠲᠦᠯᠦᠪᠣᠷᠢᠯᠡᠬᠦ ᠪᠡᠯᠨ ᠮᠦᠩᠬᠦ ᠪᠠ ᠡᠳ᠋ ᠤᠨ ᠵᠠᠰᠠᠭ ᠤᠨ ᠲᠤᠰᠬᠠᠢ ᠲᠦᠷᠦᠯ ᠤᠨ ᠪᠡᠯᠨ ᠮᠦᠩᠬᠦ ᠶᠢ ᠢᠳᠡᠪᠬᠢᠳᠡᠢ ᠭᠤᠶᠤᠴᠢᠯᠠᠨ᠎ᠠ᠃ ᠪᠠᠶᠠᠴᠢ ᠴᠢᠳᠠᠪᠬᠢ ᠪᠠᠨ ᠪᠠᠳᠠᠷᠠᠭᠤᠯᠵᠤ᠂ ᠤᠯᠤᠰ ᠤᠨ ᠡᠳ᠋ ᠤᠨ ᠵᠠᠰᠠᠭ ᠤᠨ ᠲᠦᠷᠥ ᠶᠢᠨ ᠪᠤᠳᠤᠯᠭ᠎ᠠ ᠶᠢᠨ ᠴᠢᠭᠯᠡᠯᠳᠡ ᠶᠢ ᠪᠠᠳᠤᠳᠡᠢ ᠡᠵᠡᠮᠰᠢᠨ᠂ ᠲᠡᠬᠡᠳᠣ ᠱᠠᠳᠣ ᠲᠠᠢ ᠢᠳᠡᠪᠬᠢᠳᠠᠢ ᠬᠠᠷᠢᠴᠠᠵᠣ᠂ ᠡᠯ᠎ᠠ ᠲᠦᠷᠥᠯ ᠤᠨ ᠰᠢᠯᠵᠢᠬᠦᠯᠤᠨ ᠲᠦᠯᠦᠪᠣᠷᠢᠯᠡᠬᠦ ᠪᠡᠯᠨ ᠮᠦᠩᠬᠦ ᠪᠠ ᠡᠳ᠋ ᠤᠨ ᠵᠠᠰᠠᠭ ᠤᠨ ᠲᠤᠰᠬᠠᠢ ᠲᠦᠷᠦᠯ ᠤᠨ ᠪᠡᠯᠨ ᠮᠦᠩᠬᠦ ᠶᠢ ᠭᠤᠶᠣᠴᠢᠯᠠᠨ ᠤᠯᠬᠤ ᠶᠢ ᠭᠤᠤᠯ ᠡᠬᠦᠷᠬᠡ ᠪᠠᠨ ᠪᠤᠯᠭᠠᠨ ᠠᠳᠬᠤᠵᠤ᠂ ᠡᠳ᠋ ᠤᠨ ᠵᠠᠰᠠᠭ ᠤᠨ ᠲᠠᠷᠤᠭᠠᠰᠤ ᠶᠢ ᠬᠦᠩᠬᠡᠷᠡᠬᠦᠯᠬᠦ ᠪᠠᠷ ᠴᠢᠷᠮᠠᠶᠢᠨ᠎ᠠ᠃ ᠵᠠᠰᠠᠭ ᠤᠨ ᠣᠷᠳᠣᠨ ᠨᠢ ᠡᠯ᠎ᠠ ᠰᠠᠯᠠᠭ᠎ᠠ ᠮᠦᠴᠢᠷ ᠤᠨ ᠡᠬᠦᠷᠬᠡ ᠴᠢᠳᠠᠪᠬᠢ ᠶᠢ ᠦᠡᠳᠤᠰᠤᠯᠡᠨ᠂ ᠲᠦᠷᠥᠯ ᠵᠥᠢᠯ ᠤᠨ ᠪᠡᠯᠨ ᠮᠦᠩᠬᠦ ᠪᠤᠶᠤ ᠤᠯᠤᠰ ᠤᠨ ᠲᠦᠷᠥ ᠶᠢᠨ ᠪᠤᠳᠤᠯᠭ᠎ᠠ ᠶᠢᠨ ᠴᠢᠨᠠᠷᠳᠡᠢ ᠪᠡᠯᠨ ᠮᠦᠩᠬᠦ ᠶᠢ ᠢᠳᠡᠪᠬᠢᠳᠡᠢ ᠭᠤᠶᠤᠴᠢᠯᠠᠨ᠎ᠠ᠃ ᠬᠤᠶᠡᠷ ᠲᠤ᠂ ᠡᠳ᠋ ᠮᠦᠩᠬᠦᠨ ᠤ ᠢᠷᠠᠯᠳᠠ ᠶᠢᠨ ᠪᠠᠶᠢᠭᠤᠯᠤᠯᠳᠠ ᠶᠢ ᠴᠢᠩᠭᠠᠳᠬᠠᠨ᠎ᠠ᠃ ᠦᠨᠳᠣᠰᠣᠨ ᠡᠳ᠋ ᠮᠦᠩᠬᠦᠨ ᠤ ᠢᠷᠠᠯᠳᠠ ᠶᠢ ᠪᠠᠳᠣᠳᠬᠠᠨ᠂ ᠭᠤᠣᠯᠯᠠᠬᠤ ᠢᠷᠠᠯᠳᠠ ᠶᠢ ᠪᠣᠵᠠᠭᠠᠶᠢᠷᠠᠭᠤᠯᠵᠣ᠂ ᠰᠢᠨ᠎ᠠ ᠡᠳ᠋ ᠮᠦᠩᠬᠦᠨ ᠤ ᠢᠷᠠᠯᠳᠠ ᠶᠢ ᠪᠤᠢ ᠪᠤᠯᠭᠠᠨ᠂ ᠤᠯᠤᠰ ᠤᠨ ᠦᠮᠴᠢᠯᠡᠯᠳᠤ ᠡᠳ᠋ ᠬᠦᠷᠤᠩᠬᠡ ᠶᠢ ᠬᠦᠢᠴᠡᠳ ᠠᠮᠢᠳᠣᠯᠢᠭ ᠢᠶᠠᠷ ᠠᠰᠢᠭᠯᠠᠨ᠂ ᠭᠠᠶᠢᠯᠢ ᠶᠢᠨ ᠪᠤᠰᠤ ᠣᠷᠣᠯᠭ᠎ᠠ ᠶᠢᠨ ᠬᠠᠮᠢᠶᠠᠷᠤᠯᠳᠠ ᠶᠢ ᠴᠢᠩᠭᠠᠳᠬᠠᠵᠤ᠂ ᠪᠦᠬᠦ ᠬᠤᠰᠢᠭᠤᠨ ᠤ ᠡᠳ᠋ ᠤᠨ ᠵᠠᠰᠠᠭ ᠤᠨ ᠶᠠᠷᠣᠩᠬᠡᠢ ᠬᠦᠴᠤᠨ ᠤ ᠦᠷᠬᠦᠯᠵᠢᠯᠡᠨ ᠲᠤᠭᠳᠠᠭᠤᠨ ᠢᠶᠠᠷ ᠨᠡᠮᠡᠭᠳᠡᠬᠦ ᠶᠢ ᠪᠠᠳᠤᠯᠠᠨ᠎ᠠ᠃ ᠭᠠᠶᠢᠯᠢ ᠶᠢᠨ ᠶᠠᠪᠣᠳᠠᠯ ᠤᠨ ᠬᠠᠮᠢᠶᠠᠷᠣᠯᠳᠠ ᠶᠢᠨ ᠡᠯ᠎ᠠ ᠲᠦᠷᠦᠯ ᠤᠨ ᠠᠷᠭ᠎ᠠ ᠪᠠᠷᠢᠯ ᠢ ᠦᠨᠡᠨᠬᠦ ᠨᠠᠶᠢᠳᠠᠪᠣᠷᠢᠵᠢᠭᠤᠯᠵᠣ᠂ ᠭᠤᠣᠯᠳᠠᠯᠭ᠎ᠠ ᠲᠠᠢ ᠠᠵᠢᠯ ᠲᠦᠷᠦᠯ ᠤᠨ ᠭᠠᠶᠢᠯᠢ  ᠶᠢᠨ ᠶᠠᠪᠣᠳᠠᠯ ᠢ ᠦᠨᠡᠨᠬᠦ ᠴᠡᠭᠴᠡᠯᠡᠵᠣ᠂ ᠭᠠᠶᠢᠯᠢ ᠶᠢᠨ ᠢᠷᠡᠯᠳᠡ ᠶᠢ ᠬᠢᠨᠡᠨ ᠬᠠᠮᠢᠶᠠᠷᠬᠤ ᠬᠦᠴᠤᠯᠠᠴᠠ ᠪᠠᠨ ᠴᠢᠩᠭᠠᠳᠬᠠᠵᠣ᠂ ᠬᠤᠷᠢᠶᠠᠬᠤ ᠵᠣᠬᠢᠰᠳᠠᠢ ᠶᠢ ᠨᠢ ᠪᠦᠬᠦᠨ ᠢ ᠬᠤᠷᠢᠶᠠᠨ᠎ᠠ᠃ ᠵᠠᠰᠠᠭ ᠵᠠᠬᠢᠷᠭ᠎ᠠ ᠠᠵᠢᠯ ᠦᠢᠯᠡᠰ ᠤᠨ ᠴᠢᠨᠠᠷᠳᠡᠢ ᠰᠦᠢᠳᠬᠡᠯ᠂ ᠲᠤᠷᠭᠠᠵᠤ ᠬᠤᠷᠢᠶᠠᠬᠤ ᠪᠠ ᠲᠤᠰᠬᠠᠢ ᠲᠦᠷᠥᠯ ᠤᠨ ᠤᠷᠤᠯᠭ᠎ᠠ ᠵᠡᠷᠬᠡ ᠵᠠᠰᠠᠭ ᠤᠨ ᠤᠷᠳᠤᠨ  ᠤ ᠭᠠᠶᠢᠯᠢ ᠶᠢᠨ ᠪᠤᠰᠤ ᠤᠷᠤᠯᠭ᠎ᠠ ᠶᠢ ᠪᠦᠬᠦ ᠲᠠᠯ᠎ᠠ ᠪᠠᠷ ᠴᠡᠭᠴᠡᠯᠡᠨ᠂ ᠭᠠᠶᠢᠯᠢ ᠶᠢᠨ ᠪᠤᠰᠤ ᠤᠷᠤᠯᠭ᠎ᠠ ᠶᠢ ᠲᠤᠭ᠎ᠠ ᠶᠣᠰᠣᠭᠠᠷ ᠬᠤᠷᠢᠶᠠᠵᠣ᠂ ᠲᠤᠭᠳᠠᠭᠤᠨ ᠢᠶᠠᠷ ᠨᠡᠮᠡᠭᠳᠠᠬᠦᠯᠬᠦ ᠶᠢ ᠪᠠᠳᠤᠯᠠᠨ᠎ᠠ᠃ ᠡᠵᠡᠩᠨᠡᠯᠳᠡ ᠶᠢᠨ ᠴᠢᠨᠠᠷᠳᠡᠢ ᠭᠠᠵᠡᠷ ᠰᠢᠷᠥᠢ ᠶᠢ ᠲᠠᠭᠠᠭᠠᠴᠢᠯᠠᠯᠳᠠ ᠵᠠᠷᠯᠠᠬᠤ ᠠᠷᠭ᠎ᠠ ᠪᠠᠷ ᠡᠵᠡᠩᠨᠡᠯᠳᠡ ᠶᠢᠨ ᠡᠷᠬᠡ ᠶᠢ ᠰᠢᠯᠵᠢᠬᠦᠯᠬᠦ ᠲᠦᠷᠢᠮ ᠢ ᠴᠢᠩᠭ᠎ᠠ ᠬᠡᠷᠡᠭᠵᠢᠬᠦᠯᠵᠤ᠂ ᠤᠯᠤᠰ ᠤᠨ ᠦᠮᠴᠢᠯᠡᠯᠳᠤ ᠭᠠᠵᠡᠷ ᠰᠢᠷᠥᠢ ᠶᠢᠨ ᠦᠷ᠎ᠠ ᠠᠰᠢᠭ ᠢ ᠨᠡᠮᠡᠭᠳᠡᠬᠦᠯᠤᠨ᠎ᠠ᠃ ᠭᠤᠷᠪᠡ ᠳᠤ ᠂ ᠡᠳ᠋ ᠤᠨ ᠵᠠᠰᠠᠭ ᠤᠨ ᠬᠠᠮᠢᠶᠠᠷᠤᠯᠳᠠ ᠶᠢᠨ ᠲᠦᠪᠰᠢᠨ ᠢᠶᠠᠨ ᠲᠡᠬᠡᠭᠰᠢᠯᠡᠬᠦᠯᠤᠨ᠎ᠠ᠃ ᠡᠳ᠋ ᠤᠨ ᠵᠠᠰᠠᠭ ᠤᠨ ᠵᠢᠯ ᠤᠨ ᠲᠦᠰᠤᠪ ᠢ ᠴᠢᠩᠭ᠎ᠠ ᠬᠡᠷᠡᠭᠵᠢᠬᠦᠯᠵᠤ᠂ ᠡᠳ᠋ ᠤᠨ ᠵᠠᠰᠠᠭ ᠤᠨ ᠲᠦᠰᠤᠪ ᠤᠨ ᠦᠷ᠎ᠠ ᠠᠰᠢᠭᠳᠣ ᠴᠢᠨᠠᠷ ᠪᠠ ᠲᠦᠪ  ᠴᠢᠩᠭ᠎ᠠ ᠴᠢᠨᠠᠷ ᠢ ᠪᠠᠳᠤᠯᠠᠨ᠂ ᠡᠳ᠋ ᠤᠨ ᠵᠠᠰᠠᠭ ᠤᠨ ᠵᠠᠷᠤᠯᠭ᠎ᠠ ᠶᠢᠨ ᠪᠦᠳᠤᠴᠠ ᠶᠢ ᠤᠯᠠᠮ ᠴᠢᠨᠠᠭᠰᠢᠳᠠ ᠰᠢᠯᠢᠳᠡᠭᠵᠢᠬᠦᠯᠵᠤ᠂ ᠡᠳ᠋ ᠤᠨ ᠵᠠᠰᠠᠭ ᠤᠨ ᠵᠠᠷᠤᠯᠭ᠎ᠠ ᠶᠢ ᠲᠦᠷᠢᠮᠵᠢᠬᠦᠯᠤᠨ᠂ ᠵᠠᠰᠠᠭ ᠵᠠᠬᠢᠷᠭᠠᠨ ᠤ ᠠᠵᠢᠯ ᠤᠨ ᠦᠪᠡᠷ ᠤᠨ ᠦᠷᠳᠡᠭ ᠢ ᠨᠢ ᠪᠠᠭᠤᠷᠠᠭᠤᠯᠵᠣ᠂ ᠡᠩ ᠤᠨ ᠴᠢᠨᠠᠷᠳᠡᠢ ᠵᠠᠷᠤᠳᠠᠯ ᠢ ᠴᠢᠩᠭ᠎ᠠ ᠬᠢᠵᠠᠭᠠᠷᠯᠠᠨ᠂ ᠡᠳ᠋ ᠮᠦᠩᠬᠦᠨ ᠤ ᠬᠦᠴᠣᠨ ᠢᠶᠠᠨ ᠭᠤᠤᠯᠳᠠᠯᠭ᠎ᠠ ᠲᠠᠢ ᠠᠵᠢᠯ ᠳᠠᠭᠠᠨ ᠲᠦᠪᠯᠡᠷᠡᠬᠦᠯᠤᠨ ᠬᠡᠷᠡᠭᠯᠡᠨ᠎ᠠ᠃ ᠡᠳ᠋ ᠤᠨ ᠵᠠᠰᠠᠭ  ᠤᠨ ᠬᠢᠨᠡᠨ ᠬᠠᠮᠢᠶᠠᠷᠬᠤ ᠵᠤᠬᠢᠴᠠᠮᠵᠢ ᠶᠢ ᠲᠡᠬᠦᠯᠳᠡᠷᠵᠢᠬᠦᠯᠵᠤ᠂ ᠡᠳ᠋ ᠤᠨ ᠵᠠᠰᠠᠭ ᠤᠨ ᠤᠷᠤᠯᠭ᠎ᠠ ᠵᠠᠷᠤᠯᠭ᠎ᠠ᠂ ᠲᠤᠰᠬᠠᠢ ᠲᠦᠷᠥᠯ ᠤᠨ ᠪᠡᠯᠨ ᠮᠦᠩᠬᠦ᠂ ᠵᠠᠰᠠᠭ ᠤᠨ ᠤᠷᠳᠤᠨ ᠤ ᠬᠤᠳᠠᠯᠳᠤᠨ ᠠᠪᠬᠤ ᠵᠠᠷᠬᠡ ᠶᠡᠭᠡ ᠬᠡᠮᠵᠢᠶᠠᠨ ᠤ ᠪᠡᠯᠨ ᠮᠦᠩᠬᠦ ᠬᠡᠷᠡᠭᠰᠡᠬᠦ ᠶᠠᠪᠤᠳᠠᠯ ᠢ ᠬᠢᠨᠡᠨ ᠪᠤᠳᠤᠬᠤ ᠪᠠ ᠲᠤᠰᠬᠠᠢ ᠪᠠᠶᠢᠴᠠᠭᠠᠬᠤ ᠠᠵᠢᠯ ᠢᠶᠠᠨ ᠴᠢᠩᠭᠠᠳᠬᠠᠵᠤ᠂ ᠪᠠᠶᠢᠭᠤᠯᠭ᠎ᠠ ᠶᠢᠨ ᠲᠣᠳᠣᠭᠠᠳᠣ ᠳᠠᠬᠢ ᠡᠳ᠋ ᠤᠨ ᠶᠠᠪᠤᠳᠠᠯ ᠤᠨ ᠬᠢᠨᠡᠨ ᠬᠠᠮᠢᠶᠠᠷᠤᠯᠳᠠ ᠪᠠ ᠨᠢᠭᠳᠠᠯᠠᠨ ᠪᠣᠳᠣᠬᠤ ᠰᠤᠷᠠᠭ ᠵᠠᠩᠬᠢ ᠶᠢᠨ ᠴᠢᠨᠠᠷ ᠴᠢᠡᠰᠠᠭ᠎ᠠ ᠶᠢᠨ ᠬᠠᠮᠢᠶᠠᠷᠤᠯᠳᠠ ᠶᠢ ᠴᠢᠩᠭ᠎ᠠ ᠠᠳᠬᠤᠨ᠂ ᠡᠳ᠋ ᠤᠨ ᠵᠠᠰᠠᠭ ᠤᠨ ᠡᠮᠬᠢ ᠲᠢᠭᠯᠢᠮ ᠢ ᠬᠠᠤᠯᠢ ᠶᠤᠰᠤᠭᠠᠷ ᠪᠠᠶᠢᠭᠤᠯᠤᠨ᠎ᠠ᠃ ᠠᠷᠡᠳ ᠤᠨ ᠠᠮᠢᠳᠤᠷᠡᠯ᠂ ᠨᠠᠶᠢᠬᠡᠮ ᠤᠨ ᠠᠵᠢᠯ ᠦᠢᠯᠡᠰ᠂ ᠶᠠᠳᠠᠭᠤ  ᠶᠢ ᠲᠡᠳᠬᠦᠬᠦ᠂ ᠰᠠᠭᠤᠷᠢ ᠲᠦᠬᠦᠬᠡᠷᠤᠮᠵᠢ ᠵᠡᠷᠬᠡ ᠭᠤᠤᠯᠳᠠᠯᠭᠠᠳᠤ ᠵᠠᠷᠤᠳᠠᠯ ᠢ ᠨᠢᠬᠡᠳᠣᠯᠳᠠᠢ ᠲᠦᠯᠦᠪᠵᠢᠬᠦᠯᠦᠨ ᠲᠤᠬᠢᠷᠠᠭᠤᠯᠤᠨ᠎ᠠ᠃ ᠠᠵᠢᠯᠴᠢ ᠪᠤᠷᠤᠭᠵᠢᠭᠤᠨ ᠤᠬᠠᠮᠰᠠᠷ ᠢ ᠴᠢᠩᠭᠠᠳᠬᠠᠵᠤ᠂ ᠠᠯᠪᠠᠨ ᠵᠠᠷᠤᠳᠠᠯ᠂ ᠠᠯᠪᠠᠨ ᠤ ᠲᠡᠷᠬᠡ ᠬᠤᠳᠠᠯᠳᠤᠨ ᠠᠪᠬᠤ᠂ ᠠᠯᠪᠠᠨ ᠵᠤᠴᠢᠯᠠᠯᠳᠠ ᠵᠡᠷᠬᠡ ᠲᠠᠯ᠎ᠠ ᠶᠢᠨ ᠵᠠᠷᠤᠳᠠᠯ ᠢ ᠴᠢᠩᠭ᠎ᠠ ᠬᠢᠵᠠᠭᠠᠷᠯᠠᠵᠤ᠂ ᠬᠢᠵᠠᠭᠠᠷᠳᠠᠢ ᠪᠡᠯᠨ ᠮᠦᠩᠬᠦ ᠪᠠ ᠡᠬᠢ ᠪᠠᠶᠠᠯᠢᠭ ᠢᠶᠠᠨ ᠠᠵᠤ ᠠᠬᠤᠢ ᠶᠢ ᠬᠦᠭᠵᠢᠬᠦᠯᠬᠦ ᠪᠠ ᠠᠷᠡᠳ ᠤᠨ ᠠᠮᠢᠳᠤᠷᠡᠯ ᠢ ᠰᠠᠶᠢᠵᠢᠷᠠᠭᠤᠯᠬᠤ ᠲᠡᠬᠡᠷ᠎ᠠ ᠬᠡᠷᠡᠭᠯᠡᠨ᠎ᠠ᠃ ᠲᠦᠷᠪᠡ ᠳᠤ᠂ ᠮᠦᠩᠬᠦᠨ ᠬᠦᠢᠯᠬᠡᠬᠡᠨ ᠤ ᠠᠵᠢᠯ ᠳᠤ  ᠵᠤᠬᠢᠴᠠᠭᠤᠯᠭ᠎ᠠ ᠦᠢᠯᠡᠴᠢᠯᠡᠭᠡ ᠬᠠᠩᠭᠠᠬᠤ ᠴᠢᠳᠠᠪᠤᠷᠢ ᠶᠢ ᠴᠢᠩᠭᠠᠳᠬᠠᠨ᠎ᠠ᠃ ᠪᠠᠩᠬᠢ ᠪᠤᠯᠤᠨ ᠵᠠᠰᠠᠭ᠂ ᠪᠠᠩᠬᠢ ᠪᠤᠯᠤᠨ ᠠᠵᠤ ᠠᠬᠤᠶᠢᠯᠡᠯ ᠤᠨ ᠬᠤᠭᠤᠷᠤᠡᠳᠤᠬᠢ ᠬᠠᠮᠵᠢᠯᠴᠠᠭ᠎ᠠ ᠶᠢ ᠴᠢᠩᠭᠠᠳᠬᠠᠨ᠂ ᠰᠢᠯᠢᠳᠡᠭ ᠰᠠᠶᠢᠨ ᠮᠦᠩᠬᠦᠨ ᠬᠦᠢᠯᠬᠡᠬᠡᠨ ᠤ ᠤᠷᠴᠢᠨ ᠲᠤᠭᠤᠷᠢᠨ ᠢ ᠪᠤᠢ ᠪᠤᠯᠭᠠᠬᠤ ᠪᠠᠷ ᠴᠢᠷᠮᠠᠶᠢᠵᠤ᠂ ᠪᠡᠯᠨ ᠬᠤᠷᠠᠮᠳᠤᠭᠤᠯᠭ᠎ᠠ ᠶᠢᠨ ᠪᠠᠳᠤᠯᠠᠭ᠎ᠠ ᠪᠠ ᠢᠳᠡᠬᠡᠮᠵᠢᠳᠤ ᠦᠨᠡᠯᠡᠯᠳᠡ ᠶᠢᠨ ᠲᠤᠭᠳᠠᠯᠴᠠᠭ᠎ᠠ ᠶᠢ ᠪᠠᠶᠢᠭᠤᠯᠤᠨ᠂ ᠮᠦᠩᠬᠦᠨ ᠬᠦᠢᠯᠬᠡᠬᠡᠨ ᠤ  ᠢᠳᠡᠬᠡᠮᠵᠢᠳᠤ ᠵᠢᠬᠡᠯᠡᠯᠬᠡ ᠶᠢᠨ ᠠᠵᠣ ᠠᠬᠤᠢ ᠨᠡᠶᠢᠬᠡᠮ ᠤᠨ ᠬᠦᠭᠵᠢᠯᠳᠠ ᠶᠢᠨ ᠭᠤᠣᠯᠳᠠᠯᠭ᠎ᠠ ᠲᠠᠢ ᠬᠦᠷᠢᠶ᠎ᠠ ᠬᠡᠪᠴᠢᠶᠠᠨ ᠳᠤ ᠦᠵᠡᠬᠦᠯᠬᠦ ᠲᠠᠮᠵᠢᠯᠬᠡ ᠶᠢ ᠨᠡᠮᠡᠭᠳᠡᠬᠦᠯᠵᠤ᠂ ᠮᠠᠨ ᠤ ᠬᠤᠰᠢᠭᠤᠨ ᠤ ᠬᠦᠭᠵᠢᠯᠳᠠ ᠶᠢ ᠨᠦᠯᠦᠬᠡᠯᠡᠵᠣ ᠪᠠᠶᠢᠭ᠎ᠠ ᠪᠡᠯᠨ ᠮᠦᠩᠬᠦᠨ ᠤ ᠬᠢᠵᠠᠭᠠᠷᠯᠠᠯ ᠤᠨ ᠠᠰᠠᠭᠤᠳᠠᠯ ᠢ ᠪᠦᠳᠦᠮᠵᠢᠳᠠᠢ ᠰᠢᠢᠳᠪᠣᠷᠢᠯᠠᠨ᠎ᠠ᠃ ᠬᠠᠤᠯᠢ ᠪᠤᠰᠤ ᠪᠠᠷ ᠪᠡᠯᠨ ᠬᠤᠷᠠᠮᠳᠤᠭᠤᠯᠬᠤ᠂ ᠦᠡᠳᠤᠷ ᠬᠦᠦ ᠲᠠᠢ ᠵᠢᠬᠡᠯᠡᠯᠬᠡ ᠲᠠᠯᠪᠢᠬᠤ ᠵᠡᠷᠬᠡ ᠮᠦᠩᠬᠦᠨ ᠬᠦᠢᠯᠬᠡᠬᠡᠨ ᠤ ᠶᠠᠯᠠᠳᠤ ᠠᠵᠢᠯᠯᠠᠭ᠎ᠠ  ᠳᠤ ᠬᠦᠡᠳᠤ ᠴᠤᠬᠢᠯᠳᠠ ᠦᠭᠴᠤ᠂ ᠮᠦᠩᠬᠦᠨ ᠬᠦᠢᠯᠬᠡᠬᠡᠨ ᠤ ᠠᠶᠤᠯ ᠲᠦᠭᠰᠢᠬᠦᠷᠢ ᠶᠢ ᠰᠡᠷᠬᠡᠶᠢᠯᠡᠬᠦ ᠪᠠ ᠪᠠᠴᠢᠮ ᠪᠠᠶᠢᠳᠠᠯ ᠢ ᠠᠷᠭᠠᠴᠠᠭᠠᠬᠤ ᠲᠦᠰᠤᠪ ᠢᠶᠠᠨ ᠤᠯᠠᠮ ᠴᠢᠨᠠᠭᠰᠢᠳᠠ ᠲᠡᠬᠦᠯᠳᠡᠷᠵᠢᠬᠦᠯᠵᠤ᠂ ᠮᠦᠩᠬᠦᠨ ᠬᠦᠢᠯᠬᠡᠬᠡᠨ ᠤ ᠠᠶᠤᠯ ᠲᠦᠭᠰᠢᠬᠦᠷᠢ ᠶᠢ ᠡᠬᠢ ᠡᠬᠦᠰᠤᠯ ᠠᠴᠠ ᠨᠢ ᠴᠢᠩᠭ᠎ᠠ ᠰᠡᠷᠬᠡᠶᠢᠯᠠᠨ᠎ᠠ᠃︵ᠵᠢᠷᠭᠤᠭ᠎ᠠ︶ ᠠᠷᠡᠳ ᠤᠨ ᠠᠮᠢᠳᠤᠷᠡᠯ ᠢ ᠦᠨᠡᠡᠬᠦ  ᠪᠠᠳᠣᠯᠠᠨ ᠰᠠᠶᠢᠵᠢᠷᠠᠭᠤᠯᠤᠨ᠎ᠠ᠃ ᠠᠵᠤ ᠠᠬᠤᠢ ᠶᠢ ᠬᠦᠭᠵᠢᠬᠦᠯᠬᠦ ᠵᠢᠨ‌ᠡᠴᠤᠰ ᠤᠨ ᠵᠤᠷᠢᠯᠳᠠ ᠪᠣᠯ ᠲᠠᠷᠥᠢ ᠠᠷᠡᠳ ᠤᠯᠠᠨ ᠳᠤ ᠦᠨᠡᠨᠬᠦ ᠠᠰᠢᠭ ᠬᠦᠷᠳᠡᠬᠡᠬᠦ ᠶᠠᠪᠣᠳᠠᠯ ᠮᠦᠨ᠂ ᠤᠳᠤᠬᠠᠨ ᠮᠠᠨ ᠤ ᠬᠤᠰᠢᠭᠤ ᠨᠢ ᠶᠠᠭ ᠠᠵᠤ ᠠᠬᠤᠢ ᠶᠢᠨ ᠪᠦᠳᠤᠴᠠ ᠪᠤᠯᠤᠨ ᠪᠠᠶᠢᠭᠤᠯᠤᠮᠵᠢ ᠶᠢᠨ ᠬᠤᠪᠢᠷᠠᠭᠤᠯᠤᠯᠳᠠ ᠶᠢᠨ ᠵᠠᠩᠬᠢᠯᠠᠭ᠎ᠠ ᠶᠢᠨ ᠴᠠᠭ ᠦᠶ᠎ᠠ ᠳᠤ ᠤᠷᠤᠰᠢᠵᠤ ᠪᠤᠢ᠂ ᠪᠢᠳᠠ ᠨᠠᠶᠢᠬᠡᠮ ᠤᠨ ᠬᠦᠭᠵᠢᠯᠳᠠ ᠲᠤᠮᠳᠠ ᠡᠬᠦᠰᠦᠭᠰᠡᠨ ᠰᠢᠨ᠎ᠠ ᠵᠦᠷᠢᠴᠡᠯ ᠪᠤᠯᠤᠨ ᠠᠷᠡᠳ ᠤᠯᠠᠨ ᠤ ᠪᠤᠳᠡᠳᠤ ᠠᠰᠢᠭ ᠲᠤᠰᠠ ᠳᠤ ᠬᠤᠯᠪᠣᠭᠳᠠᠭᠰᠠᠨ‌ᠠᠰᠠᠭᠤᠳᠠᠯ ᠢ ᠰᠠᠶᠢᠳᠤᠷ ᠰᠢᠢᠳᠪᠤᠷᠢᠯᠡᠵᠤ᠂ ᠠᠷᠡᠳ ᠤᠨ ᠠᠮᠢᠳᠤᠷᠡᠯ ᠤᠨ ᠬᠢᠷᠢ ᠲᠦᠪᠰᠢᠨ ᠢ ᠲᠠᠰᠣᠷᠠᠯᠳᠠ ᠦᠬᠡᠢ ᠲᠡᠬᠡᠭᠰᠢᠯᠡᠬᠦᠯᠬᠦ ᠪᠤᠯᠤᠨ᠎ᠠ᠃││ ᠠᠵᠢᠯ ᠤᠯᠭᠤᠬᠤ ᠬᠦᠷᠢᠶ᠎ᠠ ᠬᠡᠪᠴᠢᠶ᠎ᠠ ᠶᠢ ᠦᠷᠬᠡᠳᠬᠡᠬᠦ ᠪᠠᠷ ᠬᠦᠴᠤᠯᠠᠨ ᠴᠢᠷᠮᠠᠶᠢᠨ᠎ᠠ᠃ ᠠᠵᠢᠯ ᠤᠯᠭᠤᠬᠤ ᠵᠢᠯᠤᠭᠤᠳᠤᠯᠭ᠎ᠠ ᠪᠤᠯᠤᠨ ᠦᠢᠯᠡᠴᠢᠯᠡᠬᠡᠨ ᠤ ᠠᠵᠢᠯ ᠢ ᠴᠢᠩᠭᠠᠳᠬᠠᠵᠤ᠂ ᠠᠵᠤ ᠠᠬᠤᠶᠢᠯᠡᠯ ᠤᠨ ᠠᠵᠢᠯᠳᠠᠨ ᠡᠯᠰᠡᠬᠦ ᠠᠵᠢᠯ ᠢ ᠦᠷᠬᠦᠯᠵᠢᠯᠡᠨ ᠵᠣᠬᠢᠶᠠᠨ ᠪᠠᠶᠢᠭᠤᠯᠵᠣ ᠶᠠᠪᠣᠭᠳᠠᠭᠤᠯᠣᠨ᠂ ᠬᠤᠳᠠ ᠬᠦᠳᠡᠭᠡ ᠶᠢᠨ ᠬᠦᠳᠠᠯᠮᠣᠷᠢ ᠬᠦᠴᠣ ᠪᠠ ᠠᠵᠢᠯᠳᠠᠨ ᠡᠯᠰᠡᠬᠦ ᠠᠵᠣ ᠠᠬᠤᠶᠢᠯᠠᠯ ᠤᠨ ᠬᠤᠭᠤᠷᠣᠨᠳᠣᠬᠢ ᠬᠦᠬᠦᠷᠬᠡ ᠬᠤᠯᠪᠣᠭᠠᠰᠣ ᠪᠣᠯᠣᠭᠰᠠᠨ ᠦᠢᠯᠡᠴᠢᠯᠡᠬᠡᠨ ᠤ ᠲᠠᠪᠴᠠᠩ ᠢ ᠪᠠᠶᠢᠭᠤᠯᠵᠣ᠂ ᠬᠤᠳᠠ ᠪᠠᠯᠭᠠᠰᠣᠨ ᠤ ᠠᠵᠢᠯ ᠠᠯᠳᠠᠭᠰᠡᠳ᠂ ᠶᠡᠭᠡ ᠰᠤᠷᠭᠠᠭᠤᠯᠢ ᠲᠡᠬᠦᠰᠦᠭᠰᠡᠨ ᠣᠶᠣᠳᠠᠳ᠂ ᠮᠠᠯᠵᠢᠬᠤ ᠤᠷᠤᠨ ᠤ ᠦᠯᠡᠬᠦᠣ ᠬᠦᠳᠡᠯᠮᠤᠷᠢ ᠬᠦᠴᠤ ᠪᠠ ᠰᠢᠨ᠎ᠠ ᠪᠠᠷ ᠨᠡᠮᠡᠭᠳᠡᠭᠰᠡᠨ ᠬᠦᠳᠠᠯᠮᠤᠷᠢ ᠬᠦᠴᠤ ᠵᠠᠷᠬᠡ ᠲᠦᠷᠪᠡᠨ ᠲᠦᠷᠥᠯ ᠤᠨ ᠬᠦᠮᠤᠰ ᠲᠤ ᠠᠵᠢᠯ ᠤᠯᠭᠤᠬᠤ ᠪᠠ ᠲᠠᠬᠢᠨ ᠠᠵᠢᠯ ᠤᠯᠭᠤᠬᠤ ᠠᠵᠢᠯ ᠢ ᠰᠠᠶᠢᠳᠤᠷ ᠠᠳᠬᠤᠨ᠎ᠠ᠃ ᠮᠠᠷᠬᠡᠵᠢᠯ ᠤᠨ ᠪᠤᠯᠪᠠᠰᠤᠷᠡᠯ ᠬᠦᠷᠳᠡᠬᠡᠬᠦ ᠠᠵᠢᠯ ᠢ ᠰᠠᠶᠢᠳᠤᠷ ᠬᠢᠵᠤ᠂ ︽ᠦᠢᠯᠡᠰ ᠪᠣᠰᠬᠠᠬᠤ ᠪᠤᠯᠪᠠᠰᠤᠷᠡᠯ ᠪᠠ ᠪᠠᠭ᠎ᠠ ᠬᠡᠮᠵᠢᠶᠠᠨ ᠤ ᠵᠢᠬᠡᠯᠡᠯᠬᠡ ᠤᠯᠭᠤᠬᠤ︾ ᠶᠢ ᠤᠶᠠᠯᠳᠤᠭᠤᠯᠤᠭᠰᠡᠨ ᠵᠤᠬᠢᠴᠠᠮᠵᠢ ᠶᠢ ᠪᠦᠷᠢᠡᠰᠢᠬᠦᠯᠵᠤ᠂ ᠦᠢᠯᠡᠰ ᠪᠣᠰᠬᠠᠬᠤ ᠪᠠᠷ ᠠᠵᠢᠯ ᠣᠯᠭᠤᠬᠤ ᠶᠢ ᠲᠠᠶᠢᠴᠢᠯᠠᠨ᠂ ᠲᠤᠰ ᠵᠢᠯ ᠳᠤ 5000 ᠠᠵᠢᠯ  ᠤᠨ ᠪᠠᠶᠢᠷᠢ ᠴᠤᠭᠯᠠᠭᠤᠯᠤᠨ᠂ 2000 ᠬᠦᠮᠦᠨ ᠢ ᠤᠷᠤᠡᠰᠢᠭᠤᠯᠬᠤ ᠪᠠᠷ ᠴᠢᠷᠮᠠᠶᠢᠵᠤ᠂ ᠬᠦᠳᠡᠯᠮᠤᠷᠢ ᠶᠢᠨ ᠬᠢᠨᠡᠨ ᠪᠠᠶᠢᠴᠠᠭᠠᠯᠳᠠ ᠶᠢᠨ ᠬᠠᠤᠯᠢ ᠬᠡᠷᠡᠭᠵᠢᠬᠦᠯᠬᠦ ᠡᠷᠴᠢᠮ ᠢᠶᠠᠨ ᠦᠨᠡᠡᠬᠦ ᠴᠢᠩᠭᠠᠷᠠᠭᠤᠯᠤᠨ᠂ ᠬᠦᠯᠦᠰᠣ ᠣᠯᠭᠤᠮᠵᠢ ᠶᠢᠨ ᠪᠠᠳᠣᠯᠠᠭ᠎ᠠ ᠶᠢᠨ ᠮᠦᠩᠬᠦᠨ ᠤ ᠲᠦᠷᠢᠮ ᠢ ᠴᠢᠩᠭ᠎ᠠ ᠬᠡᠷᠡᠭᠵᠢᠬᠦᠯᠤᠨ᠎ᠠ᠃││ ᠨᠠᠶᠢᠬᠡᠮ ᠤᠨ ᠪᠠᠳᠤᠯᠠᠭᠠᠨ ᠤ ᠦᠢᠯᠡᠴᠢᠯᠡᠬᠡᠨ ᠤ ᠵᠣᠬᠢᠴᠠᠮᠵᠢ ᠶᠢ ᠪᠦᠷᠢᠡᠰᠢᠬᠦᠯᠤᠨ᠎ᠠ᠃ ᠬᠤᠳᠠ ᠬᠦᠳᠡᠭᠡ ᠶᠢ ᠬᠠᠮᠤᠷᠤᠭᠰᠡᠨ ᠨᠠᠶᠢᠬᠡᠮ ᠤᠨ ᠪᠠᠳᠤᠯᠠᠭᠠᠨ ᠤ ᠵᠣᠬᠢᠴᠠᠮᠵᠢ ᠵᠢᠨ‌‍ᠪᠠᠶᠢᠭᠤᠯᠤᠯᠳᠠ ᠶᠢ ᠲᠦᠷᠬᠡᠳᠬᠡᠨ᠂ ᠬᠤᠳᠠ ᠬᠦᠳᠡᠭᠡ  ᠶᠢᠨ ᠨᠠᠰᠤᠵᠢᠯ ᠤᠨ ᠲᠠᠭᠠᠳᠬᠠᠯ ᠤᠨ ᠨᠢᠬᠡ ᠴᠤᠭᠴᠠᠵᠢᠭᠤᠯᠤᠯᠳᠠ ᠶᠢ ᠢᠳᠡᠪᠬᠢᠳᠡᠢ ᠠᠬᠢᠭᠤᠯᠵᠣ᠂ ᠬᠤᠳᠠ ᠪᠠᠯᠭᠠᠰᠣᠨ ᠤ ᠰᠠᠭᠤᠭᠠᠯᠢ ᠠᠷᠡᠳ ᠤᠨ ᠦᠡᠳᠤᠰᠤᠨ ᠡᠮᠨᠡᠯᠬᠡ ᠶᠢᠨ ᠲᠠᠭᠠᠳᠬᠠᠯ ᠤᠨ ᠪᠦᠷᠬᠦᠴᠠ ᠶᠢᠨ ᠬᠡᠪᠴᠢᠶ᠎ᠠ ᠶᠢ ᠦᠷᠬᠡᠳᠬᠡᠨ᠎ᠠ᠃ ᠬᠤᠳᠠ ᠬᠦᠳᠡᠭᠡ ᠶᠢᠨ ᠬᠠᠮᠤᠭ ᠨᠠᠭᠠᠳᠤ ᠵᠠᠬ᠎ᠠ ᠶᠢᠨ ᠠᠮᠢᠳᠤᠷᠡᠯ ᠤᠨ ᠪᠠᠳᠣᠯᠠᠭ᠎ᠠ ᠶᠢᠨ ᠠᠵᠢᠯ ᠢ ᠰᠠᠶᠢᠳᠤᠷ ᠠᠳᠬᠤᠵᠤ᠂ ᠪᠠᠳᠣᠯᠠᠬᠤ ᠵᠣᠬᠢᠰᠳᠠᠢ ᠪᠦᠬᠦᠨ ᠢ ᠪᠠᠳᠣᠯᠠᠨ᠂ ᠬᠦᠳᠡᠯᠤᠩᠬᠦᠢ ᠪᠠᠷ  ᠬᠠᠮᠢᠶᠠᠷᠴᠤ᠂ ᠦᠨᠤ ᠵᠢᠯ ᠬᠤᠳᠠ ᠪᠠᠯᠭᠠᠰᠣᠨ ᠤ ᠬᠠᠮᠤᠭ ᠨᠠᠭᠠᠳᠣ ᠵᠠᠬ᠎ᠠ ᠶᠢᠨ ᠠᠮᠢᠳᠤᠷᠡᠯ ᠤᠨ ᠪᠠᠳᠣᠯᠠᠭ᠎ᠠ ᠶᠢᠨ ᠮᠦᠩᠬᠦᠨ ᠤ ᠰᠠᠷ᠎ᠠ ᠶᠢᠨ ᠪᠠᠷᠢᠮᠵᠢᠶ᠎ᠠ ᠶᠢ ᠬᠦᠮᠦᠨ ᠪᠦᠷᠢ ᠶᠢᠨ 360 ᠲᠦᠬᠦᠷᠢᠭ ᠪᠠᠶᠢᠭᠰᠠᠨ ᠠᠴᠠ ᠨᠢ ᠨᠡᠮᠡᠭᠳᠡᠬᠦᠯᠦᠬᠡᠳ 400 ᠲᠦᠬᠦᠷᠢᠭ ᠪᠤᠯᠭᠠᠨ᠂ ᠮᠠᠯᠵᠢᠬᠤ ᠤᠷᠤᠨ ᠤ ᠬᠠᠮᠤᠭ ᠨᠠᠭᠠᠳᠤ ᠵᠠᠬ᠎ᠠ ᠶᠢᠨ ᠠᠮᠢᠳᠣᠷᠠᠯ ᠤᠨ ᠪᠠᠳᠣᠯᠠᠭ᠎ᠠ ᠶᠢᠨ ᠮᠦᠩᠬᠦᠨ ᠤ ᠵᠢᠯ  ᠤᠨ ᠪᠠᠷᠢᠮᠵᠢᠶ᠎ᠠ ᠶᠢ ᠬᠦᠮᠦᠨ ᠪᠦᠷᠢ ᠶᠢᠨ 2400 ᠲᠦᠬᠦᠷᠢᠭ ᠪᠠᠶᠢᠭᠰᠠᠨ ᠠᠴᠠ ᠨᠢ ᠨᠡᠮᠡᠭᠳᠡᠬᠦᠯᠦᠬᠡᠳ 2880 ᠲᠦᠬᠦᠷᠢᠭ ᠪᠣᠯᠭᠠᠨ᠎ᠠ᠃ ᠬᠦᠯᠦᠰᠣᠨ ᠠᠵᠢᠯᠳᠠᠨ ᠤ ᠬᠠᠮᠢᠶᠠᠷᠣᠯᠳᠠ ᠶᠢ  ᠬᠠᠣᠯᠢ ᠶᠣᠰᠣᠭᠠᠷ ᠴᠢᠩᠭᠠᠳᠬᠠᠵᠤ᠂ ᠠᠵᠢᠯ  ᠤᠨ ᠠᠳᠠᠯ ᠤᠨ ᠲᠠᠭᠠᠳᠬᠠᠯ ᠢ ᠬᠡᠷᠡᠭᠵᠢᠬᠦᠯᠦᠨ᠂ ᠠᠵᠢᠯᠳᠠᠳ ᠤᠨ ᠬᠠᠤᠯᠢ ᠶᠣᠰᠣᠨ ᠤ ᠡᠷᠬᠡ ᠠᠰᠢᠭ ᠢ ᠦᠨᠡᠡᠬᠦ  ᠪᠠᠳᠤᠯᠠᠨ᠎ᠠ᠃ ᠶᠠᠳᠠᠭᠤ ᠶᠢ ᠲᠡᠳᠬᠦᠬᠦ ᠠᠵᠢᠯ ᠤᠨ ᠡᠷᠴᠢᠮ ᠢᠶᠠᠨ ᠴᠢᠩᠭᠠᠷᠠᠭᠤᠯᠣᠨ᠂  ᠠᠵᠢᠯ ᠲᠦᠷᠥᠯ ᠪᠠ ᠨᠠᠶᠢᠬᠡᠮ  ᠠᠴᠠ ᠲᠡᠳᠬᠦᠬᠦ ᠶᠢ ᠶᠡᠭᠡ ᠬᠦᠴᠤᠨ ᠢᠶᠠᠷ ᠲᠦᠯᠬᠢᠨ ᠠᠬᠢᠭᠤᠯᠵᠤ᠂ ᠲᠦᠷᠪᠠᠨ ᠭᠠᠴᠠᠭᠠᠨ ᠳᠤ ︽ᠪᠦᠬᠦᠶᠢᠯᠨ ᠭᠠᠴᠠᠭ᠎ᠠ ᠪᠠᠷ ᠨᠢ ᠲᠦᠯᠬᠢᠨ ᠠᠬᠢᠭᠤᠯᠬᠤ︾ ᠢᠡᠵᠧᠨᠧᠷᠢᠩ ᠪᠤᠯᠤᠨ ᠭᠤᠷᠪᠠᠨ ᠭᠠᠴᠠᠭᠠᠨ ᠳᠤ ᠠᠵᠤ ᠦᠢᠯᠡᠰᠵᠢᠭᠰᠡᠨ ᠶᠠᠳᠠᠭᠤ ᠶᠢ ᠲᠡᠳᠬᠦᠬᠦ ᠲᠦᠷᠥᠯ ᠵᠥᠢᠯ ᠢ ᠬᠡᠷᠡᠭᠵᠢᠬᠦᠯᠬᠦ ᠪᠠᠷ ᠲᠠᠮᠵᠢᠨ ᠵᠢᠷᠠᠨ ᠡᠷᠦᠬᠡ ᠶᠢ ᠬᠠᠪᠰᠤᠷᠤᠨ ᠶᠠᠳᠠᠭᠤ  ᠠᠴᠠ ᠠᠩᠬᠢᠵᠢᠷᠠᠭᠤᠯᠣᠨ᠎ᠠ᠃ ││ ᠡᠯ᠎ᠠ ᠲᠦᠷᠥᠯ ᠤᠨ ᠨᠠᠶᠢᠬᠡᠮ ᠤᠨ ᠠᠵᠢᠯ ᠦᠢᠯᠡᠰ ᠢ ᠶᠡᠭᠡ ᠬᠦᠴᠣᠨ ᠢᠶᠠᠷ ᠬᠦᠭᠵᠢᠬᠦᠯᠤᠨ᠎ᠠ᠃ ᠰᠤᠷᠭᠠᠨ ᠬᠦᠮᠤᠵᠢᠯ ᠤᠨ ᠰᠠᠭᠤᠷᠢ ᠲᠦᠬᠦᠬᠡᠷᠤᠮᠵᠢ ᠶᠢᠨ ᠪᠦᠳᠤᠬᠡᠨ ᠪᠠᠶᠢᠭᠤᠯᠤᠯᠳᠠ ᠶᠢ ᠦᠷᠬᠦᠯᠵᠢᠯᠡᠨ ᠴᠢᠩᠭᠠᠳᠬᠠᠵᠤ᠂ ᠮᠤᠩᠭᠤᠯ ᠲᠤᠮᠳᠠᠳᠤ ᠰᠤᠷᠭᠠᠭᠤᠯᠢ ᠶᠢᠨ ᠬᠢᠴᠢᠶᠠᠯᠯᠠᠬᠦ ᠠᠰᠠᠷ᠂ ᠮᠤᠩᠭᠤᠯ ᠦᠡᠳᠤᠰᠤᠳᠠᠨ ᠤ ᠲᠤᠷᠰᠢᠯᠳᠠ ᠶᠢᠨ ᠪᠠᠭ᠎ᠠ ᠰᠤᠷᠭᠠᠭᠤᠯᠢ ᠶᠢᠨ ᠬᠢᠴᠢᠶᠠᠯᠯᠠᠬᠦ ᠠᠰᠠᠷ ᠪᠠ ᠢᠵᠢ ᠪᠦᠷᠢᠳᠦᠭᠰᠡᠨ ᠬᠡᠷ ᠪᠠᠷᠢᠯᠭ᠎ᠠ᠂ ᠬᠢᠳᠡᠳ ᠢᠶᠠᠷ ᠬᠢᠴᠢᠶᠠᠯᠯᠠᠬᠦ ᠬᠡᠤᠬᠡᠳ ᠤᠨ ᠴᠡᠴᠡᠷᠯᠢᠭ ᠵᠠᠷᠬᠡ ᠶᠢᠨ ᠪᠠᠷᠢᠯᠭ᠎ᠠ ᠶᠢ ᠲᠠᠭᠤᠰᠬᠠᠨ ᠠᠰᠢᠭᠯᠠᠯᠳᠠ ᠳᠤ ᠣᠷᠣᠭᠤᠯᠵᠣ᠂ ᠰᠤᠷᠭᠠᠭᠤᠯᠢ ᠡᠷᠬᠢᠯᠡᠬᠦ ᠨᠦᠬᠦᠴᠡᠯ ᠢ ᠣᠯᠠᠮ ᠰᠠᠶᠢᠵᠢᠷᠠᠭᠤᠯᠣᠨ᠎ᠠ︔ ᠰᠤᠷᠭᠠᠨ ᠬᠦᠮᠤᠵᠢᠯ ᠤᠨ ᠪᠡᠯᠨ ᠤᠷᠤᠭᠤᠯᠤᠯᠳᠠ ᠶᠢ ᠨᠡᠮᠡᠭᠳᠡᠬᠦᠯᠤᠨ᠂ 15 ᠵᠢᠯ ᠤᠨ ᠰᠦᠢᠳᠬᠡᠯ ᠬᠤᠷᠢᠶᠠᠬᠤ ᠦᠬᠡᠢ ᠪᠠᠷ ᠰᠤᠷᠭᠠᠨ ᠬᠦᠮᠤᠵᠢᠯ ᠬᠦᠷᠳᠡᠬᠡᠬᠦ ᠲᠦᠷᠥ ᠶᠢᠨ ᠪᠤᠳᠤᠯᠭ᠎ᠠ ᠶᠢ ᠪᠦᠬᠦ ᠲᠠᠯ᠎ᠠ ᠪᠠᠷ ᠨᠠᠶᠢᠳᠠᠪᠤᠷᠢᠵᠢᠭᠤᠯᠤᠨ᠎ᠠ︔ ᠤᠯᠤᠰ ᠤᠨ ᠭᠤᠷᠪᠡᠳᠤᠭᠠᠷ ᠲᠦᠷᠦᠯ ᠤᠨ ᠭᠠᠵᠠᠷ ᠣᠷᠣᠨ ᠤ ᠦᠬᠡ ᠬᠡᠯᠨ ᠦᠰᠦᠭ ᠪᠢᠴᠢᠭ ᠢ ᠦᠨᠡᠯᠠᠵᠣ ᠪᠠᠷᠢᠮᠵᠢᠶᠠᠯᠠᠬᠤ ᠠᠵᠢᠯᠯᠠᠭ᠎ᠠ ᠶᠢ ᠬᠢᠨᠠᠮᠠᠭᠠᠢ ᠶᠠᠪᠤᠭᠳᠠᠭᠤᠯᠵᠤ᠂ 9 ᠳ᠋ᠣᠬᠡᠷ ᠰᠠᠷ᠎ᠠ ᠶᠢᠨ ᠬᠢᠨᠠᠨ ᠰᠢᠯᠭᠠᠯᠳᠠ ᠶᠢ ᠢᠯᠭᠤᠮ ᠦᠩᠬᠡᠷᠡᠬᠡᠬᠦ ᠶᠢ ᠪᠠᠳᠤᠯᠠᠨ᠎ᠠ︔ ᠡᠮ ᠡᠮᠨᠡᠯᠬᠡ ᠡᠷᠡᠬᠦᠯ ᠬᠠᠮᠠᠭᠠᠯᠠᠯ ᠤᠨ ᠪᠠᠶᠢᠭᠤᠯᠤᠮᠵᠢ ᠶᠢᠨ ᠦᠬᠡᠷᠡᠴᠢᠯᠡᠯᠳᠡ ᠶᠢ ᠰᠠᠶᠢᠳᠤᠷ ᠠᠬᠢᠭᠤᠯᠣᠨ᠂ ᠮᠠᠯᠵᠢᠬᠤ ᠤᠷᠤᠨ ᠤ ᠰᠢᠨ᠎ᠠ ᠬᠡᠯᠪᠡᠷᠢ ᠶᠢᠨ ᠬᠤᠷᠰᠢᠭᠰᠠᠨ ᠡᠮᠨᠡᠯᠬᠡ ᠶᠢᠨ ᠲᠦᠷᠢᠮ ᠢ ᠤᠯᠠᠮ ᠴᠢᠨᠠᠭᠰᠢᠳᠠ ᠲᠡᠬᠦᠯᠳᠡᠷᠵᠢᠬᠦᠯᠤᠨ᠂ ᠲᠡᠬᠡᠳᠤ ᠱᠠᠳᠣᠨ  ᠤ ᠰᠠᠯᠠᠭ᠎ᠠ ᠮᠦᠴᠢᠷ ᠲᠠᠢ ᠬᠠᠮᠵᠢᠯᠴᠠᠨ᠂ ᠪᠦᠬᠦ ᠠᠶᠢᠮᠠᠭ ᠤᠨ ᠨᠢᠬᠡᠳᠤᠯᠳᠡᠢ ᠲᠦᠯᠪᠵᠢᠬᠦᠯᠬᠦ ᠡᠯ᠎ᠠ ᠲᠡᠯ᠎ᠠ ᠶᠢᠨ ᠪᠡᠯᠡᠳᠬᠡᠯ ᠠᠵᠢᠯ ᠢ ᠰᠠᠶᠢᠳᠤᠷ ᠦᠷᠨᠢᠬᠦᠯᠤᠨ᠎ᠠ᠃ ᠣᠯᠣᠰ ᠤᠨ ᠦᠡᠳᠤᠰᠤᠨ ᠡᠮ ᠤᠨ ᠵᠥᠢᠯᠡᠰ ᠤᠨ ᠬᠠᠮᠢᠶᠠᠷᠤᠯᠳᠠ  ᠶᠢᠨ ᠲᠦᠷᠢᠮ ᠢ ᠲᠤᠭᠳᠠᠭᠠᠵᠤ᠂ ᠦᠡᠳᠤᠰᠤᠨ ᠡᠮ ᠤᠨ ᠵᠥᠢᠯᠡᠰ ᠢ ᠲᠠᠭᠠᠭᠠᠴᠢᠯᠠᠯᠳᠠ ᠵᠠᠷᠯᠠᠵᠤ ᠪᠤᠷᠤᠯᠠᠭᠤᠯᠬᠤ ᠪᠠ ᠦᠨ᠎ᠠ ᠨᠡᠮᠡᠬᠦ ᠦᠬᠡᠢ ᠪᠠᠷ ᠬᠤᠳᠠᠯᠳᠤᠬᠤ ᠶᠢ ᠪᠠᠶᠠᠯᠠᠬᠦᠯᠤᠨ᠎ᠠ︔ ᠡᠮ ᠡᠮᠨᠡᠯᠬᠡ ᠡᠷᠡᠬᠦᠯ ᠬᠠᠮᠠᠭᠠᠯᠠᠯ ᠤᠨ ᠰᠠᠭᠤᠷᠢ ᠪᠦᠳᠤᠬᠡᠨ ᠪᠠᠶᠢᠭᠤᠯᠤᠯᠳᠠ ᠶᠢ ᠲᠦᠯᠬᠢᠨ ᠠᠬᠢᠭᠤᠯᠵᠤ᠂ ᠬᠤᠰᠢᠭᠤ ᠪᠠᠷᠢᠮᠵᠢᠶᠠᠵᠢᠭᠰᠠᠨ ᠡᠮᠨᠡᠯᠬᠡ ᠶᠢᠨ ᠬᠤᠷᠢᠶᠠᠨ ᠤ ᠪᠠᠷᠢᠯᠭ᠎ᠠ᠂ ᠶᠠᠬᠡᠭᠤᠤᠯ ᠰᠤᠮᠤᠨ ᠤ ᠡᠷᠡᠬᠦᠯ ᠬᠠᠮᠠᠭᠠᠯᠠᠯ ᠤᠨ ᠬᠤᠷᠢᠶ᠎ᠠ ᠶᠢ ᠦᠷᠬᠡᠳᠬᠡᠨ ᠪᠠᠶᠢᠭᠤᠯᠬᠤ ᠪᠠ 12 ᠭᠠᠴᠠᠭᠠᠨ ᠤ ᠡᠷᠡᠬᠦᠯ ᠬᠠᠮᠠᠭᠠᠯᠠᠯ ᠤᠨ ᠲᠠᠰᠤᠭ ᠢ ᠰᠢᠨᠡᠳᠬᠡᠨ ᠪᠠᠶᠢᠭᠤᠯᠬᠤ ᠠᠵᠢᠯ ᠢ ᠪᠡᠶᠡᠯᠡᠬᠦᠯᠦᠨ᠎ᠠ︔ ᠬᠠᠤᠯᠢ ᠪᠤᠰᠤ ᠪᠠᠷ ᠡᠮᠴᠢᠯᠡᠬᠦ ᠠᠵᠢᠯᠯᠠᠭ᠎ᠠ ᠳᠤ ᠴᠢᠩᠭ᠎ᠠ ᠴᠤᠬᠢᠯᠳᠠ ᠦᠭᠴᠤ᠂ ᠡᠮ ᠡᠮᠨᠡᠯᠬᠡ ᠶᠢᠨ ᠵᠠᠬ᠎ᠠ ᠲᠡᠯᠬᠡᠬᠦᠷ ᠢ  ᠴᠡᠭᠴᠡᠯᠠᠵᠣ᠂ ᠡᠮᠴᠢᠯᠡᠬᠡᠨ ᠤ ᠪᠠᠶᠢᠭᠤᠯᠣᠮᠵᠢ ᠶᠢᠨ ᠬᠠᠮᠢᠶᠠᠷᠣᠯᠳᠠ ᠶᠢ ᠲᠦᠷᠢᠮᠵᠢᠬᠦᠯᠤᠨ᠎ᠠ᠃ ᠬᠦᠮᠤᠨ ᠠᠮᠨ ᠪᠠ ᠲᠦᠯᠤᠪᠯᠡᠬᠡᠳᠤ ᠦᠷᠡᠵᠢᠯ ᠤᠨ ᠠᠵᠢᠯ ᠤᠨ ᠡᠯ᠎ᠠ ᠵᠥᠢᠯ ᠤᠨ ᠲᠦᠷᠥ ᠶᠢᠨ ᠪᠤᠳᠤᠯᠭ᠎ᠠ ᠶᠢ ᠨᠠᠶᠢᠳᠠᠪᠤᠷᠢᠵᠢᠭᠤᠯᠵᠤ᠂ ᠡᠷᠡᠬᠦᠯ ᠢᠶᠠᠷ ᠬᠦᠩᠬᠡᠵᠢᠵᠣ᠂ ᠰᠢᠯᠢᠳᠡᠭ  ᠬᠦᠮᠤᠵᠢᠬᠦᠯᠬᠦ ᠶᠢ ᠠᠬᠢᠭᠤᠯᠵᠤ᠂ ᠬᠦᠮᠦᠨ ᠠᠮᠨ ᠶᠢᠨ ᠬᠡᠪ ᠴᠢᠨᠠᠷ ᠢ ᠲᠡᠬᠡᠭᠰᠢᠯᠡᠬᠦᠯᠤᠨ᠎ᠠ᠃ ᠬᠤᠳᠠ ᠬᠦᠳᠡᠭᠡ ᠶᠢᠨ ᠤᠯᠠᠨ ᠨᠠᠶᠢᠳᠠ ᠶᠢᠨ ᠰᠤᠶᠤᠯ ᠤᠨ ᠲᠦᠬᠦᠬᠡᠷᠤᠮᠵᠢ ᠶᠢᠨ ᠪᠠᠶᠢᠭᠤᠯᠤᠯᠳᠠ ᠶᠢ ᠴᠢᠩᠭᠠᠳᠬᠠᠵᠤ᠂ ᠰᠤᠶᠤᠯ ᠤᠨ ᠦᠢᠯᠡᠴᠢᠯᠡᠭᠡ ᠪᠠᠷ ᠠᠷᠡᠳ ᠲᠤ ᠠᠰᠢᠭ ᠬᠦᠷᠳᠡᠬᠡᠬᠦ ᠢᠡᠵᠧᠨᠧᠷᠢᠩ ᠢ ᠶᠡᠭᠡ ᠬᠦᠴᠤᠨ ᠢᠶᠠᠷ ᠬᠦᠭᠵᠢᠬᠦᠯᠤᠨ᠂ ᠰᠤᠶᠤᠯ ᠤᠨ ᠦᠢᠯᠡᠴᠢᠯᠡᠬᠡᠨ ᠤ ᠠᠷᠡᠳ ᠲᠤ ᠠᠰᠢᠭᠳᠡᠢ ᠢᠡᠵᠧᠨᠧᠷᠢᠩ ᠢ ᠲᠤᠤᠱᠳᠡᠢ ᠬᠡᠷᠡᠭᠵᠢᠬᠦᠯᠵᠤ᠂ ᠤᠯᠠᠨ ᠲᠦᠮᠡᠡᠴᠢ ᠰᠤᠶᠤᠯ ᠤᠨ ᠬᠦᠳᠡᠯᠬᠡᠬᠡᠨ ᠢ ᠢᠳᠡᠪᠬᠢᠳᠡᠢ ᠦᠷᠨᠢᠬᠦᠯᠤᠨ᠂ ᠤᠯᠠᠨ ᠲᠦᠮᠡᠨ ᠤ ᠰᠤᠶᠤᠯ ᠤᠨ ᠠᠮᠢᠳᠤᠷᠡᠯ ᠢ ᠪᠠᠶᠠᠯᠢᠭᠵᠢᠭᠤᠯᠤᠨ᠎ᠠ᠃ ᠰᠤᠶᠤᠯ ᠵᠤᠭᠠᠴᠠᠯ ᠢ ᠬᠠᠮᠳᠤᠪᠠᠷ ᠬᠦᠭᠵᠢᠬᠦᠯᠤᠨ ᠬᠠᠷᠢᠯᠴᠠᠨ ᠠᠬᠢᠭᠤᠯᠬᠤ ᠰᠡᠳᠬᠢᠴᠠ ᠪᠠᠷ ᠪᠡᠯᠬᠦᠳᠡᠢ ᠤᠭᠰᠠᠭᠠᠨ ᠰᠤᠶᠤᠯ᠂ ᠬᠠᠷ᠎ᠠ ᠠᠳᠤᠭᠤᠨ ᠰᠤᠶᠤᠯ᠂ ᠴᠡᠭᠡ᠂ ᠴᠤᠭᠤᠷ ᠵᠡᠷᠬᠡ ᠦᠪᠡᠷᠮᠢᠴᠠ ᠤᠡᠴᠠᠯᠢᠭᠳᠤ ᠦᠡᠳᠤᠰᠤᠳᠠᠨ ᠤ ᠰᠤᠶᠤᠯ ᠤᠨ ᠠᠭᠤᠯᠬᠤᠨ ᠢ ᠤᠯᠠᠮ ᠴᠢᠨᠠᠭᠰᠢᠳᠠ ᠬᠦᠡᠵᠡᠬᠡᠶᠢᠷᠡᠬᠦᠯᠤᠨ᠂ ᠰᠤᠶᠤᠯ ᠤᠨ ᠦᠢᠯᠡᠰ ᠤᠨ ᠬᠦᠭᠵᠢᠯᠳᠠ ᠶᠢ ᠲᠦᠷᠬᠡᠳᠬᠡᠬᠦ ᠬᠡᠷᠡᠭᠳᠡᠢ᠃ ᠰᠤᠶᠤᠯ ᠲᠠᠮᠢᠷ ᠤᠨ ᠦᠢᠯᠡᠰ ᠤᠨ ᠪᠡᠯᠨ ᠤᠷᠤᠭᠤᠯᠤᠯᠳᠠ ᠶᠢᠨ ᠡᠷᠴᠢᠮ ᠢᠶᠠᠨ ᠴᠢᠩᠭᠠᠷᠠᠭᠤᠯᠵᠣ᠂ ᠪᠠᠶ᠎ᠠ ᠲᠠᠮᠢᠷ ᠤᠨ ᠣᠷᠳᠣᠨ ᠤ ᠪᠠᠶᠢᠭᠤᠯᠣᠯᠳᠠ ᠪᠠᠨ ᠲᠦᠷᠬᠡᠳᠬᠡᠨ᠂ ᠪᠦᠬᠦ ᠠᠷᠡᠳ ᠢᠶᠠᠷ ᠢᠶᠠᠨ ᠪᠠᠶ᠎ᠠ ᠴᠢᠬᠢᠷᠠᠭᠵᠢᠭᠤᠯᠬᠤ ᠠᠵᠢᠯᠯᠠᠭ᠎ᠠ ᠶᠢ ᠢᠳᠡᠪᠬᠢᠳᠡᠢ ᠦᠷᠨᠢᠬᠦᠯᠵᠤ᠂ ᠪᠦᠬᠦ ᠠᠷᠡᠳ ᠤᠨ ᠪᠠᠶ᠎ᠠ ᠮᠠᠬᠠᠪᠤᠳ ᠤᠨ ᠴᠢᠨᠠᠷ ᠴᠢᠡᠰᠠᠭ᠎ᠠ ᠶᠢ ᠲᠠᠰᠣᠷᠠᠯᠳᠠ ᠦᠬᠡᠢ ᠲᠡᠬᠡᠭᠰᠢᠯᠡᠬᠦᠯᠤᠨ᠎ᠠ᠃ ᠨᠠᠶᠢᠷ ᠤᠨ ᠲᠠᠯᠠᠪᠠᠢ ᠶᠢ ᠰᠢᠨ᠎ᠠ ᠪᠠᠷ ᠪᠠᠶᠢᠭᠤᠯᠵᠣ᠂  ︽ᠨᠤᠮᠢᠨ ᠠᠪᠠᠭ᠎ᠠ · ᠠᠩᠬᠠᠳᠣᠭᠠᠷ ᠬᠤᠭᠤᠴᠠᠭᠠᠨ ᠤ ᠠᠷᠠᠳ ᠤᠨ ᠶᠡᠭᠡ ᠨᠠᠶᠢᠷ︾ ᠢ ᠡᠷᠬᠢᠯᠠᠨ ᠶᠠᠪᠤᠭᠳᠠᠭᠤᠯᠤᠨ᠎ᠠ᠃ ᠡᠶᠢᠮᠤ ᠠᠴᠠ ᠵᠠᠰᠠᠭ ᠤᠨ ᠣᠷᠳᠣᠨ ᠨᠢ ᠡᠨ᠋ᠨ ᠲᠦᠷᠦᠯ ᠤᠨ ᠠᠵᠢᠯ ᠢ ᠨᠠᠷᠢᠨ ᠪᠠᠶᠢᠷᠢᠯᠠᠭᠤᠯᠵᠣ᠂ ᠡᠨ᠋ᠨ ᠤᠳᠠᠭᠠᠨ ᠤ ᠠᠷᠡᠳ ᠤᠨ ᠶᠡᠭᠡ ᠨᠠᠶᠢᠷ ᠢᠶᠠᠨ ᠲᠤᠷᠰᠢᠯᠭ᠎ᠠ ᠪᠠᠨ ᠰᠤᠯᠢᠯᠴᠠᠬᠤ ᠦᠪᠠᠳᠡᠭᠰᠢ ᠠᠵᠢᠯᠯᠠᠭ᠎ᠠ᠂ ᠨᠦᠬᠦᠷᠯᠡᠯ ᠢᠶᠠᠨ ᠪᠠᠳᠤᠳᠬᠠᠭᠰᠡᠨ ᠦᠪᠠᠳᠡᠭᠰᠢ ᠴᠤᠭᠯᠠᠭᠠᠨ᠂ ᠪᠦᠯᠬᠦᠮᠳᠠᠯ ᠢ ᠴᠢᠩᠭᠠᠳᠬᠠᠭᠰᠡᠨ ᠦᠪᠠᠳᠡᠭᠰᠢ ᠨᠠᠭᠠᠳᠤᠮ᠂ ᠨᠡᠬᠡᠬᠡᠯᠳᠠ ᠶᠢ ᠠᠬᠢᠭᠤᠯᠤᠭᠰᠡᠨ ᠦᠪᠠᠳᠡᠭᠰᠢ ᠬᠤᠷᠡᠯ᠂ ᠬᠦᠭᠵᠢᠯᠳᠠ ᠶᠢ ᠲᠦᠷᠬᠡᠳᠬᠡᠭᠰᠡᠨ ᠦᠪᠠᠳᠡᠭᠰᠢ ᠨᠠᠶᠢᠷ᠂ ᠠᠮᠵᠢᠯᠳᠠ ᠪᠦᠳᠤᠮᠵᠢ ᠪᠠᠨ ᠪᠡᠯᠬᠡᠳᠡᠭᠰᠡᠨ ᠦᠪᠠᠳᠡᠭᠰᠢ ᠨᠠᠶᠢᠷ ᠪᠤᠯᠭᠠᠨ ᠡᠷᠬᠢᠯᠡᠬᠦ ᠪᠠᠷ ᠴᠢᠷᠮᠠᠶᠢᠨ᠎ᠠ᠃   ││ ᠨᠠᠶᠢᠬᠡᠮ ᠤᠨ ᠬᠠᠮᠢᠶᠠᠷᠤᠯᠳᠠ ᠶᠢ ᠦᠨᠡᠡᠬᠦ ᠴᠢᠩᠭᠠᠳᠬᠠᠨ᠎ᠠ᠃  ᠬᠤᠰᠢᠭᠤᠨ ᠤ ᠪᠠᠶᠢᠳᠠᠯ᠂ ᠨᠠᠶᠢᠬᠡᠮ ᠤᠨ ᠪᠠᠶᠢᠳᠠᠯ ᠤᠨ ᠬᠦᠮᠤᠵᠢᠯ ᠢ ᠴᠢᠩᠭᠠᠳᠬᠠᠨ᠂ ᠦᠷᠬᠡᠨ ᠤᠯᠠᠨ ᠲᠦᠮᠡᠨ ᠤ ᠨᠤᠳᠤᠭ ᠤᠰᠤ ᠬᠡᠷ ᠤᠷᠤᠨ ᠢᠶᠠᠨ  ᠬᠠᠶᠢᠷᠠᠯᠠᠵᠤ᠂ ᠪᠦᠳᠤᠬᠡᠨ ᠪᠠᠶᠢᠭᠤᠯᠬᠤ ᠤᠷᠮᠠᠰᠢᠯ ᠢ ᠨᠢ ᠬᠦᠭᠵᠢᠬᠡᠨ᠎ᠠ᠃ ᠤᠯᠠᠨ ᠲᠦᠮᠡᠡᠴᠢ ᠠᠵᠢᠯ ᠢ ᠴᠢᠩᠭᠠᠳᠬᠠᠨ ᠂ ᠵᠠᠬᠢᠳᠠᠯ ᠰᠤᠷᠪᠤᠯᠵᠢᠯᠠᠭ᠎ᠠ ᠶᠢᠨ ᠠᠵᠢᠯ ᠢ ᠲᠦᠷᠢᠮᠵᠢᠬᠦᠯᠵᠤ᠂ ᠤᠯᠠᠨ ᠲᠦᠮᠡᠨ ᠤ ᠵᠤᠬᠢᠰᠳᠡᠢ ᠵᠠᠭᠠᠯᠳᠤᠯᠭ᠎ᠠ ᠱᠠᠭᠠᠷᠳᠠᠯᠭ᠎ᠠ ᠶᠢ ᠲᠤᠬᠢᠷᠠᠮᠵᠢᠳᠡᠢ ᠰᠢᠢᠳᠪᠤᠷᠢᠯᠡᠨ᠂ ᠶᠤᠰᠤ ᠪᠤᠰᠤ ᠪᠠᠷ ᠵᠠᠬᠢᠳᠠᠯ ᠰᠤᠷᠪᠤᠯᠵᠢᠯᠠᠭ᠎ᠠ ᠬᠢᠵᠤ ᠪᠠᠶᠢᠭ᠎ᠠ ᠬᠡᠷᠡᠭ ᠤᠴᠢᠷ ᠢ ᠬᠠᠤᠯᠢ ᠪᠠᠷ ᠰᠢᠳᠬᠡᠬᠦ ᠬᠡᠷᠡᠭᠳᠡᠢ᠃ ᠬᠠᠤᠯᠢ ᠲᠦᠷᠢᠮ ᠤᠨ ᠤᠬᠠᠭᠤᠯᠭ᠎ᠠ ᠬᠦᠮᠤᠵᠢᠯ ᠤᠨ ᠠᠵᠢᠯ ᠢ ᠴᠢᠩᠭᠠᠳᠬᠠᠨ᠂ ᠪᠦᠬᠦ ᠠᠷᠡᠳ ᠤᠨ ᠬᠠᠤᠯᠢ ᠲᠦᠷᠢᠮ ᠤᠨ ᠤᠬᠠᠮᠰᠠᠷ ᠢ ᠲᠡᠬᠡᠭᠰᠢᠯᠡᠬᠦᠯᠤᠨ᠎ᠠ᠃ ᠪᠠᠯᠭᠠᠰᠤᠨ ᠲᠤᠭᠤᠷᠢᠭ ᠲᠠᠬᠢ ᠡᠯᠧᠺᠲᠷᠤᠨ ᠡᠵᠡᠮᠰᠢᠯ ᠤᠨ ᠰᠢᠰᠲ᠋ᠧᠮ ᠢ ᠪᠦᠷᠢᠡᠰᠢᠬᠦᠯᠤᠨ᠂ ᠬᠠᠷ᠎ᠠ ᠪᠦᠯᠦᠭᠳᠡᠨ ᠪᠠ ᠪᠤᠯᠢᠶᠠᠨ ᠲᠡᠬᠡᠷᠡᠮᠳᠡᠬᠦ᠂ ᠬᠤᠯᠠᠭᠠᠢ ᠬᠢᠬᠦ ᠠᠵᠢᠯᠯᠠᠭ᠎ᠠ ᠵᠠᠷᠬᠡ ᠳᠤ ᠴᠤᠬᠢᠯᠳᠠ ᠦᠭᠬᠦ ᠲᠤᠰᠬᠠᠢ ᠲᠦᠷᠥᠯ ᠤᠨ ᠠᠵᠢᠯᠯᠠᠭ᠎ᠠ ᠶᠢ ᠬᠦᠡᠵᠡᠬᠡᠢ ᠦᠷᠨᠢᠬᠦᠯᠵᠤ᠂ ᠡᠯ᠎ᠠ ᠲᠦᠷᠥᠯ ᠤᠨ ᠡᠷᠡᠬᠦᠦ ᠶᠢᠨ ᠶᠠᠯᠠᠳᠤ ᠠᠵᠢᠯᠯᠠᠭ᠎ᠠ ᠳᠤ ᠴᠢᠩᠭ᠎ᠠ ᠴᠤᠬᠢᠯᠳᠠ ᠦᠭᠬᠦᠨ᠂ ᠨᠠᠶᠢᠬᠡᠮ ᠤᠨ ᠡᠯ᠎ᠠ ᠵᠦᠢᠯ ᠤᠨ ᠵᠢᠭᠰᠢᠬᠦᠷᠢᠳᠤ ᠠᠵᠢᠯᠯᠠᠭ᠎ᠠ ᠶᠢ ᠡᠷᠡᠰ ᠢᠶᠠᠷ ᠪᠠᠶᠢᠴᠠᠭᠠᠨ ᠴᠠᠭᠠᠵᠠᠯᠠᠵᠤ᠂ ᠤᠯᠠᠨ ᠲᠦᠮᠡᠨ ᠤ ᠠᠮᠤᠷ ᠲᠠᠶᠢᠪᠤᠡᠭ ᠲᠦᠷᠦᠭᠳᠡᠯ ᠢ ᠦᠨᠡᠡᠬᠦ  ᠨᠡᠮᠡᠭᠳᠡᠬᠦᠯᠦᠨ᠎ᠠ᠃ ᠨᠠᠶᠢᠬᠡᠮ ᠲᠤᠭᠤᠷᠢᠭ ᠤᠨ ᠪᠠᠶᠢᠭᠤᠯᠤᠯᠳᠠ  ᠶᠢ ᠴᠢᠩᠭᠠᠳᠬᠠᠨ᠂ ᠦᠢᠯᠡᠴᠢᠯᠡᠬᠡᠨ ᠤ ᠬᠢᠷᠢ ᠲᠦᠪᠰᠢᠨ ᠢᠶᠠᠨ ᠲᠡᠬᠡᠭᠰᠢᠯᠡᠬᠦᠯᠦᠨ᠂ ᠲᠤᠤᠷ ᠰᠦᠯᠵᠢᠶᠠᠨ ᠤ ᠶᠠᠷᠢᠶ᠎ᠠ ᠬᠡᠯᠡᠯᠴᠡᠭᠡ ᠶᠢ ᠴᠢᠬᠤᠯᠠᠴᠢᠯᠡᠨ ᠦᠵᠡᠵᠤ᠂ ᠵᠤᠬᠢᠰ ᠦᠬᠡᠢ ᠪᠠᠶᠢᠳᠠᠯ ᠢ ᠢᠳᠡᠪᠬᠢᠳᠡᠢ ᠠᠷᠭᠠᠴᠠᠭᠠᠨ᠎ᠠ᠃ ᠤᠯᠤᠰ ᠲᠦᠷᠥ ᠬᠠᠤᠯᠢ ᠴᠠᠭᠠᠵᠠ ᠶᠢᠨ ᠡᠩᠨᠡᠬᠡᠨ ᠤ ᠪᠠᠶᠢᠭᠤᠯᠤᠯᠳᠠ ᠶᠢ ᠴᠢᠩᠭᠠᠳᠬᠠᠨ᠂ ᠡᠷᠬᠡ ᠲᠡᠭᠰᠢ᠂ ᠲᠦᠪ ᠭᠤᠤᠯᠴᠢ  ᠪᠠᠷ ᠬᠠᠤᠯᠢ ᠬᠡᠷᠡᠭᠵᠢᠬᠦᠯᠬᠦ ᠶᠢ ᠤᠯᠠᠮ ᠴᠢᠨᠠᠭᠰᠢᠳᠠ ᠴᠢᠩᠭᠠᠳᠬᠠᠨ᠎ᠠ᠃ ᠤᠷᠢᠳᠴᠢᠯᠡᠨ ᠰᠠᠷᠠᠮᠵᠢᠯᠡᠬᠦᠯᠵᠣ ᠪᠠᠴᠢᠮ ᠠᠷᠭᠠᠴᠠᠭᠠᠬᠤ ᠬᠠᠮᠢᠶᠠᠷᠤᠯᠳᠠ ᠶᠢ ᠴᠢᠩᠭᠠᠳᠬᠠᠨ᠂ ᠪᠠᠴᠢᠮ ᠠᠷᠭᠠᠴᠠᠭᠠᠬᠤ ᠵᠤᠬᠢᠴᠠᠮᠵᠢ ᠶᠢ ᠪᠦᠷᠢᠡᠰᠢᠬᠦᠯᠵᠤ᠂ ᠤᠯᠠᠨ ᠨᠠᠶᠢᠳᠠ ᠶᠢᠨ ᠠᠮᠤᠷ ᠲᠦᠪᠰᠢᠨ ᠤ ᠬᠡᠷᠡᠭ ᠤᠴᠢᠷ ᠢ ᠪᠦᠳᠤᠮᠵᠢᠳᠡᠢ ᠰᠠᠷᠬᠡᠶᠢᠯᠡᠨ ᠰᠢᠢᠳᠪᠤᠷᠢᠯᠡᠨ᠎ᠠ᠃ ᠤᠯᠠᠨ ᠨᠠᠶᠢᠳᠠ  ᠶᠢᠨ ᠭᠠᠯ ᠰᠡᠷᠬᠡᠶᠢᠯᠡᠬᠦ ᠰᠠᠭᠤᠷᠢ ᠲᠦᠬᠦᠬᠡᠷᠤᠮᠵᠢ ᠶᠢᠨ ᠪᠠᠶᠢᠭᠤᠯᠤᠯᠳᠠ ᠶᠢ ᠴᠢᠩᠭᠠᠳᠬᠠᠨ᠂ ᠭᠠᠯ ᠰᠡᠷᠬᠡᠶᠢᠯᠡᠬᠦ ᠠᠮᠤᠷ ᠲᠦᠪᠰᠢᠨ ᠤ ᠪᠠᠳᠤᠯᠠᠭ᠎ᠠ ᠶᠢ ᠴᠢᠩᠭᠠᠷᠠᠭᠤᠯᠤᠨ᠎ᠠ᠃ ᠠᠶᠤᠯᠬᠦᠢ ᠦᠢᠯᠡᠳᠪᠤᠷᠢᠯᠡᠯ ᠤᠨ ︽ᠨᠢᠬᠡ ᠪᠠᠶᠢᠷᠢ ᠬᠤᠶᠡᠷ ᠬᠠᠷᠢᠭᠤᠴᠠᠯᠭ᠎ᠠ︾ ᠶᠢ ᠴᠢᠩᠭᠠᠳᠬᠠᠨ᠂ ᠠᠵᠤ ᠠᠬᠤᠶᠢᠯᠡᠯ ᠤᠨ ᠭᠤᠤᠯ ᠴᠤᠭᠴᠠ ᠶᠢᠨ ᠡᠬᠦᠷᠬᠡ ᠬᠠᠷᠢᠭᠤᠴᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠵᠤ᠂ ᠵᠠᠮ ᠨᠠᠪᠳᠠᠷᠠᠯᠬᠡ᠂ ᠠᠭᠤᠷᠬᠠᠢ ᠶᠢᠨ ᠠᠵᠤ ᠠᠬᠤᠶᠢᠯᠠᠯ᠂ ᠠᠶᠤᠯᠳᠤ ᠬᠢᠮᠢ ᠶᠢᠨ ᠪᠤᠳᠠᠰ᠂ ᠭᠠᠯ ᠤᠨ ᠠᠶᠤᠯ ᠭᠠᠷᠬᠤ ᠪᠣᠯᠣᠮᠵᠢ ᠵᠠᠷᠬᠡ ᠶᠢ ᠲᠤᠰᠬᠠᠢ ᠲᠦᠷᠥᠯ ᠢᠶᠠᠷ ᠴᠡᠭᠴᠡᠯᠡᠨ ᠵᠠᠰᠠᠵᠤ᠂ ᠤᠡᠴᠠ ᠶᠡᠭᠡ ᠠᠳᠡᠯ ᠡᠬᠦᠰᠬᠦ ᠶᠢ ᠪᠦᠳᠤᠮᠵᠢᠳᠡᠢ ᠰᠠᠷᠬᠡᠶᠢᠯᠡᠨ ᠡᠷᠡᠰ ᠬᠤᠷᠢᠭᠯᠠᠨ᠎ᠠ᠃ ᠢᠳᠡᠬᠡᠨ ᠪᠠ ᠡᠮ ᠤᠨ ᠵᠥᠢᠯᠡᠰ ᠤᠨ ᠬᠢᠨᠡᠨ ᠬᠠᠮᠢᠶᠠᠷᠤᠯᠳᠠ ᠶᠢ ᠴᠢᠩᠭᠠᠳᠬᠠᠨ᠂ ︽ᠲᠦᠷᠪᠡᠨ ᠬᠠᠭᠤᠷᠮᠠᠭ ᠢ ᠴᠣᠬᠢᠬᠤ᠂ ᠲᠦᠷᠪᠡᠨ ᠬᠤᠤᠷ ᠢ ᠠᠷᠢᠯᠭᠠᠬᠤ︾ ᠲᠤᠰᠬᠠᠢ ᠲᠦᠷᠥᠯ ᠤᠨ ᠠᠵᠢᠯᠯᠠᠭ᠎ᠠ ᠶᠢ ᠬᠦᠡᠵᠡᠬᠡᠢ ᠲᠦᠯᠬᠢᠨ ᠠᠬᠢᠭᠤᠯᠵᠤ᠂ ᠪᠤᠬᠢᠷᠳᠤᠯ ᠦᠬᠡᠢ᠂ ᠠᠮᠤᠷ ᠲᠦᠪᠰᠢᠨ ᠢᠳᠡᠬᠡᠨ ᠪᠠ ᠡᠮ ᠤᠨ ᠵᠥᠢᠯᠡᠰ ᠢ  ᠬᠠᠩᠭᠠᠬᠤ ᠪᠠᠷ ᠴᠢᠷᠮᠠᠶᠢᠨ᠎ᠠ᠃ ᠬᠠᠮᠢᠶ᠎ᠠ ᠪᠦᠬᠦᠢ ᠰᠠᠯᠠᠭ᠎ᠠ ᠮᠦᠴᠢᠷ ᠢ ᠰᠠᠶᠢᠳᠤᠷ ᠵᠤᠬᠢᠶᠠᠨ ᠪᠠᠶᠢᠭᠤᠯᠵᠤ᠂ ᠨᠠᠶᠢᠬᠡᠮ ᠤᠨ ᠬᠠᠮᠢᠶᠠᠷᠤᠯᠳᠠ ᠶᠢᠨ ᠲᠡᠷᠢᠬᠦᠨ ᠤ ᠭᠠᠵᠠᠷ ᠤᠷᠤᠨ ᠳᠤ ᠬᠦᠷᠴᠣ ᠲᠤᠭᠤᠷᠢᠨ ᠰᠤᠷᠤᠯᠴᠠᠭᠤᠯᠤᠨ᠎ᠠ᠃         ᠦᠨᠣ ᠵᠢᠯ ᠪᠢᠳᠠ᠂ ᠠᠷᠠᠳ ᠤᠨ ᠠᠮᠢᠳᠣᠷᠠᠯ ᠢ ᠰᠠᠶᠢᠵᠢᠷᠠᠭᠤᠯᠵᠣ ᠡᠶ᠎ᠡ ᠵᠣᠬᠢᠴᠠᠯ ᠢ ᠠᠬᠢᠭᠤᠯᠬᠤ ᠲᠠᠯ᠎ᠠ  ᠪᠠᠷ ᠦᠷᠬᠦᠯᠵᠢᠯᠡᠨ ᠰᠢᠨ᠎ᠠ ᠨᠢᠬᠡ ᠬᠤᠭᠤᠴᠠᠭᠠᠨ ᠤ ᠠᠷᠡᠳ ᠲᠤ ᠠᠮᠠᠯᠳᠤᠭᠰᠡᠨ   ︽ᠠᠷᠪᠠᠨ ᠪᠤᠳᠡᠳᠤ ᠶᠠᠪᠤᠳᠠᠯ︾  ᠢᠶᠠᠨ ᠰᠠᠶᠢᠳᠤᠷ ᠪᠠᠶᠠᠯᠠᠬᠦᠯᠬᠦ ᠪᠠᠷ ᠪᠤᠢ᠄ ᠨᠢᠬᠡ ᠳᠤ᠂ 5600 ᠲᠦᠮᠡᠨ ᠲᠦᠬᠦᠷᠢᠭ ᠤᠨ ᠪᠡᠯᠨ ᠤᠷᠤᠭᠤᠯᠵᠤ᠂ ᠦᠷᠬᠦᠯᠵᠢᠯᠡᠨ ᠰᠢᠨ᠎ᠠ ᠮᠠᠯᠵᠢᠬᠤ ᠤᠷᠤᠨ ᠤ ᠪᠦᠳᠤᠬᠡᠨ ᠪᠠᠶᠢᠭᠤᠯᠤᠯᠳᠠ ᠶᠢ ᠴᠢᠩᠭᠠᠳᠬᠠᠨ᠎ᠠ︔ ᠬᠤᠶᠡᠷ ᠲᠤ᠂ 2000 ᠲᠦᠮᠡᠨ ᠲᠦᠬᠦᠷᠢᠭ ᠤᠨ ᠪᠡᠯᠨ ᠤᠷᠤᠭᠤᠯᠵᠤ᠂ 7000 ᠲᠡᠭᠰᠢ ᠲᠦᠷᠪᠡᠯᠵᠢᠨ ᠮᠧᠲᠷ ᠠᠴᠠ ᠲᠡᠬᠡᠭᠰᠢ ᠲᠠᠯᠠᠪᠠᠢ ᠪᠦᠬᠦᠢ ᠲᠠᠮᠢᠷ ᠤᠨ ᠤᠷᠳᠤᠨ ᠢ ᠪᠠᠶᠢᠭᠤᠯᠵᠤ᠂ ᠷᠡᠳᠢᠤ᠋ ᠬᠤᠷᠢᠶᠠᠨ ᠤ ᠲᠠᠮᠵᠢᠭᠤᠯᠭ᠎ᠠ ᠶᠢᠨ ᠦᠷᠳᠡᠭᠡ ᠬᠤᠶᠠᠷ  ᠢ ᠪᠠᠶᠢᠭᠤᠯᠤᠨ᠎ᠠ︔ ᠭᠤᠷᠪᠡ ᠳᠤ᠂ ᠮᠠᠯᠴᠢᠳ ᠤᠨ ᠰᠢᠨ᠎ᠠ ᠬᠡᠯᠪᠡᠷᠢ ᠶᠢᠨ ᠬᠤᠷᠰᠢᠭᠰᠡᠨ ᠡᠮᠨᠡᠯᠬᠡ ᠳᠤ ᠤᠷᠤᠯᠴᠠᠬᠤ ᠨᠦᠬᠦᠪᠤᠷᠢ ᠶᠢᠨ ᠪᠠᠷᠢᠮᠵᠢᠶ᠎ᠠ ᠶᠢ 40 ᠲᠦᠬᠦᠷᠢᠭ ᠠᠴᠠ ᠨᠢ 80 ᠲᠦᠬᠦᠷᠢᠭ ᠪᠤᠯᠭᠠᠨ ᠨᠡᠮᠡᠭᠳᠡᠬᠦᠯᠵᠣ᠂ ᠬᠦᠡᠳᠤ ᠡᠪᠡᠳᠴᠢᠨ ᠤ ᠡᠮᠴᠢᠯᠡᠬᠡᠨ ᠤ ᠠᠪᠤᠷᠡᠨ ᠲᠤᠰᠠᠯᠠᠯᠳᠠ ᠶᠢᠨ ᠰᠠᠭᠤᠷᠢ ᠮᠦᠩᠬᠦᠨ ᠤ ᠬᠡᠮᠵᠢᠶ᠎ᠠ ᠶᠢ 200 ᠲᠦᠮᠡᠨ ᠲᠦᠬᠦᠷᠢᠭ ᠪᠠᠶᠢᠭᠰᠡᠨ ᠠᠴᠠ ᠨᠢ 300 ᠲᠦᠮᠡᠨ ᠲᠦᠬᠦᠷᠢᠭ ᠪᠣᠯᠭᠠᠨ ᠨᠡᠮᠡᠭᠳᠡᠬᠦᠯᠦᠨ᠎ᠠ︔ ᠲᠦᠷᠪᠡ ᠳᠤ᠂ ᠪᠦᠬᠦᠯᠢ 60 ᠨᠠᠰᠤ ᠬᠦᠷᠦᠭᠰᠡᠨ ᠬᠤᠳᠠ ᠪᠠᠯᠭᠠᠰᠤᠨ ᠤ ᠰᠠᠭᠤᠭᠠᠯᠢ ᠠᠷᠡᠳ ᠪᠠ ᠮᠠᠯᠴᠢᠳ ᠲᠤ ᠰᠠᠷ᠎ᠠ ᠪᠦᠷᠢ ᠳᠤ ᠬᠦᠮᠤᠨ ᠪᠦᠷᠢ ᠶᠢᠨ 30 ᠲᠦᠬᠦᠷᠢᠭ ᠤᠨ ᠦᠡᠳᠤᠰᠤᠨ ᠨᠠᠰᠤᠵᠢᠯ ᠤᠨ ᠮᠦᠩᠬᠦ ᠶᠢ ᠨᠠᠮᠠᠵᠤ ᠤᠯᠭᠤᠨ᠎ᠠ︔ ᠲᠠᠪᠤ ᠳᠤ᠂ ᠠᠵᠤ ᠠᠬᠤᠶᠢᠯᠡᠯ ᠤᠨ ᠠᠵᠢᠯ ᠠᠴᠠ ᠪᠠᠨ ᠠᠮᠠᠷᠠᠭᠰᠠᠳ ᠪᠠ ᠨᠦᠭᠴᠢᠭᠰᠡᠳ ᠤᠨ ᠬᠡᠷ ᠪᠦᠯᠢ ᠳᠤ ᠵᠢᠯ ᠪᠦᠷᠢ ᠳᠤ ᠬᠦᠮᠤᠨ ᠪᠦᠷᠢ ᠶᠢᠨ 300 ᠲᠦᠬᠦᠷᠢᠭ ᠤᠨ ᠭᠠᠵᠡᠷ ᠤᠷᠤᠨ ᠤ ᠡᠳ᠋ ᠤᠨ ᠵᠠᠰᠠᠭ ᠤᠨ ᠨᠦᠬᠦᠪᠤᠷᠢ ᠶᠢ ᠨᠠᠮᠠᠵᠤ ᠤᠯᠭᠤᠨ᠎ᠠ︔ ᠵᠢᠷᠭᠤᠭ᠎ᠠ ᠳᠤ᠂  ᠰᠣᠶᠣᠯ ᠤᠨ ᠬᠤᠪᠢᠰᠬᠠᠯ ᠤᠨ ᠲᠣᠮᠳᠠ ᠬᠢᠯᠢᠰ ᠬᠦᠵᠢᠷ ᠢᠶᠠᠷ ᠴᠣᠬᠢᠭᠳᠠᠭᠰᠠᠨ ᠬᠦᠮᠤᠰ ᠤᠨ ᠨᠦᠬᠦᠪᠤᠷᠢ ᠶᠢᠨ ᠪᠠᠷᠢᠮᠵᠢᠶ᠎ᠠ ᠶᠢ ᠰᠠᠷ᠎ᠠ ᠪᠦᠷᠢ ᠳᠤ ᠬᠦᠮᠤᠨ ᠪᠦᠷᠢ ᠶᠢᠨ 19 ᠲᠦᠬᠦᠷᠢᠭ ᠪᠠᠶᠢᠭᠰᠡᠨ ᠠᠴᠠ ᠨᠢ 500 ᠲᠦᠬᠦᠷᠢᠭ  ᠪᠣᠯᠭᠠᠨ ᠨᠡᠮᠡᠭᠳᠡᠬᠦᠯᠦᠨ᠎ᠠ᠃ ᠲᠤᠯᠤᠭ᠎ᠠ ᠳᠤ᠂ ᠰᠢᠨ᠎ᠠ ᠪᠠᠷ 120 ᠬᠢᠮᠳᠠ ᠪᠠᠷ ᠲᠦᠷᠢᠶᠠᠰᠤᠯᠡᠬᠦ ᠤᠷᠤᠨ ᠰᠠᠭᠤᠴᠠ᠂ 100 ᠬᠢᠮᠳᠠ ᠲᠤᠬᠢᠯᠢᠭ ᠤᠷᠤᠨ ᠰᠠᠭᠤᠴᠠ᠂ 50 ᠤᠯᠠᠨ ᠨᠠᠶᠢᠳᠠ ᠶᠢᠨ ᠲᠦᠷᠢᠶᠠᠰᠤᠨ ᠬᠡᠷ  ᠢ ᠪᠠᠶᠢᠭᠤᠯᠵᠤ᠂ ᠤᠷᠤᠨ ᠰᠠᠭᠤᠴᠠ ᠨᠢ ᠠᠨᠠᠢ ᠠᠮᠢᠳᠤᠷᠡᠯ ᠨᠢ ᠬᠦᠴᠢᠷᠳᠡᠯᠳᠡᠢ 150 ᠡᠷᠤᠬᠡ ᠳᠤ ᠲᠦᠷᠢᠶᠠᠰᠤᠨ ᠮᠦᠩᠬᠦᠨ ᠤ ᠨᠦᠬᠦᠪᠤᠷᠢ ᠤᠯᠭᠤᠨ᠎ᠠ︔ ᠨᠡᠢᠮᠨ ᠳᠤ᠂ ᠪᠦᠬᠦ ᠬᠤᠰᠢᠭᠤᠨ ᠤ ᠲᠦᠯᠤᠪᠯᠡᠬᠡᠳᠤ ᠦᠷᠡᠵᠢᠯ ᠤᠨ ᠬᠡᠷ ᠪᠦᠯᠢ ᠪᠦᠷᠢ ᠶᠢ ᠨᠢᠬᠡ ᠬᠤᠪᠢ ᠠᠳᠡᠯ ᠤᠨ ᠲᠠᠭᠠᠳᠬᠠᠯ ᠳᠤ ᠤᠷᠤᠭᠤᠯᠵᠤ᠂ ᠨᠢᠬᠡᠨᠳᠡ ᠤᠷᠤᠭᠯᠠᠭᠰᠡᠨ ᠬᠦᠩᠬᠡᠵᠢᠬᠦ ᠨᠠᠰᠤᠨ ᠤ ᠡᠮᠡᠭᠳᠡᠶᠢᠴᠤᠳ ᠲᠤ ᠰᠦᠢᠳᠬᠡᠯ ᠬᠤᠷᠢᠶᠠᠬᠤ ᠦᠬᠡᠢ ᠪᠠᠷ ᠡᠮᠡᠭᠳᠡᠢ ᠶᠢᠨ ᠰᠠᠯᠠᠭᠠᠨ ᠤ ᠪᠠᠶᠢᠴᠠᠭᠠᠯᠳᠠ ᠬᠢᠵᠤ ᠦᠭᠬᠦᠨ᠂ ᠪᠦᠬᠦ ᠬᠤᠰᠢᠭᠤᠨ ᠤ ᠬᠤᠳᠠ ᠪᠠᠯᠭᠠᠰᠤᠨ ᠤ ᠪᠠ ᠮᠠᠯᠵᠢᠬᠤ ᠤᠷᠤᠨ ᠤ ᠬᠠᠮᠤᠭ ᠨᠠᠭᠠᠳᠤ ᠵᠠᠬ᠎ᠠ  ᠶᠢᠨ ᠠᠮᠢᠳᠤᠷᠡᠯ ᠤᠨ ᠪᠠᠳᠤᠯᠠᠭ᠎ᠠ ᠬᠦᠷᠳᠡᠵᠤ ᠪᠠᠶᠢᠭ᠎ᠠ ᠬᠦᠮᠤᠰ ᠲᠤ ᠰᠦᠢᠳᠬᠡᠯ ᠬᠤᠷᠢᠶᠠᠬᠤ ᠦᠬᠡᠢ ᠪᠠᠷ ᠪᠠᠶ᠎ᠠ ᠶᠢᠨ ᠪᠠᠶᠢᠴᠠᠭᠠᠯᠳᠠ ᠬᠢᠵᠤ ᠦᠭᠬᠦᠨ᠎ᠠ᠃ ᠶᠢᠰᠤ ᠳᠤ᠂ ᠪᠦᠬᠦ ᠬᠤᠰᠢᠭᠤᠨ ᠤ  ᠰᠣᠷᠬᠤ ᠨᠠᠰᠣᠨ ᠠᠴᠠ ᠡᠮᠣᠨᠡᠬᠢ ᠰᠤᠷᠭᠠᠨ ᠬᠦᠮᠤᠵᠢᠯ ᠢ ᠬᠦᠷᠳᠡᠵᠤ ᠪᠠᠶᠢᠭ᠎ᠠ ᠬᠡᠤᠬᠡᠳ ᠤᠳ ᠢ ︽ᠬᠤᠶᠡᠷ ᠢ ᠬᠡᠯᠳᠤᠷᠢᠬᠦᠯᠬᠦ︾ ᠬᠦᠷᠢᠶ᠎ᠠ ᠬᠡᠪᠴᠢᠶᠠᠨ ᠳᠤ ᠤᠷᠤᠭᠤᠯᠤᠨ᠎ᠠ︔ ᠲᠣᠮᠳᠠᠳᠣ ᠪᠠᠭ᠎ᠠ ᠰᠣᠷᠭᠠᠭᠤᠯᠢ ᠶᠢᠨ ︽ᠠᠩᠬᠢ ᠪᠣᠯᠭᠠᠨ ᠳᠤ ᠨᠡᠪᠳᠠᠷᠡᠬᠦᠯᠬᠦ  ︾ ᠲᠤᠤᠷ ᠰᠦᠯᠵᠢᠶᠠᠨ ᠤ ᠲᠠᠪᠴᠠᠩ ᠤᠨ ᠪᠦᠳᠤᠬᠡᠨ ᠪᠠᠶᠢᠭᠤᠯᠤᠯᠳᠠ ᠶᠢᠨ ᠢᠡᠵᠧᠨᠧᠷᠢᠩ ᠢ ᠡᠬᠢᠯᠡᠬᠦᠯᠤᠨ᠎ᠠ︔ ᠠᠷᠪᠠ ᠳᠤ᠂ ᠨᠤᠳᠤᠭ ᠲᠠᠭᠠᠨ ᠪᠤᠴᠠᠵᠤ ᠢᠷᠡᠭᠰᠡᠨ ᠶᠡᠭᠡ ᠰᠤᠷᠭᠠᠭᠤᠯᠢ   ᠶᠢᠨ ᠤᠶᠤᠳᠡᠳ᠂ ᠠᠵᠢᠯ ᠠᠯᠳᠠᠭᠰᠡᠳ ᠪᠠ ᠬᠤᠳᠠ ᠤᠷᠤᠭᠰᠡᠨ ᠮᠠᠯᠴᠢᠳ ᠲᠤ 150 ᠨᠠᠶᠢᠳᠠ ᠶᠢᠨ ᠠᠰᠢᠭᠳᠤ ᠴᠢᠨᠠᠷᠳᠡᠢ ᠠᠵᠢᠯ ᠤᠨ ᠪᠠᠶᠢᠷᠢ ᠭᠠᠷᠭᠠᠨ ᠦᠭᠴᠤ᠂ 1500 ᠲᠦᠮᠡᠨ ᠲᠦᠬᠦᠷᠢᠭ ᠤᠨ ᠪᠠᠭ᠎ᠠ ᠲᠤᠭᠠᠨ ᠤ ᠪᠠᠳᠤᠯᠠᠭᠠᠳᠤ ᠵᠢᠬᠡᠯᠡᠯᠬᠡ ᠲᠠᠯᠪᠢᠨ᠎ᠠ᠃        ︵ᠲᠣᠯᠤᠭ᠎ᠠ︶ ᠵᠠᠰᠠᠭ ᠵᠠᠬᠢᠷᠭᠠᠨ ᠤ ᠴᠢᠳᠠᠪᠤᠷᠢ ᠶᠢ ᠲᠠᠰᠤᠷᠠᠯᠳᠠ ᠦᠬᠡᠢ ᠲᠡᠭᠡᠭᠰᠢᠯᠡᠬᠦᠯᠦᠨ᠎ᠡ᠃  ᠵᠠᠰᠠᠭ ᠵᠠᠬᠢᠷᠭᠠᠨ ᠢᠶᠠᠷ ᠬᠢᠨᠠᠨ ᠵᠦᠪᠰᠢᠶᠡᠷᠡᠬᠦ ᠲᠦᠷᠢᠮ ᠤᠨ ᠦᠬᠡᠷᠡᠴᠢᠯᠡᠯᠳᠡ ᠶᠢ ᠦᠷᠬᠦᠯᠵᠢᠯᠡᠨ ᠬᠦᠨᠵᠡᠭᠡᠶᠢᠷᠡᠬᠦᠯᠵᠦ᠂ ᠵᠠᠰᠠᠭ ᠵᠠᠬᠢᠷᠭᠠᠨ ᠢᠶᠠᠷ ᠬᠢᠨᠠᠨ ᠵᠦᠪᠰᠢᠶᠡᠷᠡᠬᠦ ᠠᠯᠬᠤᠮ ᠲᠠᠷᠠᠭ᠎ᠠ ᠶᠢ ᠴᠣᠮᠬᠠᠳᠬᠠᠨ ᠲᠦᠷᠢᠮᠵᠢᠬᠦᠯᠵᠦ᠂ ᠠᠵᠢᠯ ᠤᠨ ᠪᠦᠳᠦᠮᠵᠢ ᠶᠢ ᠲᠡᠭᠡᠭᠰᠢᠯᠡᠬᠦᠯᠦᠨ᠎ᠡ᠃ ᠰᠢᠨᠵᠢᠯᠡᠬᠦ ᠤᠬᠠᠭᠠᠨᠴᠢ ᠮᠦᠷᠳᠡᠭᠡᠨ ᠠᠷᠠᠳᠴᠢᠯᠠᠯ ᠢᠶᠠᠷ ᠰᠢᠢᠳᠪᠤᠷᠢ ᠲᠤᠭᠳᠠᠭᠠᠬᠤ ᠶᠢ ᠪᠠᠷᠢᠮᠳᠠᠯᠠᠵᠤ᠂ ᠴᠢᠬᠤᠯᠠ ᠬᠡᠷᠡᠭ ᠶᠠᠪᠤᠳᠠᠯ ᠢ ᠨᠡᠶᠢᠳᠡ ᠪᠠᠷ ᠢᠶᠠᠨ ᠵᠦᠪᠯᠡᠵᠤ ᠰᠢᠢᠳᠪᠤᠷᠢ ᠲᠤᠭᠳᠠᠭᠠᠬᠤ᠂ ᠤᠯᠠᠨ᠎ᠠ ᠵᠠᠷᠯᠠᠬᠤ᠂  ᠬᠡᠷᠡᠴᠢᠯᠡᠯᠳᠡ ᠰᠤᠨᠤᠰᠬᠤ ᠵᠡᠷᠬᠡ ᠲᠦᠷᠢᠮ ᠨᠦᠭᠦᠳ ᠢ ᠪᠠᠶᠢᠭᠤᠯᠤᠨ ᠪᠦᠷᠢᠡᠰᠢᠬᠦᠯᠵᠤ᠂ ᠵᠠᠰᠠᠭ ᠤᠨ ᠤᠷᠳᠤᠨ ᠤ ᠰᠢᠢᠳᠪᠤᠷᠢ ᠲᠤᠭᠳᠠᠭᠠᠬᠤ ᠬᠢᠷᠢ ᠲᠦᠪᠰᠢᠨ ᠢ ᠲᠡᠭᠡᠭᠰᠢᠯᠡᠬᠦᠯᠦᠨ᠎ᠡ᠃ ᠡᠯᠧᠺᠲᠷᠤᠡᠴᠢᠯᠡᠭᠰᠡᠨ ᠵᠠᠰᠠᠭ ᠤᠨ ᠶᠠᠪᠤᠳᠠᠯ ᠤᠨ ᠪᠠᠶᠢᠭᠤᠯᠤᠯᠳᠠ ᠶᠢ ᠡᠷᠴᠢᠮᠵᠢᠬᠦᠯᠵᠦ᠂ ᠵᠠᠰᠠᠭ ᠤᠨ ᠶᠠᠪᠤᠳᠠᠯ ᠢ ᠢᠯᠨ ᠪᠤᠯᠭᠠᠬᠤ ᠬᠦᠷᠢᠶ᠎ᠠ ᠬᠡᠪᠴᠢᠶ᠎ᠠ ᠶᠢ ᠦᠷᠬᠡᠳᠬᠡᠨ᠂ ᠵᠠᠰᠠᠭ ᠤᠨ ᠤᠷᠳᠤᠨ ᠤ ᠠᠵᠢᠯ ᠤᠨ ᠪᠦᠳᠦᠮᠵᠢ ᠪᠠ ᠢᠯᠨ ᠲᠤᠳᠤ ᠴᠢᠨᠠᠷ ᠢ ᠨᠡᠮᠡᠭᠳᠡᠬᠦᠯᠤᠨ᠎ᠠ᠃ ᠬᠠᠤᠯᠢ ᠪᠠᠷ ᠵᠠᠰᠠᠭ ᠪᠠᠷᠢᠬᠤ ᠶᠢ ᠪᠠᠷᠢᠮᠳᠠᠯᠠᠵᠤ᠂ ᠬᠠᠤᠯᠢ ᠳᠤ ᠲᠤᠭᠳᠠᠭᠠᠭᠰᠡᠨ ᠡᠷᠬᠡ  ᠶᠢᠨ ᠬᠡᠪᠴᠢᠶ᠎ᠠ ᠪᠠ ᠠᠯᠬᠤᠮ ᠲᠠᠷᠠᠭ᠎ᠠ ᠶᠢ ᠴᠢᠩᠭ᠎ᠠ ᠵᠢᠷᠤᠮᠠᠯᠠᠨ ᠡᠷᠬᠡ ᠪᠠᠨ ᠬᠡᠷᠡᠭᠵᠢᠬᠦᠯᠤᠨ᠂ ᠡᠬᠦᠷᠬᠡ ᠬᠠᠷᠢᠭᠤᠴᠠᠯᠭ᠎ᠠ ᠪᠠᠨ ᠬᠦᠢᠴᠡᠳᠬᠡᠨ᠎ᠡ᠃ ᠠᠷᠢᠭᠤᠨ ᠴᠢᠬᠡᠴᠢ ᠪᠠᠷ ᠵᠠᠰᠠᠭ ᠪᠠᠷᠢᠬᠤ ᠪᠠ ᠢᠯᠵᠡᠷᠡᠯ ᠢ ᠡᠰᠡᠷᠭᠦᠴᠡᠬᠦ ᠠᠵᠢᠯᠯᠠᠭ᠎ᠠ ᠶᠢ ᠬᠦᠡᠵᠡᠬᠡᠢ ᠦᠷᠨᠢᠬᠦᠯᠵᠤ᠂ ᠬᠠᠷᠢᠭᠤᠴᠠᠯᠭ᠎ᠠ ᠶᠢᠨ ᠲᠦᠷᠢᠮ ᠢ ᠨᠠᠷᠢᠨ ᠬᠢᠨᠠᠮᠠᠭᠠᠢ ᠨᠠᠶᠢᠳᠠᠪᠤᠷᠢᠵᠢᠭᠤᠯᠤᠨ ᠂ ᠤᠳᠤᠷᠢᠳᠬᠤ ᠺᠠᠳ᠋ᠷ ᠤᠨ ᠠᠷᠢᠭᠤᠨ ᠴᠢᠬᠡᠴᠢ ᠶᠢ ᠵᠢᠷᠤᠮᠯᠠᠬᠤ ᠲᠦᠷᠢᠮ ᠤᠳ ᠢ ᠴᠢᠩᠭ᠎ᠠ ᠬᠡᠷᠡᠭᠵᠢᠬᠦᠯᠦᠨ᠎ᠡ᠃ ᠵᠠᠰᠠᠭ ᠵᠠᠬᠢᠷᠭᠠᠨ ᠢᠶᠠᠷ ᠬᠢᠨᠠᠯᠳᠠ ᠲᠠᠯᠪᠢᠬᠤ ᠠᠵᠢᠯ ᠢ ᠴᠢᠩᠭᠠᠳᠬᠠᠵᠤ᠂ ᠤᠯᠠᠨ ᠲᠦᠮᠡᠨ ᠤ ᠠᠰᠢᠭ ᠲᠤᠰᠠ ᠶᠢ ᠬᠤᠬᠢᠷᠠᠭᠤᠯᠤᠭᠰᠠᠨ ᠠᠵᠢᠯᠯᠠᠭ᠎ᠠ ᠪᠤᠶᠤ ᠠᠵᠢᠯ ᠲᠦᠷᠦᠯ ᠤᠨ ᠲᠦᠪ ᠪᠤᠰᠤ ᠰᠤᠷᠳᠠᠯ ᠢ ᠡᠷᠡᠰ ᠢᠶᠠᠷ ᠰᠢᠬᠦᠮᠵᠢᠯᠡᠨ ᠵᠠᠯᠠᠷᠠᠭᠤᠯᠤᠨ᠎ᠠ᠃ ᠬᠢᠨᠠᠨ ᠪᠤᠳᠤᠬᠤ ᠠᠵᠢᠯ ᠢ ᠤᠯᠠᠮ ᠴᠢᠬᠤᠯᠠᠴᠢᠯᠡᠨ ᠴᠢᠩᠭᠠᠳᠬᠠᠵᠤ᠂ ᠬᠢᠨᠠᠨ ᠪᠤᠳᠤᠯᠳᠠ ᠶᠢᠨ ᠦᠷ᠎ᠡ ᠳ᠋ᠦᠩ ᠢᠶᠠᠷ ᠦᠨᠡᠡᠬᠦ ᠬᠢᠨᠡᠯᠳᠡ ᠪᠤᠯᠭᠠᠨ᠂ ᠬᠠᠤᠯᠢ ᠰᠠᠬᠢᠯᠭ᠎ᠠ ᠶᠢ ᠵᠦᠷᠢᠴᠡᠭᠰᠡᠨ ᠡᠯ᠎ᠡ ᠲᠦᠷᠦᠯ ᠤᠨ ᠠᠵᠢᠯᠯᠠᠭ᠎ᠠ ᠶᠢ ᠴᠢᠩᠭ᠎ᠠ ᠪᠠᠶᠢᠴᠠᠭᠠᠵᠤ ᠰᠢᠢᠳᠪᠦᠷᠢᠯᠡᠨ᠎ᠡ᠃ ᠵᠠᠰᠠᠭ ᠤᠨ ᠰᠤᠷᠳᠠᠯ ᠤᠨ ᠪᠠᠶᠢᠭᠤᠯᠤᠯᠳᠠ ᠶᠢ ᠦᠨᠡᠡᠬᠦ ᠴᠢᠩᠭᠠᠳᠬᠠᠨ᠂ ᠺᠠᠳ᠋ᠷᠴᠤᠳ ᠤᠨ ᠠᠵᠢᠯ ‍ᠤᠨ‌‍ᠰᠤᠷᠳᠠᠯ ᠢ ᠴᠡᠭᠴᠡᠯᠡᠨ ᠰᠠᠶᠢᠵᠢᠷᠠᠭᠤᠯᠵᠤ᠂ ᠺᠠᠳ᠋ᠷᠴᠣᠳ ᠨᠢ ᠨᠠᠶᠢᠳᠠ  ᠶᠢᠨ ᠲᠦᠯᠤᠬᠡ ᠦᠪᠡᠷ ᠢ ᠪᠠᠨ ᠤᠮᠠᠷᠳᠠᠨ᠂ ᠰᠢᠷᠭᠠᠭᠤ ᠠᠵᠢᠯᠯᠠᠭᠰᠡᠨ ᠵᠢᠱᠢᠶᠠᠴᠢ᠂ ᠡᠬᠦᠷᠬᠡ ᠲᠤᠰᠢᠶᠠᠯ ᠢᠶᠠᠨ ᠬᠦᠢᠴᠡᠳᠬᠡᠵᠤ ᠶᠡᠭᠡ ᠲᠠᠯ᠎ᠠ ᠶᠢ ᠬᠠᠷᠠᠭᠠᠯᠵᠠᠭᠰᠡᠨ ᠵᠢᠱᠢᠶᠠᠴᠢ᠂ ᠬᠠᠳᠠᠭᠤᠵᠢᠯᠳᠡᠢ ᠲᠠᠮᠠᠴᠠᠨ ᠠᠷᠡᠳ ᠤᠨ ᠲᠦᠯᠤᠬᠡ ᠵᠠᠰᠠᠭ ᠶᠠᠪᠤᠭᠤᠯᠤᠭᠰᠡᠨ ᠵᠢᠱᠢᠶᠠᠴᠢ ᠪᠣᠯᠣᠨ᠂ ᠡᠬᠦᠷᠬᠡ ᠬᠠᠷᠢᠭᠤᠴᠠᠯᠭ᠎ᠠ ᠪᠠᠨ ᠪᠠᠶᠠᠯᠡᠬᠦᠯᠦᠨ᠎ᠠ᠃ᠲᠦᠯᠦᠬᠡᠯᠡᠭᠴᠢᠳ ᠡ᠂ ᠦᠨᠦ ᠵᠢᠯ ᠤᠨ ᠪᠦᠬᠦ ᠬᠤᠰᠢᠭᠤᠨ ᠤ ᠠᠵᠤ ᠠᠬᠤᠢ ᠨᠡᠶᠢᠭᠡᠮ ᠤᠨ ᠬᠦᠭᠵᠢᠬᠦᠯᠦᠯᠳᠡ ᠶᠢᠨ ᠡᠭᠦᠷᠭᠡ ᠬᠦᠡᠳᠤ᠂ ᠬᠦᠴᠢᠷ ᠪᠡᠷᠬᠡ ᠰᠢᠯᠭᠠᠯᠳᠠ ᠤᠯᠠᠨ ᠪᠠᠶᠢᠨ᠎ᠠ᠃ ᠲᠠᠷᠬᠠᠨ ᠡᠭᠦᠷᠬᠡ ᠪᠤᠯᠤᠨ ᠵᠠᠶᠢᠯᠠᠭᠤᠯᠵᠤ ᠪᠤᠯᠤᠰᠢ ᠦᠬᠡᠢ ᠬᠠᠷᠢᠭᠤᠴᠠᠯᠭ᠎ᠠ ᠤᠳ ᠬᠠᠷᠢᠨ ᠪᠢᠳᠠᠨ ᠢ ᠤᠷᠮᠠᠰᠢᠭᠤᠯᠤᠨ ᠵᠤᠷᠢᠭᠵᠢᠭᠤᠯᠵᠤ ᠪᠠᠶᠢᠨ᠎ᠠ᠃ ᠡᠶᠢᠮᠦ ᠠᠴᠠ ᠪᠢᠳᠠ ᠬᠤᠰᠢᠭᠤ ᠨᠠᠮ ᠤᠨ ᠬᠤᠷᠢᠶᠠᠨ ᠤ ᠤᠳᠤᠷᠢᠳᠤᠯᠭ᠎ᠠ ᠲᠤᠤᠷ᠎ᠠ᠂ ᠬᠦᠭᠵᠢᠬᠦᠯᠦᠯᠳᠡ ᠶᠢ ᠠᠬᠢᠭᠤᠯᠬᠤ ᠢᠳᠡᠬᠡᠯ ᠵᠤᠷᠢᠭ  ᠢᠶᠠᠨ ᠤᠯᠠᠮ ᠴᠢᠩᠭᠠᠯᠠᠵᠤ᠂ ᠴᠠᠭ ᠢ ᠵᠠᠪᠳᠣᠨ ᠬᠦᠴᠢᠷ ᠪᠡᠷᠬᠡ ᠶᠢ ᠲᠤᠭᠤᠯᠬᠤ ᠤᠮᠤᠭ ᠵᠤᠷᠢᠭ ᠢᠶᠠᠨ ᠬᠦᠪᠴᠢᠯᠠᠵᠣ᠂ ᠬᠠᠳᠠᠭᠤᠵᠢᠯᠳᠠᠢ᠂ ᠦᠨᠡᠨ ᠪᠤᠳᠠᠳᠠᠢ ᠠᠵᠢᠯᠯᠠᠬᠤ ᠰᠤᠷᠳᠠᠯ ᠢ ᠪᠠᠳᠠᠷᠠᠭᠤᠯᠤᠨ᠂ ᠠᠪᠠᠭ᠎ᠠ ᠬᠤᠰᠢᠭᠤᠨ ᠤ ᠪᠠᠨ ᠬᠦᠭᠵᠢᠯᠳᠡ ᠶᠢᠨ ᠰᠢᠨ᠎ᠡ ᠦᠰᠤᠷᠤᠯᠳᠠ ᠰᠢᠨ᠎ᠡ ᠪᠠᠶᠢᠳᠠᠯ ᠢ ᠲᠠᠰᠤᠷᠠᠯᠳᠠ ᠦᠬᠡᠢ ᠪᠤᠢ ᠪᠤᠯᠭᠠᠬᠤ ᠶᠢᠨ ᠲᠦᠯᠦᠬᠡ ᠬᠠᠮᠳᠤ ᠪᠠᠷ ᠴᠢᠷᠮᠠᠶᠢᠵᠠᠭᠠᠶ᠎ᠠ︕
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号