2008 ᠣᠨ  ᠤ ᠵᠠᠰᠠᠭ  ᠤᠨ ᠣᠷᠳᠣᠨ  ᠤ ᠠᠵᠢᠯ  ᠤᠨ ᠢᠯᠡᠳᠬᠡᠯ
ᠨᠡᠶᠢᠲᠡᠯᠡᠭᠰᠡᠨ ᠴᠠᠭ᠄
2017/5/17
                     ᠵᠠᠰᠠᠭ  ᠤᠨ ᠣᠷᠳᠣᠨ  ᠤ ᠠᠵᠢᠯ  ᠤᠨ ᠢᠯᠡᠳᠬᠡᠯ                                                    2008 ᠣᠨ  ᠤ 3 ᠰᠠᠷ᠎ᠠ  ᠶᠢᠨ 22  ᠤ ᠡᠳᠣᠷ ᠠᠷᠪᠠᠨ ᠭᠤᠷᠪᠠᠳᠣᠭᠠᠷ              ᠬᠤᠭᠤᠴᠠᠭᠠᠨ  ᠤ ᠠᠷᠠᠳ  ᠤᠨ ᠲᠦᠯᠦᠬᠡᠯᠡᠭᠴᠢᠳ  ᠤᠨ  ᠶᠡᠭᠡ  ᠬᠤᠷᠠᠯ  ᠤᠨ              ᠬᠤᠶᠠᠳᠣᠭᠠᠷ  ᠣᠳᠠᠭᠠᠨ  ᠤ  ᠬᠤᠷᠠᠯ  ᠲᠡᠬᠡᠷᠠᠬᠢ  ᠶᠠᠷᠢᠶ᠎ᠠ                                                                  ᠵᠠᠰᠠᠭ  ᠤᠨ ᠣᠷᠳᠣᠨ  ᠤ ᠬᠤᠰᠢᠭᠤ ᠲᠠᠷᠤᠭ᠎ᠠ    ᠪᠣᠣ ᠰᠣᠶᠣᠯᠳᠣᠲᠦᠯᠦᠬᠡᠯᠡᠭᠴᠢᠳ ᠡ᠄ᠣᠳᠣ ᠪᠢ ᠬᠤᠰᠢᠭᠤ ᠠᠷᠠᠳ  ᠤᠨ ᠵᠠᠰᠠᠭ  ᠤᠨ ᠣᠷᠳᠣᠨ  ᠢ ᠲᠦᠯᠦᠬᠡᠯᠡᠵᠣ᠂ ᠶᠡᠭᠡ ᠬᠤᠷᠠᠯ  ᠳᠤ ᠠᠵᠢᠯ  ᠤᠨ ᠢᠯᠡᠳᠬᠡᠯ ᠬᠢᠶ᠎ᠠ᠃ ᠣᠯᠠᠨ  ᠢᠶᠠᠷ  ᠢᠶᠠᠨ ᠬᠢᠨᠠᠨ ᠵᠦᠪᠯᠡᠬᠦ ᠪᠣᠯᠪᠠᠣ᠃ ᠡᠬᠦᠨ  ᠤ ᠬᠠᠮᠳᠣ ᠬᠤᠰᠢᠭᠤ ᠣᠯᠣᠰ ᠲᠦᠷᠦ  ᠶᠢᠨ ᠵᠦᠪᠯᠡᠯᠬᠡᠨ  ᠤ ᠬᠡᠰᠢᠬᠦᠳ ᠪᠠ ᠬᠤᠷᠠᠯ  ᠳᠤ ᠰᠣᠯᠨ ᠣᠷᠣᠯᠴᠠᠭᠰᠠᠨ ᠨᠦᠬᠦᠳ ᠰᠠᠨᠠᠯ ᠲᠣᠷᠠᠳᠬᠤ  ᠶᠢ ᠬᠦᠰᠠᠵᠣ ᠪᠠᠶᠢᠨ᠎ᠠ᠃ᠨᠢᠬᠡ᠂ 2007 ᠣᠨ  ᠤ ᠠᠵᠢᠯ  ᠤᠨ ᠡᠷᠬᠢᠴᠡᠬᠦᠯᠦᠯ2007 ᠣᠨ  ᠳᠤ᠂ ᠠᠶᠢᠮᠠᠭ  ᠤᠨ ᠨᠠᠮ  ᠤᠨ ᠬᠤᠷᠢᠶ᠎ᠠ᠂ ᠠᠶᠢᠮᠠᠭ  ᠤᠨ ᠵᠠᠬᠢᠷᠭ᠎ᠠ ᠪᠠ ᠬᠤᠰᠢᠭᠤ ᠨᠠᠮ  ᠤᠨ ᠬᠤᠷᠢᠶᠠᠨ  ᠤ ᠵᠦᠪ ᠣᠨᠣᠪᠴᠢᠳᠠᠢ ᠣᠳᠣᠷᠢᠳᠣᠯᠭ᠎ᠠ ᠬᠢᠬᠡᠳ ᠬᠤᠰᠢᠭᠤ ᠠᠷᠠᠳ ᠤᠨ ᠲᠦᠯᠦᠬᠡᠯᠡᠭᠴᠢᠳ  ᠤᠨ ᠶᠡᠭᠡ ᠬᠤᠷᠠᠯ  ᠤᠨ ᠬᠢᠨᠠᠯᠳᠠ ᠪᠠ ᠣᠯᠣᠰ ᠲᠦᠷᠦ  ᠶᠢᠨ ᠵᠦᠪᠯᠡᠯᠬᠡᠨ  ᠤ ᠲᠠᠮᠵᠢᠯᠬᠡ ᠲᠣᠣᠷ᠎ᠠ᠂ ᠬᠤᠰᠢᠭᠤ ᠵᠠᠰᠠᠭ  ᠤᠨ ᠣᠷᠳᠣᠨ ᠨᠢ ᠪᠦᠬᠦ ᠬᠤᠰᠢᠭᠤᠨ  ᠤ ᠦᠨᠳᠣᠰᠣᠳᠠᠨ ᠨᠦᠭᠦᠳ  ᠤᠨ ᠠᠷᠠᠳ ᠲᠦᠮᠡᠨ  ᠢ ᠪᠦᠯᠬᠦᠮᠳᠡᠬᠦᠯᠦᠨ ᠲᠠᠭᠠᠭᠤᠯᠵᠣ᠂ ᠰᠢᠨᠵᠢᠯᠡᠬᠦ ᠣᠬᠠᠭᠠᠨᠴᠢ ᠬᠦᠭᠵᠢᠯᠳᠠ  ᠶᠢᠨ ᠦᠵᠡᠯᠳᠠ  ᠶᠢ ᠬᠢᠨᠠᠮᠠᠭᠠᠢ ᠲᠣᠣᠱᠯᠠᠭᠤᠯᠣᠨ᠂ ᠶᠠᠰᠣ ᠴᠢᠨᠠᠷ  ᠢ ᠠᠳᠬᠤᠨ ᠦᠷ᠎ᠠ ᠠᠰᠢᠭ  ᠢ ᠲᠡᠬᠡᠭᠰᠢᠯᠡᠬᠦᠯᠵᠣ᠂ ᠲᠣᠬᠢᠷᠠᠭᠤᠯᠣᠯᠳᠠ  ᠶᠢ ᠠᠳᠬᠤᠨ ᠬᠤᠪᠢᠷᠠᠭᠤᠯᠣᠯᠳᠠ  ᠶᠢ ᠲᠦᠷᠬᠡᠳᠬᠡᠵᠣ᠂ ᠰᠠᠭᠤᠷᠢ ᠪᠦᠳᠦᠬᠡᠨ ᠪᠠᠶᠢᠭᠤᠯᠣᠯᠳᠠ  ᠶᠢ ᠠᠳᠬᠤᠨ ᠬᠦᠭᠵᠢᠯᠳᠠ  ᠶᠢ ᠠᠬᠢᠭᠤᠯᠵᠣ᠂ ᠦᠬᠡᠷᠡᠴᠢᠯᠠᠯᠳᠠ  ᠶᠢ ᠠᠳᠬᠤᠨ ᠠᠮᠢᠵᠢᠷᠠᠯ  ᠤᠨ ᠬᠦᠴᠦᠨ  ᠢ ᠴᠢᠩᠭᠠᠳᠬᠠᠵᠣ᠂ ᠨᠢᠬᠡᠳᠣᠯᠳᠠᠢ ᠲᠦᠯᠦᠪᠵᠢᠬᠦᠯᠬᠡ ᠶᠢ ᠠᠳᠬᠤᠨ ᠵᠣᠬᠢᠴᠠᠭᠤᠯᠣᠯᠳᠠ ᠶᠢ ᠪᠡᠶᠡᠯᠡᠬᠦᠯᠵᠣ᠂ ᠪᠦᠬᠦ ᠵᠢᠯ  ᠤᠨ ᠡᠯ᠎ᠠ ᠲᠠᠯ᠎ᠠ  ᠶᠢᠨ ᠠᠵᠢᠯ  ᠤᠨ ᠡᠬᠦᠷᠬᠡ ᠪᠠᠨ ᠠᠮᠵᠢᠯᠳᠠ ᠲᠠᠢ ᠪᠠᠶᠡᠯᠡᠬᠦᠯᠦᠨ᠂ ᠪᠦᠬᠦ ᠬᠤᠰᠢᠭᠤᠨ  ᠤ ᠠᠵᠣ ᠠᠬᠤᠢ ᠨᠡᠶᠢᠬᠡᠮ  ᠤᠨ ᠨᠡᠩ ᠰᠠᠶᠢᠨ ᠨᠡᠩ ᠲᠦᠷᠬᠡᠨ ᠬᠦᠭᠵᠢᠯᠳᠠ  ᠳᠤ ᠪᠠᠳᠣ ᠪᠠᠬᠢ ᠰᠠᠭᠤᠷᠢ  ᠶᠢ ᠲᠠᠯᠪᠢᠭᠰᠠᠨ ᠪᠠᠶᠢᠨ᠎ᠠ᠃││ᠠᠵᠣ ᠠᠬᠤᠢ  ᠶᠢᠨ ᠲᠦᠷᠬᠡᠨ ᠬᠦᠭᠵᠢᠯᠳᠠ  ᠶᠢ ᠪᠡᠳᠣᠯᠠᠪᠠ᠃ ᠪᠦᠬᠦ ᠵᠢᠯ  ᠳᠤ ᠭᠠᠵᠠᠷ ᠣᠷᠣᠨ  ᠤ ᠦᠢᠯᠡᠳᠪᠣᠷᠢᠯᠠᠯ  ᠤᠨ ᠦᠢᠯᠡᠳᠬᠡᠬᠦᠨ  ᠤ ᠶᠠᠷᠣᠩᠬᠡᠢ ᠦᠷᠳᠡᠭ  ᠢ 12.6  ᠳ᠋ᠦᠩᠰᠢᠭᠤᠷ ᠲᠦᠬᠦᠷᠢᠭ ᠪᠠᠶᠡᠯᠡᠬᠦᠯᠵᠣ ᠂ ᠨᠢᠳᠣᠨᠣᠨ  ᠤ ᠠᠳᠠᠯᠢ ᠬᠤᠭᠤᠴᠠᠭᠠᠨ  ᠤ ᠬᠢ  ᠠᠴᠠ 18% ᠪᠠᠷ ᠨᠡᠮᠡᠭᠳᠠᠵᠠᠢ᠃ ᠡᠬᠦᠨ ᠳᠤ᠄  ᠨᠢᠬᠡᠳᠣᠬᠡᠷ ᠠᠵᠣ ᠦᠢᠯᠡᠰ  ᠤᠨ ᠨᠡᠮᠡᠭᠳᠠᠯ ᠦᠷᠳᠡᠭ 3.3 ᠳ᠋ᠦᠩᠰᠢᠭᠤᠷ ᠲᠦᠬᠦᠷᠢᠭ᠂ 0.3%   ᠪᠠᠷ ᠨᠡᠮᠡᠭᠳᠠᠨ᠂ ᠬᠤᠶᠠᠳᠣᠭᠠᠷ ᠠᠵᠣ ᠦᠢᠯᠡᠰ  ᠤᠨ ᠨᠡᠮᠡᠭᠳᠠᠯ ᠦᠷᠳᠡᠭ 5.6 ᠳ᠋ᠦᠩᠰᠢᠭᠤᠷ ᠲᠦᠬᠦᠷᠢᠭ᠂ 20.7% ᠪᠠᠷ ᠨᠡᠮᠡᠭᠳᠠᠨ᠂ ᠭᠤᠷᠪᠠᠳᠣᠭᠠᠷ ᠠᠵᠣ ᠦᠢᠯᠡᠰ ᠤᠨ ᠨᠡᠮᠡᠭᠳᠠᠯ ᠦᠷᠳᠡᠭ 3.7 ᠳ᠋ᠦᠩᠰᠢᠭᠤᠷ ᠲᠦᠬᠦᠷᠢᠭ᠂ 19.2% ᠢᠶᠠᠷ ᠨᠡᠮᠡᠭᠳᠠᠪᠠ ᠃ ᠪᠦᠬᠦ ᠨᠡᠶᠢᠬᠡᠮ  ᠤᠨ ᠲᠣᠭᠳᠠᠮᠠᠯ ᠬᠦᠷᠦᠩᠬᠡ  ᠶᠢᠨ ᠪᠡᠯᠨ ᠣᠷᠣᠭᠤᠯᠣᠯᠳᠠ  ᠶᠢ  23 ᠳ᠋ᠦᠩᠰᠢᠭᠤᠷ ᠲᠦᠬᠦᠷᠢᠭ ᠪᠠᠶᠠᠯᠡᠬᠦᠯᠵᠣ᠂ 76.6%   ᠪᠠᠷ ᠨᠡᠮᠡᠭᠳᠠᠵᠠᠢ  ︔ ᠡᠳ᠋  ᠤᠨ ᠵᠠᠰᠠᠭ  ᠤᠨ ᠶᠠᠷᠦᠩᠬᠡᠢ ᠣᠷᠣᠯᠭ᠎ᠠ  ᠶᠢ 1.06 ᠳ᠋ᠦᠩᠰᠢᠭᠤᠷ ᠲᠦᠬᠦᠷᠢᠭ ᠪᠡᠶᠡᠯᠡᠬᠦᠯᠵᠣ᠂  31.3%   ᠪᠠᠷ ᠨᠡᠮᠡᠭᠳᠠᠵᠣ᠂ ᠭᠠᠵᠠᠷ ᠣᠷᠣᠨ  ᠤ ᠡᠳ᠋ ᠤᠨ ᠵᠠᠰᠠᠭ ᠤᠨ ᠵᠠᠷᠣᠯᠭ᠎ᠠ 2.6 ᠳ᠋ᠦᠩᠰᠢᠭᠤᠷ ᠲᠦᠬᠦᠷᠢᠭ  ᠲᠤ ᠬᠦᠷᠴᠣ᠂ 11.8 % ᠪᠠᠷ ᠨᠡᠮᠡᠭᠳᠠᠵᠠᠢ︔ ᠬᠤᠳᠠ ᠪᠠᠯᠭᠠᠰᠣᠨ  ᠤ ᠰᠠᠭᠤᠭᠠᠯᠢ ᠠᠷᠠᠳ  ᠤᠨ ᠲᠣᠮᠳᠠᠴᠢ ᠲᠣᠬᠢᠷᠠᠭᠤᠯᠵᠣ ᠪᠣᠯᠬᠤᠶᠢᠴᠨ ᠣᠷᠣᠯᠭ᠎ᠠ 9266 ᠲᠦᠬᠦᠷᠢᠭ  ᠲᠤ  ᠬᠦᠷᠴᠣ᠂ 34% ᠪᠠᠷ ᠨᠡᠮᠡᠭᠳᠠᠵᠣ᠂ ᠮᠠᠯᠴᠢᠳ  ᠤᠨ ᠲᠣᠮᠳᠠᠴᠢ ᠴᠠᠪᠠᠷ ᠣᠷᠣᠯᠭ᠎ᠠ 5560 ᠲᠦᠬᠦᠷᠢᠭ  ᠲᠤ ᠬᠦᠷᠴᠣ᠂ 39.6% ᠪᠠᠷ ᠨᠡᠮᠡᠭᠳᠡᠭᠰᠡᠨ ᠪᠠᠶᠢᠨ᠎ᠠ᠃ │ │ᠮᠠᠯᠵᠢᠬᠤ ᠣᠷᠣᠨ  ᠤ ᠠᠵᠢᠯ ᠰᠢᠨ᠎ᠠ ᠦᠷ᠎ᠠ ᠪᠦᠳᠣᠮᠵᠢ ᠣᠯᠪᠠ᠃ ᠠᠮᠢ ᠠᠬᠤᠢ  ᠶᠢᠨ ᠰᠡᠷᠬᠦᠬᠡᠯᠳᠠ ᠶᠢᠨ ᠡᠯ᠎ᠠ ᠲᠦᠷᠦᠯ  ᠤᠨ ᠢᠨᠵᠧᠨᠧᠷᠢᠩ  ᠢ ᠬᠢᠨᠠᠮᠠᠭᠠᠢ ᠬᠡᠷᠡᠭᠵᠢᠬᠦᠯᠦᠨ᠂  ᠬᠠᠰᠢᠶᠠᠯᠠᠨ ᠮᠠᠯᠵᠢᠭᠤᠯᠣᠭᠰᠠᠨ ᠲᠠᠯᠠᠪᠠᠢ 3647 ᠲᠦᠮᠡᠨ ᠮᠣ᠋᠂ ᠪᠡᠯᠴᠢᠬᠡᠷᠯᠡᠬᠦᠯᠬᠦ  ᠶᠢ ᠵᠣᠭᠰᠣᠭᠠᠭᠰᠠᠨ ᠲᠠᠯᠠᠪᠠᠢ 406.6 ᠲᠦᠮᠡᠨ ᠮᠣ᠋ ᠬᠦᠷᠴᠣ᠂ ᠠᠰᠢᠭᠯᠠᠵᠣ ᠪᠣᠯᠬᠤᠶᠢᠴᠨ ᠨᠣᠳᠤᠭ ᠪᠠᠯᠴᠢᠬᠡᠷ  ᠤᠨ 100% ᠶᠢ ᠡᠵᠡᠯᠡᠪᠡ︔ ᠪᠠᠯᠴᠢᠬᠡᠷ ᠠᠮᠣᠷᠵᠢᠭᠤᠯᠣᠭᠰᠠᠨ ᠰᠠᠭᠤᠷᠢᠨ ᠲᠡᠬᠡᠷ᠎ᠠ ᠰᠡᠯᠬᠦᠨ ᠮᠠᠯᠵᠢᠭᠤᠯᠣᠭᠰᠠᠨ ᠲᠠᠯᠠᠪᠠᠢ 354 ᠲᠦᠮᠠᠨ ᠮᠣ᠋ ᠬᠦᠷᠴᠣ᠂ ᠨᠢᠳᠣᠨᠣᠨ  ᠤ ᠬᠢ ᠠᠴᠠ 220 ᠲᠦᠮᠡᠨ ᠮᠣ᠋ ᠨᠡᠮᠡᠭᠳᠠᠵᠠᠢ︔ ᠡᠯᠡᠰᠣᠨ  ᠤ ᠡᠬᠢ ᠶᠢ 139.3 ᠲᠦᠮᠠᠨ ᠮᠣ᠋ ᠵᠠᠰᠠᠵᠣ᠂ ᠲᠠᠯ᠎ᠠ ᠨᠣᠳᠤᠭ  ᠤᠨ ᠠᠮᠢ ᠠᠬᠤᠢ  ᠶᠢᠨ ᠣᠷᠴᠢᠨ ᠲᠣᠭᠤᠷᠢᠨ ᠵᠣᠬᠢᠬᠤ ᠬᠡᠮᠵᠢᠶ᠎ᠠ ᠪᠠᠷ ᠰᠠᠶᠢᠵᠢᠷᠠᠪᠠ᠃ ᠬᠠᠮᠳᠣ  ᠶᠢᠨ ᠣᠢ ᠰᠢᠭᠤᠢ ᠶᠢᠨ ᠬᠠᠮᠠᠭᠠᠯᠠᠯᠳᠠ ᠶᠢᠨ ᠢᠨᠵᠧᠨᠧᠷᠢᠩ  ᠢ ᠬᠡᠷᠡᠭᠵᠢᠬᠦᠯᠵᠣ᠂ 87.7 ᠲᠦᠮᠡᠨ ᠮᠣ᠋ ᠣᠢ ᠮᠣᠳᠣ ᠲᠠᠢ ᠨᠣᠳᠤᠭ ᠪᠠᠯᠴᠢᠬᠡᠷ ᠢ ᠣᠯᠣᠰ  ᠤᠨ ᠭᠤᠣᠯᠳᠠᠯᠭ᠎ᠠ ᠲᠠᠢ ᠬᠠᠮᠳᠣ  ᠶᠢᠨ ᠣᠢ ᠰᠢᠭᠤᠢ  ᠶᠢᠨ ᠬᠠᠮᠠᠭᠠᠯᠠᠯᠳᠠ ᠶᠢᠨ ᠤᠷᠤᠨ ᠳᠤ ᠣᠷᠣᠭᠤᠯᠪᠠ᠃ ᠬᠠᠣᠯᠢ ᠬᠡᠷᠡᠭᠵᠢᠬᠦᠯᠬᠦ ᠡᠷᠴᠢᠮ  ᠢ ᠣᠯᠠᠮ ᠴᠢᠩᠭᠠᠷᠠᠭᠤᠯᠣᠨ᠂ ᠲᠠᠯ᠎ᠠ ᠨᠣᠳᠤᠭ  ᠤᠨ ᠬᠠᠣᠯᠢ ᠪᠠ ᠲᠦᠷᠢᠮ ᠲᠣᠭᠳᠠᠭᠠᠯ  ᠢ ᠵᠦᠷᠢᠴᠡᠭᠰᠡᠨ ᠬᠡᠷᠡᠭ  ᠢ 349 ᠣᠳᠠᠭ᠎ᠠ ᠪᠠᠶᠢᠴᠠᠭᠠᠨ ᠰᠢᠢᠳᠪᠣᠷᠢᠯᠠᠪᠠ᠃ ᠮᠠᠯᠵᠢᠬᠤ ᠣᠷᠣᠨ  ᠤ ᠬᠦᠮᠦᠨ ᠠᠮᠨ ᠶᠢ ᠨᠡᠬᠦᠯᠬᠡᠨ ᠰᠢᠯᠵᠢᠬᠦᠯᠬᠦ ᠡᠯ᠎ᠠ  ᠵᠦᠢᠯ ᠤᠨ ᠬᠠᠷᠠᠭᠠᠯᠵᠠᠯ  ᠤᠨ ᠲᠦᠷᠦ  ᠶᠢᠨ ᠪᠣᠳᠣᠯᠭ᠎ᠠ  ᠶᠢ ᠬᠢᠨᠠᠮᠠᠭᠠᠢ ᠨᠠᠶᠢᠳᠠᠪᠣᠷᠢᠵᠢᠭᠤᠯᠵᠣ᠂ ᠮᠠᠯᠵᠢᠬᠤ ᠣᠷᠣᠨ  ᠤ 316 ᠡᠷᠦᠬᠡ  ᠶᠢᠨ 1007 ᠬᠦᠮᠦᠨ  ᠢ ᠨᠡᠬᠦᠯᠬᠡᠨ ᠰᠢᠯᠵᠢᠬᠦᠯᠪᠠ᠃ ᠮᠠᠯ ᠠᠵᠣ ᠠᠬᠤᠢ  ᠶᠢᠨ ᠪᠦᠳᠦᠴᠨ  ᠶᠢᠨ ᠲᠣᠬᠢᠷᠠᠭᠤᠯᠣᠯᠳᠠ ᠰᠢᠨ᠎ᠠ ᠠᠬᠢᠯᠳᠠ ᠲᠠᠢ ᠪᠣᠯᠵᠣ᠂ 1.35 ᠲᠦᠮᠡᠨ ᠦᠨᠢᠶᠠᠨ ᠳᠤ ᠢᠴᠡᠬᠡᠯ ᠦᠷ᠎ᠠ  ᠶᠢᠨ ᠬᠡᠬᠡᠯᠳᠣᠬᠦᠯᠬᠡ ᠬᠢᠵᠣ᠂ 2300 ᠲᠣᠯᠣᠭᠠᠢ ᠰᠢᠮᠧᠨ᠋ᠲ᠋ᠧᠷ ᠦᠬᠡᠷ ᠣᠷᠣᠭᠤᠯᠵᠠᠢ︔  ᠲᠣᠮᠳᠠ ᠬᠤᠶᠢᠳᠣ ᠬᠡᠰᠡᠭ  ᠤᠨ 40 ᠭᠠᠴᠠᠭ᠎ᠠ ᠨᠢ ᠦᠷ᠎ᠠ  ᠶᠢᠨ ᠮᠠᠯ ᠢ ᠲᠦᠪᠯᠡᠷᠡᠬᠦᠯᠦᠨ ᠬᠠᠮᠢᠶᠠᠷᠴᠣ᠂ ᠣᠨᠴᠨ ᠨᠢᠬᠡᠳᠣᠬᠡᠷ ᠲᠠᠰ  ᠤᠨ ᠦᠷ᠎ᠠ  ᠶᠢᠨ ᠮᠠᠯ  ᠤᠨ ᠨᠣᠷᠮ᠎ᠠ 86% ᠬᠦᠷᠪᠠ︔ 4 ᠮᠠᠯᠵᠢᠬᠤ ᠣᠷᠣᠨ  ᠤ ᠰᠦᠨ  ᠤ ᠦᠷᠳᠡᠭᠡ  ᠂ 3 ᠴᠡᠭᠡ ᠪᠣᠯᠪᠠᠰᠣᠷᠠᠭᠤᠯᠬᠤ ᠴᠢᠭ ᠪᠠᠶᠢᠭᠤᠯᠵᠣ᠂ ᠰᠢᠨ᠎ᠠ ᠪᠠᠷ 23 ᠲᠦᠮᠡᠨ ᠮᠣ᠋ ᠪᠠᠶᠢᠭᠠᠯᠢᠯᠢᠭ ᠬᠠᠳᠣᠯᠠᠩ  ᠢ ᠬᠦᠷᠢᠶᠠᠯᠠᠪᠠ᠃ 2007 ᠣᠨ  ᠤ ᠮᠠᠯᠵᠢᠯ  ᠤᠨ ᠣᠨ ᠳᠠᠬᠢ ᠡᠪᠦᠯᠵᠢᠭᠰᠡᠨ ᠮᠠᠯ  ᠤᠨ ᠲᠤᠭ᠎ᠠ ᠲᠣᠯᠣᠭᠠᠢ 168 ᠲᠦᠮᠨ ᠬᠦᠷᠴᠣ᠂ 5.3 ᠲᠦᠮᠨ ᠪᠠᠭᠤᠷᠠᠵᠣ᠂ ᠡᠬᠦᠨ  ᠳᠤ ᠪᠣᠳᠠ ᠮᠠᠯ  ᠤᠨ ᠲᠤᠭ᠎ᠠ 8.5%   ᠪᠠᠷ ᠨᠡᠮᠡᠭᠳᠠᠨ᠂ ᠪᠣᠭ ᠮᠠᠯ ᠤᠨ ᠲᠤᠭ᠎ᠠ 3.8 % ᠪᠠᠷ ᠬᠠᠰᠣᠭᠳᠠᠵᠣ᠂ ᠡᠬᠦᠯᠳᠠᠷ ᠰᠠᠶᠢᠵᠢᠷᠠᠭᠤᠯᠣᠭᠰᠠᠨ ᠨᠣᠷᠮ᠎ᠠ 88.2%  ᠬᠦᠷᠪᠠ᠃ ᠮᠠᠯ ᠠᠵᠣ ᠠᠬᠤᠢ  ᠶᠢᠨ ᠰᠠᠭᠤᠷᠢ ᠲᠦᠬᠦᠬᠡᠷᠦᠮᠵᠢ  ᠶᠢᠨ ᠪᠦᠳᠦᠬᠡᠨ ᠪᠠᠶᠢᠭᠤᠯᠣᠯᠳᠠ ᠣᠯᠠᠮ ᠴᠢᠩᠭᠠᠷᠠᠵᠣ᠂ 1.98  ᠲᠦᠮᠠᠨ ᠲᠡᠭᠰᠢ ᠲᠦᠷᠪᠠᠯᠵᠢᠨ ᠮᠧᠲᠷ ᠫᠧᠩ ᠬᠤᠷᠤᠭ᠎ᠠ᠂ 53 ᠣᠰᠣᠨ ᠰᠣᠷᠪᠣᠯᠵᠢ  ᠶᠢᠨ ᠪᠠᠷᠢᠯᠭ᠎ᠠ᠂  45 ᠠᠷᠪᠢᠳᠠᠢ ᠣᠰᠣᠯᠠᠯᠳᠠ  ᠶᠢᠨ ᠭᠠᠵᠠᠷ  ᠢ ᠰᠢᠨ᠎ᠠ ᠪᠠᠷ ᠪᠠᠶᠢᠭᠤᠯᠵᠣ᠂ 214 ᠢᠵᠢ ᠡᠪᠡᠰᠣ ᠪᠣᠷᠳᠤᠭ᠎ᠠ ᠪᠣᠯᠪᠠᠰᠣᠷᠠᠭᠤᠯᠬᠤ ᠮᠠᠰᠢᠨ   ᠢ ᠣᠷᠣᠭᠤᠯᠣᠭᠰᠠᠨ ᠪᠠᠶᠢᠨ᠎ᠠ᠃ ││ ᠠᠵᠣ ᠦᠢᠯᠡᠳᠪᠣᠷᠢ  ᠶᠢᠨ ᠲᠦᠷᠦᠯ ᠵᠦᠢᠯ  ᠤᠨ ᠠᠬᠢᠴᠨ ᠰᠢᠨ᠎ᠠ ᠰᠢᠪᠳᠣᠯᠣᠯᠳᠠ ᠲᠠᠢ ᠪᠣᠯᠪᠠ᠃ ᠬᠦᠢᠳᠠᠨᠰᠢᠯᠢ  ᠶᠢᠨ ᠰᠠᠯᠬᠢᠨ ᠴᠠᠬᠢᠯᠭᠠᠨ  ᠤ ᠲᠦᠷᠦᠯ ᠵᠦᠢᠯ  ᠤᠨ ᠨᠢᠬᠡᠨᠳᠠ ᠵᠦᠪᠰᠢᠶᠠᠷᠠᠬᠦᠯᠦᠭᠰᠡᠨ ᠮᠠᠰᠢᠨ ᠴᠣᠭᠴᠠᠯᠠᠪᠣᠷᠢ  ᠶᠢᠨ ᠬᠡᠮᠵᠢᠶ᠎ᠠ ᠨᠢ 40 ᠲᠦᠮᠡᠨ ᠺᠢᠯᠣᠸᠠᠲ ᠬᠦᠷᠴᠣ᠂ 35 ᠲᠦᠮᠡᠨ ᠺᠢᠯᠣᠸᠠᠲ ᠨᠢ ᠪᠠᠷᠢᠯᠭ᠎ᠠ ᠡᠬᠢᠯᠡᠬᠦᠯᠦᠨ᠂ 20 ᠲᠦᠮᠡᠨ ᠺᠢᠯᠣᠸᠠᠲ ᠨᠢ ᠨᠢᠬᠡᠨᠳᠠ ᠪᠠᠷᠢᠯᠭ᠎ᠠ ᠲᠠᠭᠤᠰᠬᠠᠵᠣ ᠲᠦᠬᠦᠬᠡᠷᠦᠮᠵᠢ ᠪᠠᠨ ᠲᠣᠷᠰᠢᠵᠣ ᠪᠣᠢ ᠃ ᠴᠠᠭᠠᠨᠨᠠᠭᠤᠷ ᠨᠡᠬᠦᠷᠠᠰᠣᠨ ᠠᠭᠤᠷᠬᠠᠢ  ᠶᠢᠨ ᠨᠠᠷᠢᠨ ᠪᠠᠶᠢᠴᠠᠭᠠᠯᠳᠠ  ᠶᠢᠨ ᠠᠵᠢᠯ  ᠢ ᠪᠡᠶᠡᠯᠡᠬᠦᠯᠦᠨ᠂ ᠬᠠᠳᠠᠭᠠᠯᠠᠭᠳᠠᠴᠨ  ᠶᠢᠨ ᠬᠡᠮᠵᠢᠶ᠎ᠠ ᠨᠢ 22.4 ᠳ᠋ᠦᠩᠰᠢᠭᠤᠷ ᠲᠣᠨ ᠪᠠᠶᠢᠬᠤ  ᠶᠢ ᠬᠠᠶᠢᠨ ᠲᠣᠳᠣᠯᠠᠵᠣ᠂ ᠦᠪᠡᠷᠳᠡᠬᠡᠨ ᠵᠠᠰᠠᠬᠤ ᠣᠷᠣᠨ  ᠤ ︽ᠠᠷᠪᠠᠨ ᠨᠢᠬᠡᠳᠣᠬᠡᠷ ᠲᠠᠪᠣᠨ ᠵᠢᠯ︾  ᠤᠨ ᠨᠡᠬᠦᠷᠠᠰᠣᠨ ᠠᠭᠤᠷᠬᠠᠢ  ᠶᠢᠨ ᠠᠵᠣ ᠦᠢᠯᠡᠳᠪᠣᠷᠢ  ᠶᠢ ᠨᠡᠬᠡᠬᠡᠨ ᠬᠦᠭᠵᠢᠬᠦᠯᠬᠦ ᠲᠦᠯᠦᠪᠵᠢᠬᠦᠯᠬᠡ  ᠶᠢᠨ 2008 ᠣᠨ  ᠤ ᠪᠦᠳᠦᠬᠡᠨ ᠪᠠᠶᠢᠭᠤᠯᠣᠯᠳᠠ  ᠶᠢᠨ ᠲᠦᠷᠦᠯ ᠵᠦᠢᠯ  ᠳᠤ ᠣᠷᠣᠭᠤᠯᠵᠣ᠂  ᠨᠢᠬᠡᠳᠣᠬᠡᠷ ᠬᠤᠭᠤᠴᠠᠭᠠᠨ  ᠤ ᠵᠢᠯ  ᠤᠨ ᠭᠠᠷᠣᠯᠳᠠ ᠨᠢ 800 ᠲᠦᠮᠡᠨ ᠲᠣᠨ  ᠤ ᠨᠡᠬᠦᠷᠠᠰᠣᠨ ᠠᠭᠤᠷᠬᠠᠢ  ᠶᠢᠨ ᠲᠦᠷᠦᠯ ᠵᠦᠢᠯ  ᠤᠨ ᠠᠭᠤᠷᠬᠠᠢ  ᠶᠢᠨ ᠲᠣᠭᠤᠷᠢᠭ  ᠤᠨ ᠶᠠᠷᠣᠩᠬᠡᠢ ᠲᠦᠯᠦᠪᠵᠢᠬᠦᠯᠬᠡ  ᠶᠢ ᠪᠡᠯᠡᠳᠬᠡᠯ ᠬᠢᠨᠠᠯᠳᠠ ᠪᠠᠷ ᠵᠦᠪᠰᠢᠶᠡᠷᠡᠬᠦᠯᠦᠨ᠂ 120 ᠲᠦᠮᠡᠨ ᠲᠣᠨ  ᠤ ᠮᠧᠲ᠋ᠢᠯ ᠠᠯᠺᠣᠣᠯ  ᠤᠨ ᠲᠦᠷᠦᠯ ᠵᠦᠢᠯ ᠨᠢ ᠦᠪᠡᠷᠳᠡᠬᠡᠨ ᠵᠠᠰᠠᠬᠤ ᠣᠷᠣᠨ  ᠤ ᠡᠮᠣᠨ᠎ᠠ ᠬᠤᠭᠤᠴᠠᠭᠠᠨ  ᠤ ᠪᠠᠯᠠᠳᠬᠡᠯ ᠠᠵᠢᠯ ᠢᠶᠠᠨ ᠦᠷᠨᠢᠬᠦᠯᠬᠦ ᠵᠦᠪᠰᠢᠶᠠᠷᠠᠯ  ᠢ ᠣᠯᠪᠠ᠃ ᠮᠠᠨᠢᠳᠣ ᠨᠡᠬᠦᠷᠠᠰᠣᠨ ᠠᠭᠤᠷᠬᠠᠢ ᠶᠢᠨ ᠨᠢᠬᠡᠳᠬᠡᠨ ᠨᠡᠶᠢᠯᠡᠬᠦᠯᠵᠣ ᠮᠡᠷᠬᠡᠵᠢᠯ  ᠤᠨ ᠦᠬᠡᠷᠡᠴᠢᠯᠠᠯᠳᠠ ᠬᠢᠬᠦ ᠲᠦᠷᠦᠯ ᠵᠦᠢᠯ  ᠤᠨ 30 ᠲᠦᠮᠡᠨ ᠲᠣᠨ  ᠤ ᠠᠭᠤᠷᠬᠠᠢ  ᠶᠢᠨ ᠬᠤᠳᠳᠤᠭ  ᠤᠨ ᠮᠡᠷᠬᠡᠵᠢᠯ  ᠤᠨ ᠦᠬᠡᠷᠡᠴᠢᠯᠠᠯᠳᠠ  ᠶᠢ ᠪᠡᠶᠡᠯᠡᠬᠦᠯᠦᠨ᠂ ᠪᠣᠰᠣᠳ 5 ᠠᠭᠤᠷᠬᠠᠢ  ᠶᠢᠨ ᠬᠤᠳᠳᠤᠭ ᠨᠢ ᠨᠢᠬᠡᠳᠬᠡᠨ ᠨᠡᠶᠢᠯᠡᠬᠦᠯᠵᠣ ᠮᠠᠷᠬᠡᠵᠢᠯ  ᠤᠨ ᠦᠬᠡᠷᠡᠴᠢᠯᠠᠯᠳᠠ ᠬᠢᠬᠦ ᠱᠠᠳᠣᠨ ᠳᠠᠭᠠᠨ ᠪᠠᠶᠢᠨ᠎ᠠ᠃ ᠴᠠᠭᠠᠨᠨᠠᠭᠤᠷ  ᠤᠨ 3 ᠲᠠᠮᠣᠷ  ᠤᠨ ᠠᠭᠤᠷᠬᠠᠢ  ᠨᠢ ᠲᠣᠭᠤᠷᠢᠭᠴᠢᠯᠠᠭᠰᠠᠨ ᠨᠠᠷᠢᠨ ᠪᠠᠶᠢᠴᠠᠭᠠᠯᠳᠠ  ᠶᠢ ᠪᠠᠶᠠᠯᠡᠬᠦᠯᠵᠣ᠂ ᠠᠭᠤᠷᠬᠠᠢ ᠮᠠᠯᠳᠠᠬᠤ ᠵᠦᠪᠰᠢᠶᠡᠷᠠᠯ  ᠤᠨ ᠭᠠᠷᠳᠠᠮ ᠢ ᠬᠦᠢᠴᠡᠳᠬᠡᠭᠰᠡᠨ ᠪᠠᠶᠢᠨ᠎ᠠ᠃ ᠴᠠᠭᠠᠨᠨᠠᠭᠤᠷ  ᠤᠨ ᠵᠡᠰ  ᠤᠨ ᠠᠭᠤᠷᠬᠠᠢ  ᠶᠢᠨ ᠲᠣᠭᠤᠷᠢᠭᠴᠢᠯᠠᠭᠰᠠᠨ ᠨᠠᠷᠢᠨ ᠪᠠᠶᠢᠴᠠᠭᠠᠯᠳᠠ ᠪᠠ ᠠᠭᠤᠷᠬᠠᠢ  ᠶᠢᠨ ᠲᠣᠭᠤᠷᠢᠭ  ᠤᠨ ᠨᠠᠶᠢᠳᠠᠮ ᠪᠠᠶᠢᠴᠠᠭᠠᠯᠳᠠ  ᠶᠢᠨ ᠠᠵᠢᠯ  ᠢ ᠪᠡᠶᠡᠯᠡᠬᠦᠯᠪᠡ ᠃ 3 ᠬᠠᠶᠢᠯᠣᠭᠤᠷ ᠵᠣᠩᠰᠢ  ᠶᠢᠨ ᠠᠭᠤᠷᠬᠠᠢ ᠨᠢ ᠠᠭᠤᠷᠬᠠᠢ ᠮᠠᠯᠳᠠᠬᠤ ᠵᠦᠪᠰᠢᠶᠠᠷᠠᠯ  ᠤᠨ ᠭᠠᠷᠳᠠᠮ  ᠢ  ᠬᠦᠢᠴᠡᠳᠬᠡᠵᠣ᠂ ᠵᠢᠯ ᠳᠤ 120 ᠲᠦᠮᠠᠨ ᠲᠣᠨ ᠱᠦᠢᠨᠢ ᠦᠢᠯᠡᠳᠪᠣᠷᠢᠯᠡᠬᠦ ᠲᠦᠷᠦᠯ ᠵᠦᠢᠯ  ᠢ ᠬᠢᠨᠠᠨ ᠵᠦᠪᠰᠢᠶᠠᠷᠠᠬᠦᠯᠵᠣ᠂ ᠡᠳᠣᠷ  ᠲᠤ 5 ᠲᠦᠮᠡᠨ ᠦᠯᠦ ᠰᠢᠳᠠᠭᠠᠬᠤ ᠲᠣᠭᠤᠰᠬ᠎ᠠ ᠦᠢᠯᠡᠳᠪᠣᠷᠢᠯᠡᠬᠦ ᠲᠦᠷᠦᠯ ᠵᠦᠢᠯ  ᠤᠨ ᠪᠡᠯᠡᠳᠬᠡᠯ ᠠᠵᠢᠯ  ᠢ ᠦᠨᠳᠣᠰᠣᠨ ᠳᠡᠭᠡᠨ ᠪᠡᠶᠡᠯᠡᠬᠦᠯᠦᠭᠰᠡᠨ ᠪᠠᠶᠢᠨ᠎ᠠ᠃ ᠴᠠᠭᠠᠨ ᠢᠳᠡᠬᠡᠨ ᠪᠣᠯᠪᠠᠰᠣᠷᠠᠭᠤᠯᠬᠤ 2 ᠠᠵᠣ ᠠᠬᠤᠶᠢᠯᠠᠯ ᠨᠢ ᠦᠷᠬᠡᠳᠬᠡᠨ ᠪᠠᠶᠢᠭᠤᠯᠬᠤ ᠠᠵᠢᠯ  ᠢᠶᠠᠨ ᠪᠡᠶᠡᠯᠡᠬᠦᠯᠵᠣ᠂ ᠡᠳᠣᠷ  ᠲᠤ 30 ᠲᠣᠨ ᠰᠦ ᠪᠣᠯᠪᠠᠰᠣᠷᠠᠭᠤᠯᠬᠤ ᠪᠣᠯᠵᠣ᠂ ᠣᠯᠠᠭᠠᠨ ᠢᠳᠡᠬᠡᠨ ᠡᠳ᠋ᠰᠢᠬᠦᠯᠬᠦ 5 ᠠᠵᠣ ᠠᠬᠤᠶᠢᠯᠠᠯ ᠨᠢ 45.6 ᠲᠦᠮᠡᠨ ᠬᠤᠨᠢᠴᠢᠯᠠᠭᠰᠠᠨ ᠮᠠᠯ ᠡᠳ᠋ᠰᠢᠬᠦᠯᠪᠠ᠃ 1.68 ᠳ᠋ᠦᠩᠰᠢᠭᠤᠷ ᠲᠦᠬᠦᠷᠢᠭ  ᠤᠨ ᠪᠡᠯᠨ ᠣᠷᠣᠭᠤᠯᠵᠣ᠂ 53 ᠭᠠᠵᠠᠷ ᠰᠢᠨᠵᠢᠯᠡᠬᠡᠨ  ᠤ ᠬᠠᠶᠢᠨ ᠪᠠᠶᠢᠴᠠᠭᠠᠯᠳᠠ  ᠶᠢᠨ ᠲᠦᠷᠦᠯ ᠵᠦᠢᠯ  ᠢ  ᠬᠡᠷᠡᠭᠵᠢᠬᠦᠯᠦᠭᠰᠡᠨ ᠪᠠᠶᠢᠨ᠎ᠠ᠃│ │  ᠭᠤᠷᠪᠠᠳᠣᠭᠠᠷ ᠠᠵᠣ ᠦᠢᠯᠡᠰ  ᠤᠨ ᠬᠦᠭᠵᠢᠯᠳᠠ  ᠶᠢᠨ ᠨᠦᠬᠡᠴᠨ ᠬᠦᠴᠦᠨ ᠴᠢᠩᠭᠠᠷᠠᠪᠠ᠃ ᠠᠷᠠᠯᠵᠢᠶ᠎ᠠ ᠬᠤᠳᠠᠯᠳᠤᠭ᠎ᠠ᠂ ᠰᠢᠣᠳᠠᠨ ᠬᠤᠯᠪᠣᠭ᠎ᠠ᠂ ᠢᠳᠡᠬᠡᠨ ᠣᠮᠳᠠᠭᠠᠨ ᠵᠡᠷᠬᠡ ᠣᠯᠠᠮᠵᠢᠯᠠᠯᠳᠣ ᠦᠢᠯᠡᠴᠢᠯᠡᠬᠡᠨ  ᠤ ᠦᠢᠯᠡᠰ ᠤᠨ ᠡᠵᠡᠩᠨᠡᠯᠳᠠ  ᠶᠢᠨ ᠬᠢᠷᠢ ᠲᠦᠪᠰᠢᠨ ᠲᠡᠬᠡᠭᠰᠢᠯᠡᠨ᠂ ᠠᠶᠠᠨᠴᠢᠨ  ᠤ ᠵᠦᠬᠡᠬᠡᠪᠣᠷᠢ ᠪᠠᠷᠠᠭ᠎ᠠ ᠲᠡᠬᠡᠬᠡᠪᠣᠷᠢ᠂ ᠭᠠᠵᠠᠷ ᠰᠢᠷᠣᠢ ᠬᠡᠷ ᠬᠦᠷᠦᠩᠬᠡ ᠵᠡᠷᠬᠡ ᠦᠢᠯᠡᠰ ᠤᠨ ᠵᠠᠬ᠎ᠠ ᠲᠡᠯᠬᠡᠬᠦᠷ ᠣᠯᠠᠮ ᠦᠷᠬᠡᠳᠴᠣ᠂ ᠲᠠᠭᠠᠳᠬᠠᠯ᠂ ᠵᠠᠭᠤᠴᠢ᠂ ᠨᠡᠶᠢᠬᠡᠮ ᠲᠣᠭᠤᠷᠢᠭ  ᠤᠨ ᠦᠢᠯᠡᠴᠢᠯᠡᠭᠡ ᠵᠠᠷᠬᠡ ᠰᠢᠨ᠎ᠠ ᠬᠡᠯᠪᠡᠷᠢ  ᠶᠢᠨ ᠦᠢᠯᠡᠴᠢᠯᠡᠬᠡᠨ  ᠤ ᠦᠢᠯᠡᠰ ᠲᠦᠷᠬᠡᠨ ᠪᠠᠷ ᠬᠦᠭᠵᠢᠨ᠂ ᠪᠦᠬᠦ ᠵᠢᠯ ᠤᠨ ᠨᠡᠶᠢᠬᠡᠮ  ᠤᠨ ᠬᠡᠷᠡᠭᠯᠡᠬᠡᠨ  ᠤ ᠪᠣᠳᠠᠰ  ᠢ ᠵᠢᠵᠢᠭᠯᠡᠨ ᠬᠤᠳᠠᠯᠳᠣᠭᠰᠠᠨ ᠶᠠᠷᠣᠩᠬᠡᠢ ᠬᠡᠮᠵᠢᠶ᠎ᠠ ᠨᠢ 3.4 ᠳ᠋ᠦᠩᠰᠢᠭᠤᠷ ᠲᠦᠬᠦᠷᠢᠭ  ᠲᠤ ᠬᠦᠷᠴᠣ᠂ 14.9 % ᠪᠠᠷ ᠨᠡᠮᠡᠭᠳᠠᠪᠠ᠃ ᠬᠤᠩᠭᠤᠷᠭᠤᠣᠯ ᠵᠣᠭᠠᠴᠠᠯ  ᠤᠨ ᠲᠣᠭᠤᠷᠢᠭ  ᠢᠶᠠᠷ ᠭᠤᠣᠯᠳᠠᠯᠭ᠎ᠠ ᠪᠣᠯᠭᠠᠭᠰᠠᠨ  ︽ᠲᠦᠷᠪᠠᠨ ᠴᠢᠭ ᠨᠢᠬᠡ ᠱᠣᠭᠤᠮ︾  ᠤᠨ ᠲᠠᠯ᠎ᠠ ᠨᠣᠳᠤᠭ  ᠤᠨ ᠵᠣᠭᠠᠴᠠᠯ ᠤᠨ ᠦᠵᠡᠮᠵᠢ  ᠶᠢᠨ ᠲᠣᠭᠤᠷᠢᠭ ︵ᠴᠢᠭ︶ ᠠᠩᠬ᠎ᠠ ᠠᠯᠬᠤᠮ ᠪᠦᠷᠢᠯᠳᠣᠨ᠂ ᠪᠦᠬᠦ ᠵᠢᠯ  ᠳᠤ 3.3 ᠲᠦᠮᠠᠨ ᠵᠣᠭᠠᠴᠠᠭᠰᠠᠳ  ᠢ ᠬᠦᠯᠢᠶᠠᠨ ᠠᠪᠴᠣ᠂ ᠵᠣᠭᠠᠴᠠᠯ  ᠤᠨ ᠣᠷᠣᠯᠭ᠎ᠠ 742 ᠲᠦᠮᠡᠨ ᠲᠦᠬᠦᠷᠢᠭ  ᠲᠤ ᠬᠦᠷᠦᠭᠰᠡᠨ ᠪᠠᠶᠢᠨ᠎ᠠ᠃│ │ᠬᠤᠳᠠ ᠪᠠᠯᠭᠠᠰᠣᠨ  ᠤ ᠰᠠᠭᠤᠷᠢ ᠲᠦᠬᠦᠬᠡᠷᠦᠮᠵᠢ  ᠶᠢᠨ ᠨᠦᠬᠦᠴᠡᠯ ᠢᠯᠡᠳᠳᠠ ᠰᠠᠶᠢᠵᠢᠷᠠᠪᠠ᠃ ᠪᠡᠯᠬᠦᠳᠠᠢ ᠪᠠᠯᠭᠠᠰᠣᠨ  ᠤ ᠵᠡᠬᠦᠨᠳᠡᠬᠢ ᠣᠰᠣᠨ ᠰᠣᠷᠪᠣᠯᠵᠢ  ᠶᠢᠨ  ᠲᠤᠭᠤᠷᠢᠭ ᠤᠨ ᠢᠨᠵᠧᠨᠧᠷᠢᠩ ᠢ ᠦᠷᠬᠦᠯᠵᠢᠯᠠᠨ ᠬᠡᠷᠡᠭᠵᠢᠬᠦᠯᠵᠣ᠂ 3 ᠬᠤᠳᠳᠤᠭ ᠰᠢᠨ᠎ᠠ ᠪᠠᠷ ᠮᠠᠯᠳᠠᠨ᠂ ᠲᠦᠬᠡᠬᠡᠯ ᠣᠰᠣᠨ  ᠤ ᠲᠣᠣᠷ ᠬᠤᠭᠤᠯᠠᠢ  ᠶᠢ 7 ᠺᠢᠯᠣᠮᠧᠲᠷ ᠣᠭᠰᠠᠷᠠᠵᠣ᠂ ᠲᠦᠬᠡᠬᠡᠯ ᠣᠰᠣ ᠨᠡᠪᠳᠡᠷᠡᠬᠦᠯᠦᠭᠰᠡᠨ ᠨᠣᠷᠮ᠎ᠠ 85% ᠬᠦᠷᠪᠠ᠃ ᠲᠦᠪᠯᠡᠷᠡᠩᠬᠦᠢ ᠲᠣᠯᠠᠭᠠᠯᠭ᠎ᠠ  ᠶᠢᠨ ᠲᠠᠯᠠᠪᠠᠢ ᠶᠢ 1.5 ᠲᠦᠮᠡᠨ ᠲᠡᠭᠰᠢ ᠲᠦᠷᠪᠡᠯᠵᠢᠨ ᠮᠧᠲᠷ ᠦᠷᠬᠡᠳᠬᠡᠨ᠂ ᠪᠦᠷᠬᠦᠴᠨ  ᠶᠢᠨ ᠨᠣᠷᠮ᠎ᠠ 20% ᠬᠦᠷᠪᠠ᠃ ᠠᠷᠠᠯᠵᠢᠶ᠎ᠠ ᠬᠤᠳᠠᠯᠳᠣᠭᠠᠨ  ᠤ ᠭᠤᠣᠯ ᠵᠡᠬᠡᠯᠢ  ᠶᠢᠨ ᠪᠣᠬᠢᠷ ᠣᠰᠣ ᠭᠠᠳᠠᠭᠰᠢᠯᠠᠭᠤᠯᠬᠤ ᠢᠨᠵᠧᠨᠧᠷᠢᠩ  ᠤᠨ ᠪᠠᠷᠢᠯᠭ᠎ᠠ ᠲᠠᠭᠤᠰᠴᠣ᠂ 3 ᠲᠦᠮᠡᠨ ᠪᠣᠰᠤᠭ᠎ᠠ ᠲᠦᠷᠪᠠᠯᠵᠢᠨ ᠮᠧᠲᠷ ᠤᠨ ᠬᠤᠭ ᠨᠣᠪᠰᠢ ᠰᠢᠢᠳᠪᠣᠷᠢᠯᠡᠬᠦ ᠲᠠᠯᠠᠪᠠᠢ ᠶᠢ ᠰᠢᠨ᠎ᠠ ᠪᠠᠷ ᠪᠠᠶᠢᠭᠤᠯᠪᠠ᠃ ᠪᠠᠯᠭᠠᠰᠣᠨ ᠲᠣᠳᠣᠷ᠎ᠠ 5 ᠵᠣᠷᠪᠣᠰ ᠴᠠᠷᠳᠠᠮᠠᠯ ᠵᠠᠮ ᠵᠠᠰᠠᠵᠣ᠂ ᠦᠶᠠᠷ  ᠤᠨ ᠵᠠᠮ ᠪᠠ ᠭᠤᠳᠣᠮᠵᠢᠨ ᠵᠠᠮ ᠢ ᠲᠤᠰᠪᠤᠷᠢ 3 ᠵᠣᠷᠪᠣᠰ ᠬᠠᠳᠠᠭᠤᠵᠢᠭᠤᠯᠪᠠ᠃ ᠬᠠᠭᠤᠴᠢᠨ ᠬᠤᠳᠠ ᠲᠣᠭᠤᠷᠢᠭ  ᠢ 5000 ᠲᠩᠰᠢ ᠲᠦᠷᠪᠠᠯᠵᠢᠨ ᠮᠧᠲᠷ ᠨᠣᠷᠠᠭᠠᠨ ᠨᠡᠬᠦᠯᠬᠡᠵᠣ᠂ ᠭᠠᠵᠠᠷ ᠰᠢᠷᠣᠢ ᠬᠡᠷ ᠬᠦᠷᠦᠩᠬᠡ ᠶᠢ 9200 ᠲᠡᠭᠰᠢ ᠲᠦᠷᠪᠡᠯᠵᠢᠨ ᠮᠧᠲᠷ ᠨᠡᠬᠡᠬᠡᠨ ᠠᠰᠢᠭᠯᠠᠵᠣ᠂ ᠬᠤᠳᠠ ᠪᠠᠯᠭᠠᠰᠣᠨ  ᠤ ᠰᠠᠭᠤᠭᠠᠯᠢ ᠠᠷᠠᠳ  ᠤᠨ ᠲᠣᠮᠳᠠᠴᠢ ᠣᠷᠣᠨ ᠰᠠᠭᠤᠴᠨ  ᠶᠢᠨ ᠲᠠᠯᠠᠪᠠᠢ 20 ᠲᠡᠭᠰᠢ ᠲᠦᠷᠪᠡᠯᠵᠢᠨ ᠮᠧᠲᠷ  ᠲᠤ ᠬᠦᠷᠪᠠ᠃ ᠪᠠᠯᠭᠠᠰᠣᠨ  ᠤ ᠬᠤᠶᠢᠨᠠᠬᠢ ᠦᠶᠠᠷ ᠰᠠᠷᠬᠡᠶᠢᠯᠡᠬᠦ ᠰᠢᠰᠲ᠋ᠧᠮ  ᠢ ᠦᠷᠬᠡᠳᠬᠡᠨ ᠵᠠᠰᠠᠬᠤ᠂ ᠪᠡᠯᠬᠦᠳᠠᠢ ᠰᠣᠶᠣᠯ  ᠤᠨ ᠬᠦᠷᠢᠶᠠᠯᠠᠩ ᠢ ᠪᠠᠶᠢᠭᠤᠯᠬᠤ᠂ ᠠᠭᠤᠳᠠᠮ ᠲᠠᠯᠠᠪᠠᠢ ᠪᠠ ᠭᠤᠣᠯ ᠵᠡᠬᠡᠯᠢ  ᠶᠢ ᠨᠣᠭᠤᠭᠠᠷᠠᠭᠤᠯᠬᠤ᠂ ᠰᠢᠨ᠎ᠠ ᠪᠠᠷ ᠲᠠᠪᠢᠰᠦᠭᠰᠡᠨ ᠵᠠᠮ ᠢ ᠬᠡᠬᠡᠵᠢᠬᠦᠯᠬᠦ ᠵᠡᠷᠬᠡ ᠢᠨᠵᠧᠨᠧᠷᠢᠩ  ᠢ ᠬᠡᠷᠡᠭᠵᠢᠬᠦᠯᠪᠠ᠃ ᠴᠠᠭᠠᠨ ᠨᠠᠭᠤᠷ ᠣᠰᠣᠨ ᠴᠦᠬᠦᠷᠦᠮ  ᠢ ᠦᠷᠬᠡᠳᠬᠡᠨ ᠪᠠᠶᠢᠭᠤᠯᠬᠤ ᠲᠦᠷᠦᠯ ᠵᠦᠢᠯ  ᠢ ᠦᠪᠡᠷᠳᠡᠬᠡᠨ ᠵᠠᠰᠠᠬᠤ ᠣᠷᠣᠨ  ᠤ ᠠᠶᠣᠯᠳᠣ ᠣᠰᠣᠨ ᠴᠦᠬᠦᠷᠦᠮ  ᠢ ᠪᠠᠬᠢᠯᠠᠨ ᠵᠠᠰᠠᠬᠤ ᠲᠦᠯᠦᠪᠯᠡᠭᠡ ᠳᠤ ᠣᠷᠣᠭᠤᠯᠣᠨ᠂  ᠣᠰᠣᠨ ᠠᠰᠢᠭᠯᠠᠯᠳᠠ ᠶᠢᠨ ᠶᠠᠮᠣᠨ  ᠳᠤ ᠮᠡᠳᠡᠬᠦᠯᠵᠣ ᠬᠠᠷᠭᠤᠭᠤᠯᠤᠨ ᠪᠠᠶᠢᠴᠠᠭᠠᠯᠭᠠᠬᠤ ᠪᠠᠷ ᠪᠣᠢ︔ ᠴᠠᠬᠢᠯᠭᠠᠨ ᠨᠠᠪᠳᠠᠷᠠᠬᠡᠳᠣᠢ ᠭᠠᠴᠠᠭᠠᠨ  ᠳᠤ ᠴᠠᠬᠢᠯᠭᠠᠨ ᠨᠡᠪᠳᠡᠷᠡᠬᠦᠯᠬᠦ ᠢᠨᠵᠧᠨᠧᠷᠢᠩ  ᠢ ᠬᠡᠷᠡᠭᠵᠢᠬᠦᠯᠵᠣ᠂ 140 ᠮᠠᠯᠵᠢᠬᠤ ᠡᠷᠦᠬᠡ  ᠳᠤ ᠴᠠᠬᠢᠯᠭᠠᠨ ᠨᠡᠪᠳᠡᠷᠡᠬᠦᠯᠪᠠ᠃ 207 ᠣᠯᠣᠰ  ᠤᠨ ᠵᠠᠮ  ᠠᠴᠠ ᠴᠠᠭᠠᠨᠨᠠᠭᠤᠷ ᠬᠦᠷᠬᠦ ᠭᠤᠷᠪᠠᠳᠣᠭᠠᠷ ᠲᠠᠰ  ᠤᠨ ᠱᠦᠢᠨᠢ ᠵᠠᠮ ᠤᠨ ᠶᠡᠬᠡᠩᠬᠢ ᠪᠠᠷᠢᠯᠭ᠎ᠠ ᠶᠢ ᠲᠠᠭᠤᠰᠬᠠᠵᠣ᠂ ᠲᠠᠯᠬᠡᠷ  ᠠᠴᠠ ᠣᠯᠢᠶᠠᠰᠣᠳᠠᠢ ᠬᠦᠷᠬᠦ ᠬᠠᠶᠢᠷ ᠴᠢᠯᠠᠭᠤᠨ ᠵᠠᠮ ᠨᠢᠬᠡᠨᠳᠠ ᠲᠠᠷᠬᠡ ᠨᠡᠪᠳᠠᠷᠠᠨ᠂ 11 ᠵᠣᠷᠪᠣᠰ ᠨᠠᠶᠢᠳᠠ 248 ᠺᠢᠯᠣᠮᠧᠲᠷ ᠭᠠᠴᠠᠭᠠᠨ  ᠳᠤ ᠨᠡᠪᠳᠠᠷᠡᠬᠦ  ᠵᠠᠮ  ᠢ ᠵᠠᠰᠠᠵᠣ᠂ ᠴᠠᠭᠠᠨᠨᠠᠭᠤᠷ ᠪᠠᠯᠭᠠᠰᠣ ᠪᠠ ᠵᠢᠷᠭᠠᠯᠠᠩᠳᠣ ᠰᠣᠮᠣᠨ  ᠳᠤ ᠲᠡᠷᠬᠡᠨ ᠦᠷᠳᠡᠭᠡ ᠪᠠᠶᠢᠭᠤᠯᠵᠣ᠂ ᠠᠰᠢᠭᠯᠠᠯᠳᠠ  ᠳᠤ ᠣᠷᠣᠭᠤᠯᠣᠭᠰᠠᠨ ᠪᠠᠶᠢᠨ᠎ᠠ᠃│ │ᠡᠯ᠎ᠠ ᠵᠦᠢᠯ  ᠤᠨ ᠨᠡᠶᠢᠬᠡᠮ  ᠤᠨ ᠠᠵᠢᠯ ᠦᠢᠯᠡᠰ ᠪᠦᠬᠦ ᠲᠠᠯ᠎ᠠ ᠪᠠᠷ ᠬᠦᠭᠵᠢᠪᠠ᠃ 4 ᠲᠦᠷᠦᠯ  ᠤᠨ ᠲᠠᠷᠢᠬᠦᠨ  ᠤ ᠬᠡᠷᠡᠭᠯᠡᠬᠡᠨ  ᠤ ᠮᠡᠷᠬᠡᠵᠢᠯ  ᠢ ᠣᠷᠣᠭᠤᠯᠵᠣ ᠲᠡᠯᠬᠡᠷᠠᠬᠦᠯᠦᠨ᠂ ᠮᠠᠯᠴᠢᠳ ᠲᠤ 1.5 ᠲᠦᠮᠡᠨ ᠬᠦᠮᠦᠨ ᠣᠳᠠᠭ᠎ᠠ ᠪᠣᠯᠪᠠᠰᠣᠷᠠᠯ ᠬᠦᠷᠳᠡᠬᠡᠪᠠ᠃ ᠠᠢ ᠳ᠋ᠧ ᠰᠠᠭᠤᠷᠢ ᠮᠦᠩᠬᠦᠨ  ᠤ  ᠨᠡᠶᠢᠬᠡᠮᠯᠢᠭ  ᠤᠨ ᠲᠠᠯ᠎ᠠ ᠨᠣᠳᠤᠭ ᠤᠨ ᠬᠠᠮᠢᠶᠠᠷᠣᠯᠳᠠ ᠪᠣᠯᠣᠨ ᠨᠡᠶᠢᠬᠡᠮ ᠲᠣᠭᠤᠷᠢᠭ  ᠤᠨ ᠬᠦᠭᠵᠢᠬᠦᠯᠣᠯᠳᠠ ᠶᠢᠨ ᠲᠦᠷᠦᠯ ᠵᠦᠢᠯ  ᠢ ᠣᠷᠢᠨ ᠣᠷᠣᠭᠤᠯᠪᠠ᠃ 1147 ᠲᠦᠮᠡᠨ ᠲᠦᠬᠦᠷᠢᠭ  ᠤᠨ ᠪᠡᠯᠨ ᠣᠷᠣᠭᠤᠯᠵᠣ᠂ ᠨᠢᠬᠡᠳᠣᠬᠡᠷ ᠲᠣᠮᠳᠠᠳᠣ ᠰᠣᠷᠭᠠᠭᠤᠯᠢ  ᠶᠢᠨ ᠴᠠᠬᠢᠯᠭᠠᠨᠴᠢᠯᠠᠭᠰᠠᠨ ᠲᠣᠷᠰᠢᠯᠳᠠ ᠶᠢᠨ ᠠᠰᠠᠷ᠂ ᠵᠠᠯᠠᠭᠤᠴᠣᠳ ᠪᠠᠭᠠᠴᠣᠳ  ᠤᠨ ᠬᠦᠳᠡᠯᠬᠡᠬᠡᠨ  ᠤ ᠲᠦᠪ᠂ ᠮᠣᠩᠭᠤᠯ ᠪᠠᠭ᠎ᠠ ᠰᠣᠷᠭᠠᠭᠤᠯᠢ  ᠶᠢᠨ ᠰᠢᠨ᠎ᠠ ᠪᠠᠶᠢᠷᠢ  ᠶᠢᠨ ᠠᠰᠠᠷ᠂ ᠭᠤᠷᠪᠠᠳᠣᠭᠠᠷ ᠪᠠᠭ᠎ᠠ ᠰᠣᠷᠭᠠᠭᠤᠯᠢ  ᠶᠢᠨ ᠵᠢᠭᠠᠨ ᠰᠣᠷᠭᠠᠬᠤ ᠠᠰᠠᠷ᠂ ᠮᠣᠩᠭᠤᠯ ᠬᠡᠣᠬᠡᠳ  ᠤᠨ ᠴᠡᠴᠡᠷᠯᠢᠭ ᠤᠨ ᠶᠠᠷᠣᠩᠬᠡᠶᠢᠯᠡᠭᠰᠡᠨ ᠠᠰᠠᠷ ᠵᠠᠷᠬᠡ  ᠶᠢ ᠪᠠᠶᠢᠭᠤᠯᠣᠭᠰᠠᠨ  ᠤ ᠬᠠᠮᠳᠣ ᠡᠯ᠎ᠠ ᠰᠣᠷᠭᠠᠭᠤᠯᠢ ᠶᠢᠨ ᠲᠣᠷᠰᠢᠯᠳᠠ  ᠶᠢᠨ ᠪᠠᠭᠠᠵᠢ᠂ ᠨᠣᠮ ᠪᠢᠴᠢᠭ ᠪᠠ  ᠺᠣᠮᠫᠢᠦ᠋ᠲ᠋ᠧᠷ ᠵᠠᠷᠬᠡ ᠲᠦᠬᠦᠬᠡᠷᠦᠮᠵᠢ  ᠶᠢ ᠰᠢᠨᠡᠳᠬᠡᠪᠠ︔ ᠰᠣᠷᠭᠠᠨ ᠬᠦᠮᠦᠵᠢᠯ  ᠤᠨ  ︽ᠬᠤᠶᠠᠷ  ᠢ ᠬᠡᠯᠳᠣᠷᠢᠬᠦᠯᠵᠣ ᠨᠢᠬᠡ  ᠶᠢ ᠨᠦᠬᠦᠪᠣᠷᠢᠯᠡᠬᠦ︾ ᠪᠠ ᠦᠨᠳᠣᠷ ᠲᠣᠮᠳᠠ  ᠶᠢᠨ ᠰᠣᠷᠭᠠᠨ ᠬᠦᠮᠦᠵᠢᠯ  ᠤᠨ ᠨᠦᠬᠦᠪᠣᠷᠢ ᠮᠦᠩᠬᠦ ᠶᠢ 232.5 ᠲᠦᠮᠡᠨ ᠲᠦᠬᠦᠷᠢᠭ ᠨᠠᠶᠢᠳᠠᠪᠣᠷᠢᠵᠢᠭᠤᠯᠵᠣ᠂ 9738 ᠨᠠᠷᠠᠰ ᠰᠣᠷᠣᠭᠴᠢ ᠲᠠᠮᠵᠢᠯᠬᠡ ᠬᠦᠷᠳᠠᠪᠠ᠃ 14.3 ᠲᠦᠮᠡᠨ ᠲᠦᠬᠦᠷᠢᠭ  ᠤᠨ ᠪᠡᠯᠨ ᠣᠷᠣᠭᠤᠯᠵᠣ᠂ 106 ᠨᠡᠷᠡᠰ ᠠᠮᠢᠳᠣᠷᠠᠯ ᠨᠢ ᠬᠦᠴᠢᠷᠳᠠᠯᠳᠠᠢ ᠣᠶᠣᠳᠠᠳ  ᠢ ᠲᠠᠳᠬᠦᠨ ᠲᠣᠰᠠᠯᠠᠪᠠ︔ ︽ᠬᠤᠶᠠᠷ ᠦᠨᠳᠣᠰᠣᠨ︾  ᠤ ᠦᠷ᠎ᠠ ᠪᠦᠳᠦᠮᠵᠢ ᠶᠢ ᠪᠠᠬᠢᠵᠢᠬᠦᠯᠦᠨ ᠲᠡᠬᠡᠭᠰᠢᠯᠡᠬᠦᠯᠵᠣ᠂ ᠣᠯᠣᠰ  ᠤᠨ ᠲᠠᠬᠢᠨ ᠪᠠᠶᠢᠴᠠᠭᠠᠯᠳᠠ  ᠳᠤ ᠬᠢᠷᠢ ᠲᠠᠩᠴᠡᠭᠰᠡᠨ ᠪᠠᠶᠢᠨ᠎ᠠ᠃ ᠦᠪᠡᠷᠳᠡᠬᠡᠨ ᠵᠠᠰᠠᠬᠤ ᠣᠷᠣᠨ ᠪᠠᠶᠢᠭᠤᠯᠣᠭᠳᠠᠭᠰᠠᠨ 60 ᠵᠢᠯ  ᠤᠨ ᠣᠢ  ᠶᠢᠨ ᠲᠠᠰᠢᠷᠠᠮ  ᠳᠤ᠂ ᠣᠯᠠᠨ ᠲᠦᠮᠠᠨᠴᠢ ᠴᠢᠨᠠᠷ ᠲᠠᠢ ᠰᠣᠶᠣᠯ ᠲᠠᠮᠢᠷ  ᠤᠨ ᠬᠦᠳᠡᠯᠬᠡᠬᠡᠨ  ᠢ ᠢᠳᠡᠪᠬᠢᠳᠠᠢ ᠦᠷᠨᠢᠬᠦᠯᠪᠠ᠃ ᠣᠬᠠᠭᠤᠯᠭ᠎ᠠ ᠶᠢᠨ ᠠᠵᠢᠯ  ᠤᠨ ᠡᠷᠴᠢᠮ ᠢᠶᠠᠨ ᠴᠢᠩᠭᠠᠷᠠᠭᠤᠯᠵᠣ ᠂ 9 ᠢᠵᠢ ᠲᠣᠰᠬᠠᠢ ᠰᠠᠳᠣᠪᠳᠣ ᠹᠢᠯᠢᠮ ᠪᠠ 1 ᠣᠳᠠᠭᠠᠨ  ᠤ ᠣᠷᠠᠨ ᠰᠠᠶᠢᠬᠠᠨ  ᠤ ᠦᠳᠡᠰᠢᠯᠡᠭᠡ  ᠶᠢ ᠦᠪᠣᠷ ᠮᠣᠩᠭᠤᠯ ᠤᠨ ᠣᠳᠣᠨ ᠲᠧᠯᠸᠢᠰ ᠢᠶᠠᠷ ᠨᠡᠪᠳᠠᠷᠠᠬᠦᠯᠦᠨ᠂ ᠨᠢᠬᠡ ᠪᠦᠯᠦᠭ ᠰᠢᠯᠢᠳᠡᠭ ᠡᠬᠡ ᠪᠢᠴᠢᠭ ᠨᠢ ᠲᠡᠬᠡᠳᠣ ᠱᠠᠳᠣᠨ  ᠤ ᠷᠠᠳᠢᠣ᠋ ᠨᠡᠪᠳᠡᠷᠡᠬᠦᠯᠬᠡ ᠪᠠ ᠲᠧᠯᠸᠢᠰ ᠬᠤᠷᠢᠶᠠᠨ  ᠳᠤ ᠰᠣᠩᠭᠤᠭᠳᠠᠨ ᠬᠡᠷᠡᠭᠯᠡᠭᠳᠡᠪᠠ᠃ ᠣᠯᠠᠭᠠᠨᠮᠦ᠋ᠴᠢᠷ  ᠤᠨ ᠡᠩᠨᠡᠬᠡᠨ  ᠤ ᠪᠦᠳᠦᠬᠡᠨ ᠪᠠᠶᠢᠭᠤᠯᠣᠯᠳᠠ  ᠶᠢ ᠴᠢᠩᠭᠠᠳᠬᠠᠨ᠂ ᠪᠦᠬᠦ ᠠᠶᠢᠮᠠᠭ  ᠤᠨ ᠬᠡᠪᠴᠢᠶᠠᠨ  ᠠᠴᠠ 21 ᠲᠣᠭᠯᠠᠭᠴᠢ  ᠶᠢ ᠡᠯᠰᠠᠨ ᠬᠡᠷᠡᠭᠯᠡᠵᠣ᠂  ᠬᠤᠷᠢᠭᠠᠳ ᠪᠦᠳᠦᠬᠡᠯ ᠨᠢ ᠠᠶᠢᠮᠠᠭ ᠤᠨ ᠲᠠᠰ ᠠᠴᠠ ᠲᠡᠬᠡᠭᠰᠢᠬᠢ ᠱᠠᠩᠨᠠᠯ ᠬᠦᠷᠳᠡᠨ᠂ ᠬᠤᠰᠢᠭᠤ ᠣᠯᠠᠭᠠᠨᠮᠦ᠋ᠴᠢᠷ ᠨᠢ ᠦᠪᠡᠷᠳᠡᠬᠡᠨ ᠵᠠᠰᠠᠬᠤ ᠣᠷᠣᠨ  ᠤ ᠨᠢᠬᠡᠳᠣᠬᠡᠷ ᠲᠠᠰ  ᠤᠨ ᠣᠯᠠᠭᠠᠨᠮᠦ᠋ᠴᠢᠷ  ᠢᠶᠠᠷ ᠦᠨᠡᠯᠡᠭᠳᠡᠪᠠ᠃ ᠡᠮ ᠡᠮᠨᠡᠯᠬᠡ ᠡᠷᠡᠬᠦᠯ ᠬᠠᠮᠠᠭᠠᠯᠠᠯ  ᠤᠨ ᠦᠨᠳᠣᠰᠣᠨ ᠨᠦᠬᠦᠴᠡᠯ ᠣᠯᠠᠮ ᠰᠠᠶᠢᠵᠢᠷᠠᠵᠣ᠂ ᠬᠤᠰᠢᠭᠤ ᠡᠮᠨᠡᠯᠬᠡ  ᠶᠢᠨ ᠬᠤᠷᠢᠶᠠᠨ  ᠤ ᠡᠪᠡᠳᠴᠢᠳᠠᠨ  ᠤ ᠠᠰᠠᠷ᠂ ᠮᠣᠩᠭᠤᠯ ᠡᠮᠨᠡᠯᠬᠡ  ᠶᠢᠨ ᠬᠤᠷᠢᠶᠠᠨ  ᠤ ᠶᠠᠷᠣᠩᠬᠡᠶᠢᠯᠡᠭᠰᠡᠨ ᠡᠬᠦᠳᠠᠨ ᠡᠮᠨᠡᠯᠬᠡ  ᠶᠢᠨ ᠠᠰᠠᠷ ᠪᠠ ᠬᠢᠵᠢᠭ ᠰᠡᠷᠬᠡᠶᠢᠯᠡᠬᠦ ᠲᠦᠪ  ᠤᠨ ᠠᠯᠪᠠᠨ ᠠᠰᠠᠷ ᠢ ᠪᠠᠷᠢᠯᠭ᠎ᠠ ᠡᠬᠢᠯᠡᠬᠦᠯᠪᠠ︔ ᠮᠠᠯᠵᠢᠬᠤ ᠣᠷᠣᠨ  ᠤ ᠰᠢᠨ᠎ᠠ ᠬᠡᠯᠪᠡᠷᠢ  ᠶᠢᠨ ᠬᠤᠷᠰᠢᠭᠰᠠᠨ ᠡᠮᠴᠢᠯᠡᠬᠡᠨ  ᠤ ᠲᠦᠷᠢᠮ  ᠢ ᠢᠳᠡᠪᠬᠢᠳᠠᠢ ᠲᠦᠯᠬᠢᠨ ᠠᠬᠢᠭᠤᠯᠵᠣ᠂ ᠮᠠᠯᠵᠢᠬᠤ ᠣᠷᠣᠨ  ᠳᠤ ᠨᠡᠶᠢᠳᠠᠮ ᠬᠡᠷᠡᠭᠵᠢᠬᠦᠯᠦᠨ᠂  ᠮᠠᠯᠴᠢᠳ  ᠤᠨ ᠬᠤᠷᠰᠢᠭᠰᠠᠨ ᠡᠮᠴᠢᠯᠡᠭᠡ  ᠳᠤ ᠣᠷᠣᠯᠴᠠᠭᠰᠠᠨ ᠨᠣᠷᠮ᠎ᠠ 94.8 % ᠬᠦᠷᠴᠣ᠂ 1152 ᠨᠠᠷ᠎ᠠ ᠮᠠᠯᠴᠢᠳ  ᠲᠤ ᠨᠠᠶᠢᠳᠠ 30 ᠲᠦᠮᠡᠨ ᠲᠦᠬᠦᠷᠢᠭ ᠤᠨ ᠡᠮᠨᠡᠯᠬᠡ  ᠶᠢᠨ ᠰᠦᠢᠳᠬᠡᠯ  ᠴᠠᠶᠢᠷᠠᠭᠤᠯᠵᠣ ᠦᠭᠴᠣ᠂ ᠭᠠᠴᠠᠭᠠᠨ  ᠳᠤ 38 ᠡᠷᠡᠬᠦᠯ ᠬᠠᠮᠠᠭᠠᠯᠠᠯ  ᠤᠨ ᠲᠠᠰᠤᠭ  ᠢ ᠰᠡᠷᠬᠦᠬᠡᠨ ᠪᠠᠶᠢᠭᠤᠯᠪᠠ︔ ᠪᠦᠬᠦ ᠬᠤᠰᠢᠭᠤᠨ  ᠤ 3800 ᠨᠠᠷ᠎ᠠ ᠺᠠᠳᠠᠷ ᠠᠵᠢᠯᠳᠠᠳ  ᠲᠤ  ᠠᠩᠬᠠᠳᠣᠭᠠᠷ ᠣᠳᠠᠭ᠎ᠠ ᠰᠦᠢᠳᠬᠡᠯ ᠬᠤᠷᠢᠶᠠᠬᠤ ᠦᠬᠡᠢ ᠡᠷᠡᠬᠦᠯ ᠮᠠᠨᠳᠣ  ᠶᠢᠨ ᠪᠠᠶᠢᠴᠠᠭᠠᠯᠳᠠ ᠬᠢᠯᠬᠡᠵᠠᠢ᠃ ᠦᠢᠯᠡᠳᠬᠡᠬᠦᠨ  ᠤ ᠶᠠᠰᠣ ᠴᠢᠨᠠᠷ ᠪᠠ ᠢᠳᠡᠬᠡᠨ ᠤ ᠠᠮᠣᠷ ᠲᠦᠪᠰᠢᠨ  ᠢ ᠲᠣᠰᠬᠠᠢ ᠴᠡᠭᠴᠡᠯᠡᠨ ᠵᠠᠰᠠᠬᠤ ᠬᠦᠳᠡᠯᠬᠡᠬᠡᠨ  ᠢ ᠦᠷᠨᠢᠬᠦᠯᠵᠣ᠂ ᠦᠢᠯᠡᠳᠬᠡᠬᠦᠨ  ᠤ ᠶᠠᠰᠣ ᠴᠢᠨᠠᠷ ᠪᠠ ᠢᠳᠡᠬᠡᠨ  ᠤ ᠦᠢᠯᠡᠳᠪᠣᠷᠢᠯᠠᠯ ᠡᠵᠡᠩᠨᠡᠯᠳᠠ  ᠶᠢᠨ ᠡᠮᠬᠢ ᠲᠢᠭᠯᠢᠮ ᠢᠯᠡᠳᠳᠠ ᠰᠠᠶᠢᠵᠢᠷᠠᠪᠠ᠃ ᠬᠦᠮᠦᠨ ᠠᠮᠨ ᠪᠠ ᠲᠦᠯᠦᠪᠯᠡᠬᠡᠳᠣ ᠦᠷᠠᠵᠢᠯ  ᠤᠨ ᠬᠠᠷᠠᠯᠳᠠᠳᠣ ᠬᠠᠮᠢᠶᠠᠷᠣᠯᠳᠠ  ᠶᠢᠨ ᠬᠠᠷᠢᠭᠤᠴᠠᠯᠭ᠎ᠠ  ᠶᠢᠨ ᠲᠦᠷᠢᠮ  ᠢ ᠣᠯᠠᠮ ᠲᠠᠬᠦᠯᠳᠠᠷᠵᠢᠬᠦᠯᠵᠣ᠂ ᠲᠦᠯᠦᠪᠯᠡᠬᠡᠳᠣ ᠦᠷᠠᠵᠢᠯ  ᠤᠨ ᠦᠢᠯᠡᠴᠢᠯᠡᠬᠡᠨ  ᠤ ᠬᠢᠷᠢ ᠲᠦᠪᠰᠢᠨ ᠮᠡᠳᠡᠭᠳᠡᠮ᠎ᠠ ᠲᠡᠬᠡᠭᠰᠢᠯᠡᠪᠠ᠃ ᠠᠵᠢᠯ ᠣᠯᠭᠤᠬᠤ ᠪᠠ ᠲᠠᠬᠢᠨ ᠠᠵᠢᠯ ᠣᠯᠭᠤᠬᠤ ᠠᠵᠢᠯ ᠤᠨ ᠡᠷᠴᠢᠮ ᠢ ᠴᠢᠩᠭᠠᠷᠠᠭᠤᠯᠵᠣ᠂ ᠨᠠᠶᠢᠳᠠ 3691 ᠠᠵᠢᠯ  ᠤᠨ ᠪᠠᠶᠢᠷᠢ ᠴᠣᠭᠯᠠᠭᠤᠯᠣᠨ᠂ 1189 ᠬᠦᠮᠦᠨ  ᠳᠤ ᠠᠵᠢᠯ ᠣᠯᠭᠤᠵᠣ᠂ ᠠᠵᠢᠯ  ᠤᠨ ᠪᠠᠶᠢᠷᠢ  ᠠᠴᠠ ᠪᠠᠨ ᠪᠠᠭᠤᠭᠰᠠᠨ ᠠᠵᠢᠯᠳᠠᠳ ᠲᠤ 180 ᠲᠦᠮᠡᠨ ᠲᠦᠬᠦᠷᠢᠭ  ᠤᠨ ᠨᠦᠬᠦᠪᠣᠷᠢ  ᠶᠢ ᠨᠠᠶᠢᠳᠠᠪᠣᠷᠢᠵᠢᠭᠤᠯᠣᠨ᠂ ᠬᠤᠳᠠ ᠪᠠᠯᠭᠠᠰᠣᠨ  ᠤ  ᠲᠠᠩᠰᠠᠯᠠᠭᠰᠠᠨ ᠠᠵᠢᠯ ᠠᠯᠳᠠᠭᠰᠠᠨ ᠨᠣᠷᠮ᠎ᠠ ᠶᠢ 3.8 %   ᠶᠢᠨ ᠲᠣᠳᠣᠷ᠎ᠠ ᠬᠢᠵᠠᠭᠠᠷᠯᠠᠵᠠᠢ᠃ ᠨᠡᠶᠢᠬᠡᠮ ᠤᠨ ᠪᠠᠳᠣᠯᠠᠭ᠎ᠠ  ᠶᠢᠨ ᠬᠠᠮᠣᠷᠬᠤ ᠬᠡᠪᠴᠢᠶ᠎ᠠ  ᠶᠢ ᠦᠷᠬᠦᠯᠵᠢᠯᠠᠨ ᠦᠷᠬᠡᠳᠬᠡᠵᠣ᠂ ᠬᠤᠳᠠ ᠪᠠᠯᠭᠠᠰᠣᠨ  ᠤ ᠨᠠᠭᠠᠳᠣ ᠵᠠᠬ᠎ᠠ  ᠶᠢᠨ ᠠᠮᠢᠳᠣᠷᠠᠯ ᠤᠨ ᠪᠠᠳᠣᠯᠠᠭ᠎ᠠ  ᠶᠢ ᠬᠠᠩᠭᠠᠬᠤ ᠵᠣᠬᠢᠰᠳᠠᠢ ᠪᠦᠬᠦᠨ  ᠳᠤ ᠬᠠᠩᠭᠠᠵᠣ᠂ ᠮᠠᠯᠵᠢᠬᠤ ᠣᠷᠣᠨ ᠤ ᠨᠠᠭᠠᠳᠣ ᠵᠠᠬ᠎ᠠ  ᠶᠢᠨ ᠠᠮᠢᠳᠣᠷᠠᠯ  ᠤᠨ ᠪᠠᠳᠣᠯᠠᠭ᠎ᠠ ᠬᠠᠩᠭᠠᠬᠤ ᠠᠵᠢᠯ ᠢ ᠴᠢᠨᠠᠷᠵᠢᠭᠤᠨ ᠠᠬᠢᠭᠤᠯᠪᠠ᠃ ᠶᠠᠳᠠᠭᠤ  ᠶᠢ  ᠲᠠᠳᠬᠦᠵᠣ ᠭᠠᠮᠰᠢᠭ  ᠠᠴᠠ ᠠᠪᠣᠷᠠᠬᠤ ᠠᠵᠢᠯ  ᠢ ᠣᠯᠠᠮ ᠴᠢᠩᠭᠠᠳᠬᠠᠵᠣ᠂ ︽ᠪᠦᠬᠦᠶᠢᠯᠨ ᠲᠣᠰᠬᠤᠨ  ᠢᠶᠠᠷ ᠠᠬᠢᠭᠤᠯᠬᠤ︾ ᠶᠠᠳᠠᠭᠤ ᠶᠢ ᠲᠠᠳᠬᠦᠬᠦ ᠢᠨᠵᠧᠨᠧᠷᠢᠩ  ᠢ ᠣᠷᠣᠭᠰᠢᠳᠠᠢ ᠬᠡᠷᠡᠭᠵᠢᠬᠦᠯᠪᠠ᠃ ︽ᠬᠠᠪᠣᠷ  ᠤᠨ ᠬᠤᠷ᠎ᠠ ᠵᠠᠮᠳᠡᠭᠴᠣᠳ  ᠢ ᠲᠣᠰᠠᠯᠠᠬᠤ  ᠢᠨᠵᠧᠨᠧᠷᠢᠩ︾  ᠢ ᠮᠡᠳᠡᠭᠳᠠᠮ᠎ᠠ ᠠᠬᠢᠭᠤᠯᠵᠣ᠂ ᠨᠡᠶᠢᠬᠡᠮ  ᠤᠨ ᠡᠯ᠎ᠠ ᠡᠳᠡᠬᠡᠳ ᠤᠨ ᠬᠢᠨ ᠤ 14 ᠲᠦᠮᠡᠨ ᠲᠦᠬᠦᠷᠢᠭ  ᠤᠨ ᠲᠣᠰᠠᠯᠠᠮᠵᠢ  ᠶᠢᠨ ᠮᠦᠩᠬᠦ  ᠶᠢ ᠬᠦᠷᠳᠠᠵᠣ᠂ 86 ᠵᠡᠮᠳᠡᠭᠴᠣᠳ ᠤᠨ ᠬᠡᠷ ᠪᠦᠯᠢ  ᠶᠢ ᠲᠣᠰᠠᠯᠠᠭᠰᠡᠨ ᠪᠠᠶᠢᠨ᠎ᠠ᠃ ︽ᠴᠣᠬᠢᠯᠳᠠ ᠦᠭᠬᠦ ᠪᠠ ᠰᠡᠷᠬᠡᠶᠢᠯᠡᠬᠦ  ᠶᠢ ᠣᠶᠠᠯᠳᠣᠭᠤᠯᠣᠨ᠂ ᠣᠷᠢᠳᠴᠢᠯᠠᠨ ᠰᠡᠷᠬᠡᠶᠢᠯᠡᠬᠦ  ᠪᠠᠷ ᠭᠤᠣᠯᠳᠠᠯᠭ᠎ᠠ ᠪᠣᠯᠭᠠᠬᠤ︾ ᠴᠢᠭᠯᠡᠯᠳᠠ  ᠶᠢ ᠪᠠᠷᠢᠮᠳᠠᠯᠠᠨ᠂ ︽ᠠᠮᠣᠷ ᠲᠠᠶᠢᠪᠣᠩ ᠠᠪᠠᠭ᠎ᠠ ᠨᠣᠳᠤᠭ︾  ᠢ ᠴᠣᠭᠴᠠᠯᠠᠨ ᠪᠠᠶᠢᠭᠤᠯᠬᠤ ᠪᠠᠷ ᠬᠠᠷᠠᠯᠳᠠ ᠪᠣᠯᠭᠠᠵᠣ᠂ ᠡᠯ᠎ᠠ ᠵᠦᠢᠯ ᠤᠨ ᠶᠠᠯᠠᠳᠣ ᠠᠵᠢᠯᠯᠠᠭ᠎ᠠ ᠳᠤ ᠴᠢᠩᠭ᠎ᠠ ᠴᠣᠬᠢᠯᠳᠠ ᠦᠭᠴᠣ᠂ ᠨᠡᠶᠢᠬᠡᠮ ᠤᠨ ᠲᠣᠭᠳᠠᠭᠤᠨ  ᠢ ᠪᠦᠬᠦ ᠬᠦᠴᠣᠨ  ᠢᠶᠠᠷ ᠬᠠᠮᠠᠭᠠᠯᠠᠪᠠ᠃ ᠦᠢᠯᠡᠳᠪᠣᠷᠢ ᠠᠭᠤᠷᠬᠠᠢ ᠶᠢᠨ ᠠᠵᠣ ᠠᠬᠤᠶᠢᠯᠠᠯ ᠪᠠ ᠵᠠᠮ ᠬᠠᠷᠢᠯᠴᠠᠭ᠎ᠠ᠂ ᠪᠠᠷᠢᠯᠭ᠎ᠠ ᠵᠡᠷᠬᠡ ᠭᠤᠣᠯᠳᠠᠯᠭ᠎ᠠ ᠲᠠᠢ ᠠᠵᠢᠯ ᠦᠢᠯᠡᠰ  ᠤᠨ ᠠᠶᠣᠯᠬᠦᠢ ᠦᠢᠯᠡᠳᠪᠣᠷᠢᠯᠠᠯ ᠤᠨ ᠬᠢᠨᠠᠨ ᠬᠠᠮᠢᠶᠠᠷᠣᠯᠳᠠ  ᠶᠢ ᠦᠨᠡᠨᠬᠦ ᠴᠢᠩᠭᠠᠳᠬᠠᠵᠣ᠂ ᠶᠡᠭᠡ ᠠᠳᠠᠯ ᠡᠬᠦᠰᠬᠦ  ᠶᠢ ᠪᠦᠳᠦᠮᠵᠢᠳᠠᠢ ᠰᠡᠷᠬᠡᠶᠢᠯᠡᠵᠣ ᠴᠢᠳᠠᠭᠰᠠᠨ ᠪᠠᠶᠢᠨ᠎ᠠ᠃ ᠦᠨᠳᠣᠰᠣᠳᠠᠨ  ᠤ ᠪᠦᠯᠬᠦᠮᠳᠠᠯ ᠪᠠ ᠦᠨᠳᠣᠰᠣᠳᠠᠨ ᠱᠠᠰᠢᠨ ᠰᠣᠷᠳᠠᠬᠤᠨ  ᠤ ᠠᠵᠢᠯ ᠢ ᠴᠢᠩᠭᠠᠳᠬᠠᠨ᠂ ᠦᠨᠳᠣᠰᠣᠳᠠᠨ ᠨᠦᠭᠦᠳ ᠬᠠᠮᠳᠣ ᠪᠠᠷ ᠴᠡᠴᠡᠭᠯᠡᠨ ᠬᠦᠭᠵᠢᠭᠰᠡᠨ ᠣᠬᠢ ᠰᠠᠶᠢᠨ ᠪᠠᠶᠢᠳᠠᠯ  ᠢ ᠪᠠᠳᠣᠳᠬᠠᠭᠰᠠᠨ ᠪᠠᠶᠢᠨ᠎ᠠ᠃ ᠨᠡᠶᠢᠬᠡᠮ  ᠤᠨ ᠠᠮᠣᠷ ᠲᠤᠭᠳᠠᠭᠤᠨ  ᠢ ᠨᠦᠯᠦᠬᠡᠯᠡᠬᠦ ᠪᠣᠯᠣᠮᠵᠢ  ᠶᠢ ᠪᠠᠶᠢᠴᠠᠭᠠᠨ ᠰᠢᠢᠳᠪᠣᠷᠢᠯᠡᠬᠦ ᠡᠷᠴᠢᠮ  ᠢᠶᠠᠨ ᠴᠢᠩᠭᠠᠷᠠᠭᠤᠯᠣᠨ᠂ ᠣᠯᠠᠨ ᠲᠦᠮᠡᠨ  ᠤ ᠵᠠᠬᠢᠳᠠᠯ ᠰᠣᠷᠪᠣᠯᠵᠢᠯᠠᠭ᠎ᠠ  ᠶᠢ ᠬᠢᠨᠠᠮᠠᠭᠠᠢ ᠰᠢᠢᠳᠪᠣᠷᠢᠯᠠᠵᠣ᠂ ᠰᠢᠢᠳᠪᠣᠷᠢᠯᠡᠭᠰᠡᠨ ᠨᠣᠷᠮ᠎ᠠ 94% ᠬᠦᠷᠦᠭᠰᠡᠨ ᠪᠠᠶᠢᠨ᠎ᠠ  ᠃│ │ ᠵᠠᠰᠠᠭ  ᠤᠨ ᠣᠷᠳᠣᠨ  ᠤ ᠲᠣᠰ ᠪᠠᠶ᠎ᠠ  ᠶᠢᠨ ᠪᠠᠶᠢᠭᠤᠯᠣᠯᠳᠠ  ᠶᠢ ᠣᠯᠠᠮ ᠴᠢᠩᠭᠠᠳᠬᠠᠪᠠ᠃ ᠠᠷᠠᠳ  ᠤᠨ ᠲᠦᠯᠦᠬᠡᠯᠡᠭᠴᠢᠳ  ᠤᠨ ᠶᠡᠭᠡ ᠬᠤᠷᠠᠯ  ᠤᠨ ᠬᠠᠣᠯᠢ ᠲᠦᠷᠢᠮ ᠤᠨ ᠬᠢᠨᠠᠯᠳᠠ ᠪᠠ ᠣᠯᠣᠰ ᠲᠦᠷᠦ  ᠶᠢᠨ ᠵᠦᠪᠯᠡᠯᠬᠡᠨ  ᠤ ᠠᠷᠠᠳᠴᠢᠯᠠᠯᠳᠣ ᠬᠢᠨᠠᠯᠳᠠ  ᠶᠢ ᠣᠬᠠᠮᠰᠠᠷ  ᠠᠴᠠ ᠪᠠᠨ ᠬᠦᠯᠢᠶᠠᠨ᠂ ᠠᠷᠠᠳ  ᠤᠨ ᠲᠦᠯᠦᠬᠡᠯᠡᠭᠴᠢᠳ ᠪᠠ ᠣᠯᠣᠰ ᠲᠦᠷᠦ  ᠶᠢᠨ ᠵᠦᠪᠯᠡᠯᠬᠡᠨ  ᠤ ᠬᠡᠰᠢᠬᠦᠳ ᠤᠨ ᠰᠠᠨᠠᠯ ᠲᠣᠷᠠᠳᠣᠯᠭ᠎ᠠ  ᠶᠢ ᠬᠢᠨᠠᠮᠠᠭᠠᠢ ᠰᠣᠨᠣᠰᠴᠣ᠂ ᠪᠦᠬᠦ ᠵᠢᠯ  ᠳᠤ ᠠᠷᠠᠳ  ᠤᠨ ᠲᠦᠯᠦᠬᠡᠯᠡᠭᠴᠢᠳ  ᠤᠨ ᠰᠠᠨᠠᠯ᠂ ᠰᠢᠬᠦᠮᠵᠢ᠂ ᠰᠠᠨᠠᠭᠤᠯᠭ᠎ᠠ  ᠶᠢ 80 ᠬᠤᠪᠢ᠂ ᠣᠯᠣᠰ ᠲᠦᠷᠦ  ᠶᠢᠨ ᠵᠦᠪᠯᠡᠯᠬᠡᠨ  ᠤ ᠬᠡᠰᠢᠬᠦᠳ  ᠤᠨ ᠲᠣᠷᠠᠳᠣᠯᠭ᠎ᠠ ᠶᠢ 67 ᠬᠤᠪᠢ ᠬᠦᠯᠢᠶᠠᠨ ᠠᠪᠴᠣ ᠰᠢᠢᠳᠪᠣᠷᠢᠯᠠᠪᠠ᠃ ᠵᠠᠰᠠᠭ  ᠤᠨ ᠶᠠᠪᠣᠳᠠᠯ  ᠢ ᠢᠯᠨ ᠪᠣᠯᠭᠠᠬᠤ ᠠᠵᠢᠯ  ᠢ ᠴᠢᠩᠭᠠᠳᠬᠠᠭᠰᠠᠨ  ᠠᠴᠠ ᠣᠯᠠᠨ ᠲᠦᠮᠡᠨ  ᠤ ᠵᠠᠰᠠᠭ  ᠤᠨ ᠶᠠᠪᠣᠳᠠᠯ  ᠢ ᠣᠶᠢᠯᠠᠭᠠᠬᠤ᠂ ᠵᠠᠰᠠᠭ  ᠤᠨ ᠶᠠᠪᠣᠳᠠᠯ  ᠳᠤ ᠣᠷᠣᠯᠴᠠᠬᠤ ᠪᠠ ᠬᠢᠨᠠᠯᠳᠠ ᠲᠠᠯᠪᠢᠬᠤ ᠡᠷᠬᠡ  ᠶᠢ ᠪᠠᠳᠣᠯᠠᠪᠠ᠃ ᠵᠠᠰᠠᠭ  ᠤᠨ ᠣᠷᠳᠣᠨ  ᠤ ᠬᠠᠣᠯᠢ ᠲᠦᠷᠢᠮ  ᠤᠨ ᠠᠵᠢᠯ  ᠢ ᠲᠡᠬᠡᠳᠣ ᠬᠡᠮᠵᠢᠶ᠎ᠠ ᠪᠠᠷ ᠬᠦᠨᠳᠣᠳᠬᠡᠨ ᠦᠵᠡᠵᠣ᠂          ︽ᠲᠠᠪᠣᠳᠣᠭᠠᠷ ᠲᠠᠪᠣᠨ ᠵᠢᠯ︾  ᠤᠨ ᠬᠠᠣᠯᠢ ᠲᠦᠬᠡᠮᠡᠯᠵᠢᠬᠦᠯᠬᠦ ᠠᠵᠢᠯ  ᠢ ᠡᠬᠢᠯᠡᠬᠦᠯᠦᠨ᠂ ᠡᠯ᠎ᠠ ᠱᠠᠳᠣᠨ ᠤ ᠺᠠᠳᠠᠷ  ᠤᠨ ᠬᠠᠣᠯᠢ ᠪᠠᠷ ᠵᠠᠰᠠᠭᠯᠠᠬᠤ ᠴᠢᠳᠠᠪᠣᠷᠢ  ᠶᠢ ᠲᠡᠬᠡᠭᠰᠢᠯᠡᠬᠦᠯᠪᠠ᠃ ᠠᠷᠢᠭᠤᠨ ᠴᠢᠬᠡᠴᠢ ᠪᠠᠷ ᠵᠠᠰᠠᠭᠯᠠᠬᠤ ᠪᠠᠶᠢᠭᠤᠯᠣᠯᠳᠠ  ᠶᠢ ᠦᠨᠡᠨᠬᠦ ᠴᠢᠩᠭᠠᠳᠬᠠᠵᠣ᠂ ᠣᠯᠣᠰ  ᠤᠨ ᠠᠯᠪᠠᠳᠠᠨ  ᠤ ᠠᠷᠢᠭᠤᠨ ᠴᠢᠬᠡᠴᠢ ᠪᠠᠷ ᠵᠠᠰᠠᠭᠯᠠᠬᠤ ᠣᠬᠠᠮᠰᠠᠷ ᠢᠯᠡᠳᠳᠠ ᠲᠡᠬᠡᠭᠰᠢᠯᠡᠨ᠂ ᠵᠠᠰᠠᠭ  ᠤᠨ ᠰᠣᠷᠳᠠᠯ  ᠤᠨ ᠪᠠᠶᠢᠭᠤᠯᠣᠯᠳᠠ ᠮᠡᠳᠡᠭᠳᠡᠬᠦᠶᠢᠴᠨ ᠦᠷ᠎ᠠ ᠪᠦᠳᠣᠮᠵᠢ ᠣᠯᠣᠭᠰᠠᠨ ᠪᠠᠶᠢᠨ᠎ᠠ᠃ ᠡᠳᠡᠬᠡᠷ ᠬᠢᠷᠢ ᠪᠦᠳᠣᠮᠵᠢ  ᠶᠢ ᠣᠯᠣᠭᠰᠠᠨ ᠨᠢ ᠠᠶᠢᠮᠠᠭ  ᠤᠨ ᠨᠠᠮ  ᠤᠨ ᠬᠤᠷᠢᠶ᠎ᠠ᠂ ᠠᠶᠢᠮᠠᠭ  ᠤᠨ ᠵᠠᠬᠢᠷᠭ᠎ᠠ ᠪᠠ ᠬᠤᠰᠢᠭᠤ ᠨᠠᠮ  ᠤᠨ ᠬᠤᠷᠢᠶᠠᠨ  ᠤ ᠪᠦᠬᠦ ᠲᠠᠯ᠎ᠠ  ᠶᠢ ᠨᠢᠬᠡᠳᠣᠯᠳᠠᠢ ᠲᠦᠯᠦᠪᠵᠢᠬᠦᠯᠵᠣ ᠵᠦᠪ ᠣᠨᠣᠪᠴᠢᠳᠠᠢ ᠵᠢᠯᠣᠭᠤᠳᠣᠭᠰᠠᠨ  ᠤ ᠦᠷ᠎ᠠ ᠳ᠋ᠦᠩ᠂ ᠬᠤᠰᠢᠭᠤ ᠠᠷᠠᠳ  ᠤᠨ ᠲᠦᠯᠦᠬᠡᠯᠡᠭᠴᠢᠳ  ᠤᠨ ᠶᠡᠭᠡ ᠬᠤᠷᠠᠯ᠂ ᠣᠯᠣᠰ ᠲᠦᠷᠦ  ᠶᠢᠨ ᠵᠦᠪᠯᠡᠯᠬᠡᠨ  ᠤ ᠢᠳᠡᠪᠬᠢᠳᠠᠢ ᠪᠠᠷ ᠵᠠᠰᠠᠭ ᠲᠤ ᠣᠷᠣᠯᠴᠠᠨ ᠵᠠᠰᠠᠭ ᠵᠦᠪᠯᠡᠵᠣ ᠬᠢᠨᠠᠯᠳᠠ ᠲᠠᠯᠪᠢᠭᠰᠠᠨ ᠪᠠ ᠨᠡᠶᠢᠬᠡᠮ  ᠤᠨ ᠡᠯ᠎ᠠ ᠡᠳᠡᠬᠡᠳ ᠬᠢᠨ  ᠤ ᠬᠦᠴᠦᠳᠠᠢ ᠲᠡᠮᠵᠢᠭᠰᠡᠨ  ᠤ ᠦᠷ᠎ᠠ ᠳ᠋ᠦᠩ᠂ ᠮᠦᠨᠴᠣ ᠪᠦᠬᠦ ᠬᠤᠰᠢᠭᠤᠨ  ᠤ ᠦᠨᠳᠣᠰᠣᠳᠠᠨ ᠨᠦᠭᠦᠳ  ᠤᠨ ᠠᠷᠠᠳ ᠲᠦᠮᠡᠨ ᠤ ᠰᠠᠳᠬᠢᠯ ᠨᠢᠬᠡᠳᠣᠨ ᠴᠢᠷᠮᠠᠶᠢᠨ ᠲᠠᠮᠠᠴᠡᠭᠰᠡᠨ  ᠤ ᠦᠷ᠎ᠠ ᠳ᠋ᠦᠩ ᠮᠦᠨ᠃ ᠠᠳᠠ ᠪᠢ᠂ ᠠᠪᠠᠭ᠎ᠠ ᠬᠤᠰᠢᠭᠤᠨ  ᠤ ᠠᠷᠠᠳ  ᠤᠨ ᠵᠠᠰᠠᠭ  ᠤᠨ ᠣᠷᠳᠣᠨ  ᠢ ᠲᠦᠯᠦᠬᠡᠯᠡᠵᠣ᠂ ᠪᠦᠬᠦ ᠲᠦᠯᠦᠬᠡᠯᠡᠭᠴᠢᠳ ᠪᠣᠯᠣᠨ ᠣᠯᠣᠰ ᠲᠦᠷᠦ  ᠶᠢᠨ ᠵᠦᠪᠯᠡᠯᠬᠡᠨ  ᠤ ᠬᠡᠰᠢᠬᠦᠳ  ᠲᠤ᠂ ᠬᠠᠮᠳᠣ  ᠪᠠᠷ ᠴᠢᠷᠮᠠᠶᠢᠨ ᠲᠠᠮᠠᠴᠡᠭᠰᠡᠨ ᠦᠨᠳᠣᠰᠣᠳᠠᠨ ᠨᠦᠭᠦᠳ  ᠤᠨ ᠺᠠᠳᠠᠷ ᠣᠯᠠᠨ ᠲᠦᠮᠡᠨ᠂ ᠴᠡᠷᠢᠭ ᠴᠠᠭᠳᠠᠭ᠎ᠠ ᠵᠢᠴᠢ ᠠᠪᠠᠭ᠎ᠠ ᠬᠤᠰᠢᠭᠤᠨ  ᠤ ᠬᠦᠭᠵᠢᠯᠳᠠ  ᠶᠢ ᠬᠠᠯᠠᠮᠵᠢᠯᠠᠨ ᠲᠠᠮᠵᠢᠭ᠍ᠰᠡᠬᠡᠷ ᠢᠷᠡᠭᠰᠡᠨ ᠨᠡᠶᠢᠬᠡᠮ  ᠤᠨ ᠡᠯ᠎ᠠ ᠡᠳᠡᠬᠡᠳ  ᠤᠨ ᠬᠦᠮᠦᠰ  ᠲᠤ ᠡᠷᠬᠢᠮ ᠬᠦᠨᠳᠣᠳᠬᠡᠯ ᠪᠠ ᠴᠢᠩ ᠰᠠᠳᠬᠢᠯ  ᠤᠨ ᠲᠠᠯᠠᠷᠬᠠᠯ  ᠢᠶᠠᠨ ᠲᠠᠪᠰᠢᠬᠦᠯᠦᠶ᠎ᠠ︕ ᠪᠢᠳᠠ ᠠᠮᠵᠢᠯᠳᠠ ᠪᠠᠨ ᠨᠣᠳᠠᠯᠠᠬᠤ  ᠶᠢᠨ ᠬᠠᠮᠳᠣ ᠪᠦᠬᠦ ᠬᠤᠰᠢᠭᠤᠨ  ᠤ ᠠᠵᠣ ᠠᠬᠤᠢ ᠨᠡᠶᠢᠬᠡᠮ  ᠤᠨ ᠬᠦᠭᠵᠢᠯᠳᠠ  ᠶᠢᠨ ᠲᠣᠮᠳᠠ ᠲᠣᠯᠭᠠᠷᠠᠵᠣ ᠪᠠᠶᠢᠭ᠎ᠠ ᠠᠰᠠᠭᠤᠳᠠᠯ  ᠤᠳ  ᠢ ᠲᠣᠳᠣᠷᠬᠠᠢ ᠲᠠᠨᠢᠬᠤ  ᠴᠢᠬᠤᠯᠠᠳᠠᠢ ᠪᠠᠶᠢᠨ᠎ᠠ᠃ ᠲᠣᠬᠠᠶᠢᠯᠠᠪᠠᠯ᠂ ᠨᠢᠬᠡ  ᠳᠤ᠂ ᠠᠵᠣ ᠦᠢᠯᠡᠳᠪᠣᠷᠢ  ᠶᠢᠨ ᠠᠵᠣ ᠠᠬᠤᠢ  ᠶᠢᠨ ᠶᠠᠷᠣᠩᠬᠡᠢ ᠬᠡᠮᠵᠢᠶ᠎ᠠ ᠪᠠᠭ᠎ᠠ᠂ ᠦᠷ᠎ᠠ ᠠᠰᠢᠭ ᠲᠣᠣᠷ᠎ᠠ᠂ ᠣᠯᠣᠰ ᠠᠷᠠᠳ  ᠤᠨ ᠠᠵᠣ ᠠᠬᠤᠢ ᠶᠢ ᠲᠦᠯᠬᠢᠨ ᠬᠦᠭᠵᠢᠬᠦᠯᠬᠦ  ᠭᠤᠣᠯᠯᠠᠭᠴᠢ ᠬᠦᠴᠦᠨ ᠬᠠᠷᠠᠬᠠᠨ ᠪᠦᠷᠢᠯᠳᠣᠬᠡᠳᠣᠢ  ᠃ ᠬᠤᠶᠠᠷ  ᠲᠤ  ᠂ ᠠᠮᠢ ᠠᠬᠤᠢ ᠨᠢ ᠨᠡᠶᠢᠳᠠᠮ ᠰᠡᠷᠬᠦᠯᠳᠠ ᠲᠠᠢ ᠪᠣᠯᠪᠠᠴᠣ  ᠵᠠᠷᠢᠮ ᠭᠠᠵᠠᠷ  ᠢᠶᠠᠨ ᠦᠷᠬᠦᠯᠵᠢᠯᠠᠨ ᠲᠠᠴᠢᠷᠰᠢᠬᠤ ᠬᠠᠨᠳᠣᠰᠢ ᠲᠠᠢ ᠪᠠᠶᠢᠬᠤ  ᠶᠢ ᠦᠨᠳᠣᠰᠣᠨ  ᠠᠴᠠ ᠨᠢ ᠬᠤᠷᠢᠭᠯᠠᠵᠣ ᠲᠡᠶᠢᠯᠣᠬᠡᠳᠣᠢ᠃ ᠭᠤᠷᠪᠠ  ᠳᠤ᠂ ᠮᠠᠯ ᠠᠵᠣ ᠠᠬᠤᠢ  ᠶᠢᠨ ᠦᠢᠯᠡᠳᠪᠣᠷᠢᠯᠠᠯ ᠡᠵᠡᠩᠨᠠᠯᠳᠠ  ᠶᠢᠨ ᠠᠷᠭ᠎ᠠ ᠬᠡᠯᠪᠡᠷᠢ ᠨᠠᠯᠢᠶᠠᠳ ᠬᠤᠴᠣᠷᠣᠩᠭᠤᠢ᠂ ᠠᠵᠣ ᠦᠢᠯᠡᠰᠵᠢᠯᠳᠠ  ᠶᠢᠨ ᠬᠢᠷᠢ ᠬᠡᠮᠵᠢᠶ᠎ᠠ ᠬᠠᠷᠢᠴᠠᠩᠭᠤᠢ ᠲᠣᠣᠷ᠎ᠠ᠂ ᠮᠠᠯ ᠪᠠᠯᠴᠢᠬᠡᠷ  ᠤᠨ ᠵᠦᠷᠢᠴᠠᠯ  ᠢ ᠦᠨᠳᠣᠰᠣᠨ  ᠠᠴᠠ ᠨᠢ ᠰᠢᠢᠳᠪᠣᠷᠢᠯᠠᠵᠣ ᠲᠠᠶᠢᠯᠣᠬᠡᠳᠣᠢ᠃ ᠲᠦᠷᠪᠠ  ᠳᠤ᠂ ᠬᠤᠳᠠ ᠪᠠᠯᠭᠠᠰᠣᠵᠢᠯᠳᠠ  ᠶᠢᠨ ᠬᠡᠪᠴᠢᠶᠠᠵᠢᠯ ᠪᠠᠭ᠎ᠠ᠂ ᠲᠦᠯᠦᠪᠵᠢᠬᠦᠯᠬᠡ᠂ ᠪᠠᠶᠢᠭᠤᠯᠣᠯᠳᠠ ᠪᠠ ᠬᠠᠮᠢᠶᠠᠷᠣᠯᠳᠠ  ᠶᠢᠨ ᠬᠢᠷᠢ ᠲᠦᠪᠰᠢᠨ ᠲᠣᠣᠷ᠎ᠠ᠂ ᠶᠠᠷᠣᠩᠬᠡᠶᠢᠯᠡᠭᠰᠡᠨ ᠦᠢᠯᠡᠴᠢᠯᠡᠬᠡᠨ  ᠤ ᠴᠢᠳᠠᠪᠣᠷᠢ ᠲᠠᠬᠦᠯᠳᠡᠷᠵᠢᠬᠡ ᠦᠬᠡᠢ᠂ ᠲᠠᠶᠢᠴᠢᠯᠠᠨ ᠲᠠᠭᠠᠭᠤᠯᠬᠤ ᠬᠦᠴᠣᠨ ᠠᠨᠠᠢ᠃ ᠲᠠᠪᠤ  ᠳᠤ᠂ ᠣᠰᠣ᠂ ᠴᠠᠬᠢᠯᠭᠠᠨ᠂ ᠵᠠᠮ᠂ ᠴᠢᠮᠡᠭᠡ ᠬᠤᠯᠪᠣᠭ᠎ᠠ ᠵᠡᠷᠬᠡ ᠰᠠᠭᠤᠷᠢ ᠲᠦᠬᠦᠬᠡᠷᠦᠮᠵᠢ ᠬᠤᠴᠣᠷᠣᠩᠭᠤᠢ᠂ ᠬᠦᠭᠵᠢᠯᠳᠠ ᠶᠢ ᠬᠠᠷᠰᠢᠯᠠᠬᠤ ᠬᠦᠴᠦᠨ ᠵᠦᠢᠯ ᠮᠦᠨᠬᠦ ᠣᠷᠣᠰᠢᠭᠰᠠᠭᠠᠷ᠃ ᠵᠢᠷᠭᠤᠭ᠎ᠠ  ᠳᠤ᠂ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠣᠷᠣᠯᠭ᠎ᠠ ᠬᠠᠷᠢᠴᠠᠩᠭᠤᠢ ᠲᠣᠣᠷ᠎ᠠ᠂ ᠣᠷᠣᠯᠭ᠎ᠠ ᠨᠡᠮᠡᠭᠳᠡᠬᠦᠯᠬᠦ ᠠᠷᠭ᠎ᠠ ᠵᠠᠮ ᠢᠪᠴᠣᠣ᠂ ᠨᠡᠮᠡᠭᠳᠠᠯ ᠤᠨ ᠬᠤᠷᠳᠣᠴᠨ ᠣᠳᠠᠭᠠᠨ᠃ ᠲᠣᠯᠤᠭ᠎ᠠ  ᠳᠤ᠂ ᠨᠡᠶᠢᠬᠡᠮ  ᠤᠨ ᠡᠯ᠎ᠠ ᠲᠦᠷᠦᠯ  ᠤᠨ ᠠᠵᠢᠯ ᠣᠶᠢᠯᠠᠰ ᠲᠠᠬᠢ ᠪᠡᠯᠨ ᠣᠷᠣᠭᠤᠯᠣᠯᠳᠠ ᠬᠦᠷᠦᠯᠴᠡᠬᠦ ᠦᠬᠡᠢ᠂ ᠬᠦᠭᠵᠢᠯᠳᠠ ᠨᠢ ᠣᠳᠠᠭᠠᠨ᠂ ᠣᠨᠴᠠᠭᠠᠶᠢᠯᠠᠨ ᠰᠢᠨᠵᠢᠯᠡᠬᠦ ᠮᠡᠷᠬᠡᠵᠢᠯ᠂ ᠰᠣᠷᠭᠠᠨ ᠬᠦᠮᠦᠵᠢᠯ  ᠤᠨ ᠶᠡᠷᠣᠩᠬᠡᠢ ᠬᠢᠷᠢ ᠲᠦᠪᠰᠢᠨ ᠲᠣᠣᠷ᠎ᠠ᠂ ᠴᠢᠳᠠᠪᠣᠷᠢᠳᠠᠨ ᠬᠦᠷᠦᠯᠴᠠᠬᠦ ᠦᠬᠡᠢ ᠪᠠᠶᠢᠨ᠎ᠠ᠃ ᠪᠢᠳᠠ ᠡᠷᠬᠡᠪᠰᠢ ᠡᠳᠡᠬᠡᠷ ᠠᠰᠠᠭᠤᠳᠠᠯ  ᠢ ᠵᠦᠪ  ᠢᠶᠠᠷ ᠲᠠᠨᠢᠵᠣ᠂ ᠬᠤᠰᠢᠭᠤ ᠨᠠᠮ  ᠤᠨ ᠬᠤᠷᠢᠶᠠᠨ ᠤ ᠠᠷᠪᠠᠨ ᠨᠢᠬᠡᠳᠣᠬᠡᠷ ᠬᠤᠭᠤᠴᠠᠭᠠᠨ  ᠤ ᠵᠢᠷᠭᠤᠳᠣᠭᠠᠷ ᠣᠳᠠᠭᠠᠨ  ᠤ ᠪᠦᠬᠦ  ᠬᠡᠰᠢᠬᠦᠳ ︵ᠦᠷᠬᠡᠳᠬᠡᠭᠰᠡᠨ︶  ᠤᠨ ᠬᠤᠷᠠᠯ  ᠤᠨ ᠶᠡᠷᠣᠩᠬᠡᠢ ᠱᠠᠭᠠᠷᠳᠠᠯᠭ᠎ᠠ ᠪᠠ ᠠᠵᠢᠯ  ᠤᠨ ᠪᠠᠶᠢᠷᠢᠯᠠᠭᠤᠯᠣᠯᠳᠠ ᠶᠣᠰᠣᠭᠠᠷ ᠠᠵᠢᠯ  ᠤᠨ ᠡᠷᠴᠢᠮ  ᠢᠶᠠᠨ ᠣᠯᠠᠮ ᠴᠢᠩᠭᠠᠳᠬᠠᠵᠣ᠂ ᠬᠦᠭᠵᠢᠯᠳᠠ ᠲᠣᠮᠳᠠ ᠲᠣᠯᠭᠠᠷᠠᠵᠣ ᠪᠠᠶᠢᠭ᠎ᠠ ᠵᠦᠷᠢᠴᠠᠯ ᠪᠠ ᠠᠰᠠᠭᠤᠳᠠᠯ  ᠢ ᠲᠠᠰᠣᠷᠠᠯᠳᠠ ᠦᠬᠡᠢ ᠰᠢᠢᠳᠪᠣᠷᠢᠯᠠᠵᠣ᠂ ᠵᠦᠷᠢᠶ᠎ᠠ ᠪᠠᠨ ᠪᠠᠭᠠᠰᠬᠠᠨ ᠴᠢᠷᠮᠠᠶᠢᠨ ᠣᠷᠣᠭᠰᠢᠯᠠᠬᠤ ᠴᠢᠬᠤᠯᠠᠳᠠᠢ ᠪᠠᠶᠢᠨ᠎ᠠ᠃ ᠬᠤᠶᠠᠷ᠂ 2008 ᠣᠨ  ᠤ ᠠᠵᠢᠯ  ᠤᠨ ᠪᠠᠶᠢᠷᠢᠯᠠᠭᠤᠯᠣᠯᠳᠠ 2008 ᠣᠨ  ᠳᠤ᠂ ᠪᠦᠬᠦ ᠬᠤᠰᠢᠭᠤᠨ  ᠤ ᠠᠵᠢᠯ  ᠤᠨ ᠶᠠᠷᠣᠩᠬᠡᠢ ᠰᠠᠳᠬᠢᠴᠨ ᠪᠣᠯ᠄ ᠳ᠋ᠧᠩ ᠰᠢᠶᠣᠣ ᠫᠢᠩ  ᠤᠨ ᠣᠨᠣᠯ ᠪᠠ ︽ᠭᠤᠷᠪᠠ  ᠶᠢ ᠲᠦᠯᠦᠬᠡᠯᠡᠬᠦ︾ ᠴᠢᠬᠤᠯᠨ ᠦᠵᠡᠯ ᠰᠠᠨᠠᠭ᠎ᠠ ᠪᠠᠷ ᠵᠢᠯᠣᠭᠤᠳᠣᠭᠤᠯᠬᠤ  ᠶᠢ ᠪᠠᠷᠢᠮᠳᠠᠯᠠᠵᠣ᠂ ᠰᠢᠨᠵᠢᠯᠡᠬᠦ ᠣᠬᠠᠭᠠᠨᠴᠢ ᠬᠦᠭᠵᠢᠯᠳᠠ  ᠶᠢᠨ ᠦᠵᠡᠯᠳᠠ  ᠶᠢ ᠬᠦᠨᠵᠡᠬᠡᠢ ᠨᠠᠶᠢᠳᠠᠪᠣᠷᠢᠵᠢᠭᠤᠯᠣᠨ᠂ ᠰᠢᠨ᠎ᠠ ᠬᠡᠯᠪᠡᠷᠢ  ᠶᠢᠨ ᠠᠵᠣ ᠦᠢᠯᠡᠳᠪᠣᠷᠢᠵᠢᠯᠳᠠ  ᠶᠢ ᠠᠬᠢᠭᠤᠯᠬᠤ ᠪᠠᠷ ᠭᠤᠣᠯ ᠴᠢᠭᠯᠡᠯᠳᠠ ᠪᠣᠯᠭᠠᠨ᠂ ᠨᠢᠬᠡᠳᠣᠬᠡᠷ ᠠᠵᠣ ᠦᠢᠯᠡᠰ  ᠢ ᠰᠢᠯᠢᠳᠡᠭᠵᠢᠬᠦᠯᠵᠣ᠂ ᠬᠤᠶᠠᠳᠣᠭᠠᠷ ᠠᠵᠣ ᠦᠢᠯᠡᠰ  ᠢ ᠴᠢᠩᠭᠠᠳᠬᠠᠨ᠂ ᠭᠤᠷᠪᠠᠳᠣᠭᠠᠷ ᠠᠵᠣ ᠦᠢᠯᠡᠰ  ᠢ ᠶᠡᠭᠡ ᠬᠦᠴᠦᠨ  ᠢᠶᠠᠷ ᠬᠦᠭᠵᠢᠬᠦᠯᠵᠣ᠂ ᠠᠵᠣ ᠠᠬᠤᠢ ᠶᠢᠨ ᠶᠡᠷᠣᠩᠬᠡᠢ ᠬᠡᠮᠵᠢᠶ᠎ᠠ  ᠶᠢ  ᠨᠡᠮᠡᠭᠳᠡᠬᠦᠯᠦᠨ᠎ᠠ᠃ ᠬᠤᠳᠠ ᠬᠦᠳᠡᠭᠡ ᠶᠢ ᠨᠢᠬᠡᠳᠣᠯᠳᠠᠢ ᠲᠦᠯᠦᠪᠵᠢᠬᠦᠯᠦᠨ ᠬᠦᠭᠵᠢᠬᠦᠯᠬᠦ  ᠶᠢ ᠣᠨᠴᠨ ᠴᠢᠬᠤᠯᠠᠴᠢᠯᠠᠵᠣ᠂ ᠠᠮᠢ ᠠᠬᠤᠢ  ᠶᠢᠨ ᠪᠣᠯᠪᠠᠰᠣᠨ  ᠤ ᠪᠠᠶᠢᠭᠤᠯᠣᠯᠳᠠ᠂ ᠠᠷᠠᠳ ᠤᠨ ᠠᠮᠢᠳᠣᠷᠠᠯ  ᠢ ᠰᠠᠶᠢᠵᠢᠷᠠᠭᠤᠯᠬᠤ ᠪᠠ ᠡᠶ᠎ᠡ ᠨᠠᠶᠢᠷᠠᠮᠳᠠᠭᠤ ᠨᠡᠶᠢᠬᠡᠮ  ᠤᠨ ᠪᠠᠶᠢᠭᠤᠯᠣᠯᠳᠠ  ᠶᠢ ᠲᠦᠯᠬᠢᠨ ᠠᠬᠢᠭᠤᠯᠬᠤ  ᠶᠢ ᠴᠢᠬᠤᠯᠠᠴᠢᠯᠠᠨ᠂ ᠪᠦᠬᠦ ᠬᠤᠰᠢᠭᠤᠨ  ᠤ ᠠᠵᠣ ᠠᠬᠤᠢ ᠨᠡᠶᠢᠬᠡᠮ  ᠤᠨ ᠨᠡᠩ ᠰᠠᠶᠢᠨ ᠨᠡᠩ ᠲᠦᠷᠬᠡᠨ ᠬᠦᠭᠵᠢᠯᠳᠠ ᠶᠢ ᠴᠢᠷᠮᠠᠶᠢᠨ ᠪᠠᠶᠠᠯᠡᠬᠦᠯᠦᠨ᠎ᠠ᠃ ᠡᠨ᠋ᠨ ᠵᠢᠯ  ᠤᠨ ᠭᠤᠣᠯ ᠬᠠᠷᠠᠯᠳᠠ ᠪᠠᠨ ᠲᠣᠣᠷᠠᠬᠢ ᠮᠠᠳᠣ ᠲᠦᠰᠣᠪᠯᠡᠪᠡ᠄ ᠭᠠᠵᠠᠷ ᠣᠷᠣᠨ  ᠤ ᠦᠢᠯᠡᠳᠪᠣᠷᠢᠯᠠᠯ  ᠤᠨ ᠦᠢᠯᠡᠳᠬᠡᠬᠦᠨ  ᠤ ᠶᠠᠷᠣᠩᠬᠡᠢ ᠦᠷᠳᠡᠭ  ᠢ 16.3 ᠳ᠋ᠦᠩᠰᠢᠭᠤᠷ ᠲᠦᠬᠦᠷᠢᠭ ᠪᠠᠶᠡᠯᠡᠬᠦᠯᠦᠨ᠂ ᠨᠢᠳᠣᠨᠣᠨ  ᠤ  ᠬᠢ  ᠠᠴᠠ 29.8% ᠪᠠᠷ ᠨᠡᠮᠡᠭᠳᠡᠬᠦᠯᠦᠨ᠎ᠠ᠂᠂ ᠡᠬᠦᠨ  ᠳᠤ  ᠨᠢᠬᠡᠳᠣᠬᠡᠷ ᠠᠵᠣ ᠦᠢᠯᠡᠰ  ᠤᠨ ᠨᠡᠮᠡᠭᠳᠠᠯ ᠦᠷᠳᠡᠭ  ᠢ 3.4 ᠳ᠋ᠦᠩᠰᠢᠭᠤᠷ ᠲᠦᠬᠦᠷᠢᠭ  ᠲᠤ ᠬᠦᠷᠬᠡᠨ᠂ 4.6% ᠪᠠᠷ ᠨᠡᠮᠡᠭᠳᠡᠬᠦᠯᠵᠣ᠂ ᠬᠤᠶᠠᠳᠣᠭᠠᠷ ᠠᠵᠣ ᠦᠢᠯᠡᠰ  ᠤᠨ ᠨᠡᠮᠡᠭᠳᠠᠯ ᠦᠷᠳᠡᠭ  ᠢ 8.4 ᠳ᠋ᠦᠩᠰᠢᠭᠤᠷ ᠲᠦᠬᠦᠷᠢᠭ  ᠲᠤ ᠬᠦᠷᠬᠡᠨ᠂ 49.7% ᠪᠠᠷ ᠨᠡᠮᠡᠭᠳᠡᠬᠦᠯᠵᠣ᠂ ᠡᠬᠦᠨ ᠳᠤ ᠠᠵᠣ ᠦᠢᠯᠡᠳᠪᠣᠷᠢ  ᠶᠢᠨ ᠨᠡᠮᠡᠭᠳᠠᠯ ᠦᠷᠳᠡᠭ  ᠢ 6 ᠳ᠋ᠦᠩᠰᠢᠭᠤᠷ ᠲᠦᠬᠦᠷᠢᠭ ᠪᠡᠶᠡᠯᠡᠬᠦᠯᠦᠨ᠂ 61.7% ᠪᠠᠷ ᠨᠡᠮᠡᠭᠳᠡᠬᠦᠯᠦᠨ᠎ᠠ᠃ ᠭᠤᠷᠪᠠᠳᠣᠭᠠᠷ ᠠᠵᠣ ᠦᠢᠯᠡᠰ  ᠤᠨ ᠨᠡᠮᠡᠭᠳᠠᠯ ᠦᠷᠳᠡᠭ  ᠢ 4.5 ᠳ᠋ᠦᠩᠰᠢᠭᠤᠷ ᠲᠦᠬᠦᠷᠢᠭ  ᠲᠤ ᠬᠦᠷᠬᠡᠨ᠂ 21.6% ᠪᠠᠷ ᠨᠡᠮᠡᠭᠳᠡᠬᠦᠯᠦᠨ᠎ᠠ᠃ ᠪᠦᠬᠦ ᠨᠡᠶᠢᠬᠡᠮ  ᠤᠨ ᠲᠣᠭᠳᠠᠮᠠᠯ ᠬᠦᠷᠣᠩᠬᠡ  ᠶᠢᠨ ᠪᠡᠯᠨ ᠣᠷᠣᠭᠤᠯᠣᠯᠳᠠ  ᠶᠢ 30 ᠳ᠋ᠦᠩᠰᠢᠭᠤᠷ ᠲᠦᠬᠦᠷᠢᠭ ᠲᠤ ᠬᠦᠷᠭᠡᠵᠦ᠂ 30.2%  ᠢᠶᠠᠷ ᠨᠡᠮᠡᠭᠳᠡᠬᠦᠯᠦᠨ᠎ᠠ᠃ ᠡᠳ᠋ ᠤᠨ ᠵᠠᠰᠠᠭ ᠤᠨ ᠶᠠᠷᠣᠩᠬᠡᠢ ᠣᠷᠣᠯᠭ᠎ᠠ  ᠶᠢ 1.4 ᠳ᠋ᠦᠩᠰᠢᠭᠤᠷ ᠲᠦᠬᠦᠷᠢᠭ ︵ᠰᠢᠨ᠎ᠠ ᠪᠦᠷᠢᠳᠬᠡᠯ  ᠤᠨ ᠠᠷᠭ᠎ᠠ  ᠶᠢ ᠦᠨᠳᠣᠰᠣᠯᠠᠪᠠ︶ ᠲᠤ ᠬᠦᠷᠬᠡᠨ᠂ 35 % ᠪᠠᠷ ᠨᠡᠮᠡᠭᠳᠡᠬᠦᠯᠦᠨ᠎ᠠ᠃ ᠬᠤᠳᠠ ᠪᠠᠯᠭᠠᠰᠣᠨ  ᠤ ᠰᠠᠭᠤᠭᠠᠯᠢ ᠠᠷᠠᠳ  ᠤᠨ ᠲᠣᠮᠳᠠᠴᠢ ᠲᠣᠬᠢᠷᠠᠭᠤᠯᠵᠣ ᠪᠣᠯᠬᠤᠶᠢᠴᠨ ᠣᠷᠣᠯᠭ᠎ᠠ  ᠶᠢ 11200  ᠲᠦᠬᠦᠷᠢᠭ  ᠲᠤ ᠬᠦᠷᠬᠡᠵᠣ᠂ 20.9% ᠪᠠᠷ ᠨᠡᠮᠡᠭᠳᠡᠬᠦᠯᠦᠨ᠂ ᠮᠠᠯᠴᠢᠳ  ᠤᠨ ᠲᠣᠮᠳᠠᠴᠢ ᠴᠡᠪᠡᠷ ᠣᠷᠣᠯᠭ᠎ᠠ  ᠶᠢ 6200  ᠲᠦᠬᠦᠷᠢᠭ  ᠲᠤ ᠬᠦᠷᠬᠡᠨ᠂ 11.5% ᠪᠠᠷ ᠨᠡᠮᠡᠭᠳᠡᠬᠦᠯᠬᠦ ᠪᠣᠯᠣᠨ᠎ᠠ᠃ ᠬᠢᠮᠢ  ᠳᠤ ᠬᠡᠷᠡᠭᠰᠡᠬᠦ ᠬᠦᠴᠢᠯᠳᠣᠷᠦᠭᠴᠢ ᠶᠢᠨ ᠬᠡᠮᠵᠢᠶ᠎ᠠ ᠪᠣᠯᠣᠨ ᠬᠦᠬᠦᠷ  ᠤᠨ ᠲᠠᠪᠬᠤᠷ ᠢᠰᠦᠯ ᠭᠠᠳᠠᠭᠰᠢᠯᠠᠭᠤᠯᠬᠤ ᠬᠡᠮᠵᠢᠶ᠎ᠡ ᠶᠢ ᠲᠣᠰᠪᠣᠷᠢ 415 ᠲᠣᠨ ᠪᠣᠯᠣᠨ 582 ᠲᠣᠨ  ᠤ ᠲᠣᠳᠣᠷ᠎ᠠ ᠬᠢᠵᠠᠭᠠᠷᠯᠠᠵᠣ᠂ ᠬᠦᠮᠦᠨ ᠠᠮᠨ  ᠶᠢᠨ ᠠᠶᠠᠨᠳᠠᠭᠠᠨ ᠦᠰᠬᠦ ᠨᠣᠷᠮ᠎ᠠ ᠶᠢ 5.6‰ ᠶᠢᠨ ᠲᠣᠳᠣᠷ᠎ᠠ ᠬᠢᠵᠠᠭᠠᠷᠯᠠᠨ᠂ ᠬᠤᠳᠠ ᠪᠠᠯᠭᠠᠰᠣᠨ  ᠤ ᠲᠠᠩᠰᠠᠯᠠᠭᠰᠠᠨ ᠠᠵᠢᠯ ᠠᠯᠳᠠᠭᠰᠠᠨ ᠨᠣᠷᠮ᠎ᠠ  ᠶᠢ 4%  ᠶᠢᠨ ᠲᠣᠳᠣᠷ᠎ᠠ ᠬᠢᠵᠠᠭᠠᠷᠯᠠᠨ᠎ᠠ᠃ ᠲᠡᠬᠡᠷᠡᠬᠢ ᠬᠠᠷᠠᠯᠳᠠ  ᠶᠢ ᠪᠡᠶᠡᠯᠡᠬᠦᠯᠬᠦ  ᠳᠤ ᠲᠣᠣᠷᠠᠬᠢ ᠬᠡᠳᠣᠨ ᠠᠵᠢᠯ  ᠢ ᠭᠤᠣᠯᠳᠠᠯᠭ᠎ᠠ ᠲᠠᠢ ᠠᠳᠬᠤᠨ᠎ᠠ᠄ ︵ᠨᠢᠬᠡ  ︶  ︽ᠰᠢᠯᠵᠢᠬᠦᠯᠣᠯᠳᠠ ᠬᠤᠪᠢᠷᠠᠭᠤᠯᠣᠯᠳᠠ ᠬᠤᠣᠰ ᠠᠮᠵᠢᠯᠳᠠ︾  ᠶᠢᠨ ᠲᠣᠭᠤᠷᠢᠨ  ᠳᠤ ᠮᠠᠯᠵᠢᠬᠤ ᠣᠷᠣᠨ  ᠤ ᠡᠯ᠎ᠠ ᠲᠦᠷᠦᠯ  ᠤᠨ ᠠᠵᠢᠯ  ᠢ ᠪᠠᠳᠣᠳᠠᠢ ᠲᠦᠯᠬᠢᠨ ᠠᠬᠢᠭᠤᠯᠣᠨ᠎ᠠ ᠮᠠᠯᠵᠢᠬᠤ ᠣᠷᠣᠨ  ᠤ ᠠᠵᠢᠯ ᠢ ᠰᠠᠶᠢᠳᠣᠷ ᠬᠢᠬᠦ ᠨᠢ ᠮᠠᠨ  ᠤ ᠬᠤᠰᠢᠭᠤᠨ  ᠤ ᠴᠢᠨᠡᠬᠡᠯᠢᠭ ᠨᠡᠶᠢᠬᠡᠮ  ᠢ  ᠪᠦᠬᠦ ᠲᠠᠯ᠎ᠠ ᠪᠠᠷ ᠪᠠᠶᠢᠭᠤᠯᠬᠤ ᠴᠢᠬᠤᠯᠨ ᠠᠭᠤᠯᠭ᠎ᠠ ᠪᠠ ᠡᠶ᠎ᠡ ᠨᠡᠶᠢᠷᠠᠮᠳᠠᠭᠤ ᠨᠡᠶᠢᠬᠡᠮ  ᠢ ᠴᠣᠭᠴᠠᠯᠠᠬᠤ  ᠶᠢᠨ ᠴᠢᠬᠤᠯᠨ ᠰᠠᠭᠤᠷᠢ ᠪᠣᠯᠬᠤ ᠮᠦᠷᠳᠡᠬᠡᠨ ᠪᠢᠳᠠ ᠪᠦᠬᠦᠨ  ᠤ ᠡᠮᠣᠨ᠎ᠠ ᠲᠠᠯᠪᠢᠭᠳᠠᠵᠣ ᠪᠠᠶᠢᠭ᠎ᠠ ᠠᠰᠣᠷᠣ ᠶᠡᠭᠡ ᠲᠠᠣᠬᠡᠳᠣ ᠡᠬᠦᠷᠬᠡ ᠪᠣᠯᠬᠤ ᠶᠣᠮ᠃ ᠪᠢᠳᠠ ᠵᠠᠪᠠᠯ ︽ᠨᠢᠬᠡ  ᠶᠢ ᠲᠣᠣᠱᠯᠠᠭᠤᠯᠵᠣ᠂ ᠬᠤᠶᠠᠷ ᠢ ᠪᠠᠷᠢᠮᠳᠠᠯᠠᠨ᠂ ᠭᠤᠷᠪᠠ  ᠶᠢ ᠨᠢᠬᠡᠳᠬᠡᠵᠣ᠂ ᠲᠦᠷᠪᠠ  ᠶᠢ ᠪᠠᠳᠠᠷᠠᠭᠤᠯᠣᠨ᠂ ᠲᠠᠪᠤ  ᠶᠢ ᠲᠡᠬᠡᠭᠰᠢᠯᠡᠬᠦᠯᠬᠦ︾ ᠰᠠᠳᠬᠢᠴᠨ ᠶᠢᠨ ᠲᠣᠭᠤᠷᠢᠨ  ᠳᠤ ︽ᠠᠷᠪᠠᠨ ᠪᠠᠷᠢᠮᠵᠢᠶ᠎ᠠ︾  ᠳᠤ ᠬᠦᠷᠬᠡᠬᠦ ᠱᠠᠭᠠᠷᠳᠠᠯᠭ᠎ᠠ ᠶᠣᠰᠣᠭᠠᠷ᠂ ︽ᠬᠤᠶᠠᠷ  ᠢ ᠲᠦᠷᠬᠡᠳᠬᠡᠬᠦ︾  ᠶᠢ ᠠᠬᠢᠭᠤᠯᠵᠣ᠂ ︽ᠭᠤᠷᠪᠠᠨ ᠶᠡᠭᠡ ᠬᠠᠷᠠᠯᠳᠠ︾  ᠶᠢ ᠪᠡᠶᠡᠯᠡᠬᠦᠯᠦᠨ᠎ᠠ᠃ ᠡᠨ᠋ᠨ ᠨᠢ ᠲᠠᠷᠣᠢ᠄ ᠮᠠᠯ ᠪᠠᠯᠴᠢᠬᠡᠷ ᠤᠨ ᠬᠤᠣᠰ ᠲᠠᠭᠠᠭᠠᠴᠢᠯᠠᠯᠳᠠ ᠶᠢᠨ ᠲᠦᠷᠢᠮ  ᠢ ᠭᠤᠶᠢᠪᠢᠰᠢ ᠦᠬᠡᠢ ᠲᠣᠣᠱᠯᠠᠭᠤᠯᠵᠣ᠂ ᠮᠠᠯ ᠪᠠᠯᠴᠢᠬᠡᠷ ᠤᠨ ᠲᠠᠩᠴᠡᠬᠦᠷᠢ ᠪᠣᠯᠣᠨ ︽ᠪᠠᠯᠴᠢᠬᠡᠷ ᠰᠡᠷᠬᠦᠬᠡᠬᠦ᠂ ᠪᠠᠯᠴᠢᠬᠡᠷᠯᠡᠬᠦᠯᠬᠦ ᠶᠢ ᠵᠣᠭᠰᠣᠭᠠᠬᠤ᠂ ᠰᠡᠯᠬᠦᠨ ᠮᠠᠯᠵᠢᠬᠤ︾ ᠬᠤᠶᠠᠷ ᠦᠨᠳᠣᠰᠣᠨ ᠲᠦᠷᠢᠮ ᠢ  ᠪᠠᠷᠢᠮᠳᠠᠯᠠᠨ᠂ ᠮᠠᠯᠵᠢᠬᠤ ᠣᠷᠣᠨ ᠤ  ᠨᠣᠳᠤᠭ ᠪᠠᠯᠴᠢᠬᠡᠷ ᠤᠨ ᠡᠬᠢ ᠪᠠᠶᠠᠯᠢᠭ᠂ ᠰᠠᠭᠤᠷᠢ ᠲᠦᠬᠦᠬᠡᠷᠦᠮᠵᠢ ᠶᠢᠨ ᠡᠬᠢ ᠪᠠᠶᠠᠯᠢᠭ᠂ ᠬᠦᠳᠠᠯᠮᠣᠷᠢ ᠬᠦᠴᠦᠨ ᠤ ᠡᠬᠢ ᠪᠠᠶᠠᠯᠢᠭ ᠢ ᠨᠢᠬᠡᠳᠬᠡᠵᠣ᠂ ᠭᠠᠴᠠᠭᠠᠨ ᠤ ︽ᠬᠤᠶᠠᠷ ᠵᠦᠪᠯᠡᠯ︾ ᠤᠨ ᠦᠢᠯᠡᠳᠣᠯ᠂ ᠮᠠᠯᠴᠢᠳ ᠤᠨ ᠭᠤᠣᠯ ᠴᠣᠭᠴᠨ ᠶᠢᠨ ᠦᠢᠯᠡᠳᠣᠯ᠂ ᠮᠠᠯᠵᠢᠬᠤ ᠤᠷᠤᠨ ᠤ ᠴᠢᠳᠠᠪᠣᠷᠢᠳᠠᠨ ᠤ ᠲᠠᠶᠢᠴᠢᠯᠠᠬᠤ ᠦᠢᠯᠡᠳᠣᠯ᠂ ᠮᠠᠯ ᠠᠵᠣ ᠠᠬᠤᠢ ᠶᠢᠨ ᠵᠣᠬᠢᠰᠳᠠᠢ ᠬᠡᠪᠴᠢᠶᠡᠵᠢᠯ ᠤᠨ ᠦᠷ᠎ᠠ ᠠᠰᠢᠭ ᠤᠨ ᠦᠢᠯᠡᠳᠦᠯ ᠢ ᠪᠠᠳᠠᠷᠠᠭᠤᠯᠣᠨ᠂ ᠮᠠᠯ ᠠᠵᠣ ᠠᠬᠤᠢ ᠶᠢᠨ ᠵᠤᠬᠢᠶᠠᠨ ᠪᠠᠶᠢᠭᠤᠯᠤᠯᠵᠢᠭᠰᠠᠨ ᠬᠡᠮᠵᠢᠶ᠎ᠠ᠂ ᠮᠠᠰᠢᠨᠴᠢᠯᠠᠭᠰᠠᠨ ᠬᠡᠮᠵᠢᠶ᠎ᠠ᠂ ᠰᠣᠷᠠᠭ ᠵᠠᠩᠬᠢᠴᠢᠯᠠᠭᠰᠠᠨ ᠬᠡᠮᠵᠢᠶ᠎ᠠ᠂ ᠲᠣᠰᠬᠠᠶᠢᠵᠢᠭᠰᠠᠨ ᠬᠡᠮᠵᠢᠶ᠎ᠠ᠂ ᠪᠠᠷᠢᠮᠵᠢᠶᠠᠵᠢᠭᠰᠠᠨ ᠬᠡᠮᠵᠢᠶ᠎ᠠ ᠶᠢ ᠲᠠᠰᠣᠷᠠᠯᠳᠠ ᠦᠬᠡᠢ ᠲᠡᠬᠡᠭᠰᠢᠯᠡᠬᠦᠯᠵᠣ᠂ ᠪᠠᠯᠴᠢᠬᠡᠷ ᠢ ᠲᠣᠣᠷᠴᠢᠯᠠᠨ ᠪᠦᠳᠦᠬᠡᠨ ᠪᠠᠶᠢᠭᠤᠯᠬᠤ᠂ ᠨᠤᠳᠤᠭ ᠪᠠᠯᠴᠢᠬᠡᠷ  ᠤᠨ ᠠᠰᠢᠭᠯᠠᠯᠳᠠ ᠶᠢ ᠰᠢᠨᠵᠢᠯᠡᠬᠦ ᠣᠬᠠᠭᠠᠨᠴᠢᠯᠠᠬᠤ᠂ ᠲᠠᠯ᠎ᠠ ᠨᠣᠳᠤᠭ ᠤᠨ ᠬᠠᠮᠠᠭᠠᠯᠠᠯᠳᠠ ᠶᠢ ᠬᠠᠤᠯᠢ ᠲᠦᠷᠢᠮᠴᠢᠯᠡᠬᠦ᠂ ᠬᠠᠷᠠᠭᠤᠯᠭ᠎ᠠ ᠮᠠᠯᠵᠢᠯᠭ᠎ᠠ ᠶᠢ ᠪᠠᠯᠴᠢᠬᠡᠷ ᠰᠡᠯᠬᠦᠬᠦᠯᠬᠦ᠂ ᠠᠷᠠᠴᠢᠯᠠᠭ᠎ᠠ ᠲᠠᠵᠢᠬᠡᠯᠬᠡ  ᠶᠢ ᠡᠷᠴᠢᠮᠵᠢᠬᠦᠯᠬᠦ ᠂  ᠵᠠᠷᠣᠴᠠᠭᠤᠯᠬᠤ ᠮᠠᠯ ᠢᠶᠠᠨ ᠪᠤᠷᠳᠤᠨ ᠲᠠᠷᠭᠤᠯᠠᠭᠤᠯᠬᠤ᠂ ᠰᠠᠭᠤᠷᠢ ᠲᠤᠨᠤᠭ ᠲᠦᠭᠦᠬᠡᠷᠦᠮᠵᠢ ᠶᠢ ᠮᠠᠰᠢᠨᠴᠢᠯᠠᠬᠤ᠂ ᠮᠠᠯᠵᠢᠯ ᠤᠨ ᠲᠠᠯᠠᠪᠠᠢ ᠶᠢᠨ ᠬᠠᠮᠢᠶᠠᠷᠤᠯᠳᠠ ᠶᠢ ᠠᠵᠣ ᠠᠬᠤᠶᠢᠯᠠᠯᠵᠢᠭᠤᠯᠬᠤ᠂ ᠠᠵᠣ ᠦᠢᠯᠡᠰ ᠤᠨ ᠪᠠᠶᠢᠷᠢᠰᠢᠭᠤᠯᠤᠯᠳᠠ ᠶᠢ ᠰᠠᠭᠤᠷᠢᠨᠴᠢᠯᠠᠬᠤ᠂ ᠦᠢᠯᠡᠳᠪᠣᠷᠢᠯᠡᠯ ᠤᠨ ᠦᠢᠯᠡᠴᠢᠯᠡᠭᠡ ᠶᠢ ᠨᠡᠶᠢᠭᠡᠮᠴᠢᠯᠡᠬᠦ ᠪᠠᠷᠢᠮᠵᠢᠶ᠎ᠠ ᠳᠤ ᠬᠦᠷᠬᠡᠨ᠂ ᠮᠠᠯᠵᠢᠬᠤ ᠣᠷᠣᠨ  ᠤ ᠬᠦᠮᠦᠨ ᠠᠮᠨ  ᠶᠢ ᠨᠡᠬᠦᠯᠬᠡᠬᠦ ᠠᠯᠬᠤᠴᠨ ᠪᠠ ᠮᠠᠯ ᠠᠵᠣ ᠠᠬᠤᠢ  ᠶᠢᠨ ᠬᠦᠭᠵᠢᠯᠳᠠ  ᠶᠢᠨ ᠠᠷᠭ᠎ᠠ ᠮᠠᠶ᠋ᠢᠭ  ᠤᠨ ᠬᠤᠪᠢᠷᠠᠭᠤᠯᠣᠯᠳᠠ ᠶᠢ ᠲᠦᠷᠬᠡᠳᠬᠡᠨ᠂ ᠤᠳᠤᠬᠢᠴᠢᠯᠠᠭᠰᠠᠨ ᠮᠠᠯ ᠠᠵᠤ ᠠᠬᠤᠢ ᠶᠢ ᠬᠦᠭᠵᠢᠬᠦᠯᠬᠦ ᠪᠠᠷ ᠲᠠᠮᠵᠢᠭᠤᠯᠵᠤ᠂ ᠡᠴᠣᠰ ᠲᠡᠭᠡᠨ ᠠᠮᠢ ᠠᠬᠤᠢ  ᠶᠢ ᠰᠡᠷᠬᠦᠬᠡᠵᠣ᠂ ᠦᠢᠯᠡᠳᠪᠣᠷᠢᠯᠡᠯ  ᠢ ᠬᠦᠭᠵᠢᠬᠦᠯᠦᠨ᠂ ᠠᠮᠢᠳᠣᠷᠠᠯ  ᠶᠢ ᠨᠢ ᠴᠢᠨᠡᠬᠡᠯᠢᠭᠵᠢᠬᠦᠯᠬᠦ ᠬᠠᠷᠠᠯᠳᠠ ᠪᠠᠨ ᠪᠡᠶᠡᠯᠡᠬᠦᠯᠦᠨ᠎ᠠ᠃ ᠠᠮᠢ ᠠᠬᠤᠢ  ᠶᠢᠨ ᠬᠠᠮᠠᠭᠠᠯᠠᠯᠳᠠ ᠪᠠ ᠪᠦᠳᠦᠬᠡᠨ ᠪᠠᠶᠢᠭᠤᠯᠣᠯᠳᠠ  ᠶᠢ ᠦᠷᠬᠦᠯᠵᠢᠯᠠᠨ ᠴᠢᠩᠭᠠᠳᠬᠠᠨ᠎ᠠ᠃ ᠨᠢᠬᠡ ᠳᠤ᠂ ᠠᠮᠢ ᠠᠬᠤᠢ  ᠶᠢᠨ ᠣᠳᠣᠬᠢ ᠪᠠᠶᠢᠳᠠᠯ  ᠢᠶᠠᠨ ᠦᠨᠳᠣᠰᠣᠯᠠᠨ᠂ ︽ᠭᠤᠷᠪᠠᠨ ᠣᠷᠣᠨ ᠲᠦᠷᠪᠡᠨ ᠪᠦᠰᠨ ᠲᠠᠪᠣᠨ ᠴᠢᠭ︾  ᠢ ᠲᠣᠭᠳᠠᠭᠠᠨ᠎ᠠ᠃ ᠭᠤᠷᠪᠠᠨ ᠣᠷᠣᠨ ᠨᠢ ᠲᠠᠷᠣᠢ᠄ ᠪᠡᠯᠭᠦᠳᠡᠢ ᠪᠠᠯᠭᠠᠰᠤᠨ ᠤ ᠲᠣᠭᠤᠷᠢᠨ ᠳᠠᠬᠢ 50 ᠲᠡᠭᠰᠢ ᠲᠦᠷᠪᠡᠯᠵᠢᠨ ᠺᠢᠯᠤᠮᠧᠲᠷ ᠤᠨ ᠠᠮᠢ ᠠᠬᠤᠢ ᠶᠢᠨ ᠬᠠᠮᠠᠭᠠᠯᠠᠯᠳᠠ ᠶᠢᠨ ᠤᠷᠤᠨ᠂ ᠤᠯᠢᠶᠠᠰᠤᠳᠠᠢ ᠶᠢᠨ 150 ᠲᠡᠭᠰᠢ ᠲᠦᠷᠪᠡᠯᠵᠢᠨ ᠺᠢᠯᠤᠮᠧᠲᠷ ᠤᠨ ᠪᠠᠯᠠᠷ ᠤᠢ ᠶᠢᠨ ᠬᠠᠮᠠᠭᠠᠯᠠᠯᠳᠠ ᠶᠢᠨ ᠤᠷᠤᠨ᠂ ᠭᠤᠭᠤᠰᠤᠳᠠᠢ ᠭᠤᠤᠯ ᠬᠦᠢᠳᠡᠨ ᠭᠤᠤᠯ ᠤᠨ ᠤᠷᠤᠰᠬᠠᠯ ᠲᠠᠭᠠᠤ ᠪᠤᠯᠤᠨ ᠴᠠᠭᠠᠨ ᠨᠠᠭᠤᠷ ᠤᠨ 110 ᠲᠡᠭᠰᠢ ᠲᠦᠷᠪᠡᠯᠵᠢᠨ ᠺᠢᠯᠤᠮᠧᠲᠷ ᠤᠨ ᠠᠮᠢ ᠠᠬᠤᠢ ᠶᠢᠨ ᠬᠠᠮᠠᠭᠠᠯᠠᠯᠳᠠ ᠶᠢᠨ  ᠤᠷᠤᠨ ᠪᠤᠯᠤᠨ᠎ᠠ᠃ ᠲᠦᠷᠪᠡᠨ ᠪᠦᠰᠡ ᠨᠢ ᠲᠠᠷᠤᠢ᠄ 207 ᠤᠯᠤᠰ ᠤᠨ ᠲᠠᠰ  ᠤᠨ ᠵᠠᠮ  ᠲᠠᠭᠠᠤ ᠠᠮᠢ ᠠᠬᠤᠢ ᠶᠢᠨ ᠬᠠᠮᠠᠭᠠᠯᠠᠯᠳᠠ ᠶᠢᠨ ᠪᠦᠰᠡ᠂ 101 ᠮᠤᠵᠢ ᠶᠢᠨ ᠲᠡᠰ ᠤᠨ ᠵᠠᠮ ᠲᠠᠭᠠᠤ ᠠᠮᠢ ᠠᠬᠤᠢ ᠶᠢᠨ ᠬᠠᠮᠠᠭᠠᠯᠠᠯᠳᠠ ᠶᠢᠨ ᠪᠦᠰᠡ᠂ ᠬᠤᠯᠠᠨ ᠰᠢᠷᠭ᠎ᠠ ᠲᠠᠭ᠎ᠠ ᠶᠢᠨ ᠡᠯᠡᠰᠦᠨ ᠤ ᠬᠤᠶᠢᠳᠤ ᠵᠠᠬ᠎ᠠ ᠲᠠᠭᠠᠤ ᠬᠠᠮᠠᠭᠠᠯᠠᠯᠳᠠ ᠶᠢᠨ ᠪᠦᠰᠡ᠂ ᠬᠢᠯᠢ ᠲᠠᠭᠠᠤ 2 ᠺᠢᠯᠤᠮᠧᠲᠷ ᠤᠨ ᠬᠡᠪᠴᠢᠶᠡᠨ ᠳᠠᠬᠢ 100 ᠲᠦᠮᠡᠨ ᠮᠤ᠋ ᠶᠢᠨ ᠠᠮᠢ ᠠᠬᠤᠢ ᠶᠢᠨ ᠬᠠᠮᠠᠭᠠᠯᠠᠯᠳᠠ ᠶᠢᠨ ᠪᠦᠰᠡ ᠵᠡᠷᠭᠡ ᠪᠤᠯᠤᠨ᠎ᠠ᠃ ᠲᠠᠪᠤᠨ ᠴᠢᠭ ᠨᠢ ᠲᠠᠷᠤᠢ᠄ ᠪᠡᠯᠭᠦᠳᠡᠢ ᠪᠠᠯᠭᠠᠰᠤᠨ ᠠᠴᠠ ᠪᠤᠰᠤᠳ ᠲᠠᠪᠤᠨ ᠰᠤᠮᠤ ᠪᠠᠯᠭᠠᠰᠤᠨ ᠤ ᠲᠦᠪ ᠪᠤᠯᠤᠨ᠎ᠠ᠃ ᠭᠤᠣᠯ ᠬᠠᠷᠠᠯᠳᠠ ᠨᠢ ᠲᠠᠷᠣᠢ ᠬᠠᠮᠠᠭᠠᠯᠠᠯᠳᠠ ᠪᠠ ᠪᠦᠳᠦᠬᠡᠨ ᠪᠠᠶᠢᠭᠤᠯᠣᠯᠳᠠ ᠪᠠᠷ ᠲᠠᠮᠵᠢᠭᠤᠯᠣᠨ᠂ ᠡᠪᠡᠰᠣᠨ  ᠤ ᠦᠢᠯᠡᠰ ᠪᠠ ᠠᠮᠢ ᠠᠬᠤᠢ ᠶᠢᠨ ᠵᠣᠭᠠᠴᠠᠯ ᠤᠨ ᠦᠢᠯᠡᠰ  ᠢ ᠬᠦᠭᠵᠢᠬᠦᠯᠬᠦ  ᠶᠢᠨ ᠬᠠᠮᠳᠣ ᠣᠷᠣᠰᠢᠨ ᠠᠮᠢᠳᠣᠷᠬᠠᠣ ᠣᠷᠴᠢᠨ  ᠢ ᠦᠨᠡᠨᠬᠦ ᠰᠠᠶᠢᠵᠢᠷᠠᠭᠤᠯᠣᠨ᠎ᠠ᠃ ᠡᠨ᠋ᠨ ᠵᠢᠯ᠂ ᠠᠮᠢ ᠠᠬᠤᠢ ᠶᠢᠨ ᠪᠦᠳᠦᠬᠡᠨ ᠪᠠᠶᠢᠭᠤᠯᠣᠯᠳᠠ  ᠶᠢᠨ ᠡᠯ᠎ᠠ ᠵᠦᠢᠯ ᠤᠨ ᠲᠦᠷᠦᠯ ᠵᠦᠢᠯ  ᠢ ᠭᠤᠣᠯᠳᠠᠯᠭ᠎ᠠ ᠲᠠᠢ  ᠪᠠᠷ ︽ᠭᠤᠷᠪᠠᠨ ᠣᠷᠣᠨ ᠲᠦᠷᠪᠠᠨ ᠪᠦᠰᠨ ᠲᠠᠪᠣᠨ ᠴᠢᠭ︾  ᠲᠤ ᠲᠦᠪᠯᠡᠷᠡᠬᠦᠯᠦᠨ ᠬᠡᠷᠡᠭᠵᠢᠬᠦᠯᠦᠨ᠎ᠠ᠃ ᠬᠤᠶᠠᠷ  ᠲᠤ᠂  ᠮᠠᠯ ᠪᠠᠯᠴᠢᠬᠡᠷ  ᠤᠨ ᠲᠠᠩᠴᠡᠬᠦᠷᠢ  ᠶᠢᠨ ᠲᠦᠷᠢᠮ ᠢ ᠴᠢᠩᠭ᠎ᠠ ᠨᠠᠶᠢᠳᠠᠪᠣᠷᠢᠵᠢᠭᠤᠯᠣᠨ᠎ᠠ᠃ ᠲᠠᠯ᠎ᠠ ᠨᠣᠳᠤᠭ  ᠢ ᠬᠢᠨᠠᠨ ᠬᠠᠮᠢᠶᠠᠷᠬᠤ ᠡᠷᠴᠢᠮ  ᠢᠶᠠᠨ ᠣᠯᠠᠮ ᠴᠢᠨᠠᠭᠰᠢᠳᠠ ᠴᠢᠩᠭᠠᠷᠠᠭᠤᠯᠣᠨ᠂ ᠨᠣᠳᠤᠭ ᠪᠠᠯᠴᠢᠬᠡᠷ  ᠢ ᠰᠢᠯᠵᠢᠬᠦᠯᠦᠨ ᠡᠵᠡᠩᠨᠡᠬᠦ ᠠᠵᠢᠯᠯᠠᠭ᠎ᠠ  ᠶᠢ ᠲᠦᠷᠢᠮᠵᠢᠬᠦᠯᠬᠦ᠂ ᠨᠣᠳᠤᠭ ᠪᠠᠯᠴᠢᠬᠡᠷ  ᠤᠨ ᠡᠪᠡᠰᠣᠨ  ᠤ ᠭᠠᠷᠣᠯᠳᠠ  ᠶᠢ ᠰᠢᠯᠭᠠᠨ ᠬᠡᠮᠵᠢᠬᠦ ᠠᠵᠢᠯ  ᠢ ᠴᠢᠩᠭ᠎ᠠ ᠠᠳᠬᠤᠨ᠂ ᠮᠠᠯᠵᠢᠯ  ᠤᠨ ᠪᠣᠰᠣ ᠡᠷᠦᠬᠡ  ᠶᠢᠨ ᠮᠠᠯ  ᠢ ᠡᠷᠡᠰ ᠴᠡᠪᠡᠷᠯᠠᠵᠣ᠂ ᠲᠠᠭᠠᠭᠠᠴᠨ  ᠠᠴᠠ ᠬᠡᠳᠣᠷᠡᠬᠦᠯᠦᠨ ᠮᠠᠯ ᠮᠠᠯᠵᠢᠭᠰᠠᠨ ᠡᠷᠦᠬᠡ  ᠶᠢ ᠬᠠᠣᠯᠢ ᠶᠣᠰᠣᠭᠠᠷ ᠲᠣᠷᠭᠠᠬᠤ ᠵᠡᠷᠬᠡ ᠠᠵᠢᠯ  ᠢ ᠡᠷᠴᠢᠮᠳᠠᠢ ᠠᠳᠬᠤᠨ᠂ ᠮᠠᠯᠵᠢᠯ  ᠤᠨ ᠪᠣᠰᠣ ᠡᠷᠦᠬᠡ  ᠶᠢᠨ ᠮᠠᠯ ᠮᠠᠯᠵᠢᠬᠤ ᠪᠠ ᠮᠠᠯᠵᠢᠯ  ᠤᠨ ᠲᠣᠮᠣ ᠡᠷᠦᠬᠡ  ᠶᠢᠨ ᠲᠠᠭᠠᠭᠠᠴᠨ  ᠠᠴᠠ ᠬᠡᠳᠣᠷᠡᠬᠦᠯᠦᠨ ᠮᠠᠯ ᠮᠠᠯᠵᠢᠬᠤ ᠠᠰᠠᠭᠤᠳᠠᠯ  ᠢ ᠭᠤᠣᠯᠳᠠᠯᠭ᠎ᠠ ᠲᠠᠢ ᠰᠢᠢᠳᠪᠣᠷᠢᠯᠠᠵᠣ᠂ ᠮᠠᠯ  ᠤᠨ ᠶᠠᠷᠦᠩᠬᠡᠢ ᠲᠤᠭ᠎ᠠ ᠪᠠ ᠰᠦᠷᠦᠭ  ᠤᠨ ᠬᠡᠪᠴᠢᠶ᠎ᠠ  ᠶᠢ ᠵᠦᠢ ᠵᠣᠬᠢᠰᠳᠠᠢ ᠬᠢᠵᠠᠭᠠᠷᠯᠠᠨ᠂ ᠡᠷᠦᠬᠡ ᠪᠣᠯᠭᠠᠨ  ᠳᠤ ᠮᠠᠯ ᠪᠡᠯᠴᠢᠬᠡᠷ  ᠢ ᠲᠠᠩᠴᠡᠬᠦᠷᠢᠰᠢᠬᠦᠯᠬᠦ ᠠᠵᠢᠯ  ᠤᠨ ᠲᠠᠯ᠎ᠠ ᠪᠠᠷ ᠰᠢᠨ᠎ᠠ ᠰᠢᠪᠳᠣᠯᠣᠯᠳᠠ ᠲᠠᠢ ᠪᠣᠯᠭᠠᠬᠤ ᠪᠠᠷ ᠴᠢᠷᠮᠠᠶᠢᠨ᠎ᠠ᠃ ᠭᠤᠷᠪᠠ  ᠳᠤ᠂ ︽ᠭᠤᠷᠪᠠᠨ ᠮᠠᠯᠵᠢᠯ  ᠤᠨ ᠲᠦᠷᠢᠮ︾  ᠢ ᠦᠷᠬᠦᠯᠵᠢᠯᠡᠨ ᠬᠡᠷᠡᠭᠵᠢᠬᠦᠯᠦᠨ᠎ᠠ᠃ ᠪᠠᠯᠴᠢᠬᠡᠷᠯᠡᠬᠦᠯᠬᠦ  ᠶᠢ ᠵᠣᠭᠰᠣᠭᠠᠬᠤ ᠪᠠ ᠬᠠᠰᠢᠶᠠᠯᠠᠨ ᠮᠠᠯᠵᠢᠭᠤᠯᠣᠭᠰᠠᠨ ᠦᠷ᠎ᠠ ᠪᠦᠳᠦᠮᠵᠢ ᠪᠠᠨ ᠪᠠᠳᠣᠳᠬᠠᠭᠰᠠᠨ ᠰᠠᠭᠤᠷᠢᠨ  ᠳᠤ᠂ ᠪᠠᠷᠢᠮᠵᠢᠶᠠᠵᠢᠭᠰᠠᠨ ᠲᠣᠭᠤᠷᠢᠭ ᠬᠤᠪᠢᠶᠠᠨ ᠰᠠᠯᠬᠦᠨ ᠮᠠᠯᠵᠢᠬᠤ ᠠᠷᠭ᠎ᠠ ᠶᠢ ᠠᠮᠢ ᠠᠬᠤᠢ  ᠶᠢᠨ ᠬᠠᠮᠠᠭᠠᠯᠠᠯᠳᠠ ᠪᠦᠳᠦᠬᠡᠨ ᠪᠠᠶᠢᠭᠤᠯᠣᠯᠳᠠ ᠪᠠ ᠨᠣᠳᠤᠭ ᠪᠠᠯᠴᠢᠬᠡᠷ  ᠢ ᠵᠦᠢ ᠵᠣᠬᠢᠰᠳᠠᠢ ᠠᠰᠢᠭᠯᠠᠬᠤ ᠭᠤᠣᠯ ᠠᠷᠭ᠎ᠠ ᠬᠡᠯᠪᠡᠷᠢ ᠪᠣᠯᠭᠠᠵᠣ᠂ ᠶᠠᠬᠡᠪᠡᠷ ᠲᠠᠯᠬᠡᠷᠡᠬᠦᠯᠦᠨ᠂ ᠨᠣᠳᠤᠭ ᠪᠠᠯᠴᠢᠬᠡᠷ ᠢ ᠦᠨᠡᠨᠬᠦ ᠠᠮᠣᠷᠵᠢᠭᠤᠯᠬᠤ  ᠶᠢ ᠪᠡᠶᠡᠯᠡᠬᠦᠯᠦᠨ᠂ ᠲᠣᠰ ᠵᠢᠯ   ᠳᠤ ᠲᠣᠭᠤᠷᠢᠭ ᠬᠤᠪᠢᠶᠠᠨ ᠰᠠᠯᠬᠦᠨ ᠮᠠᠯᠵᠢᠬᠤ ᠲᠠᠯᠠᠪᠠᠢ  ᠶᠢ 150 ᠲᠦᠮᠡᠨ ᠮᠣ᠋ ᠨᠡᠮᠡᠭᠳᠡᠬᠦᠯᠬᠦ ᠪᠠᠷ ᠲᠦᠯᠦᠪᠯᠡᠵᠣ ᠪᠣᠢ᠃ ᠡᠬᠦᠨ  ᠳᠤ᠂ ᠡᠮᠣᠨ᠎ᠠ ᠬᠡᠰᠡᠭ  ᠤᠨ ᠬᠠᠰᠢᠶᠠᠯᠠᠭ᠎ᠠ  ᠶᠢᠨ ᠨᠦᠬᠦᠪᠣᠷᠢ ᠲᠠᠢ ᠣᠷᠣᠨ  ᠳᠤ 100 ᠲᠦᠮᠡᠨ ᠮᠣ᠋᠂ ᠲᠣᠮᠳᠠ ᠬᠤᠶᠢᠳᠣ ᠬᠡᠰᠡᠭ  ᠤᠨ ᠡᠯᠡᠰᠣᠨ  ᠤ ᠡᠬᠢ ᠶᠢ ᠵᠠᠰᠠᠬᠤ ᠲᠦᠷᠦᠯ ᠵᠦᠢᠯ ᠲᠠᠢ ᠣᠷᠣᠨ  ᠳᠤ 50 ᠲᠦᠮᠡᠨ ᠮᠣ᠋ ᠪᠠᠶᠢᠷᠢᠯᠠᠭᠤᠯᠣᠨ᠎ᠠ᠃ ᠬᠠᠪᠣᠷ  ᠤᠨ ᠬᠠᠰᠢᠶᠠᠯᠭ᠎ᠠ  ᠠᠴᠠ ᠡᠮᠣᠨ᠎ᠠ ᠬᠢᠨᠠᠨ ᠰᠢᠯᠭᠠᠯᠳᠠ ᠪᠠᠷ ᠲᠠᠮᠵᠢᠨ ᠬᠢᠷᠢ ᠲᠠᠩᠴᠡᠭᠰᠡᠨ ᠲᠣᠭᠤᠷᠢᠭ ᠬᠤᠪᠢᠶᠠᠨ ᠰᠠᠯᠬᠦᠨ ᠮᠠᠯᠵᠢᠬᠤ ᠡᠷᠦᠬᠡ ᠨᠢ ᠬᠠᠪᠣᠷ  ᠤᠨ ᠬᠠᠰᠢᠶᠠᠯᠭ᠎ᠠ  ᠳᠤ ᠣᠷᠣᠯᠴᠠᠬᠤ ᠦᠬᠡᠢ᠃ ᠲᠦᠷᠪᠡ  ᠳᠤ᠂ ᠬᠠᠣᠯᠢ ᠶᠣᠰᠣᠭᠠᠷ ᠲᠠᠯ᠎ᠠ ᠨᠣᠳᠤᠭ  ᠢ ᠬᠠᠮᠠᠭᠠᠯᠠᠨ᠎ᠠ᠃ ᠬᠠᠣᠯᠢ ᠬᠡᠷᠡᠭᠵᠢᠬᠦᠯᠬᠦ ᠡᠷᠴᠢᠮ  ᠢᠶᠠᠨ ᠴᠢᠩᠭᠠᠳᠬᠠᠨ᠂ ᠬᠡᠬᠡᠷ᠎ᠠ  ᠶᠢᠨ ᠠᠮᠢᠳᠠᠨ ᠢ ᠲᠣᠷ᠎ᠠ ᠪᠠᠷ ᠠᠩᠨᠠᠬᠤ᠂ ᠬᠡᠬᠡᠷ᠎ᠠ ᠶᠢᠨ ᠣᠷᠭᠤᠮᠠᠯ  ᠢ ᠲᠣᠷ᠎ᠠ ᠪᠠᠷ ᠮᠠᠯᠳᠠᠬᠤ ᠵᠡᠷᠬᠡ ᠲᠠᠯ᠎ᠠ ᠨᠣᠳᠤᠭ  ᠤᠨ ᠠᠮᠢ ᠠᠬᠤᠢ  ᠶᠢ ᠡᠪᠳᠡᠭᠰᠡᠨ ᠠᠵᠢᠯᠯᠠᠭ᠎ᠠ ᠳᠤ ᠴᠢᠩᠭ᠎ᠠ ᠴᠣᠬᠢᠯᠳᠠ ᠦᠭᠬᠦᠨ᠎ᠠ᠃ ᠲᠦᠷᠦᠯ ᠵᠦᠢᠯ  ᠤᠨ ᠣᠷᠣᠨ  ᠤ ᠬᠠᠮᠠᠭᠠᠯᠠᠯᠳᠠ ᠪᠠ ᠬᠠᠮᠢᠶᠠᠷᠣᠯᠳᠠ ᠪᠠᠨ ᠦᠷᠬᠦᠯᠵᠢᠯᠠᠨ ᠴᠢᠩᠭᠠᠳᠬᠠᠵᠣ᠂ ᠡᠬᠦᠷᠬᠡ ᠬᠠᠷᠢᠭᠤᠴᠠᠯᠭ᠎ᠠ ᠪᠠᠨ ᠱᠠᠳᠣ ᠲᠠᠷᠠᠭᠠᠯᠠᠨ ᠨᠠᠶᠢᠳᠠᠪᠣᠷᠢᠵᠢᠭᠤᠯᠵᠣ᠂ ᠠᠮᠢ ᠠᠬᠤᠢ ᠶᠢᠨ ᠲᠦᠷᠦᠯ ᠵᠦᠢᠯ  ᠤᠨ ᠪᠦᠳᠦᠬᠡᠨ ᠪᠠᠶᠢᠭᠤᠯᠣᠯᠳᠠ  ᠶᠢᠨ ᠦᠷ᠎ᠠ ᠪᠦᠳᠦᠬᠡᠯ  ᠢ ᠦᠨᠡᠨᠬᠦ ᠪᠠᠳᠣᠳᠬᠠᠨ ᠲᠡᠬᠡᠭᠰᠢᠯᠡᠬᠦᠯᠬᠦ  ᠶᠢᠨ ᠬᠠᠮᠳᠣ᠂ ᠠᠭᠤᠷᠬᠠᠢ ᠮᠠᠯᠳᠠᠬᠤ᠂ ᠬᠠᠶᠢᠨ ᠪᠠᠶᠢᠴᠠᠭᠠᠬᠤ᠂ ᠵᠠᠮ ᠵᠠᠰᠠᠬᠤ ᠵᠡᠷᠬᠡ ᠠᠵᠢᠯᠯᠠᠭ᠎ᠠ  ᠶᠢ ᠣᠯᠠᠮ ᠲᠦᠷᠢᠮᠵᠢᠬᠦᠯᠦᠨ᠂ ᠨᠣᠳᠤᠭ ᠪᠠᠯᠴᠢᠬᠡᠷ  ᠢ ᠲᠣᠷ᠎ᠠ ᠪᠠᠷ  ᠢᠶᠠᠨ ᠲᠠᠯᠬᠢᠳᠠᠬᠤ᠂ ᠪᠣᠬᠢᠷᠳᠠᠭᠤᠯᠬᠤ᠂ ᠡᠪᠳᠡᠬᠦ ᠦᠵᠡᠭᠳᠠᠯ  ᠢ ᠡᠷᠡᠰ ᠴᠠᠭᠠᠵᠠᠯᠠᠵᠣ᠂ ᠨᠣᠳᠤᠭ ᠪᠠᠯᠴᠢᠬᠡᠷ  ᠢ ᠲᠠᠬᠢᠨ ᠰᠡᠷᠬᠦᠬᠡᠭᠰᠡᠨ ᠨᠣᠷᠮ᠎ᠠ  ᠶᠢ 100 %  ᠳᠤ ᠬᠦᠷᠬᠡᠨ᠎ᠠ᠃ᠮᠠᠯᠵᠢᠬᠤ ᠣᠷᠣᠨ  ᠤ ᠬᠦᠮᠦᠨ ᠠᠮᠨ  ᠶᠢ ᠨᠡᠬᠦᠯᠬᠡᠨ ᠰᠢᠯᠵᠢᠬᠦᠯᠬᠦ ᠠᠬᠢᠴᠨ ᠪᠠᠨ ᠲᠦᠷᠬᠡᠳᠬᠡᠨ᠎ᠠ᠃ ᠮᠠᠯᠵᠢᠬᠤ ᠣᠷᠣᠨ  ᠤ ᠬᠦᠮᠦᠨ ᠠᠮᠨ  ᠶᠢ ᠨᠡᠬᠦᠯᠬᠡᠨ ᠰᠢᠯᠵᠢᠬᠦᠯᠬᠦ ᠠᠵᠢᠯ  ᠢ ᠲᠠᠯ᠎ᠠ ᠨᠣᠳᠤᠭ  ᠤᠨ ᠠᠮᠢ ᠠᠬᠤᠢ  ᠶᠢ ᠬᠠᠮᠠᠭᠠᠯᠠᠬᠤ ᠪᠠ ᠮᠠᠯᠴᠢᠳ  ᠤᠨ ᠣᠷᠣᠯᠭ᠎ᠠ  ᠶᠢ ᠨᠡᠮᠡᠭᠳᠡᠬᠦᠯᠬᠦ ᠪᠠᠶᠢᠩᠭᠤ  ᠶᠢᠨ ᠠᠷᠭ᠎ᠠ ᠪᠠᠷᠢᠯ ᠪᠣᠯᠭᠠᠨ ᠰᠠᠶᠢᠳᠣᠷ ᠠᠳᠬᠤᠨ᠎ᠠ᠃ ᠲᠦᠷᠦ  ᠶᠢᠨ ᠪᠣᠳᠣᠯᠭ᠎ᠠ᠂ ᠦᠢᠯᠡᠴᠢᠯᠡᠭᠡ᠂ ᠪᠣᠯᠪᠠᠰᠣᠷᠠᠯ᠂ ᠠᠵᠢᠯ ᠣᠯᠭᠤᠬᠤ ᠵᠠᠷᠬᠡ ᠲᠦᠷᠪᠠᠨ ᠭᠤᠭᠴᠤᠭ᠎ᠠ  ᠶᠢ ᠪᠦᠷᠢᠨᠰᠢᠬᠦᠯᠬᠦ ᠪᠠᠷ ᠲᠠᠮᠵᠢᠭᠤᠯᠣᠨ᠂ ᠮᠠᠯᠵᠢᠬᠤ ᠣᠷᠣᠨ  ᠤ ᠬᠦᠮᠦᠨ ᠠᠮᠨ ᠶᠢ ᠨᠡᠬᠦᠯᠬᠡᠨ ᠰᠢᠯᠵᠢᠬᠦᠯᠬᠦ ᠠᠷᠭ᠎ᠠ ᠵᠠᠮ  ᠢ ᠰᠢᠯᠣᠭᠤᠳᠬᠠᠨ᠎ᠠ᠃ ᠲᠦᠷᠦ  ᠶᠢᠨ ᠪᠣᠳᠣᠯᠭ᠎ᠠ ᠶᠢᠨ ᠲᠠᠯ᠎ᠠ ᠪᠠᠷ᠂ ᠨᠡᠬᠦᠨ ᠰᠢᠯᠵᠢᠭᠰᠡᠨ ᠮᠠᠯᠴᠢᠳ  ᠤᠨ ᠰᠠᠨᠠᠭᠠᠰᠢᠷᠠᠵᠣ ᠪᠠᠶᠢᠭ᠎ᠠ ᠨᠣᠳᠤᠭ ᠪᠠᠯᠴᠢᠬᠡᠷ  ᠤᠨ ᠨᠦᠬᠦᠪᠣᠷᠢ᠂ ᠦᠷ᠎ᠠ ᠬᠡᠣᠬᠡᠳ  ᠤᠨ ᠰᠣᠷᠭᠠᠭᠤᠯᠢ  ᠳᠤ ᠰᠠᠭᠤᠬᠤ᠂ ᠡᠮ ᠡᠮᠴᠢᠯᠡᠭᠡ ᠡᠷᠡᠬᠦᠯ ᠬᠠᠮᠠᠭᠠᠯᠠᠯ᠂ ᠪᠣᠯᠪᠠᠰᠣᠷᠠᠯ ᠬᠦᠮᠦᠵᠢᠯ᠂ ᠠᠵᠢᠯ ᠡᠷᠢᠬᠦ᠂ ᠣᠷᠣᠨ ᠰᠠᠭᠤᠴᠨ ᠬᠤᠳᠠᠯᠳᠣᠨ ᠠᠪᠬᠤ ᠵᠠᠷᠬᠡ ᠠᠰᠠᠭᠤᠳᠠᠯ  ᠢ ᠭᠤᠣᠯᠳᠠᠯᠭ᠎ᠠ ᠲᠠᠢ ᠰᠢᠢᠳᠪᠣᠷᠢᠯᠠᠵᠣ᠂ ᠨᠡᠬᠦᠨ ᠰᠢᠯᠵᠢᠭᠰᠡᠳ  ᠤᠨ ᠡᠷᠡᠬᠡᠯᠵᠡᠯ  ᠢ ᠠᠯᠳᠠᠷᠠᠭᠠᠵᠣ ᠦᠭᠬᠦᠨ᠎ᠠ︔ ᠦᠢᠯᠡᠴᠢᠯᠡᠬᠡᠨ  ᠤ ᠲᠠᠯ᠎ᠠ ᠪᠠᠷ᠂ ᠬᠤᠰᠢᠭᠤ᠂ ᠰᠣᠮᠣ᠂ ᠭᠠᠴᠠᠭ᠎ᠠ ᠭᠤᠷᠪᠠᠨ ᠱᠠᠳᠣᠨ  ᠤ ᠬᠦᠮᠦᠨ ᠠᠮᠨ  ᠶᠢ ᠨᠡᠬᠦᠯᠬᠡᠨ ᠰᠢᠯᠵᠢᠬᠦᠯᠬᠦ ᠦᠢᠯᠡᠴᠢᠯᠡᠬᠡᠨ  ᠤ ᠪᠠᠶᠢᠭᠤᠯᠣᠮᠵᠢ ᠪᠠ ᠰᠢᠯᠢᠩᠬᠤᠳᠠ  ᠳᠤ ᠰᠠᠭᠤᠭ᠎ᠠ ᠬᠠᠷᠢᠯᠴᠠᠬᠤ ᠭᠠᠵᠠᠷ ᠤᠨ ᠡᠬᠦᠷᠬᠡ ᠴᠢᠳᠠᠪᠬᠢ  ᠶᠢ ᠣᠯᠠᠮ ᠴᠢᠩᠭᠠᠳᠬᠠᠵᠣ᠂ ᠠᠵᠢᠯ  ᠤᠨ ᠭᠤᠣᠯᠳᠠᠯᠭ᠎ᠠ ᠪᠠ ᠲᠣᠰᠬᠠᠢ ᠪᠠᠶᠢᠭᠤᠯᠣᠮᠵᠢ  ᠶᠢ ᠦᠨᠳᠣᠰᠣᠨ ᠱᠠᠳᠣᠨ  ᠳᠤ ᠬᠦᠨᠵᠡᠬᠡᠶᠢᠷᠠᠬᠦᠯᠦᠨ᠂ ᠨᠡᠬᠦᠨ ᠰᠢᠯᠵᠢᠭᠰᠡᠳ  ᠲᠤ ᠠᠵᠢᠯ  ᠤᠨ ᠪᠠᠶᠢᠷᠢ ᠶᠢᠨ ᠰᠣᠷᠠᠭ ᠵᠠᠩᠬᠢ᠂ ᠠᠵᠢᠯ ᠲᠠᠨᠢᠯᠴᠠᠭᠤᠯᠭ᠎ᠠ᠂ ᠬᠦᠳᠠᠯᠮᠣᠷᠢ  ᠶᠢᠨ ᠪᠠᠳᠣᠯᠠᠭ᠎ᠠ ᠪᠣᠯᠣᠨ ᠡᠷᠬᠡ ᠬᠠᠮᠠᠭᠠᠯᠠᠬᠤ ᠵᠡᠷᠬᠡ ᠪᠦᠬᠦ ᠲᠠᠯ᠎ᠠ  ᠶᠢᠨ ᠦᠢᠯᠡᠴᠢᠯᠡᠭᠡ ᠬᠠᠩᠭᠠᠨ᠎ᠠ︔ ᠪᠣᠯᠪᠠᠰᠣᠷᠠᠯ ᠬᠦᠮᠦᠵᠢᠯ  ᠤᠨ ᠲᠠᠯ᠎ᠠ ᠪᠠᠷ᠂ ᠡᠯ᠎ᠠ ᠵᠦᠢᠯ ᠤᠨ ᠪᠣᠯᠪᠠᠰᠣᠷᠠᠯ  ᠤᠨ ᠪᠡᠯᠨ ᠮᠦᠩᠬᠦ  ᠶᠢ ᠨᠢᠬᠡᠳᠬᠡᠨ ᠬᠡᠷᠡᠭᠯᠡᠵᠣ᠂ ᠬᠠᠨᠳᠣᠯᠭ᠎ᠠ ᠲᠠᠢ ᠪᠣᠯᠪᠠᠰᠣᠷᠠᠯ ᠬᠦᠷᠳᠡᠬᠡᠨ᠂ ᠮᠠᠯᠴᠢᠳ ᠤᠨ ᠬᠦᠳᠠᠯᠮᠣᠷᠢ  ᠶᠢᠨ ᠬᠡᠪ ᠴᠢᠨᠠᠷ ᠪᠠ ᠠᠵᠢᠯ ᠣᠯᠬᠤ ᠣᠷ᠎ᠠ ᠮᠡᠷᠬᠡᠵᠢᠯ  ᠤᠨ ᠲᠦᠪᠰᠢᠨ  ᠢ ᠲᠡᠬᠡᠭᠰᠢᠯᠡᠬᠦᠯᠦᠨ᠎ᠠ︔ ᠠᠵᠣ ᠦᠢᠯᠡᠰ  ᠤᠨ ᠲᠦᠰᠢᠭᠯᠡᠯ ᠤᠨ ᠲᠠᠯ᠎ᠠ ᠪᠠᠷ᠂ ᠠᠵᠣ ᠦᠢᠯᠡᠳᠪᠣᠷᠢ  ᠶᠢᠨ ᠰᠠᠭᠤᠷᠢᠨ ᠭᠠᠵᠠᠷ  ᠤᠨ ᠭᠤᠣᠯᠳᠠᠯᠭ᠎ᠠ ᠲᠠᠢ ᠲᠦᠷᠦᠯ ᠵᠦᠢᠯ  ᠤᠨ ᠪᠦᠳᠦᠬᠡᠨ ᠪᠠᠶᠢᠭᠤᠯᠣᠯᠳᠠ ᠪᠠ ᠪᠡᠯᠬᠦᠳᠠᠢ ᠪᠠᠯᠭᠠᠰᠣᠨ  ᠤ ᠦᠢᠯᠡᠴᠢᠯᠡᠬᠡᠨ ᠤ ᠦᠢᠯᠡᠰ  ᠢ ᠬᠦᠭᠵᠢᠬᠦᠯᠬᠦ ᠪᠠᠷ ᠲᠠᠮᠵᠢᠭᠤᠯᠣᠨ᠂ ᠠᠵᠢᠯ  ᠤᠨ ᠪᠠᠶᠢᠷᠢ ᠨᠡᠮᠡᠭᠳᠡᠬᠦᠯᠦᠨ᠎ᠠ᠃ ᠲᠣᠰ ᠵᠢᠯ  ᠳᠤ 1000 ᠬᠦᠮᠦᠨ  ᠢ ᠨᠡᠬᠦᠯᠬᠡᠬᠦ ᠪᠠᠷ ᠲᠦᠯᠦᠪᠯᠡᠵᠣ ᠪᠣᠢ᠃ ᠡᠬᠦᠨ  ᠤ ᠬᠠᠮᠳᠣ᠂ ᠮᠠᠯᠵᠢᠬᠤ ᠣᠷᠣᠨ  ᠤ ᠬᠦᠮᠦᠨ ᠠᠮᠨ ᠶᠢᠨ ᠬᠡᠪ ᠤᠨ ᠪᠣᠰᠣ ᠨᠡᠮᠡᠭᠳᠠᠯ  ᠢ ᠡᠷᠡᠰ ᠬᠤᠷᠢᠭᠯᠠᠵᠣ᠂ ᠭᠠᠳᠠᠨ᠎ᠠ  ᠠᠴᠠ ᠢᠷᠡᠭᠰᠠᠳ  ᠤᠨ ᠮᠠᠨ  ᠤ ᠬᠤᠰᠢᠭᠤᠨ  ᠳᠤ ᠮᠠᠯ ᠠᠵᠣ ᠠᠬᠤᠢ ᠡᠵᠡᠩᠨᠡᠬᠦ ᠶᠢ ᠡᠷᠡᠰ ᠴᠠᠭᠠᠵᠠᠯᠠᠨ᠎ᠠ᠃  ᠮᠢᠬ᠎ᠠ᠂ ᠰᠦ᠂ ᠠᠳᠣᠭᠤ᠂ ᠡᠪᠡᠰᠦ᠂  ᠡᠯᠡᠰᠣᠨ  ᠤ ᠦᠢᠯᠡᠰ ᠤᠨ ᠬᠦᠭᠵᠢᠯᠳᠠ  ᠶᠢ ᠲᠦᠷᠬᠡᠳᠬᠡᠨ᠎ᠠ᠃ ᠮᠣᠩᠭᠤᠯ ᠠᠳᠣᠭᠤᠨ  ᠤ ᠣᠭᠰᠠᠭ᠎ᠠ ᠬᠠᠮᠠᠭᠠᠯᠠᠬᠤ ᠲᠦᠮᠡᠨ ᠠᠳᠣᠭᠤᠨ  ᠤ ᠰᠠᠭᠤᠷᠢᠨ ᠭᠠᠵᠠᠷ᠂ 2 ᠲᠦᠮᠡᠨ ᠲᠣᠨ ᠰᠦ ᠪᠣᠯᠪᠠᠰᠣᠷᠠᠭᠤᠯᠬᠤ ᠰᠠᠭᠤᠷᠢᠨ ᠭᠠᠵᠠᠷ᠂ 5 ᠲᠦᠮᠡᠨ ᠠᠮᠢᠳᠣ ᠬᠤᠨᠢ ᠭᠠᠳᠠᠭᠠᠳᠣ  ᠳᠤ ᠪᠣᠷᠣᠯᠠᠭᠤᠯᠬᠤ ᠰᠠᠭᠤᠷᠢᠨ ᠭᠠᠵᠠᠷ᠂ 10 ᠲᠦᠮᠡᠨ ᠲᠠᠸᠠᠷᠴᠢᠯᠠᠨ ᠪᠣᠷᠣᠯᠠᠭᠤᠯᠬᠤ ᠰᠢᠯᠢᠳᠡᠭ ᠡᠬᠦᠯᠳᠠᠷ ᠤᠨ ᠬᠤᠨᠢ  ᠶᠢ ᠲᠠᠵᠢᠬᠡᠨ ᠦᠷᠠᠵᠢᠬᠦᠯᠬᠦ ᠰᠠᠭᠤᠷᠢᠨ ᠭᠠᠵᠠᠷ᠂ 15 ᠲᠦᠮᠡᠨ ᠰᠢᠮᠧᠨ᠋ᠲ᠋ᠧᠷ ᠦᠬᠡᠷ  ᠢ ᠲᠠᠵᠢᠬᠡᠵᠣ ᠦᠷᠡᠵᠢᠬᠦᠯᠬᠦ ᠰᠠᠭᠤᠷᠢᠨ ᠭᠠᠵᠠᠷ᠂ 50 ᠲᠦᠮᠡᠨ ᠣᠷᠢᠶᠠᠩᠬᠠᠨ ᠬᠤᠷᠠᠭ᠎ᠠ ᠶᠢ ᠡᠳ᠋ᠰᠢᠬᠦᠯᠦᠨ ᠪᠣᠯᠪᠠᠰᠣᠷᠠᠭᠤᠯᠬᠤ ᠰᠠᠭᠤᠷᠢᠨ ᠭᠠᠵᠠᠷ᠂ 2 ᠳ᠋ᠦᠩᠰᠢᠭᠤᠷ ᠺᠢᠯᠦᠭᠷᠠᠮ ᠡᠪᠡᠰᠣ ᠬᠠᠳᠣᠬᠤ ᠰᠠᠭᠤᠷᠢᠨ ᠭᠠᠵᠠᠷ ᠪᠠ 200 ᠲᠦᠮᠡᠨ ᠮᠣ᠋  ᠶᠢᠨ ᠡᠯᠡᠰᠣᠨ  ᠤ ᠦᠢᠯᠡᠰ  ᠤᠨ ᠰᠠᠭᠤᠷᠢᠨ ᠭᠠᠵᠠᠷ  ᠢ ᠪᠠᠶᠢᠭᠤᠯᠬᠤ ᠪᠠᠷ ᠲᠠᠮᠵᠢᠨ ᠣᠯᠠᠭᠠᠨ ᠢᠳᠡᠬᠡᠨ  ᠤ ᠠᠵᠣ ᠦᠢᠯᠡᠰ ᠢ ᠪᠣᠵᠠᠭᠠᠶᠢᠷᠠᠭᠤᠯᠵᠣ᠂ ᠰᠦᠨ ᠤ ᠠᠵᠣ ᠦᠢᠯᠡᠰ  ᠤᠨ ᠲᠦᠪᠰᠢᠨ  ᠢ ᠲᠡᠬᠡᠭᠰᠢᠯᠡᠬᠦᠯᠦᠨ᠂ ᠠᠳᠣᠭᠤᠨ  ᠤ ᠠᠵᠣ ᠦᠢᠯᠡᠰ  ᠢ ᠪᠣᠶᠢᠵᠢᠭᠤᠯᠵᠣ ᠂ ᠡᠪᠡᠰᠣᠨ  ᠤ ᠦᠢᠯᠡᠰ  ᠢ ᠬᠦᠭᠵᠢᠬᠦᠯᠦᠨ᠂ ᠡᠯᠡᠰᠣᠨ ᠤ ᠠᠵᠣ ᠦᠢᠯᠡᠰ  ᠢ ᠨᠡᠬᠡᠬᠡᠨ ᠬᠦᠭᠵᠢᠬᠦᠯᠦᠨ᠎ᠠ᠃ ᠣᠯᠠᠭᠠᠨ ᠢᠳᠡᠬᠡᠨ ᠤ ᠠᠵᠣ ᠦᠢᠯᠡᠰ  ᠢ ᠬᠦᠭᠵᠢᠬᠦᠯᠬᠦ  ᠳᠤ᠂ ᠡᠮᠣᠨᠡᠳᠣ ᠬᠡᠰᠡᠭ  ᠤᠨ ᠮᠢᠬᠠᠨ  ᠤ ᠦᠬᠡᠷ ᠲᠠᠵᠢᠬᠡᠨ ᠦᠷᠡᠵᠢᠬᠦᠯᠬᠦ ᠰᠠᠭᠤᠷᠢᠨ ᠭᠠᠵᠠᠷ  ᠲᠤ ᠢᠴᠡᠬᠡᠯ ᠦᠷ᠎ᠠ  ᠶᠢᠨ ᠬᠡᠬᠡᠯᠳᠣᠬᠦᠯᠬᠡ ᠬᠢᠬᠦ ᠪᠠ ᠰᠢᠯᠢᠳᠡᠭ ᠡᠬᠦᠯᠳᠠᠷ ᠤᠨ ᠦᠨᠢᠶ᠎ᠠ ᠣᠷᠣᠭᠤᠯᠬᠤ ᠠᠵᠢᠯ ᠢᠶᠠᠷ ᠭᠤᠣᠯᠯᠠᠨ᠎ᠠ᠃ ᠲᠣᠰ ᠵᠢᠯ  ᠳᠤ 2.2 ᠲᠦᠮᠡᠨ ᠦᠨᠢᠶᠠᠨ  ᠳᠤ ᠢᠴᠡᠬᠡᠯ ᠦᠷ᠎ᠠ  ᠶᠢᠨ ᠬᠡᠬᠡᠯᠳᠣᠬᠦᠯᠬᠡ᠂ 2.8 ᠲᠦᠮᠡᠨ ᠦᠨᠢᠶᠠᠨ  ᠳᠤ ᠪᠠᠶᠢᠭᠠᠯᠢᠯᠢᠭ ᠬᠡᠬᠡᠯᠳᠣᠬᠦᠯᠬᠡ ᠬᠢᠵᠣ᠂ 5300 ᠲᠣᠯᠣᠭᠠᠢ ᠰᠢᠮᠧᠨ᠋ᠲ᠋ᠧᠷ ᠦᠬᠡᠷ  ᠣᠷᠣᠭᠤᠯᠣᠨ᠎ᠠ᠃ ᠦᠬᠡᠷ ᠢ ᠪᠣᠷᠳᠣᠨ ᠲᠠᠷᠭᠤᠯᠠᠭᠤᠯᠬᠤ ᠬᠡᠪᠴᠢᠶ᠎ᠠ ᠪᠠᠨ ᠦᠷᠬᠡᠳᠬᠡᠨ᠂ 6 ᠪᠣᠷᠳᠣᠨ ᠲᠠᠷᠭᠤᠯᠠᠭᠤᠯᠬᠤ ᠴᠢᠭ  ᠢ ᠰᠢᠨ᠎ᠠ ᠪᠠᠷ ᠪᠠᠶᠢᠭᠤᠯᠵᠣ᠂ 2000 ᠲᠣᠯᠣᠭᠠᠢ ᠦᠬᠡᠷ ᠪᠣᠷᠳᠣᠨ ᠲᠠᠷᠭᠤᠯᠠᠭᠤᠯᠣᠨ᠎ᠠ᠃ ᠲᠣᠮᠳᠠ ᠬᠤᠶᠢᠳᠣ ᠬᠡᠰᠡᠭ  ᠤᠨ ᠮᠢᠬᠠᠨ  ᠤ ᠬᠤᠨᠢ ᠲᠠᠵᠢᠬᠡᠨ ᠦᠷᠠᠵᠢᠬᠦᠯᠬᠦ ᠰᠠᠭᠤᠷᠢᠨ ᠭᠠᠵᠠᠷ  ᠲᠤ ᠦᠷ᠎ᠠ  ᠶᠢᠨ ᠮᠠᠯ  ᠢ ᠲᠦᠪᠯᠡᠷᠡᠬᠦᠯᠦᠨ ᠬᠠᠮᠢᠶᠠᠷᠬᠤ᠂ ᠣᠷᠣᠨ ᠨᠣᠳᠤᠭ  ᠤᠨ ᠬᠤᠨᠢ  ᠶᠢ ᠡᠬᠦᠯᠳᠠᠷ ᠴᠡᠪᠡᠷᠰᠢᠬᠦᠯᠦᠨ ᠰᠢᠯᠢᠳᠡᠭᠵᠢᠬᠦᠯᠬᠦ᠂ ᠳ᠋ᠦ᠋ ᠮᠧᠩ ᠮᠢᠬᠠᠨ  ᠤ ᠬᠤᠨᠢᠨ  ᠤ ᠠᠵᠣ ᠠᠬᠤᠢ  ᠶᠢᠨ ᠡᠷᠯᠢᠰᠵᠢᠬᠦᠯᠣᠯᠳᠠ ᠪᠠ ᠡᠪᠣᠯ  ᠤᠨ ᠲᠦᠯ  ᠢ ᠪᠣᠷᠳᠣᠵᠣ ᠲᠠᠵᠢᠬᠡᠬᠦ ᠵᠡᠷᠬᠡ ᠠᠵᠢᠯ ᠢ ᠰᠠᠶᠢᠳᠣᠷ ᠠᠳᠬᠤᠨ᠂  ᠡᠨ᠋ᠨ ᠵᠢᠯ 100 ᠪᠠᠷᠢᠮᠵᠢᠶᠠᠳᠣ ᠰᠦᠷᠦᠭ  ᠢ ᠪᠠᠶᠢᠭᠤᠯᠣᠨ᠂ 2 ᠲᠦᠮᠡᠨ ᠬᠤᠷᠠᠭ᠎ᠠ  ᠶᠢ ᠣᠬᠤᠷ ᠬᠤᠭᠤᠴᠠᠭᠠᠨ  ᠳᠤ ᠪᠣᠷᠳᠣᠨ ᠲᠠᠵᠢᠬᠡᠵᠣ ᠵᠠᠷᠣᠴᠠᠭᠤᠯᠣᠨ᠂ 3 ᠲᠦᠮᠡᠨ ᠬᠤᠨᠢᠨ  ᠳᠤ ᠳ᠋ᠦ᠋ ᠮᠧᠩ ᠮᠢᠬᠠᠨ  ᠤ ᠬᠤᠨᠢᠨ  ᠤ ᠠᠵᠣ ᠠᠬᠤᠢ  ᠶᠢᠨ ᠡᠷᠯᠢᠰᠵᠢᠬᠦᠯᠣᠯᠳᠠ ᠬᠢᠵᠣ᠂ ᠲᠦᠪᠯᠡᠷᠡᠬᠦᠯᠦᠨ ᠬᠡᠬᠡᠯᠳᠣᠬᠦᠯᠬᠡ ᠬᠢᠬᠦ ᠦᠷᠳᠡᠭᠡ 10 ᠶᠢ ᠪᠠᠶᠢᠭᠤᠯᠵᠣ᠂ 1 ᠲᠦᠮᠡᠨ ᠢᠮᠠᠭᠠᠨ  ᠳᠤ ᠬᠡᠬᠡᠯᠳᠣᠬᠦᠯᠬᠡ ᠬᠢᠨ᠎ᠠ᠃ ᠰᠦᠨ ᠤ ᠠᠵᠣ ᠦᠢᠯᠡᠰ  ᠤᠨ ᠲᠠᠯ᠎ᠠ ᠪᠠᠷ᠂ ᠣᠳᠣ ᠪᠠᠶᠢᠭ᠎ᠠ ᠰᠠᠭᠠᠯᠢ  ᠶᠢᠨ ᠦᠨᠢᠶᠠᠨ  ᠤ ᠲᠤᠭ᠎ᠠ ᠲᠣᠯᠣᠭᠠᠢ ᠶᠢ ᠪᠠᠳᠣᠯᠠᠭᠰᠠᠨ ᠰᠠᠭᠤᠷᠢᠨ ᠲᠡᠬᠡᠷ᠎ᠠ᠂  ᠮᠢᠬ᠎ᠠ ᠰᠦᠨ  ᠤ ᠬᠤᠣᠰ ᠬᠡᠷᠡᠭᠴᠡᠬᠡᠳᠣ ᠰᠢᠯᠢᠳᠡᠭ ᠡᠬᠦᠯᠳᠠᠷ  ᠤᠨ ᠦᠬᠡᠷ  ᠤᠨ ᠲᠤᠭ᠎ᠠ ᠲᠣᠯᠣᠭᠠᠢ  ᠶᠢ ᠨᠡᠮᠡᠭᠳᠡᠬᠦᠯᠦᠨ᠂ ᠰᠦᠨ  ᠤ ᠭᠠᠷᠣᠯᠳᠠ  ᠶᠢ ᠨᠡᠮᠡᠭᠳᠡᠬᠦᠯᠦᠨ᠎ᠠ᠃ ᠲᠣᠰ ᠵᠢᠯ ᠳᠡᠭᠡᠨ ᠮᠠᠯᠵᠢᠬᠤ ᠣᠷᠣᠨ  ᠤ ᠰᠦᠨ  ᠤ ᠦᠷᠳᠡᠭᠡ 5 ᠶᠢ ᠨᠠᠮᠠᠨ ᠪᠠᠶᠢᠭᠤᠯᠵᠣ᠂  ᠨᠠᠶᠢᠳᠠ 16 ᠰᠦᠨ  ᠤ ᠦᠷᠳᠡᠭᠡ ᠲᠠᠢ ᠪᠣᠯᠭᠠᠨ᠂ ᠰᠠᠭᠠᠯᠢ  ᠶᠢᠨ ᠦᠨᠢᠶᠠᠨ  ᠤ ᠲᠤᠭ᠎ᠠ  ᠶᠢ 3000 ᠲᠣᠯᠣᠭᠠᠢ  ᠳᠤ ᠬᠦᠷᠬᠡᠵᠣ᠂ ᠮᠠᠯᠵᠢᠬᠤ ᠣᠷᠣᠨ  ᠤ ᠰᠦᠨ  ᠤ ᠭᠠᠷᠣᠯᠳᠠ  ᠶᠢ 1000 ᠲᠣᠨ  ᠠᠴᠠ ᠲᠠᠪᠠᠭᠤᠯᠣᠨ᠎ᠠ᠃ ᠠᠳᠣᠭᠤᠨ  ᠤ ᠠᠵᠣ ᠦᠢᠯᠡᠰ  ᠤᠨ ᠲᠠᠯ᠎ᠠ ᠪᠠᠷ᠂ ᠠᠵᠣ ᠦᠢᠯᠡᠰ  ᠢ ᠲᠠᠳᠬᠦᠨ ᠲᠠᠮᠵᠢᠬᠦ ᠡᠷᠴᠢᠮ  ᠢᠶᠠᠨ ᠴᠢᠩᠭᠠᠷᠠᠭᠤᠯᠵᠣ᠂ ᠰᠠᠩᠰᠠᠨ ᠬᠠᠷ᠎ᠠ  ᠠᠳᠤᠭᠤ ᠶᠢ ᠬᠢᠨᠠᠨ ᠲᠤᠭᠳᠠᠭᠠᠬᠤ ᠠᠵᠢᠯ  ᠢ ᠰᠠᠶᠢᠳᠤᠷ ᠠᠳᠬᠤᠵᠤ᠂ ᠭᠠᠵᠠᠷ ᠤᠷᠤᠨ  ᠤ ᠨᠡᠷᠡᠳᠦ ᠲᠡᠮᠳᠡᠭ ᠪᠤᠯᠭᠠᠵᠤ  ᠪᠣᠶᠢᠵᠢᠭᠤᠯᠣᠨ᠎ᠠ᠃ ᠲᠣᠰ ᠵᠢᠯ  ᠳᠤ 10 ᠰᠢᠯᠢᠳᠡᠭ ᠡᠬᠦᠯᠳᠠᠷ  ᠤᠨ ᠠᠵᠢᠷᠭ᠎ᠠ ᠣᠷᠣᠭᠤᠯᠣᠨ᠂ 3 ᠴᠡᠭᠡ ᠲᠦᠪᠯᠡᠷᠡᠬᠦᠯᠦᠨ ᠪᠣᠯᠪᠠᠰᠣᠷᠠᠭᠤᠯᠬᠤ ᠴᠢᠭ  ᠢ ᠪᠠᠶᠢᠭᠤᠯᠣᠨ᠂  ᠨᠠᠶᠢᠳᠠ15 ᠴᠢᠭ ᠲᠠᠢ ᠪᠣᠯᠭᠠᠵᠣ᠂ ᠴᠡᠭᠡ  ᠶᠢᠨ ᠭᠠᠷᠣᠯᠳᠠ  ᠶᠢ 65 ᠲᠣᠨ  ᠳᠤ ᠬᠦᠷᠬᠡᠨ᠎ᠠ᠃ ᠡᠪᠡᠰᠣᠨ  ᠤ ᠠᠵᠣ ᠦᠢᠯᠡᠰ  ᠤᠨ ᠲᠠᠯ᠎ᠠ ᠪᠠᠷ᠂ ︽ᠲᠦᠷᠪᠠᠨ ᠪᠦᠰᠨ︾  ᠶᠢᠨ ᠪᠦᠳᠦᠬᠡᠨ ᠪᠠᠶᠢᠭᠤᠯᠣᠯᠳᠠ ᠲᠠᠢ ᠣᠶᠠᠯᠳᠣᠭᠤᠯᠣᠨ ᠮᠠᠯᠵᠢᠬᠤ ᠡᠷᠦᠬᠡ  ᠶᠢ ᠵᠢᠯᠣᠭᠤᠳᠣᠨ ᠲᠠᠶᠢᠴᠢᠯᠠᠵᠣ᠂ ᠡᠷᠦᠬᠡ ᠪᠦᠷᠢ  ᠶᠢᠨ ᠪᠠᠯᠴᠢᠬᠡᠷ ᠤᠨ 8 │10 %  ᠶᠢ ᠨᠢ ᠬᠠᠳᠣᠯᠠᠩ ᠪᠣᠯᠭᠠᠨ ᠬᠦᠷᠢᠶᠠᠯᠡᠬᠦᠯᠵᠣ᠂ ᠬᠠᠳᠣᠯᠠᠩ  ᠢᠶᠠᠨ ᠰᠠᠶᠢᠳᠣᠷ ᠬᠠᠮᠠᠭᠠᠯᠠᠵᠣ᠂ ᠲᠠᠯᠠᠪᠠᠢ ᠶᠢ ᠨᠢ ᠲᠠᠰᠣᠷᠠᠯᠳᠠ ᠦᠬᠡᠢ ᠦᠷᠬᠡᠳᠬᠡᠨ᠎ᠠ᠃ ᠰᠢᠨ᠎ᠠ ᠪᠠᠷ 35 ᠲᠦᠮᠡᠨ ᠮᠣ᠋ ᠬᠠᠳᠣᠯᠠᠩ ᠬᠦᠷᠢᠶᠠᠯᠠᠵᠣ᠂  ᠬᠠᠳᠣᠯᠠᠩ  ᠢ ᠨᠠᠶᠢᠳᠠ 600 ᠲᠦᠮᠡᠨ ᠮᠤ᠋ ᠬᠦᠷᠬᠡᠨ᠂ ᠡᠪᠡᠰᠣᠨ  ᠤ ᠭᠠᠷᠣᠯᠳᠠ  ᠶᠢ 1.5 ᠳ᠋ᠦᠩᠰᠢᠭᠤᠷ ᠺᠢᠯᠦᠭᠷᠠᠮ  ᠳᠤ ᠬᠦᠷᠬᠡᠨ᠎ᠠ᠃ ᠡᠯᠡᠰᠣᠨ  ᠤ ᠠᠵᠣ ᠦᠢᠯᠡᠰ  ᠤᠨ ᠲᠠᠯ᠎ᠠ ᠪᠠᠷ᠂ ︽ᠠᠮᠢ ᠠᠬᠤᠢ  ᠶᠢ ᠲᠠᠷᠢᠬᠦᠨ  ᠳᠤ ᠲᠠᠯᠪᠢᠵᠣ᠂ ᠵᠣᠬᠢᠰᠳᠠᠢ ᠨᠡᠬᠡᠬᠡᠨ᠂ ᠰᠢᠨᠵᠢᠯᠡᠬᠦ ᠣᠬᠠᠭᠠᠨᠴᠢ ᠪᠠᠷ ᠠᠰᠢᠭᠯᠠᠵᠣ᠂ ᠦᠷᠬᠦᠯᠵᠢᠯᠡᠭᠰᠡᠨ ᠬᠦᠭᠵᠢᠯᠳᠠ  ᠶᠢ ᠪᠠᠳᠣᠯᠠᠬᠤ︾ ᠵᠠᠷᠴᠢᠮ  ᠢ ᠪᠠᠷᠢᠮᠳᠠᠯᠠᠨ᠂  ᠬᠤᠯᠠᠨ ᠰᠢᠷᠭ᠎ᠠ ᠲᠠᠭ᠎ᠠ ᠶᠢᠨ ᠡᠯᠡᠰᠣᠨ  ᠳᠤ᠂ ᠲᠣᠬᠠᠢ  ᠶᠢᠨ ᠭᠠᠵᠠᠷ ᠤᠨ ᠪᠣᠳᠠᠯᠢᠭ ᠣᠷᠭᠤᠮᠠᠯ  ᠢ ᠪᠣᠶᠢᠵᠢᠭᠤᠯᠬᠤ ᠪᠠᠷ ᠭᠤᠣᠯᠯᠠᠵᠣ᠂ ᠠᠮᠢ ᠠᠬᠤᠢ  ᠶᠢᠨ ᠲᠦᠷᠦᠯ ᠵᠦᠢᠯ  ᠢᠶᠠᠷ ᠲᠠᠭᠠᠭᠤᠯᠬᠤ᠂ ᠠᠵᠣ ᠠᠬᠤᠶᠢᠯᠠᠯ ᠰᠠᠭᠤᠷᠢᠨ ᠭᠠᠵᠠᠷ ᠪᠠᠶᠢᠭᠤᠯᠬᠤ᠂ ᠮᠠᠯᠴᠢᠳ ᠡᠯᠡᠰᠣ ᠵᠠᠰᠠᠵᠣ ᠮᠣᠳᠣ ᠲᠠᠷᠢᠬᠤ ᠵᠡᠷᠬᠡ ᠬᠡᠯᠪᠡᠷᠢ ᠪᠠᠷ ᠡᠬᠢ ᠪᠠᠶᠠᠯᠢᠭ  ᠢ ᠪᠣᠶᠢᠵᠢᠭᠤᠯᠬᠤ ᠪᠠ ᠠᠰᠢᠭᠯᠠᠬᠤ ᠡᠷᠴᠢᠮ  ᠢᠶᠠᠨ ᠴᠢᠩᠭᠠᠳᠬᠠᠨ᠂ ᠮᠠᠩᠬᠠᠨ  ᠳᠤ ᠰᠠᠭᠤᠭ᠎ᠠ ᠮᠠᠯᠴᠢᠳ  ᠤᠨ ᠣᠷᠣᠯᠭ᠎ᠠ  ᠶᠢᠨ ᠨᠡᠮᠡᠭᠳᠠᠯ  ᠢ ᠠᠬᠢᠭᠤᠯᠬᠤ  ᠶᠢᠨ ᠬᠠᠮᠳᠣ ᠡᠯᠡᠰᠣᠨ  ᠤ ᠵᠣᠭᠠᠴᠠᠯ ᠵᠡᠷᠬᠡ ᠠᠵᠣ ᠦᠢᠯᠡᠰ  ᠢ ᠬᠦᠭᠵᠢᠬᠦᠯᠦᠨ᠎ᠠ᠃ ᠮᠠᠯᠵᠢᠬᠤ ᠣᠷᠣᠨ  ᠤ ᠵᠢᠱᠢᠶᠠᠴᠢ ᠡᠷᠦᠬᠡ ᠪᠠ ᠲᠠᠭᠠᠭᠤᠯᠣᠭᠴᠢ ᠬᠦᠮᠦᠨ ᠢ ᠬᠦᠮᠦᠵᠢᠬᠦᠯᠬᠦ ᠠᠵᠢᠯ  ᠢᠶᠠᠨ ᠴᠢᠩᠭᠠᠳᠬᠠᠨ᠎ᠠ᠃  ᠡᠯ᠎ᠠ ᠲᠦᠷᠦᠯ  ᠤᠨ ᠨᠠᠶᠢᠳᠡᠯᠢᠭ ᠵᠢᠱᠢᠶ᠎ᠠ ᠶᠢ ᠬᠦᠮᠦᠵᠢᠬᠦᠯᠬᠦ ᠪᠠᠷ ᠲᠠᠮᠵᠢᠨ᠂ ᠦᠷᠬᠡᠨ ᠣᠯᠠᠨ ᠮᠠᠯᠴᠢᠨ ᠲᠦᠮᠡᠨ  ᠳᠤ ᠲᠠᠭᠤᠷᠢᠶᠠᠯ ᠦᠵᠡᠬᠦᠯᠵᠣ᠂ ᠲᠠᠳᠠᠨ  ᠢ ᠲᠠᠶᠢᠴᠢᠯᠠᠵᠣ ᠲᠠᠭᠠᠭᠤᠯᠣᠨ᠂ ᠮᠠᠯ ᠠᠵᠣ ᠠᠬᠤᠢ  ᠶᠢᠨ ᠲᠣᠰᠬᠠᠶᠢᠵᠢᠯᠳᠠ᠂ ᠬᠡᠪᠴᠢᠶᠠᠵᠢᠯᠳᠠ᠂ ᠵᠣᠬᠢᠶᠠᠨ ᠪᠠᠶᠢᠭᠤᠯᠣᠯᠵᠢᠯᠳᠠ ᠪᠣᠯᠣᠨ ᠠᠵᠣ ᠦᠢᠯᠡᠰᠵᠢᠯᠳᠠ  ᠶᠢᠨ ᠬᠢᠷᠢ ᠲᠦᠪᠰᠢᠨ  ᠢ ᠲᠡᠬᠡᠭᠰᠢᠯᠡᠬᠦᠯᠵᠣ᠂ ᠣᠳᠣᠬᠢᠴᠢᠯᠠᠭᠰᠠᠨ ᠮᠠᠯ ᠠᠵᠣ ᠠᠬᠤᠢ  ᠶᠢᠨ ᠬᠦᠭᠵᠢᠯᠳᠠ  ᠶᠢ ᠠᠬᠢᠭᠤᠯᠣᠨ᠎ᠠ᠃ ᠨᠢᠬᠡ  ᠳᠤ᠂ ᠰᠣᠶᠣᠯ ᠲᠠᠢ᠂ ᠮᠡᠷᠬᠡᠵᠢᠯ ᠲᠠᠢ᠂ ᠡᠵᠡᠩᠨᠡᠬᠦ ᠴᠢᠳᠠᠪᠣᠷᠢ ᠲᠠᠢ ᠮᠠᠯᠴᠢᠳ  ᠢ ᠰᠣᠩᠭᠤᠵᠣ᠂ ᠣᠷᠢᠳᠠᠪᠠᠷ ᠨᠦᠬᠦᠴᠠᠯ ᠰᠠᠶᠢᠳᠠᠢ  ᠶᠢ ᠨᠢ ᠬᠠᠨᠳᠣᠯᠭ᠎ᠠ ᠲᠠᠢ ᠪᠠᠷ ᠲᠠᠮᠵᠢᠬᠦ ᠵᠠᠷᠴᠢᠮ ᠶᠣᠰᠣᠭᠠᠷ ᠶᠠᠮᠠᠷ ᠨᠢᠬᠡᠨ ᠠᠵᠣ ᠦᠢᠯᠡᠰ  ᠤᠨ ᠲᠠᠯ᠎ᠠ ᠪᠠᠷ ᠲᠠᠶᠢᠴᠢᠯᠠᠨ ᠲᠠᠭᠠᠭᠤᠯᠬᠤ ᠴᠢᠳᠠᠪᠣᠷᠢ ᠪᠦᠬᠦᠢ ᠵᠢᠱᠢᠶᠠᠴᠢ ᠡᠷᠦᠬᠡ ᠪᠣᠯᠣᠨ ᠲᠠᠭᠠᠭᠤᠯᠣᠭᠴᠢ ᠬᠦᠮᠦᠨ ᠪᠣᠯᠭᠠᠨ ᠬᠦᠮᠦᠵᠢᠬᠦᠯᠵᠣ᠂ ᠮᠠᠯ ᠠᠵᠣ ᠠᠬᠤᠢ  ᠶᠢᠨ ᠲᠣᠰᠬᠠᠶᠢᠵᠢᠯᠳᠠ  ᠶᠢᠨ ᠬᠢᠷᠢ ᠲᠦᠪᠰᠢᠨ ᠢ ᠲᠡᠬᠡᠭᠰᠢᠯᠡᠬᠦᠯᠦᠨ᠎ᠠ᠃ ᠬᠤᠶᠠᠷ  ᠲᠤ᠂ ᠬᠤᠪᠢ ᠣᠷᠣᠭᠤᠯᠣᠭᠰᠠᠨ ᠮᠠᠯᠵᠢᠯ  ᠤᠨ ᠲᠠᠯᠠᠪᠠᠢ᠂ ᠡᠷᠦᠬᠡ ᠬᠤᠯᠪᠣᠭᠠᠯᠠᠨ ᠡᠵᠡᠩᠨᠡᠭᠰᠡᠨ ᠮᠠᠯᠵᠢᠯ  ᠤᠨ ᠲᠠᠯᠠᠪᠠᠢ ᠪᠣᠯᠣᠨ ᠬᠤᠷᠰᠢᠭᠰᠠᠨ ᠮᠠᠯᠵᠢᠯ ᠤᠨ ᠲᠠᠯᠠᠪᠠᠢ ᠵᠡᠷᠬᠡ ᠣᠯᠠᠨ ᠲᠦᠷᠦᠯ  ᠤᠨ ᠬᠡᠷ ᠪᠦᠯᠢ  ᠶᠢᠨ ᠮᠠᠯᠵᠢᠯ  ᠤᠨ ᠲᠠᠯᠠᠪᠠᠢ  ᠶᠢ ᠪᠠᠶᠢᠭᠤᠯᠬᠤ ᠪᠠᠷ ᠲᠠᠮᠵᠢᠨ᠂ ᠶᠡᠭᠡ ᠡᠷᠦᠬᠡ ᠪᠠᠭ᠎ᠠ ᠡᠷᠦᠬᠡ  ᠶᠢ ᠲᠠᠭᠠᠭᠤᠯᠬᠤ᠂ ᠴᠢᠨᠡᠬᠡᠯᠢᠭ ᠡᠷᠦᠬᠡ ᠶᠠᠳᠠᠭᠤ ᠡᠷᠦᠬᠡ  ᠶᠢ ᠲᠠᠭᠠᠭᠤᠯᠬᠤ᠂ ᠡᠵᠡᠩᠨᠡᠬᠦ ᠴᠢᠳᠠᠪᠤᠷᠢ ᠪᠠᠷ ᠰᠠᠶᠢᠨ ᠡᠷᠦᠬᠡ ᠡᠵᠡᠩᠨᠡᠬᠦ ᠴᠢᠳᠠᠪᠤᠷᠢ ᠠᠨᠠᠢ ᠡᠷᠦᠬᠡ  ᠶᠢ ᠲᠠᠭᠠᠭᠤᠯᠬᠤ᠂ ᠰᠠᠭᠤᠷᠢ ᠲᠦᠬᠦᠬᠡᠷᠦᠮᠵᠢ ᠰᠠᠶᠢᠳᠠᠢ ᠡᠷᠦᠬᠡ ᠰᠠᠭᠤᠷᠢ ᠲᠦᠬᠦᠬᠡᠷᠦᠮᠵᠢ ᠠᠨᠠᠢ ᠡᠷᠦᠬᠡ  ᠶᠢ ᠲᠠᠭᠠᠭᠤᠯᠬᠤ᠂ ᠦᠯᠡᠬᠦᠦ ᠬᠦᠳᠠᠯᠮᠣᠷᠢ ᠬᠦᠴᠦ ᠲᠠᠢ ᠡᠷᠦᠬᠡ ᠬᠦᠳᠠᠯᠮᠣᠷᠢ ᠬᠦᠴᠦ ᠬᠦᠷᠦᠯᠴᠠᠬᠦ ᠦᠬᠡᠢ ᠡᠷᠦᠬᠡ ᠶᠢ ᠲᠠᠭᠠᠭᠤᠯᠬᠤ ᠶᠢ ᠪᠠᠶᠠᠯᠡᠬᠦᠯᠵᠣ᠂ ᠣᠯᠠᠨ ᠲᠦᠷᠦᠯ  ᠤᠨ ᠡᠬᠢ ᠰᠣᠷᠪᠣᠯᠵᠢ ᠶᠢ ᠬᠠᠮᠤᠭ ᠰᠢᠯᠢᠳᠡᠭ  ᠢᠶᠠᠷ  ᠣᠶᠠᠯᠳᠣᠭᠤᠯᠣᠨ᠂ ᠮᠠᠯ ᠠᠵᠣ ᠠᠬᠤᠢ ᠶᠢᠨ ᠬᠡᠪᠴᠢᠶᠠᠵᠢᠯ  ᠤᠨ ᠬᠢᠷᠢ ᠲᠦᠪᠰᠢᠨ  ᠢ ᠲᠡᠬᠡᠭᠰᠢᠯᠡᠬᠦᠯᠦᠨ᠎ᠠ᠃ ᠭᠤᠷᠪᠠ   ᠳᠤ᠂ ᠭᠠᠴᠠᠭᠠᠨ  ᠤ ᠬᠤᠶᠠᠷ ᠵᠦᠪᠯᠡᠯ  ᠤᠨ ᠦᠢᠯᠡᠳᠣᠯ  ᠢ ᠬᠦᠢᠴᠡᠳ ᠪᠠᠳᠠᠷᠠᠭᠤᠯᠣᠨ᠎ᠠ᠃ ᠡᠩ ᠲᠠᠷᠢᠬᠦᠨ  ᠳᠤ᠂ ᠦᠢᠯᠡᠰ ᠪᠦᠳᠦᠬᠡᠬᠦ ᠵᠣᠷᠢᠯᠳᠠ ᠲᠠᠢ᠂ ᠦᠢᠯᠡᠰ ᠪᠦᠳᠦᠬᠡᠬᠦ ᠴᠢᠳᠠᠪᠣᠷᠢ ᠲᠠᠢ ᠮᠠᠯᠴᠢᠳ ᠢ ᠭᠠᠴᠠᠭᠠᠨ  ᠤ ᠬᠤᠶᠠᠷ ᠵᠦᠪᠯᠡᠯ  ᠳᠤ ᠡᠯᠰᠠᠨ ᠣᠷᠣᠭᠤᠯᠵᠣ᠂ ᠠᠷᠠᠳ ᠣᠯᠠᠨ  ᠢ ᠲᠠᠶᠢᠴᠢᠯᠠᠨ ᠦᠢᠯᠡᠳᠪᠣᠷᠢᠯᠠᠯ  ᠢ ᠬᠦᠭᠵᠢᠬᠦᠯᠬᠦ ᠴᠢᠳᠠᠪᠣᠷᠢ  ᠶᠢ ᠨᠢ ᠢᠯᠡᠷᠬᠡᠢ ᠲᠡᠬᠡᠭᠰᠢᠯᠡᠬᠦᠯᠦᠨ᠎ᠠ᠃ ᠲᠠᠷᠠᠭ᠎ᠠ ᠳᠤᠨᠢ᠂ ᠵᠠᠰᠠᠭ  ᠤᠨ ᠣᠷᠳᠣᠨ  ᠠᠴᠠ ᠬᠠᠮᠳᠣ ᠶᠢᠨ ᠠᠵᠣ ᠠᠬᠤᠢ  ᠶᠢ ᠬᠦᠭᠵᠢᠬᠦᠯᠬᠦ  ᠶᠢ ᠶᠡᠭᠡ ᠬᠦᠴᠦᠨ  ᠢᠶᠠᠷ ᠲᠠᠳᠬᠦᠵᠣ᠂ ᠭᠠᠴᠠᠭᠠᠨ  ᠤ ᠵᠦᠪᠯᠡᠯ  ᠤᠨ ᠢᠳᠡᠭᠡᠯ ᠬᠦᠨᠳᠤ᠂ ᠲᠠᠶᠢᠴᠢᠯᠠᠬᠤ ᠬᠦᠴᠦᠨ ᠪᠣᠯᠣᠨ ᠮᠠᠯᠴᠢᠨ ᠲᠦᠮᠡᠨ   ᠳᠤ  ᠦᠢᠯᠡᠴᠢᠯᠡᠬᠦ ᠴᠢᠳᠠᠪᠣᠷᠢ  ᠶᠢ ᠨᠢ ᠲᠡᠬᠡᠭᠰᠢᠯᠡᠬᠦᠯᠦᠨ᠎ᠠ︔ ᠭᠤᠷᠪᠠᠳᠣᠭᠠᠷ  ᠲᠤ᠂ ᠨᠡᠶᠢᠬᠡᠮᠯᠢᠭ  ᠤᠨ ᠵᠣᠬᠢᠶᠠᠨ ᠪᠠᠶᠢᠭᠤᠯᠣᠯᠳᠠ  ᠶᠢᠨ ᠦᠢᠯᠡᠳᠣᠯ  ᠢ ᠪᠠᠳᠠᠷᠠᠭᠤᠯᠣᠨ᠂ ᠮᠠᠯᠵᠢᠬᠤ ᠡᠷᠦᠬᠡ᠂ ᠨᠡᠶᠢᠬᠡᠮᠯᠢᠭ ᠪᠠ ᠠᠵᠣ ᠠᠬᠤᠶᠢᠯᠠᠯ  ᠤᠨ ᠠᠰᠢᠭ ᠲᠣᠰᠨ  ᠶᠢ ᠬᠤᠯᠪᠣᠯᠳᠠᠭᠤᠯᠬᠤ ᠵᠣᠬᠢᠴᠠᠮᠵᠢ  ᠶᠢ ᠪᠠᠶᠢᠭᠤᠯᠣᠨ ᠪᠦᠷᠢᠨᠰᠢᠬᠦᠯᠵᠣ᠂ ᠮᠠᠯ ᠠᠵᠣ ᠠᠬᠤᠢ  ᠶᠢᠨ ᠵᠣᠬᠢᠶᠠᠨ ᠪᠠᠶᠢᠭᠤᠯᠣᠯᠵᠢᠯᠳᠠ  ᠶᠢᠨ ᠬᠢᠷᠢ ᠲᠦᠪᠰᠢᠨ  ᠢ ᠲᠡᠬᠡᠭᠰᠢᠯᠡᠬᠦᠯᠦᠨ᠎ᠠ᠃ ᠲᠦᠷᠪᠡ  ᠳᠤ᠂ ᠣᠯᠠᠨ ᠡᠰᠢᠳᠣ ᠵᠠᠬ᠎ᠠ ᠲᠠᠯᠬᠡᠬᠦᠷ ᠤᠨ ᠬᠦᠢᠯᠬᠡᠬᠡᠨ  ᠤ ᠭᠤᠣᠯ ᠴᠣᠭᠴᠨ ᠶᠢ ᠪᠣᠢ ᠪᠣᠯᠭᠠᠨ᠎ᠠ᠃ ᠮᠠᠯᠵᠢᠬᠤ ᠣᠷᠣᠨ  ᠤ ᠠᠵᠣ ᠠᠬᠤᠢ  ᠶᠢᠨ ᠵᠠᠭᠤᠴᠢ ᠬᠦᠮᠦᠨ  ᠢ ᠲᠦᠷᠬᠡᠨ ᠬᠦᠮᠦᠵᠢᠬᠦᠯᠵᠣ᠂ ᠮᠠᠯ  ᠤᠨ ᠠᠰᠢᠭ ᠰᠢᠮ᠎ᠠ  ᠶᠢᠨ ᠪᠦᠳᠦᠬᠡᠭᠳᠡᠬᠦᠨ ᠢ ᠵᠦᠬᠡᠬᠡᠪᠣᠷᠢᠯᠠᠵᠣ ᠪᠣᠷᠣᠯᠠᠭᠤᠯᠬᠤ ᠲᠣᠰᠬᠠᠢ ᠡᠷᠦᠬᠡ ᠪᠠ ᠡᠯ᠎ᠠ ᠲᠦᠷᠦᠯ  ᠤᠨ ᠬᠦᠢᠯᠬᠡᠬᠡᠨ  ᠤ ᠵᠠᠭᠤᠴᠢ ᠵᠣᠬᠢᠶᠠᠨ ᠪᠠᠶᠢᠭᠤᠯᠣᠯᠳᠠ  ᠶᠢ ᠪᠣᠶᠢᠵᠢᠭᠤᠯᠣᠨ᠂ ᠡᠯ᠎ᠠ ᠲᠦᠷᠦᠯ  ᠤᠨ ᠪᠠᠶᠢᠭᠠᠯᠢᠯᠢᠭ ᠪᠣᠬᠢᠷᠳᠣᠯ ᠦᠬᠡᠢ ᠮᠠᠯ  ᠤᠨ ᠠᠰᠢᠭ ᠰᠢᠮ᠎ᠠ  ᠶᠢᠨ ᠪᠦᠳᠦᠬᠡᠭᠳᠡᠬᠦᠨ ᠢᠶᠠᠨ ᠴᠠᠭ ᠲᠣᠬᠠᠢ ᠳᠤᠨᠢ ᠵᠠᠬ᠎ᠠ ᠲᠡᠯᠬᠡᠬᠦᠷ ᠲᠤ ᠭᠠᠷᠭᠠᠨ᠂ ᠵᠢᠵᠢᠭ ᠦᠢᠯᠡᠳᠪᠣᠷᠢᠯᠡᠯ  ᠢ ᠶᠡᠭᠡ ᠵᠠᠬ᠎ᠠ ᠲᠡᠯᠬᠡᠬᠦᠷ ᠯᠦᠭᠡ ᠵᠣᠯᠭᠠᠭᠤᠯᠬᠤ  ᠶᠢ ᠪᠦᠳᠦᠮᠵᠢᠳᠠᠢ ᠪᠠᠶᠠᠯᠡᠬᠦᠯᠵᠣ᠂ ᠮᠠᠯ ᠠᠵᠣ ᠠᠬᠤᠢ  ᠶᠢᠨ ᠠᠵᠣ ᠦᠢᠯᠡᠰᠵᠢᠯᠳᠠ  ᠶᠢᠨ ᠬᠢᠷᠢ ᠲᠦᠪᠰᠢᠨ ᠢ ᠲᠡᠬᠡᠭᠰᠢᠯᠡᠬᠦᠯᠦᠨ᠎ᠠ᠃ ᠬᠤᠶᠢᠰᠢᠳᠠ  ᠶᠢᠨ ᠲᠠᠪᠣᠨ ᠵᠢᠯ ᠳᠤ᠂ ᠵᠠᠰᠠᠭ  ᠤᠨ ᠣᠷᠳᠣᠨ  ᠠᠴᠠ ᠵᠢᠯ ᠪᠦᠷᠢ ᠵᠢᠯᠣᠭᠤᠳᠣᠨ ᠲᠠᠭᠠᠭᠤᠯᠬᠤ ᠪᠡᠯᠨ ᠮᠦᠩᠬᠦ ᠭᠠᠷᠭᠠᠵᠣ᠂ ᠡᠯ᠎ᠠ ᠲᠦᠷᠦᠯ  ᠤᠨ ᠵᠢᠱᠢᠶᠠᠴᠢ ᠡᠷᠦᠬᠡ  ᠶᠢ ᠪᠣᠶᠢᠵᠢᠭᠤᠯᠬᠤ ᠠᠵᠢᠯ  ᠢ ᠦᠷᠨᠢᠬᠦᠯᠦᠨ᠎ᠠ᠃ 2012 ᠣᠨ ᠪᠣᠯᠬᠤ ᠳᠤ ᠮᠠᠯᠵᠢᠬᠤ ᠣᠷᠣᠨ  ᠤ ᠡᠯ᠎ᠠ ᠲᠦᠷᠦᠯ  ᠤᠨ ᠪᠠᠷᠢᠮᠵᠢᠶᠠᠨ  ᠳᠤ ᠨᠡᠶᠢᠴᠡᠭᠰᠡᠨ ᠵᠢᠱᠢᠶᠠᠴᠢ ᠡᠷᠦᠬᠡ  ᠶᠢ 500 ᠡᠷᠦᠬᠡ ᠬᠦᠮᠦᠵᠢᠬᠦᠯᠦᠨ᠂ ᠡᠬᠦᠨ  ᠳᠤ ᠰᠣᠳᠣᠨ ᠡᠷᠦᠬᠡ 100 ᠡᠷᠦᠬᠡ᠂ ᠰᠣᠳᠣᠨ ᠡᠷᠣᠬᠡ ᠪᠦᠷᠢ 5 ᠵᠢᠱᠢᠶᠠᠴᠢ ᠡᠷᠦᠬᠡ  ᠶᠢ ᠲᠠᠭᠠᠭᠤᠯᠣᠨ᠂ ᠵᠢᠱᠢᠶᠠᠴᠢ ᠡᠷᠦᠬᠡ ᠪᠦᠷᠢ ᠨᠢ 10 ᠮᠠᠯᠵᠢᠬᠤ ᠡᠷᠦᠬᠡ ᠶᠢ ᠲᠠᠭᠠᠭᠤᠯᠬᠤ ᠶᠢ ᠪᠡᠶᠡᠯᠡᠬᠦᠯᠵᠣ᠂ ᠦᠢᠯᠡᠳᠪᠣᠷᠢᠯᠠᠯ  ᠤᠨ ᠮᠠᠰᠢᠨᠴᠢᠯᠠᠯᠳᠠ  ᠶᠢᠨ ᠨᠣᠷᠮ᠎ᠠ  ᠶᠢ 100 %  ᠬᠦᠷᠬᠡᠨ᠂ 30 %  ᠶᠢᠨ ᠮᠠᠯᠵᠢᠬᠤ ᠡᠷᠦᠬᠡ  ᠶᠢᠨ ᠬᠡᠪᠴᠢᠶᠠᠵᠢᠭ᠍ᠰᠡᠨ ᠡᠵᠡᠩᠨᠡᠯᠳᠠ᠂ ᠪᠠᠷᠢᠮᠵᠢᠶᠠᠵᠢᠭᠰᠠᠨ ᠦᠢᠯᠡᠳᠪᠣᠷᠢᠯᠠᠯ  ᠤᠨ ᠬᠠᠷᠠᠯᠳᠠ  ᠶᠢ ᠪᠡᠶᠡᠯᠡᠬᠦᠯᠬᠦ ᠪᠠᠷ ᠴᠢᠷᠮᠠᠶᠢᠨ᠎ᠠ᠃ ᠲᠣᠰ ᠵᠢᠯ  ᠳᠤ 142 ᠵᠢᠱᠢᠶᠠᠴᠢ ᠡᠷᠦᠬᠡ ᠪᠠᠶᠢᠭᠤᠯᠬᠤ ᠠᠵᠢᠯ  ᠢ ᠡᠬᠢᠯᠡᠬᠦᠯᠦᠨ᠂ 30 %  ᠶᠢ  ᠨᠢ ᠰᠣᠳᠣᠨ ᠡᠷᠦᠬᠡ ᠪᠠᠷ ᠬᠦᠮᠦᠵᠢᠬᠦᠯᠦᠨ᠎ᠠ᠃ ᠨᠡᠶᠢᠬᠡᠮ ᠵᠢᠷᠣᠮᠳᠣ ᠰᠢᠨ᠎ᠠ ᠮᠠᠯᠵᠢᠬᠤ ᠣᠷᠣᠨ  ᠤ ᠪᠦᠳᠦᠬᠡᠨ ᠪᠠᠶᠢᠭᠤᠯᠣᠯᠳᠠ  ᠶᠢ ᠲᠦᠯᠬᠢᠨ ᠠᠬᠢᠭᠤᠯᠣᠨ᠎ᠠ᠃ ︽ᠣᠷᠢᠳᠠᠪᠠᠷ ᠲᠦᠯᠦᠪᠵᠢᠬᠦᠯᠦᠨ᠂ ᠵᠠᠰᠠᠭ  ᠤᠨ ᠣᠷᠳᠣᠨ ᠵᠢᠯᠣᠭᠤᠳᠴᠣ᠂ ᠪᠦᠬᠦ ᠠᠷᠠᠳ ᠢᠶᠠᠷ ᠢᠶᠠᠨ ᠣᠷᠣᠯᠴᠠᠨ᠂ ᠣᠨᠴᠠᠯᠢᠭ  ᠢᠶᠠᠨ ᠬᠠᠳᠠᠭᠠᠯᠠᠵᠣ᠂ ᠭᠤᠣᠯᠳᠠᠯᠭ᠎ᠠ ᠪᠠᠨ ᠲᠣᠪᠣᠶᠢᠯᠭᠠᠨ᠂ ᠪᠦᠬᠦ ᠲᠠᠯ᠎ᠠ ᠪᠠᠷ ᠠᠬᠢᠭᠤᠯᠬᠤ︾ ᠵᠠᠷᠴᠢᠮ ᠢ ᠪᠠᠷᠢᠮᠳᠠᠯᠠᠨ᠂ ᠨᠡᠶᠢᠬᠡᠮ ᠵᠢᠷᠣᠮᠳᠣ ᠰᠢᠨ᠎ᠠ ᠮᠠᠯᠵᠢᠬᠤ ᠣᠷᠣᠨ  ᠤ ᠪᠦᠳᠦᠬᠡᠨ ᠪᠠᠶᠢᠭᠤᠯᠣᠯᠳᠠ  ᠶᠢ ᠯᠠᠪᠳᠠᠭᠤᠨ ᠪᠠᠳᠣᠳᠠᠢ ᠲᠦᠯᠬᠢᠨ ᠠᠬᠢᠭᠤᠯᠣᠨ᠎ᠠ᠃ ᠡᠨ᠋ᠨ ᠵᠢᠯ᠂ ᠪᠦᠬᠦ ᠬᠤᠰᠢᠭᠤᠨ  ᠤ 71 ᠭᠠᠴᠠᠭᠠᠨ  ᠠᠴᠠ 15 ᠭᠠᠴᠠᠭ᠎ᠠ  ᠶᠢ ᠰᠣᠩᠭᠤᠨ᠂ ᠰᠢᠨ᠎ᠠ ᠮᠠᠯᠵᠢᠬᠤ ᠣᠷᠣᠨ  ᠢ ᠪᠠᠶᠢᠭᠤᠯᠬᠤ ᠶᠡᠷᠣᠩᠬᠡᠢ ᠲᠦᠯᠦᠪᠵᠢᠬᠦᠯᠬᠡ  ᠶᠢ ᠨᠠᠶᠢᠷᠠᠭᠤᠯᠬᠤ ᠪᠠᠷ ᠪᠣᠢ᠂ ᠡᠬᠦᠨ  ᠳᠤ 7  ᠭᠠᠴᠠᠭᠠᠨ  ᠳᠤ ᠬᠤᠳᠠ ᠪᠠᠷ ᠨᠢᠬᠡᠴᠨ ᠪᠣᠯᠭᠠᠨ ᠰᠢᠨ᠎ᠠ ᠮᠠᠯᠵᠢᠬᠤ ᠣᠷᠣᠨ  ᠤ ᠲᠣᠷᠰᠢᠯᠳᠠ  ᠶᠢᠨ ᠴᠢᠭ ᠤᠨ ᠪᠠᠶᠢᠭᠤᠯᠣᠯᠳᠠ ᠶᠢ ᠠᠯᠬᠤᠮ ᠲᠠᠷᠠᠭ᠎ᠠ ᠲᠠᠢ ᠲᠦᠯᠦᠪᠯᠡᠭᠡ ᠲᠠᠢ ᠭᠤᠣᠯᠳᠠᠯᠭ᠎ᠠ ᠲᠠᠢ ᠲᠦᠯᠬᠢᠨ ᠠᠬᠢᠭᠤᠯᠣᠨ᠎ᠠ᠃ ᠣᠳᠣᠬᠠᠨ  ᠳᠤ  ᠂ 15 ᠭᠠᠴᠠᠭᠠᠨ  ᠤ ᠰᠢᠨ᠎ᠠ ᠮᠠᠯᠵᠢᠬᠤ ᠣᠷᠣᠨ  ᠤ ᠪᠦᠳᠦᠬᠡᠨ ᠪᠠᠶᠢᠭᠤᠯᠣᠯᠳᠠ  ᠶᠢᠨ ᠶᠠᠷᠣᠩᠬᠡᠢ ᠲᠦᠯᠦᠪᠵᠢᠬᠦᠯᠬᠡ ᠨᠢ ᠨᠠᠶᠢᠷᠠᠭᠤᠯᠣᠯᠳᠠ  ᠶᠢᠨ ᠱᠠᠳᠣᠨ ᠳᠠᠭᠠᠨ ᠪᠣᠢ᠃ ᠲᠣᠰ ᠵᠢᠯ  ᠳᠤ᠂ 7 ᠲᠣᠷᠰᠢᠯᠳᠠ  ᠶᠢᠨ ᠴᠢᠭ  ᠤᠨ ᠭᠠᠴᠠᠭᠠᠨ  ᠤ 80%  ᠶᠢᠨ ᠬᠤᠳᠠ  ᠳᠤ ︽ᠭᠤᠷᠪᠠᠨ 30 %᠂  ᠭᠤᠷᠪᠠᠨ 50 %᠂ ᠭᠤᠷᠪᠠᠨ 100 %︾  ᠶᠢᠨ ᠬᠠᠷᠠᠯᠳᠠ  ᠶᠢ ᠪᠡᠶᠡᠯᠡᠬᠦᠯᠬᠦ ᠪᠠᠷ ᠴᠢᠷᠮᠠᠶᠢᠨ᠎ᠠ᠃ ᠲᠠᠷᠣᠢ 30 %  ᠶᠢᠨ ᠮᠠᠯᠵᠢᠬᠤ ᠡᠷᠦᠬᠡ  ᠳᠤ ᠴᠠᠬᠢᠯᠭᠠᠨ ᠨᠡᠪᠳᠡᠷᠡᠬᠦᠯᠵᠣ᠂ 30 % ᠶᠢᠨ ᠮᠠᠯᠵᠢᠬᠤ ᠡᠷᠦᠬᠡ  ᠳᠤ ᠺᠣᠮᠫᠢᠦ᠋ᠲ᠋ᠧᠷ  ᠤᠨ ᠰᠦᠯᠵᠢᠶ᠎ᠠ ᠨᠡᠪᠳᠡᠷᠡᠬᠦᠯᠦᠨ᠂ 30 %  ᠶᠢᠨ ᠮᠠᠯᠵᠢᠬᠤ ᠡᠷᠦᠬᠡ  ᠶᠢ ᠲᠣᠭᠤᠷᠢᠭ ᠬᠤᠪᠢᠶᠠᠨ ᠡᠬᠡᠯᠵᠢᠯᠡᠨ ᠮᠠᠯᠵᠢᠭᠤᠯᠣᠨ᠎ᠠ︔ 50%  ᠶᠢᠨ ᠮᠠᠯᠵᠢᠬᠤ ᠡᠷᠦᠬᠡ ᠶᠢ ᠬᠡᠷ ᠪᠦᠯᠢ  ᠶᠢᠨ ᠬᠠᠳᠣᠯᠠᠩ ᠤᠨ ᠲᠠᠯᠠᠪᠠᠢ ᠭᠠᠷᠭᠠᠯᠭᠠᠵᠣ᠂ 50%  ᠶᠢᠨ ᠮᠠᠯᠵᠢᠬᠤ ᠡᠷᠦᠬᠡ  ᠳᠤ ᠠᠶᠣᠯᠬᠦᠢ ᠣᠰᠣ ᠣᠮᠳᠠ  ᠶᠢᠨ ᠲᠦᠬᠦᠬᠡᠷᠦᠮᠵᠢ ᠣᠭᠰᠠᠷᠠᠨ᠂ 50%   ᠶᠢᠨ ᠬᠤᠳᠠ  ᠳᠤ ᠵᠣᠷᠯᠣᠩ ᠪᠠᠶᠢᠭᠤᠯᠣᠨ᠎ᠠ︔ 100 %  ᠶᠢᠨ ᠬᠤᠳᠠ  ᠳᠤ ᠣᠳᠣᠨ ᠲᠧᠯᠸᠢᠰ  ᠤᠨ ᠲᠣᠭᠤᠭ᠎ᠠ ᠣᠭᠰᠠᠷᠠᠨ᠂ 100 %  ᠶᠢᠨ ᠬᠤᠳᠠ  ᠳᠤ ᠮᠠᠰᠢᠨᠴᠢᠯᠠᠭᠰᠠᠨ ᠦᠢᠯᠡᠳᠪᠣᠷᠢᠯᠠᠯ  ᠢ ᠪᠡᠶᠡᠯᠡᠬᠦᠯᠵᠣ᠂ 100 %  ᠶᠢᠨ ᠬᠤᠳᠠ  ᠶᠢᠨ ᠣᠷᠴᠢᠨ ᠲᠣᠭᠤᠷᠢᠨ  ᠢ ᠴᠠᠪᠠᠷ ᠲᠣᠬᠢᠯᠢᠭ ᠪᠣᠯᠭᠠᠨ᠎ᠠ᠃︵ᠬᠤᠶᠠᠷ︶ ᠲᠠᠪᠠᠭᠤᠯᠢᠭ ᠣᠨᠴᠠᠯᠢᠭᠳᠣ ᠠᠵᠣ ᠦᠢᠯᠡᠰ ᠢ ᠪᠣᠶᠢᠵᠢᠭᠤᠯᠣᠨ ᠬᠦᠭᠵᠢᠬᠦᠯᠬᠦ ᠪᠠᠷ ᠭᠤᠣᠯᠯᠠᠵᠣ᠂ ᠰᠢᠨ᠎ᠠ ᠬᠡᠯᠪᠡᠷᠢ  ᠶᠢᠨ ᠠᠵᠣ ᠦᠢᠯᠡᠳᠪᠣᠷᠢᠵᠢᠯᠳᠠ  ᠶᠢᠨ ᠠᠬᠢᠴᠨ ᠶᠢ ᠬᠦᠴᠣᠳᠠᠢ ᠲᠦᠯᠬᠢᠨ ᠠᠬᠢᠭᠤᠯᠣᠨ᠎ᠠᠲᠠᠪᠠᠭᠤᠯᠢᠭ ᠣᠨᠴᠠᠯᠢᠭᠳᠣ ᠠᠵᠣ ᠦᠢᠯᠡᠰ  ᠢ ᠪᠣᠶᠢᠵᠢᠭᠤᠯᠣᠨ ᠬᠦᠭᠵᠢᠬᠦᠯᠬᠦ ᠪᠠᠷ ᠭᠤᠣᠯᠳᠠᠯᠭ᠎ᠠ ᠪᠣᠯᠭᠠᠨ ᠲᠦᠷᠦᠬᠦᠴᠢ  ᠶᠢᠨ ᠬᠤᠭᠤᠴᠠᠭᠠᠨ  ᠤ ᠲᠦᠷᠦᠯ ᠵᠦᠢᠯ  ᠢ ᠬᠢᠨᠠᠨ ᠵᠦᠪᠰᠢᠶᠡᠷᠡᠬᠦᠯᠬᠦ᠂ ᠪᠠᠶᠢᠭᠤᠯᠣᠯᠳᠠ  ᠶᠢᠨ ᠱᠠᠳᠣᠨ  ᠳᠠᠬᠢ ᠲᠦᠷᠦᠯ ᠵᠦᠢᠯ  ᠢ ᠠᠰᠢᠭᠯᠠᠯᠳᠠ  ᠳᠤ ᠣᠷᠣᠭᠤᠯᠬᠤ᠂ ᠠᠵᠣ ᠠᠬᠤᠶᠢᠯᠠᠯ  ᠢ ᠪᠦᠬᠦ ᠬᠦᠴᠦᠨ ᠢᠶᠠᠷ ᠨᠢ ᠦᠢᠯᠡᠳᠪᠣᠷᠢᠯᠡᠬᠦᠯᠬᠦ ᠪᠠ ᠲᠣᠮᠳᠠ ᠪᠠᠭ᠎ᠠ ᠠᠵᠣ ᠠᠬᠤᠶᠢᠯᠠᠯ  ᠢ ᠰᠦᠷᠦᠭᠵᠢᠬᠦᠯᠦᠨ ᠬᠦᠭᠵᠢᠬᠦᠯᠬᠦ  ᠳᠤ ᠬᠦᠴᠦ ᠪᠠᠨ ᠲᠠᠯᠪᠢᠨ᠂ ᠡᠷᠬᠢᠯᠳᠠ ᠶᠢᠨ ᠴᠢᠨᠠᠷ ᠴᠢᠨᠰᠠᠭ᠎ᠠ ᠪᠠ ᠦᠷ᠎ᠠ ᠠᠰᠢᠭ  ᠢ ᠲᠠᠰᠣᠷᠠᠯᠳᠠ ᠦᠬᠡᠢ ᠲᠡᠬᠡᠭᠰᠢᠯᠡᠬᠦᠯᠦᠨ᠂ ᠲᠠᠪᠠᠭᠤᠯᠢᠭ ᠣᠨᠴᠠᠯᠢᠭᠳᠣ ᠠᠵᠣ ᠦᠢᠯᠡᠰ ᠤᠨ ᠰᠦᠷᠦᠭᠵᠢᠨ ᠬᠦᠭᠵᠢᠬᠦ ᠪᠠᠶᠢᠳᠠᠯ  ᠢ ᠡᠬᠦᠳᠴᠣ᠂ ᠠᠵᠣ ᠦᠢᠯᠡᠳᠪᠣᠷᠢ  ᠶᠢᠨ ᠠᠵᠣ ᠠᠬᠤᠢ  ᠶᠢᠨ ᠭᠤᠣᠯᠯᠠᠬᠤ ᠪᠠᠶᠢᠷᠢ ᠰᠠᠭᠤᠷᠢ  ᠶᠢ ᠣᠯᠠᠮ ᠴᠢᠨᠠᠭᠰᠢᠳᠠ ᠪᠠᠬᠢᠵᠢᠬᠦᠯᠦᠨ ᠲᠡᠬᠡᠭᠰᠢᠯᠡᠬᠦᠯᠦᠨ᠎ᠠ᠃ᠭᠤᠣᠯᠳᠠᠯᠭ᠎ᠠ ᠲᠠᠢ ᠲᠦᠷᠦᠯ ᠵᠦᠢᠯ  ᠢ ᠬᠦᠴᠦᠳᠠᠢ ᠲᠦᠯᠬᠢᠨ ᠠᠬᠢᠭᠤᠯᠣᠨ᠎ᠠ᠃ ᠰᠠᠯᠬᠢᠨ ᠴᠠᠬᠢᠯᠭᠠᠨ  ᠤ ᠲᠦᠷᠦᠯ ᠵᠦᠢᠯ  ᠤᠨ ᠲᠠᠯ᠎ᠠ ᠪᠠᠷ᠂ ᠬᠦᠢᠳᠠᠨᠰᠢᠯᠢ  ᠶᠢᠨ ᠰᠠᠯᠬᠢᠨ ᠴᠠᠬᠢᠯᠭᠠᠨ  ᠤ ᠪᠠᠶᠢᠭᠤᠯᠣᠯᠳᠠ ᠶᠢᠨ ᠱᠠᠳᠣᠨ   ᠳᠠᠬᠢ ᠲᠦᠷᠦᠯ ᠵᠦᠢᠯ  ᠢ ᠠᠰᠢᠭᠯᠠᠯᠳᠠ  ᠳᠤ ᠣᠷᠣᠭᠤᠯᠬᠤ ᠪᠠ ᠲᠦᠷᠦᠬᠦᠴᠢ  ᠶᠢᠨ ᠬᠤᠭᠤᠴᠠᠭᠠᠨ  ᠤ ᠲᠦᠷᠦᠯ ᠵᠦᠢᠯ  ᠢ ᠬᠢᠨᠠᠨ ᠵᠦᠪᠰᠢᠶᠡᠷᠡᠬᠦᠯᠬᠦ ᠠᠵᠢᠯ  ᠢ ᠰᠠᠶᠢᠳᠣᠷ ᠠᠳᠬᠤᠵᠣ᠂ 20 ᠲᠦᠮᠡᠨ ᠺᠢᠯᠣᠸᠠᠲ  ᠤᠨ ᠮᠠᠰᠢᠨ ᠴᠣᠭᠴᠠᠯᠠᠪᠣᠷᠢ  ᠶᠢ 5  ᠰᠠᠷ᠎ᠠ  ᠳᠤ ᠪᠦᠬᠦ ᠲᠠᠯ᠎ᠠ ᠪᠠᠷ ᠦᠢᠯᠡᠳᠪᠣᠷᠢᠯᠡᠯ ᠡᠬᠢᠯᠡᠬᠦᠯᠦᠭᠰᠡᠨ  ᠤ ᠰᠠᠭᠤᠷᠢᠨ  ᠳᠤ 50 ᠲᠦᠮᠠᠨ ᠺᠢᠯᠣᠸᠠᠲ  ᠤᠨ ᠮᠠᠰᠢᠨ ᠴᠣᠭᠴᠠᠯᠠᠪᠣᠷᠢ  ᠶᠢ ᠰᠢᠨ᠎ᠠ ᠪᠠᠷ ᠬᠢᠨᠠᠨ ᠵᠦᠪᠰᠢᠶᠠᠷᠠᠬᠦᠯᠵᠣ᠂ 35 ᠲᠦᠮᠠᠨ ᠺᠢᠯᠣᠸᠠᠲ ᠤᠨ ᠮᠠᠰᠢᠨ ᠴᠣᠭᠴᠠᠯᠠᠪᠣᠷᠢ  ᠶᠢ ᠪᠠᠷᠢᠯᠭ᠎ᠠ ᠡᠬᠢᠯᠡᠬᠦᠯᠦᠨ᠂ ᠲᠣᠰ ᠵᠢᠯ  ᠳᠤ᠂ ᠠᠰᠢᠭᠯᠠᠯᠳᠠ  ᠳᠤ ᠣᠷᠣᠭᠤᠯᠣᠭᠰᠠᠨ ᠮᠠᠰᠢᠨ ᠴᠣᠭᠴᠠᠯᠠᠪᠣᠷᠢ ᠶᠢᠨ ᠶᠠᠷᠣᠩᠬᠡᠢ ᠬᠡᠮᠵᠢᠶ᠎ᠠ  ᠶᠢ 50 ᠲᠦᠮᠡᠨ ᠺᠢᠯᠣᠸᠠᠲ ᠬᠦᠷᠬᠡᠬᠦ ᠪᠠᠷ ᠴᠢᠷᠮᠠᠶᠢᠨ᠎ᠠ᠃ ᠡᠬᠦᠨ  ᠤ ᠬᠠᠮᠳᠣ᠂ ᠪᠠᠯᠬᠦᠳᠠᠢ ᠰᠠᠯᠬᠢᠨ ᠴᠠᠬᠢᠯᠭᠠᠨ  ᠤ ᠰᠠᠭᠤᠷᠢᠨ ᠭᠠᠵᠠᠷ  ᠤᠨ ᠵᠦᠪᠳᠠᠯᠴᠠᠬᠡᠷ ᠲᠣᠭᠳᠠᠭᠰᠠᠨ ᠲᠦᠷᠦᠯ ᠵᠦᠢᠯ  ᠤᠨ ᠪᠡᠯᠡᠳᠬᠡᠯ ᠠᠵᠢᠯ  ᠢ ᠰᠠᠶᠢᠳᠣᠷ ᠠᠳᠬᠤᠵᠣ᠂ ᠬᠢᠨᠠᠨ ᠵᠦᠪᠰᠢᠶᠡᠷᠡᠬᠦᠯᠵᠣ ᠪᠠᠷᠢᠯᠭ᠎ᠠ ᠡᠬᠢᠯᠡᠬᠦᠯᠬᠦ ᠪᠠᠷ ᠴᠢᠷᠮᠠᠶᠢᠨ᠎ᠠ᠃ ᠴᠠᠭᠠᠨᠨᠠᠭᠤᠷ ᠨᠡᠬᠦᠷᠡᠰᠣᠨ ᠠᠭᠤᠷᠬᠠᠢ  ᠶᠢ ᠨᠡᠬᠡᠬᠡᠨ ᠠᠰᠢᠭᠯᠠᠬᠤ ᠲᠦᠷᠦᠯ ᠵᠦᠢᠯ  ᠤᠨ ᠲᠠᠯ᠎ᠠ ᠪᠠᠷ᠂ ᠹᠧᠩ ᠹᠧᠩ ᠪᠦᠯᠦᠭᠯᠡᠯ ᠤᠨ ᠨᠡᠬᠦᠷᠡᠰᠣ ᠮᠠᠯᠳᠠᠬᠤ ᠪᠠ ᠨᠡᠬᠦᠷᠡᠰᠣ ᠪᠣᠯᠪᠠᠰᠣᠷᠠᠭᠤᠯᠬᠤ ᠲᠦᠷᠦᠯ ᠵᠦᠢᠯ  ᠤᠨ ᠡᠯ᠎ᠠ ᠵᠦᠢᠯ  ᠤᠨ ᠪᠡᠯᠡᠳᠬᠡᠯ ᠠᠵᠢᠯ ᠤᠨ ᠠᠬᠢᠴᠨ  ᠶᠢ ᠲᠦᠷᠬᠡᠳᠬᠡᠨ᠂ ᠲᠣᠰ ᠵᠢᠯ  ᠳᠤ ᠠᠭᠤᠷᠬᠠᠢ  ᠶᠢᠨ ᠲᠣᠭᠤᠷᠢᠭ ᠤᠨ ᠶᠠᠷᠣᠩᠬᠡᠢ ᠲᠦᠯᠦᠪᠵᠢᠬᠦᠯᠬᠡ  ᠶᠢᠨ ᠵᠦᠪᠰᠢᠶᠠᠷᠠᠯ  ᠤᠨ ᠪᠢᠴᠢᠭ  ᠢ ᠭᠠᠷᠳᠠᠨ ᠠᠪᠬᠤ ᠪᠠᠷ ᠴᠢᠷᠮᠠᠶᠢᠵᠣ᠂ ︽ᠲᠦᠷᠪᠠ  ᠶᠢ ᠨᠡᠪᠳᠡᠷᠠᠬᠦᠯᠵᠣ ᠨᠢᠬᠡ  ᠶᠢ ᠲᠡᠭᠰᠢᠯᠡᠬᠦ︾ ᠠᠵᠢᠯ ᠪᠠ ᠨᠢᠬᠡᠳᠣᠬᠡᠷ ᠬᠤᠭᠤᠴᠠᠭᠠᠨ  ᠤ 800 ᠲᠦᠮᠡᠨ ᠲᠣᠨ  ᠤ ᠠᠭᠤᠷᠬᠠᠢ ᠶᠢᠨ ᠬᠤᠳᠳᠤᠭ  ᠤᠨ ᠪᠠᠷᠢᠯᠭ᠎ᠠ  ᠶᠢ ᠡᠬᠢᠯᠡᠬᠦᠯᠬᠦ  ᠶᠢᠨ ᠬᠠᠮᠳᠣ ᠮᠧᠲ᠋ᠢᠯ ᠠᠯᠺᠣᠣᠯ ᠤᠨ ᠲᠦᠷᠦᠯ ᠵᠦᠢᠯ  ᠢ ᠲᠠᠩᠰᠠᠯᠠᠭᠤᠯᠣᠨ ᠵᠦᠪᠰᠢᠶᠡᠷᠡᠬᠦᠯᠬᠦ ᠠᠵᠢᠯ  ᠢ ᠪᠡᠶᠡᠯᠡᠬᠦᠯᠦᠨ᠎ᠠ᠃ ᠦᠪᠣᠷ ᠮᠣᠩᠭᠤᠯ ᠤᠨ ᠭᠠᠵᠠᠷ ᠰᠢᠨᠵᠢᠯᠡᠭᠡ ᠠᠭᠤᠷᠬᠠᠢ  ᠶᠢᠨ ᠡᠬᠢ ᠪᠠᠶᠠᠯᠢᠭ  ᠤᠨ ᠲᠣᠪᠴᠢᠶ᠎ᠠ ᠲᠠᠢ ᠢᠳᠡᠪᠬᠢᠳᠠᠢ ᠬᠠᠮᠵᠢᠯᠴᠠᠨ ᠨᠠᠷᠠᠨᠪᠣᠯᠠᠭ ᠨᠡᠬᠦᠷᠠᠰᠣᠨ ᠠᠭᠤᠷᠬᠠᠢ  ᠶᠢ ᠨᠡᠬᠡᠬᠡᠨ ᠠᠰᠢᠭᠯᠠᠬᠤ ᠲᠦᠷᠦᠯ ᠵᠦᠢᠯ  ᠤᠨ ᠠᠬᠢᠴᠨ  ᠶᠢ ᠲᠦᠷᠬᠡᠳᠬᠡᠨ᠂ ᠪᠠᠯᠠᠳᠬᠡᠯ ᠠᠵᠢᠯ  ᠢ ᠡᠬᠢᠯᠡᠬᠦᠯᠬᠦ ᠪᠠᠷ ᠴᠢᠷᠮᠠᠶᠢᠨ᠎ᠠ᠃ ᠮᠠᠨᠢᠳᠣ ᠨᠡᠬᠦᠷᠠᠰᠣᠨ ᠠᠭᠤᠷᠬᠠᠢ ᠨᠢ ᠲᠡᠬᠡᠳᠣ ᠬᠠᠭᠠᠰ ᠵᠢᠯ  ᠳᠤ 4  ᠠᠭᠤᠷᠬᠠᠢ  ᠶᠢᠨ ᠬᠤᠳᠳᠤᠭ  ᠤᠨ ᠮᠡᠷᠬᠡᠵᠢᠯ  ᠤᠨ ᠦᠬᠡᠷᠡᠴᠢᠯᠠᠯᠳᠠ ᠪᠠ 1 ᠠᠭᠤᠷᠬᠠᠢ  ᠶᠢᠨ ᠬᠤᠳᠳᠤᠭ  ᠤᠨ ᠠᠭᠤᠷᠬᠠᠢ ᠮᠠᠯᠳᠠᠬᠤ ᠬᠡᠪᠴᠢᠶ᠎ᠠ  ᠶᠢ ᠦᠷᠬᠡᠳᠬᠡᠬᠦ ᠠᠵᠢᠯ  ᠢ ᠪᠠᠶᠡᠯᠡᠬᠦᠯᠦᠨ᠂ ᠨᠡᠬᠦᠷᠠᠰᠣ ᠮᠠᠯᠳᠠᠬᠤ ᠴᠢᠳᠠᠪᠣᠷᠢ  ᠶᠢ 135 ᠲᠦᠮᠡᠨ ᠲᠣᠨ ᠬᠦᠷᠬᠡᠵᠣ᠂ ᠲᠣᠰ ᠵᠢᠯ  ᠳᠤ 50 ᠲᠦᠮᠡᠨ ᠲᠣᠨ ᠨᠡᠬᠦᠷᠠᠰᠣ ᠮᠠᠯᠳᠠᠨ᠎ᠠ᠃ ᠬᠦᠳᠠᠷ ᠰᠢᠯᠢᠬᠦ ᠲᠦᠷᠦᠯ ᠵᠦᠢᠯ  ᠤᠨ ᠲᠠᠯ᠎ᠠ ᠪᠠᠷ᠂ ᠬᠦᠳᠠᠷ ᠰᠢᠯᠢᠬᠦ ᠦᠢᠯᠡᠳᠪᠣᠷᠢ  ᠶᠢᠨ ᠪᠠᠶᠢᠭᠤᠯᠣᠯᠳᠠ  ᠶᠢ ᠭᠤᠣᠯᠳᠠᠯᠭ᠎ᠠ ᠲᠠᠢ ᠠᠳᠬᠤᠵᠣ᠂ ᠠᠭᠤᠷᠬᠠᠢ  ᠶᠢᠨ ᠬᠦᠳᠠᠷ  ᠢ ᠪᠣᠯᠪᠠᠰᠣᠷᠠᠭᠤᠯᠬᠤ ᠦᠬᠡᠢ ᠪᠣᠯ ᠬᠤᠰᠢᠭᠤᠨ  ᠠᠴᠠ ᠪᠠᠨ ᠭᠠᠷᠭᠠᠬᠤ ᠦᠬᠡᠢ ᠬᠠᠷᠠᠯᠳᠠ  ᠶᠢ ᠪᠡᠶᠡᠯᠡᠬᠦᠯᠦᠨ᠎ᠠ᠃ ᠴᠠᠭᠠᠨᠨᠠᠭᠤᠷ  ᠤᠨ ᠵᠠᠰ ᠮᠣᠯᠢᠪᠳᠧᠨ  ᠤ ᠠᠭᠤᠷᠬᠠᠢ  ᠶᠢᠨ ᠡᠳᠣᠷ  ᠲᠤ 500 ᠲᠣᠨ ᠬᠦᠳᠠᠷ ᠰᠢᠯᠢᠬᠦ ᠦᠢᠯᠡᠳᠪᠣᠷᠢ  ᠶᠢ ᠦᠷᠬᠡᠳᠬᠡᠨ ᠪᠠᠶᠢᠭᠤᠯᠬᠤ ᠠᠵᠢᠯ  ᠢ ᠲᠡᠬᠡᠷ᠎ᠠ ᠬᠠᠭᠠᠰ ᠵᠢᠯ ᠳᠤ ᠪᠠᠶᠠᠯᠡᠬᠦᠯᠵᠣ ᠠᠰᠢᠭᠯᠠᠯᠳᠠ ᠳᠤ ᠣᠷᠣᠭᠤᠯᠣᠨ᠎ᠠ᠃ ᠰᠠᠮᠣᠷᠵᠢ  ᠶᠢᠨ ᠵᠠᠰ ᠪᠢᠰᠮᠦ᠋ᠲ  ᠤᠨ ᠠᠭᠤᠷᠬᠠᠢ  ᠶᠢᠨ ᠡᠳᠣᠷ  ᠲᠤ 500 ᠲᠣᠨ ᠬᠦᠳᠠᠷ ᠰᠢᠯᠢᠬᠦ ᠦᠢᠯᠡᠳᠪᠣᠷᠢ  ᠶᠢ 5 ᠰᠠᠷ᠎ᠠ  ᠳᠤ ᠪᠠᠷᠢᠯᠭ᠎ᠠ ᠡᠬᠢᠯᠡᠬᠦᠯᠦᠨ᠂ ᠲᠣᠰ ᠵᠢᠯ   ᠳᠤ ᠠᠰᠢᠭᠯᠠᠯᠳᠠ  ᠳᠤ ᠣᠷᠣᠭᠤᠯᠵᠣ᠂ ᠪᠢᠯᠢᠬᠦᠳᠣ ᠶᠢᠨ ᠭᠠᠩᠭ᠎ᠠ ᠶᠢᠨ ᠸᠣᠯᠹᠷᠠᠮ ᠮᠣᠯᠢᠪᠳᠧᠨ  ᠤ ᠠᠭᠤᠷᠬᠠᠢ  ᠶᠢᠨ ᠡᠳᠣᠷ  ᠲᠤ 1000 ᠲᠣᠨ ᠬᠦᠳᠠᠷ ᠰᠢᠯᠢᠬᠦ ᠦᠢᠯᠡᠳᠪᠣᠷᠢ  ᠶᠢ  ᠵᠢᠯ  ᠤᠨ ᠡᠴᠣᠰ ᠲᠤ ᠲᠣᠷᠰᠢᠨ ᠦᠢᠯᠡᠳᠪᠣᠷᠢᠯᠡᠬᠦᠯᠦᠨ᠎ᠠ᠃ ᠮᠡᠷᠬᠡᠴᠢᠨ  ᠤ ᠲᠣᠭᠤᠯᠭ᠎ᠠ ᠴᠠᠶᠢᠷ  ᠤᠨ ᠠᠭᠤᠷᠬᠠᠢ᠂ ᠬᠠᠳᠠᠳᠣ ᠲᠣᠯᠣᠭᠠᠢ  ᠶᠢᠨ ᠮᠦᠩᠬᠦ ᠲᠣᠭᠤᠯᠭ᠎ᠠ  ᠶᠢᠨ ᠠᠭᠤᠷᠬᠠᠢ  ᠶᠢᠨ ᠦᠢᠯᠡᠳᠪᠣᠷᠢ ᠪᠠᠶᠢᠭᠤᠯᠬᠤ ᠭᠠᠵᠠᠷ ᠰᠣᠩᠭᠤᠬᠤ ᠪᠠ ᠶᠠᠷᠣᠩᠬᠡᠢ ᠵᠢᠷᠤᠭ ᠲᠦᠯᠦᠪᠯᠡᠭᠡ  ᠶᠢᠨ ᠠᠵᠢᠯ  ᠢ 8 ᠰᠠᠷ᠎ᠠ ᠳᠤ ᠡᠬᠢᠯᠡᠬᠦᠯᠦᠨ᠂ ᠶᠢᠨ ᠶᠣᠸᠠᠨ ᠪᠠ ᠶᠢᠩ ᠰᠢᠶᠠᠩ ᠬᠠᠶᠢᠯᠣᠭᠤᠷ ᠵᠣᠩᠰᠢ  ᠶᠢᠨ ᠠᠭᠤᠷᠬᠠᠢ  ᠶᠢᠨ 500 ᠲᠣᠨ ᠬᠦᠳᠠᠷ ᠰᠢᠯᠢᠬᠦ ᠬᠤᠶᠠᠷ ᠦᠢᠯᠡᠳᠪᠣᠷᠢ  ᠠᠴᠠ ᠨᠢᠬᠡ  ᠶᠢ ᠨᠢ ᠠᠰᠢᠭᠯᠠᠯᠳᠠ  ᠳᠤ ᠣᠷᠣᠭᠤᠯᠬᠤ ᠪᠠᠷ ᠴᠢᠷᠮᠠᠶᠢᠨ᠎ᠠ᠃ ᠲᠠᠯᠬᠡᠷ ᠠᠵᠣ ᠦᠢᠯᠡᠳᠪᠣᠷᠢ  ᠶᠢᠨ ᠰᠠᠭᠤᠷᠢᠨ ᠭᠠᠵᠠᠷ  ᠤᠨ ᠵᠢᠯ  ᠳᠤ 120 ᠲᠦᠮᠡᠨ ᠲᠣᠨ ᠱᠦᠢᠨᠢ ᠪᠠ ᠡᠳᠣᠷ  ᠲᠤ 5 ᠲᠦᠮᠡᠨ ᠬᠡᠰᠡᠭ ᠦᠯᠦ ᠰᠢᠳᠠᠭᠠᠬᠤ ᠲᠣᠭᠤᠰᠬ᠎ᠠ ᠦᠢᠯᠡᠳᠪᠣᠷᠢᠯᠡᠬᠦ ᠲᠦᠷᠦᠯ ᠵᠦᠢᠯ ᠢ 5 ᠰᠠᠷ᠎ᠠ  ᠳᠤ ᠪᠠᠷᠢᠯᠭ᠎ᠠ ᠡᠬᠢᠯᠡᠬᠦᠯᠦᠨ᠂ ᠲᠣᠰ ᠵᠢᠯ ᠳᠡᠭᠡᠨ ᠦᠢᠯᠡᠳᠪᠣᠷᠢ ᠶᠢᠨ ᠪᠠᠶᠢᠰᠢᠩ  ᠢ ᠪᠠᠷᠢᠵᠣ᠂ ᠭᠤᠣᠯ ᠲᠦᠬᠦᠬᠡᠷᠦᠮᠵᠢ  ᠶᠢ ᠣᠭᠰᠠᠷᠠᠨ᠎ᠠ᠃ ᠮᠠᠯ  ᠤᠨ ᠠᠰᠢᠭ ᠰᠢᠮ᠎ᠠ ᠶᠢ ᠪᠣᠯᠪᠠᠰᠣᠷᠠᠭᠤᠯᠬᠤ ᠲᠦᠷᠦᠯ ᠵᠦᠢᠯ  ᠤᠨ ᠲᠠᠯ᠎ᠠ  ᠪᠠᠷ᠂ ᠣᠯᠠᠭᠠᠨ ᠢᠳᠡᠬᠡᠨ  ᠤ ᠦᠢᠯᠡᠰ  ᠤᠨ ᠬᠦᠭᠵᠢᠯᠳᠠ  ᠶᠢ ᠲᠦᠷᠬᠡᠳᠬᠡᠬᠦ ᠪᠦᠳᠦᠮᠵᠢᠳᠠᠢ ᠠᠷᠭ᠎ᠠ ᠵᠠᠮ  ᠢ ᠢᠳᠡᠪᠬᠢᠳᠠᠢ ᠬᠠᠶᠢᠨ ᠰᠦᠪᠡᠭᠴᠢᠯᠠᠵᠣ᠂ ᠪᠦᠬᠦ ᠵᠢᠯ  ᠳᠤ 40 ᠲᠦᠮᠡᠨ ᠲᠣᠯᠣᠭᠠᠢ ᠠᠴᠠ ᠲᠡᠬᠡᠭᠰᠢ ᠬᠤᠨᠢᠴᠢᠯᠠᠭᠰᠠᠨ ᠮᠠᠯ ᠡᠳ᠋ᠰᠢᠬᠦᠯᠦᠨ᠎ᠠ᠃ ᠠ ᠱᠧᠩ ᠺᠣᠮᠫᠠᠨᠢ ᠪᠠ ᠮᠠᠯᠴᠢᠳ ᠤᠨ ᠲᠣᠷᠠᠰᠣᠮᠵᠢ ᠴᠠᠭᠠᠨ ᠢᠳᠡᠬᠡᠨ ᠤ ᠦᠢᠯᠡᠳᠪᠣᠷᠢ  ᠶᠢᠨ ᠬᠡᠪᠴᠢᠶ᠎ᠠ ᠶᠢ ᠴᠢᠨᠠᠭᠰᠢᠳᠠ ᠦᠷᠬᠡᠳᠬᠡᠨ᠂ ᠨᠠᠷᠢᠯᠢᠭ ᠪᠣᠯᠪᠠᠰᠣᠷᠠᠭᠤᠯᠣᠨ᠂ ᠪᠦᠬᠦ ᠵᠢᠯ  ᠳᠤ 7000 ᠲᠣᠨ ᠰᠦ  ᠪᠣᠯᠪᠠᠰᠣᠷᠠᠭᠤᠯᠣᠨ᠎ᠠ᠃ᠲᠦᠷᠦᠯ ᠵᠦᠢᠯ  ᠢ ᠲᠦᠯᠦᠪᠯᠡᠬᠦ ᠪᠠ ᠲᠦᠯᠬᠢᠨ ᠠᠬᠢᠭᠤᠯᠬᠤ ᠠᠵᠢᠯ  ᠢ ᠰᠠᠶᠢᠳᠣᠷ ᠠᠳᠬᠤᠨ᠎ᠠ᠃ ᠲᠦᠷᠦᠯ ᠵᠦᠢᠯ  ᠢ ᠲᠦᠯᠦᠪᠯᠡᠬᠦ᠂ ᠴᠢᠮᠡᠭᠯᠡᠬᠦ ᠪᠠ ᠬᠦᠮᠦᠷᠬᠡᠯᠡᠬᠦ ᠪᠠᠨ ᠦᠨᠡᠨᠬᠦ ᠴᠢᠩᠭᠠᠳᠬᠠᠵᠣ᠂ ᠲᠦᠷᠦᠯ ᠵᠦᠢᠯ ᠤᠨ ᠪᠡᠯᠡᠳᠬᠡᠯ ᠠᠵᠢᠯ  ᠢ ᠴᠢᠨᠠᠷᠵᠢᠭᠤᠨ ᠰᠠᠶᠢᠨ ᠬᠢᠨ᠎ᠠ᠃ ᠣᠯᠣᠰ  ᠤᠨ ᠠᠵᠣ ᠦᠢᠯᠡᠰ  ᠤᠨ ᠲᠦᠷᠦ  ᠶᠢᠨ ᠪᠣᠳᠣᠯᠭ᠎ᠠ  ᠶᠢ ᠦᠨᠳᠣᠰᠣᠯᠠᠨ ᠂ ᠪᠡᠯᠨ ᠣᠷᠣᠭᠤᠯᠣᠯᠳᠠ ᠶᠡᠭᠡ᠂ ᠲᠧᠭᠨᠢᠭ ᠮᠠᠷᠬᠡᠵᠢᠯ  ᠤᠨ ᠠᠭᠤᠯᠠᠭᠳᠠᠴᠨ ᠦᠨᠳᠣᠷ᠂ ᠮᠠᠷᠬᠡᠵᠢᠯ ᠲᠦᠬᠦᠬᠡᠷᠦᠮᠵᠢ ᠣᠳᠣᠬᠢᠴᠢᠯᠠᠭᠰᠠᠨ᠂ ᠨᠡᠶᠢᠬᠡᠮ  ᠤᠨ ᠦᠷ᠎ᠠ ᠠᠰᠢᠭ ᠰᠠᠶᠢᠨ ᠮᠦᠷᠳᠡᠬᠡᠨ ᠠᠵᠣ ᠠᠬᠤᠢ  ᠳᠤ ᠦᠵᠡᠬᠦᠯᠬᠦ ᠲᠦᠯᠬᠢᠴᠨ ᠦᠢᠯᠡᠳᠣᠯ  ᠢᠶᠠᠷ ᠶᠡᠭᠡ ᠲᠣᠮᠣ ᠲᠦᠷᠦᠯ ᠵᠦᠢᠯ ᠢ ᠣᠷᠢᠨ ᠣᠷᠣᠭᠤᠯᠬᠤ  ᠶᠢ ᠠᠩᠬᠠᠷᠴᠣ᠂ ᠲᠣᠮᠣ ᠠᠭᠤᠷᠬᠠᠢ  ᠶᠢ ᠪᠠᠭ᠎ᠠ ᠬᠡᠪᠴᠢᠶ᠎ᠠ ᠪᠠᠷ ᠨᠡᠬᠡᠬᠡᠬᠦ ᠪᠠ ᠨᠢᠬᠡ ᠠᠭᠤᠷᠬᠠᠢ  ᠶᠢ ᠣᠯᠠᠨ ᠬᠡᠰᠡᠭᠯᠡᠨ ᠨᠡᠬᠡᠬᠡᠬᠦ  ᠶᠢ ᠡᠷᠡᠰ ᠲᠠᠪᠴᠢᠨ᠎ᠠ᠃ ᠡᠬᠦᠨ  ᠤ ᠬᠠᠮᠳᠣ᠂ ᠲᠣᠮᠣ ᠲᠦᠷᠦᠯ ᠵᠦᠢᠯ ᠯᠦᠭᠡ ᠢᠵᠢ ᠪᠦᠷᠢᠳᠣᠬᠦᠯᠬᠦ ᠲᠣᠮᠳᠠ ᠪᠠᠭ᠎ᠠ ᠲᠦᠷᠦᠯ ᠵᠦᠢᠯ᠂ ᠡᠷᠬᠢᠯᠳᠠᠳᠣ ᠠᠵᠣ ᠠᠬᠤᠢ  ᠶᠢᠨ ᠲᠦᠷᠦᠯ ᠵᠦᠢᠯ ᠪᠠ ᠡᠬᠢ ᠪᠠᠶᠠᠯᠢᠭ  ᠤᠨ ᠪᠣᠰᠣ ᠲᠦᠷᠦᠯ ᠵᠦᠢᠯ ᠢ ᠣᠷᠢᠨ ᠣᠷᠣᠭᠤᠯᠬᠤ  ᠶᠢ ᠴᠣ᠋ ᠴᠢᠬᠤᠯᠠᠴᠢᠯᠠᠨ᠎ᠠ᠃ ᠠᠷᠠᠯᠵᠢᠶᠠᠴᠢᠨ ᠣᠷᠢᠬᠤ ᠠᠷᠭ᠎ᠠ ᠵᠠᠮ  ᠢᠶᠠᠨ ᠦᠷᠬᠡᠳᠬᠡᠨ᠂ ᠲᠣᠰᠬᠠᠶᠢᠵᠢᠭᠰᠠᠨ᠂ ᠵᠠᠬ᠎ᠠ ᠲᠠᠯᠬᠡᠬᠦᠷᠵᠢᠭᠰᠡᠨ᠂ ᠲᠣᠣᠷ ᠰᠦᠯᠵᠢᠶᠠᠵᠢᠭ᠍ᠰᠡᠨ ᠠᠷᠠᠯᠵᠢᠶᠠᠴᠢᠨ ᠣᠷᠢᠬᠤ ᠠᠷᠭ᠎ᠠ ᠬᠡᠯᠪᠡᠷᠢ  ᠶᠢ ᠢᠳᠡᠪᠬᠢᠳᠠᠢ ᠰᠦᠪᠡᠭᠴᠢᠯᠠᠵᠣ᠂ ᠠᠵᠣ ᠠᠬᠤᠶᠢᠯᠠᠯ  ᠤᠨ ᠠᠷᠠᠯᠵᠢᠶᠠᠴᠢᠨ ᠣᠷᠢᠬᠤ ᠠᠵᠢᠯᠯᠠᠭ᠎ᠠ ᠦᠷᠨᠢᠬᠦᠯᠬᠦ  ᠳᠤ ᠵᠢᠯᠣᠭᠤᠳᠣᠯᠭ᠎ᠠ ᠬᠠᠩᠭᠠᠵᠣ᠂ ᠵᠠᠰᠠᠭ  ᠤᠨ ᠣᠷᠳᠣᠨ ᠭᠤᠣᠯᠯᠠᠵᠣ ᠠᠷᠠᠯᠵᠢᠶᠠᠴᠢᠨ ᠣᠷᠢᠵᠣ ᠪᠠᠶᠢᠭᠰᠠᠨ ᠠᠴᠠ ᠵᠠᠰᠠᠭ  ᠤᠨ ᠣᠷᠳᠣᠨ ᠠᠴᠠ ᠵᠢᠯᠣᠭᠤᠳᠣᠨ ᠠᠵᠣ ᠠᠬᠤᠶᠢᠯᠠᠯ ᠪᠠ ᠨᠡᠶᠢᠬᠡᠮ ᠲᠠᠶᠠᠭᠠᠷ ᠬᠠᠮᠳᠣ ᠳᠠᠭᠠᠨ ᠣᠷᠣᠯᠴᠠᠬᠤ ᠪᠣᠯᠭᠠᠨ ᠬᠤᠪᠢᠷᠠᠭᠤᠯᠵᠣ᠂ ᠪᠦᠬᠦ ᠨᠡᠶᠢᠬᠡᠮ  ᠢᠶᠠᠷ ᠢᠶᠠᠨ ᠠᠷᠠᠯᠵᠢᠶᠠᠴᠢᠨ ᠣᠷᠢᠵᠣ ᠪᠡᠯᠨ ᠲᠠᠳᠠᠬᠤ ᠰᠠᠶᠢᠨ ᠰᠠᠶᠢᠬᠠᠨ ᠣᠷᠴᠢᠨ  ᠢ ᠡᠬᠦᠳᠴᠣ᠂ ᠱᠠᠩᠨᠠᠵᠣ ᠵᠣᠷᠢᠭᠵᠢᠭᠤᠯᠬᠤ ᠵᠣᠬᠢᠴᠠᠮᠵᠢ ᠶᠢ ᠲᠠᠰᠣᠷᠠᠯᠳᠠ ᠦᠬᠡᠢ ᠲᠡᠬᠦᠯᠳᠠᠷᠵᠢᠬᠦᠯᠦᠨ᠂ ᠨᠡᠶᠢᠬᠡᠮ  ᠤᠨ ᠡᠯ᠎ᠠ ᠡᠳᠡᠬᠡᠳ  ᠤᠨ ᠬᠢᠨ  ᠤ ᠬᠠᠮᠳᠣ ᠪᠠᠷ ᠬᠦᠳᠠᠯᠣᠯᠴᠠᠬᠦ ᠢᠳᠡᠪᠬᠢᠵᠢᠯ  ᠢ  ᠲᠠᠶᠢᠴᠢᠯᠠᠨ᠎ᠠ᠃ ᠭᠤᠣᠯᠳᠠᠯᠭ᠎ᠠ  ᠲᠠᠢ ᠲᠦᠯᠬᠢᠨ ᠠᠬᠢᠭᠤᠯᠬᠤ ᠲᠦᠷᠦᠯ ᠵᠦᠢᠯ  ᠳᠤ ᠭᠤᠣᠯ ᠣᠳᠣᠷᠢᠳᠣᠯᠭ᠎ᠠ ᠶᠠᠷᠣᠩᠬᠡᠢ ᠬᠠᠷᠢᠭᠤᠴᠠᠵᠣ᠂ ᠪᠣᠰᠣᠳ ᠣᠳᠣᠷᠢᠳᠣᠯᠭ᠎ᠠ ᠬᠤᠪᠢᠳᠠᠨ ᠬᠠᠷᠢᠭᠤᠴᠠᠬᠤ ᠲᠦᠷᠢᠮ  ᠢ ᠬᠡᠷᠡᠭᠵᠢᠬᠦᠯᠦᠨ᠂ ᠲᠣᠮᠣ ᠲᠦᠷᠦᠯ ᠵᠦᠢᠯ  ᠤᠨ ᠬᠠᠮᠳᠣᠷᠠᠭᠰᠠᠨ ᠬᠤᠷᠠᠯᠳᠣᠭᠠᠨ  ᠤ ᠲᠦᠷᠢᠮ  ᠢ ᠲᠡᠬᠦᠯᠳᠠᠷᠵᠢᠬᠦᠯᠦᠨ᠎ᠠ᠃ᠠᠵᠣ ᠠᠬᠤᠶᠢᠯᠠᠯ  ᠤᠨ ᠣᠷᠴᠢᠨ ᠲᠣᠭᠤᠷᠢᠨ  ᠢ ᠬᠠᠮᠠᠭᠠᠯᠠᠬᠤ ᠠᠵᠢᠯ  ᠢ ᠴᠢᠩᠭᠠᠳᠬᠠᠨ᠎ᠠ᠃ ᠣᠷᠴᠢᠨ ᠲᠣᠭᠤᠷᠢᠨ  ᠢ ᠬᠠᠮᠠᠭᠠᠯᠠᠬᠤ ᠬᠠᠷᠢᠭᠤᠴᠠᠯᠭ᠎ᠠ  ᠶᠢᠨ ᠲᠦᠷᠢᠮ ᠪᠠ ᠬᠠᠷᠢᠭᠤᠴᠠᠯᠭ᠎ᠠ ᠨᠡᠬᠡᠮᠵᠢᠯᠡᠬᠦ ᠲᠦᠷᠢᠮ  ᠢ ᠪᠦᠬᠦ ᠲᠠᠯ᠎ᠠ ᠪᠠᠷ ᠲᠣᠣᠱᠯᠠᠭᠤᠯᠵᠣ᠂ ᠠᠯᠢᠪᠠ ᠡᠪᠳᠡᠯᠬᠡ  ᠶᠢᠨ ᠴᠢᠨᠠᠷᠳᠠᠢ ᠦᠢᠯᠡᠳᠪᠣᠷᠢᠯᠠᠯ  ᠢ ᠡᠷᠡᠰ ᠬᠤᠷᠢᠭᠯᠠᠨ᠎ᠠ᠃  ᠪᠣᠬᠢᠷᠳᠠᠯ  ᠢ ᠭᠠᠳᠠᠭᠰᠢᠯᠠᠭᠤᠯᠬᠤ ᠵᠦᠪᠰᠢᠶᠡᠷᠠᠯ  ᠤᠨ ᠭᠠᠷᠳᠠᠮ ᠪᠠ ︽ᠭᠤᠷᠪᠠ ᠶᠢ ᠵᠡᠷᠬᠡ ᠪᠠᠷ ᠶᠠᠪᠣᠭᠳᠠᠭᠤᠯᠬᠤ︾ ᠲᠦᠷᠢᠮ  ᠢ ᠴᠢᠩᠭ᠎ᠠ ᠨᠠᠶᠢᠳᠠᠪᠣᠷᠢᠵᠢᠭᠤᠯᠣᠨ᠂ ᠣᠷᠴᠢᠨ ᠲᠣᠭᠤᠷᠢᠨ ᠤ ᠡᠪᠳᠡᠭᠳᠠᠯ  ᠢᠶᠠᠷ ᠦᠷᠳᠡᠭ ᠪᠣᠯᠭᠠᠭᠰᠠᠨ ᠲᠦᠷ ᠴᠠᠭ ᠤᠨ ᠠᠵᠣ ᠠᠬᠤᠢ ᠶᠢᠨ ᠬᠦᠭᠵᠢᠯᠳᠠ  ᠶᠢ  ᠬᠦᠬᠡᠬᠡᠴᠡᠯᠳᠣᠬᠦ ᠦᠬᠡᠢ᠃ ᠡᠷᠬᠢᠯᠳᠠᠳᠣ ᠠᠵᠣ ᠠᠬᠤᠢ  ᠶᠢ ᠶᠡᠬᠡᠪᠡᠷ ᠬᠦᠭᠵᠢᠬᠦᠯᠵᠣ᠂ ᠡᠬᠢ ᠪᠠᠶᠠᠯᠢᠭ  ᠤᠨ ᠲᠠᠬᠢᠨᠳᠠ ᠠᠰᠢᠭᠯᠠᠬᠤ ᠨᠣᠷᠮ᠎ᠠ  ᠶᠢ ᠲᠡᠬᠡᠭᠰᠢᠯᠡᠬᠦᠯᠦᠨ᠂ ᠠᠷᠢᠭᠤᠨ ᠴᠡᠪᠡᠷ ᠦᠢᠯᠡᠳᠪᠣᠷᠢᠯᠠᠯ  ᠢ ᠲᠡᠯᠬᠡᠷᠠᠬᠦᠯᠵᠣ᠂ ᠠᠵᠤ ᠠᠬᠤᠶᠢᠯᠠᠯ ᠤᠳ ᠤᠨ ᠡᠬᠢ ᠪᠠᠶᠠᠯᠢᠭ ᠲᠤ ᠠᠷᠪᠢᠳᠠᠢ ᠣᠷᠴᠢᠨ ᠲᠣᠭᠤᠷᠢᠨ ᠲᠠᠢ ᠵᠣᠬᠢᠴᠠᠩᠭᠤᠢ ᠲᠦᠷᠦᠯ ᠵᠦᠢᠯ ᠢ ᠬᠡᠷᠡᠭᠵᠢᠬᠦᠯᠵᠦ᠂  ᠪᠣᠬᠢᠷ ᠣᠰᠣ ᠪᠠᠨ ᠲᠠᠬᠢᠨᠳᠠ ᠠᠰᠢᠭᠯᠠᠬᠤ ᠶᠢ ᠵᠤᠷᠢᠭᠵᠢᠭᠤᠯᠤᠨ᠎ᠠ᠃ ᠭᠤᠣᠯᠳᠠᠯᠭ᠎ᠠ ᠲᠠᠢ ᠠᠵᠢᠯ ᠦᠢᠯᠡᠰ  ᠤᠨ ᠡᠬᠢ ᠪᠠᠶᠠᠯᠢᠭ ᠪᠠ ᠲᠦᠬᠦᠬᠡᠢ ᠮᠠᠲ᠋ᠧᠷᠢᠶᠠᠯ  ᠤᠨ ᠬᠤᠷᠣᠭᠳᠠᠯ  ᠢ ᠬᠡᠮᠵᠢᠶᠠᠯᠠᠨ ᠬᠠᠮᠢᠶᠠᠷᠴᠣ᠂ ᠣᠷᠴᠢᠨ ᠲᠣᠭᠤᠷᠢᠨ  ᠤ ᠬᠠᠮᠠᠭᠠᠯᠠᠯᠳᠠ  ᠶᠢᠨ ᠲᠣᠰᠬᠠᠢ ᠲᠦᠷᠦᠯ  ᠢᠶᠠᠷ ᠵᠠᠰᠠᠨ ᠴᠡᠭᠴᠡᠯᠡᠬᠦ ᠠᠵᠢᠯᠯᠠᠭ᠎ᠠ  ᠶᠢ ᠦᠷᠨᠢᠬᠦᠯᠦᠨ᠂ ᠠᠭᠤᠷᠬᠠᠢ  ᠶᠢᠨ ᠠᠵᠣ ᠠᠬᠤᠶᠢᠯᠠᠯ  ᠤᠨ ᠠᠮᠢ ᠠᠬᠤᠢ  ᠶᠢ ᠬᠠᠮᠠᠭᠠᠯᠠᠬᠤ ᠪᠠ ᠣᠷᠭᠤᠮᠠᠯ ᠤᠨ ᠪᠦᠷᠬᠦᠴᠨ  ᠶᠢ ᠰᠠᠷᠬᠦᠬᠡᠬᠦ ᠠᠵᠢᠯ  ᠢ ᠰᠠᠶᠢᠳᠣᠷ ᠠᠳᠬᠤᠨ᠎ᠠ᠃ ᠭᠠᠵᠠᠷ ᠰᠢᠨᠵᠢᠯᠡᠬᠡᠨ  ᠤ ᠬᠠᠶᠢᠨ ᠰᠢᠨᠵᠢᠯᠠᠯᠳᠠ  ᠶᠢᠨ ᠠᠬᠢᠴᠨ  ᠶᠢ ᠲᠦᠷᠬᠡᠳᠬᠡᠨ᠎ᠠ᠃ ᠡᠨ᠋ᠨ ᠵᠢᠯ 1.52  ᠳ᠋ᠦᠩᠰᠢᠭᠤᠷ ᠲᠦᠬᠦᠷᠢᠭ  ᠤᠨ ᠪᠡᠯᠨ ᠣᠷᠣᠭᠤᠯᠵᠣ᠂ 43 ᠬᠠᠶᠢᠨ ᠰᠢᠨᠵᠢᠯᠡᠬᠡᠨ  ᠤ ᠲᠦᠷᠦᠯ ᠵᠦᠢᠯ  ᠢ ᠬᠡᠷᠡᠭᠵᠢᠬᠦᠯᠬᠦ ᠪᠠᠷ ᠲᠦᠯᠦᠪᠯᠡᠵᠣ ᠪᠣᠢ᠃ ᠡᠬᠦᠨ  ᠳᠤ  8 ᠨᠡᠬᠦᠷᠡᠰᠣᠨ  ᠤ ᠲᠦᠷᠦᠯ ᠵᠦᠢᠯ᠂ 31 ᠲᠠᠮᠦᠷᠯᠢᠭ  ᠤᠨ ᠲᠦᠷᠦᠯ ᠵᠦᠢᠯ᠂ 1 ᠲᠠᠮᠦᠷᠯᠢᠭ  ᠤᠨ ᠪᠣᠰᠣ ᠲᠦᠷᠦᠯ ᠵᠦᠢᠯ᠂ 3 ᠴᠢᠯᠠᠭᠤᠨ ᠲᠣᠰᠣᠨ  ᠤ ᠲᠦᠷᠦᠯ ᠵᠦᠢᠯ ᠪᠠᠭᠳᠠᠨ᠎ᠠ᠃ ᠪᠣᠯᠠᠭᠳᠠᠴᠨ  ᠶᠢᠨ ᠪᠠᠶᠢᠳᠠᠯ ᠨᠠᠯᠢᠶᠠᠳ ᠰᠠᠶᠢᠨ ᠪᠠᠶᠢᠬᠤ 6 ᠣᠯᠠᠨ ᠲᠠᠮᠦᠷᠯᠢᠭ  ᠤᠨ ᠠᠭᠤᠷᠬᠠᠢ  ᠶᠢᠨ ᠲᠣᠭᠤᠷᠢᠭ  ᠤᠨ ᠨᠠᠶᠢᠳᠠᠮ ᠪᠠᠶᠢᠴᠠᠭᠠᠯᠳᠠ ᠪᠠ ᠬᠡᠰᠡᠭ ᠠᠭᠤᠷᠬᠠᠢ  ᠶᠢᠨ ᠨᠠᠷᠢᠨ ᠪᠠᠶᠢᠴᠠᠭᠠᠬᠤ ᠠᠵᠢᠯ  ᠢ ᠲᠣᠰ ᠵᠢᠯ  ᠳᠡᠭᠡᠨ ᠪᠡᠶᠡᠯᠡᠬᠦᠯᠵᠣ᠂  ᠪᠣᠰᠣᠳ 25 ᠲᠠᠮᠦᠷᠯᠢᠭ  ᠤᠨ ᠠᠭᠤᠷᠬᠠᠢ  ᠶᠢᠨ ᠬᠠᠶᠢᠨ ᠰᠢᠨᠵᠢᠬᠦ ᠲᠦᠷᠦᠯ ᠵᠦᠢᠯ  ᠢ ᠡᠮᠬᠢᠯᠠᠨ᠂  ᠠᠵᠢᠯ ᠤᠨ ᠠᠬᠢᠴᠨ ᠨᠢ ᠣᠳᠠᠭᠠᠨ ᠪᠣᠳᠠᠳᠣ ᠬᠦᠴᠦᠨ ᠨᠢ ᠲᠣᠳᠠᠮᠠᠭ ᠠᠵᠣ ᠠᠬᠤᠶᠢᠯᠠᠯ  ᠤᠨ ᠠᠭᠤᠷᠬᠠᠢ ᠬᠠᠶᠢᠬᠤ ᠡᠷᠬᠡ  ᠶᠢ ᠨᠢᠬᠡᠳᠬᠡᠬᠦ ᠪᠣᠶᠣ ᠰᠢᠯᠵᠢᠬᠦᠯᠦᠨ᠎ᠠ᠃︵ᠭᠤᠷᠪᠠ︶ ᠣᠳᠣᠬᠢᠴᠢᠯᠠᠭᠰᠠᠨ ᠦᠢᠯᠡᠴᠢᠯᠡᠬᠡᠨ  ᠤ ᠰᠢᠰᠲ᠋ᠧᠮ  ᠢ ᠴᠣᠭᠴᠠᠯᠠᠨ ᠪᠠᠶᠢᠭᠤᠯᠬᠤ ᠪᠠᠷ ᠭᠤᠣᠯᠳᠠᠯᠭ᠎ᠠ ᠪᠣᠯᠭᠠᠨ᠂ ᠭᠤᠷᠪᠠᠳᠣᠭᠠᠷ ᠠᠵᠣ ᠦᠢᠯᠡᠰ  ᠤᠨ ᠬᠦᠭᠵᠢᠯᠳᠠ  ᠶᠢᠨ ᠶᠠᠷᠣᠩᠬᠡᠢ ᠲᠦᠪᠰᠢᠨ ᠢ ᠪᠦᠬᠦ ᠲᠠᠯ᠎ᠠ ᠪᠠᠷ ᠲᠡᠬᠡᠭᠰᠢᠯᠡᠬᠦᠯᠦᠨ᠎ᠠ ᠭᠤᠷᠪᠠᠳᠣᠭᠠᠷ ᠠᠵᠣ ᠦᠢᠯᠡᠰ  ᠤᠨ ᠬᠦᠭᠵᠢᠯᠳᠠ  ᠶᠢ ᠲᠦᠷᠬᠡᠳᠬᠡᠨ᠎ᠠ᠃ ᠣᠷᠣᠨ  ᠤ ᠭᠤᠷᠪᠠᠳᠣᠭᠠᠷ ᠠᠵᠣ ᠦᠢᠯᠡᠰ  ᠢ ᠬᠦᠭᠵᠢᠬᠦᠯᠬᠦ ᠬᠠᠷᠠᠭᠠᠯᠵᠠᠯ  ᠤᠨ ᠲᠦᠷᠦ  ᠶᠢᠨ ᠪᠣᠳᠣᠯᠭ᠎ᠠ  ᠶᠢ ᠲᠣᠣᠱᠯᠠᠭᠤᠯᠵᠣ᠂ ᠠᠵᠣ ᠦᠢᠯᠡᠳᠪᠣᠷᠢᠵᠢᠯᠳᠠ᠂ ᠬᠤᠳᠠ ᠪᠠᠯᠭᠠᠰᠣᠵᠢᠯᠳᠠ ᠪᠠ ᠮᠠᠯ ᠠᠵᠣ ᠠᠬᠤᠢ  ᠶᠢᠨ ᠠᠵᠣ ᠦᠢᠯᠡᠰᠵᠢᠯᠳᠠ  ᠳᠤ ᠲᠦᠰᠢᠭᠯᠡᠨ᠂ ᠵᠣᠭᠠᠴᠠᠯ ᠪᠠ ᠪᠣᠳᠠᠰ  ᠤᠨ ᠬᠦᠢᠯᠬᠡᠬᠡ ᠪᠠᠷ ᠭᠤᠣᠯᠯᠠᠨ᠂ ᠭᠤᠷᠪᠠᠳᠣᠭᠠᠷ ᠠᠵᠣ ᠦᠢᠯᠡᠰ  ᠤᠨ ᠬᠦᠭᠵᠢᠯᠳᠠ  ᠶᠢ ᠪᠦᠬᠦ ᠲᠠᠯ᠎ᠠ ᠪᠠᠷ ᠲᠦᠷᠬᠡᠳᠬᠡᠨ᠎ᠠ᠃ ᠨᠢᠬᠡ ᠳᠤ᠂ ᠦᠨᠳᠣᠰᠣᠳᠠᠨ  ᠤ ᠣᠨᠴᠠᠯᠢᠭᠳᠣ ᠵᠣᠭᠠᠴᠠᠯ  ᠤᠨ ᠦᠢᠯᠡᠰ  ᠢ ᠶᠡᠬᠡᠪᠡᠷ ᠬᠦᠭᠵᠢᠬᠦᠯᠦᠨ᠎ᠠ᠃ ᠴᠢᠭ  ᠢᠶᠠᠷ ᠱᠣᠭᠤᠮ  ᠢ ᠲᠠᠭᠠᠭᠤᠯᠵᠣ᠂ ᠦᠪᠡᠷᠮᠢᠴᠨ ᠣᠨᠴᠠᠯᠢᠭ  ᠢᠶᠠᠨ ᠬᠠᠳᠠᠭᠠᠯᠠᠬᠤ ᠵᠠᠷᠴᠢᠮ  ᠢ ᠪᠠᠷᠢᠮᠳᠠᠯᠠᠨ᠂ ︽ᠨᠡᠶᠢᠬᠡᠮ ᠰᠣᠶᠣᠯ᠂ ᠲᠠᠯ᠎ᠠ ᠨᠣᠳᠤᠭ᠂ ᠡᠯᠡᠰᠣ ᠮᠠᠩᠬ᠎ᠠ᠂ ᠦᠨᠳᠣᠰᠣᠳᠠᠨ  ᠤ ᠵᠠᠩ ᠲᠠᠳᠬᠠᠯ︾ ᠵᠠᠷᠬᠡ ᠬᠡᠳᠣᠨ ᠰᠠᠳᠣᠪ  ᠢᠶᠠᠷ ᠭᠤᠣᠯᠯᠠᠵᠣ᠂ ᠵᠣᠭᠠᠴᠠᠯ  ᠤᠨ ᠴᠢᠭ ᠤᠨ ᠪᠦᠳᠦᠬᠡᠨ ᠪᠠᠶᠢᠭᠤᠯᠣᠯᠳᠠ ᠶᠢ ᠴᠢᠩᠭᠠᠳᠬᠠᠨ᠎ᠠ᠃ ᠲᠣᠰ ᠵᠢᠯ  ᠳᠤ᠂  ᠲᠠᠭᠠᠭᠤᠯᠣᠭᠴᠢ ᠠᠵᠣ ᠠᠬᠤᠶᠢᠯᠠᠯ  ᠢ ᠣᠷᠢᠨ ᠣᠷᠣᠭᠤᠯᠬᠤ ᠪᠠᠷ ᠲᠠᠮᠵᠢᠨ᠂ ᠬᠤᠩᠭᠤᠷᠭᠤᠣᠯ ᠲᠠᠯ᠎ᠠ ᠨᠣᠳᠤᠭ  ᠤᠨ ᠰᠡᠯᠡᠬᠦᠴᠡᠯ ᠵᠣᠭᠠᠴᠠᠯ᠂ ᠴᠠᠭᠠᠨᠨᠠᠭᠤᠷ  ᠤᠨ ᠬᠠᠳᠠᠨ ᠬᠤᠰᠢᠭᠤ ᠷᠠᠰᠢᠶᠠᠨ  ᠤ ᠠᠮᠢ ᠠᠬᠤᠢ  ᠶᠢᠨ ᠵᠣᠭᠠᠴᠠᠯ᠂ ᠪᠠᠯᠬᠦᠳᠠᠢ ᠰᠣᠶᠣᠯ  ᠤᠨ ᠬᠦᠷᠢᠶᠠᠯᠠᠩ᠂ ᠬᠦᠢᠳᠠᠨᠰᠢᠯᠢ ᠰᠠᠯᠬᠢᠨ ᠴᠠᠬᠢᠯᠭᠠᠨ  ᠤ ᠲᠠᠯᠠᠪᠣᠷ ᠪᠠ ︽ᠮᠠᠯᠴᠢᠨ ᠠᠶᠢᠯ︾ ᠵᠠᠷᠬᠡ ᠵᠣᠭᠠᠴᠠᠯ ᠤᠨ ᠦᠵᠠᠮᠵᠢ  ᠶᠢᠨ ᠲᠣᠭᠤᠷᠢᠭ ᠴᠢᠭ  ᠤᠨ ᠪᠦᠳᠦᠬᠡᠨ ᠪᠠᠶᠢᠭᠤᠯᠣᠯᠳᠠ  ᠶᠢᠨ ᠠᠵᠢᠯ  ᠢ ᠭᠤᠣᠯᠳᠠᠯᠭ᠎ᠠ ᠲᠠᠢ ᠠᠳᠬᠤᠵᠣ᠂ ᠴᠢᠩᠬᠢᠰ ᠪᠣᠭᠳᠠ ᠠᠭᠤᠯᠨ  ᠶᠢᠨ ᠲᠠᠬᠢᠯᠭ᠎ᠠ  ᠶᠢᠨ ᠰᠣᠶᠣᠯ ᠤᠨ ᠵᠣᠭᠠᠴᠠᠯ ᠤᠨ ᠦᠵᠡᠮᠵᠢ  ᠶᠢᠨ ᠲᠣᠭᠤᠷᠢᠭ ᠤᠨ ᠪᠠᠶᠢᠭᠤᠯᠣᠯᠳᠠ ᠶᠢ ᠡᠬᠢᠯᠡᠬᠦᠯᠵᠣ᠂ ᠦᠪᠡᠷᠮᠢᠴᠨ ᠣᠨᠴᠠᠯᠢᠭ ᠪᠦᠬᠦᠢ ᠵᠣᠭᠠᠴᠠᠯ  ᠤᠨ ᠴᠢᠭ  ᠤᠳ  ᠢ ᠬᠤᠯᠪᠣᠯᠳᠠᠭᠤᠯᠣᠭᠰᠠᠨ ᠵᠣᠭᠠᠴᠠᠯ  ᠤᠨ ᠱᠣᠭᠤᠮ ᠪᠣᠯᠭᠠᠨ ᠪᠦᠷᠢᠯᠳᠦᠬᠦᠯᠦᠨ᠂ ᠦᠢᠯᠡᠴᠢᠯᠡᠬᠡᠨ  ᠤ ᠲᠦᠪᠰᠢᠨ  ᠢᠶᠠᠨ ᠲᠡᠬᠡᠭᠰᠢᠯᠡᠬᠦᠯᠦᠨ᠂ ᠬᠦᠯᠢᠶᠠᠨ ᠵᠣᠴᠢᠯᠠᠬᠤ ᠴᠢᠳᠠᠪᠣᠷᠢ ᠪᠠᠨ ᠰᠠᠶᠢᠵᠢᠷᠠᠭᠤᠯᠣᠨ᠎ᠠ᠃ ᠬᠤᠶᠠᠷ ᠲᠤ᠂ ᠣᠳᠣᠬᠢᠴᠢᠯᠠᠭᠰᠠᠨ ᠪᠣᠳᠠᠰ  ᠤᠨ ᠬᠦᠢᠯᠬᠡᠬᠡᠨ  ᠤ ᠦᠢᠯᠡᠰ  ᠤᠨ ᠬᠦᠭᠵᠢᠯᠳᠠ  ᠶᠢ ᠲᠦᠷᠬᠡᠳᠬᠡᠨ᠎ᠠ᠃ ᠠᠭᠤᠷᠬᠠᠢ  ᠶᠢᠨ ᠪᠦᠳᠦᠬᠡᠭᠳᠡᠬᠦᠨ ᠂ ᠠᠵᠣ ᠦᠢᠯᠡᠳᠪᠣᠷᠢ  ᠶᠢᠨ ᠪᠦᠳᠦᠬᠡᠭᠳᠡᠬᠦᠨ ᠪᠠ ᠮᠠᠯ ᠤᠨ ᠠᠰᠢᠭ ᠰᠢᠮ᠎ᠠ ᠶᠢᠨ ᠪᠦᠳᠦᠬᠡᠭᠳᠡᠬᠦᠨ ᠢ ᠭᠠᠳᠠᠭᠰᠢ ᠵᠦᠬᠡᠬᠡᠪᠣᠷᠢᠯᠡᠬᠦ ᠪᠠᠷ ᠲᠠᠮᠵᠢᠨ ᠪᠣᠳᠠᠰ  ᠤᠨ ᠬᠦᠢᠯᠬᠡᠬᠡᠨ  ᠤ ᠵᠠᠬ᠎ᠠ ᠲᠠᠯᠬᠡᠬᠦᠷ  ᠢ ᠢᠳᠡᠪᠬᠢᠳᠠᠢ ᠪᠣᠶᠢᠵᠢᠭᠤᠯᠣᠨ᠂ ᠵᠦᠬᠡᠬᠡᠪᠣᠷᠢᠯᠡᠬᠦ᠂ ᠬᠦᠮᠦᠷᠬᠡᠯᠡᠬᠦ᠂ ᠲᠦᠪᠯᠡᠷᠡᠬᠦᠯᠵᠣ ᠲᠦᠬᠡᠬᠡᠬᠦ᠂ ᠪᠠᠷᠠᠭ᠎ᠠ ᠲᠣᠬᠢᠷᠠᠭᠤᠯᠬᠤ᠂ ᠮᠡᠳᠡᠭᠡ ᠵᠠᠩᠬᠢ ᠬᠠᠩᠭᠠᠬᠤ ᠵᠡᠷᠬᠡ ᠦᠢᠯᠡᠴᠢᠯᠡᠭᠡ  ᠶᠢ ᠨᠢᠬᠡ ᠴᠣᠭᠴᠠᠵᠢᠭᠤᠯᠣᠭᠰᠠᠨ ᠣᠳᠣ ᠦᠶ᠎ᠠ  ᠶᠢᠨ ᠪᠣᠳᠠᠰ  ᠤᠨ ᠬᠦᠢᠯᠬᠡᠬᠡᠨ  ᠤ ᠦᠢᠯᠡᠰ  ᠢ ᠲᠦᠷᠬᠡᠨ ᠬᠦᠭᠵᠢᠬᠦᠯᠦᠨ᠎ᠠ᠃ ᠲᠣᠰ ᠵᠢᠯ  ᠳᠤ᠂ ᠨᠢᠬᠡ ᠪᠣᠳᠠᠰ  ᠤᠨ ᠬᠦᠢᠯᠬᠡᠬᠡᠨ  ᠤ ᠠᠵᠣ ᠠᠬᠤᠶᠢᠯᠠᠯ  ᠢ ᠣᠷᠢᠨ ᠠᠪᠴᠢᠷᠠᠬᠤ ᠪᠠᠷ ᠴᠢᠷᠮᠠᠶᠢᠨ᠎ᠠ᠃ ᠭᠤᠷᠪᠠ ᠳᠤ᠂ ᠮᠦᠩᠬᠦᠨ ᠬᠦᠢᠯᠬᠡᠬᠡ᠂ ᠲᠠᠭᠠᠳᠬᠠᠯ᠂ ᠰᠢᠣᠳᠠᠨ ᠬᠤᠯᠪᠣᠭ᠎ᠠ᠂ ᠠᠷᠠᠯᠵᠢᠶ᠎ᠠ ᠬᠤᠳᠠᠯᠳᠤᠭ᠎ᠠ᠂ ᠢᠳᠡᠬᠡᠨ ᠣᠮᠳᠠᠭᠠᠨ᠂ ᠦᠢᠯᠡᠴᠢᠯᠡᠭᠡ ᠵᠡᠷᠬᠡ ᠣᠯᠠᠮᠵᠢᠯᠠᠯᠳᠣ ᠦᠢᠯᠡᠰ  ᠤᠨ ᠬᠦᠭᠵᠢᠯᠳᠠ  ᠶᠢ ᠲᠦᠷᠬᠡᠳᠬᠡᠨ᠎ᠠ᠃ ᠢᠳᠡᠬᠡᠨ ᠣᠮᠳᠠᠭᠠᠨ ᠦᠢᠯᠡᠴᠢᠯᠡᠬᠡᠨ ᠤ ᠦᠢᠯᠡᠰ ᠢᠶᠠᠷ ᠭᠤᠣᠯᠯᠠᠨ᠂ ᠣᠷᠴᠢᠨ ᠲᠣᠭᠤᠷᠢᠨ  ᠤ ᠠᠷᠢᠭᠤᠨ ᠴᠠᠪᠠᠷ  ᠢ ᠲᠣᠰᠬᠠᠢ ᠲᠦᠷᠦᠯ  ᠢᠶᠠᠷ ᠵᠠᠰᠠᠨ ᠴᠡᠭᠴᠡᠯᠡᠬᠦ ᠠᠵᠢᠯᠯᠠᠭ᠎ᠠ  ᠶᠢ ᠦᠷᠨᠢᠬᠦᠯᠦᠨ᠎ᠠ᠃ ᠪᠡᠯᠨ ᠲᠠᠳᠠᠬᠤ ᠪᠠᠷ ᠲᠠᠮᠵᠢᠨ ᠲᠡᠬᠡᠳᠣ ᠲᠠᠰ  ᠤᠨ ᠵᠣᠴᠢᠳ ᠤᠨ ᠪᠠᠭᠤᠳᠠᠯ᠂ ᠬᠤᠯᠪᠣᠭᠠᠳᠣ ᠴᠢᠯᠣᠬᠡᠳᠣ ᠲᠡᠯᠬᠡᠬᠦᠷ ᠪᠣᠶᠣ ᠬᠤᠳᠠᠯᠳᠣᠭᠠᠨ  ᠤ ᠲᠦᠪ  ᠢ ᠪᠠᠶᠢᠭᠤᠯᠵᠣ᠂ ︽ᠲᠦᠮᠡᠨ ᠲᠣᠰᠬᠤᠨ ᠮᠢᠩᠭᠠᠨ ᠰᠢᠶᠠᠩ︾  ᠤᠨ ᠵᠠᠬ᠎ᠠ ᠲᠠᠯᠬᠡᠬᠦᠷ  ᠤᠨ ᠢᠨᠵᠧᠨᠧᠷᠢᠩ  ᠢ ᠰᠠᠶᠢᠳᠣᠷ ᠬᠡᠷᠡᠭᠵᠢᠬᠦᠯᠦᠨ᠂ ᠣᠯᠠᠮᠵᠢᠯᠠᠯᠳᠣ ᠦᠢᠯᠡᠴᠢᠯᠡᠬᠡᠨ  ᠤ ᠦᠢᠯᠡᠰ ᠤᠨ ᠬᠢᠷᠢ ᠲᠦᠪᠰᠢᠨ  ᠢ ᠲᠡᠬᠡᠭᠰᠢᠯᠡᠬᠦᠯᠦᠨ᠎ᠠ᠃ᠨᠠᠶᠢᠳᠠ  ᠶᠢᠨ ᠦᠮᠴᠢᠯᠠᠯᠳᠣ ᠪᠣᠰᠣ ᠠᠵᠣ ᠠᠬᠤᠢ ᠪᠠ ᠲᠣᠮᠳᠠ ᠪᠠᠭ᠎ᠠ ᠠᠵᠣ ᠠᠬᠤᠶᠢᠯᠠᠯ  ᠤᠨ ᠬᠦᠭᠵᠢᠯᠳᠠ  ᠶᠢ ᠲᠦᠷᠬᠡᠳᠬᠡᠨ᠎ᠠ᠃ ᠨᠠᠶᠢᠳᠠ  ᠶᠢᠨ ᠦᠮᠴᠢᠯᠠᠯᠳᠣ ᠪᠣᠰᠣ ᠠᠵᠣ ᠠᠬᠤᠢ ᠪᠠ ᠲᠣᠮᠳᠠ ᠪᠠᠭ᠎ᠠ ᠠᠵᠣ ᠠᠬᠤᠶᠢᠯᠠᠯ ᠪᠣᠯ ᠠᠵᠢᠯ  ᠤᠨ ᠪᠠᠶᠢᠷᠢ  ᠶᠢ ᠨᠡᠮᠡᠭᠳᠡᠬᠦᠯᠦᠨ᠂ ᠬᠤᠳᠠ ᠬᠦᠳᠡᠭᠡ  ᠶᠢᠨ ᠰᠠᠭᠤᠭᠠᠯᠢ ᠠᠷᠠᠳ  ᠤᠨ ᠣᠷᠣᠯᠭ᠎ᠠ  ᠶᠢ ᠨᠡᠮᠡᠭᠳᠡᠬᠦᠯᠵᠣ᠂ ᠠᠵᠣ ᠠᠬᠤᠢ  ᠶᠢ ᠬᠦᠭᠵᠢᠬᠦᠯᠬᠦ ᠭᠤᠣᠯ ᠬᠦᠴᠦᠨ ᠪᠣᠯᠣᠨ᠎ᠠ᠃ ᠬᠤᠪᠢ  ᠶᠢᠨ ᠠᠵᠣ ᠠᠬᠤᠢ᠂ ᠬᠤᠪᠢ  ᠶᠢᠨ ᠡᠵᠡᠩᠨᠡᠯᠳᠣ ᠠᠵᠣ ᠠᠬᠤᠢ  ᠶᠢᠨ ᠬᠦᠭᠵᠢᠯᠳᠠ  ᠶᠢ ᠲᠠᠮᠵᠢᠬᠦ ᠪᠠᠷ ᠲᠠᠮᠵᠢᠨ᠂ ᠪᠦᠬᠦ ᠠᠷᠠᠳ  ᠢᠶᠠᠷ  ᠢᠶᠠᠨ ᠦᠢᠯᠡᠰ ᠪᠦᠳᠦᠬᠡᠬᠦ  ᠶᠢ ᠲᠦᠯᠬᠢᠨ ᠠᠬᠢᠭᠤᠯᠵᠣ᠂ ᠨᠠᠶᠢᠳᠠ  ᠶᠢᠨ ᠦᠮᠴᠢᠯᠠᠯᠳᠣ ᠪᠣᠰᠣ ᠠᠵᠣ ᠠᠬᠤᠢ  ᠶᠢᠨ ᠬᠡᠪᠴᠢᠶ᠎ᠠ ᠪᠠ ᠴᠢᠨᠠᠷ ᠲᠠᠰ  ᠢ ᠲᠠᠰᠣᠷᠠᠯᠳᠠ ᠦᠬᠡᠢ ᠲᠡᠬᠡᠭᠰᠢᠯᠡᠬᠦᠯᠦᠨ᠎ᠠ᠃ ᠲᠣᠮᠳᠠ ᠪᠠᠭ᠎ᠠ ᠠᠵᠣ ᠠᠬᠤᠶᠢᠯᠠᠯ  ᠤᠨ ᠲᠠᠪᠠᠭᠤᠯᠢᠭ ᠠᠵᠣ ᠦᠢᠯᠡᠰ  ᠤᠨ ᠬᠢᠯᠬᠢᠶ᠎ᠠ ᠶᠢ ᠣᠷᠳᠣᠳᠬᠠᠨ ᠬᠦᠭᠵᠢᠬᠦᠯᠵᠣ᠂ ᠭᠤᠣᠯᠳᠠᠯᠭ᠎ᠠ ᠲᠠᠢ ᠲᠦᠷᠦᠯ ᠵᠦᠢᠯ  ᠳᠤ ᠬᠠᠮᠳᠣᠷᠠᠨ ᠬᠤᠷᠰᠢᠯᠴᠠᠬᠤ ᠪᠠ ᠠᠵᠣ ᠦᠢᠯᠡᠳᠪᠣᠷᠢ  ᠶᠢᠨ ᠰᠠᠭᠤᠷᠢᠨ ᠭᠠᠵᠠᠷ  ᠲᠤ ᠢᠵᠢ ᠪᠦᠷᠢᠳᠣᠬᠦᠯᠬᠦ ᠶᠢ ᠵᠣᠷᠢᠭᠵᠢᠭᠤᠯᠣᠨ᠂ ᠲᠣᠮᠣ᠂ ᠲᠣᠮᠳᠠ᠂ ᠪᠠᠭ᠎ᠠ ᠠᠵᠣ ᠠᠬᠤᠶᠢᠯᠠᠯ  ᠤᠨ ᠵᠣᠬᠢᠰᠳᠠᠢ ᠪᠠᠷ ᠠᠵᠢᠯ ᠬᠤᠪᠢᠶᠠᠷᠢᠯᠠᠵᠣ᠂ ᠵᠣᠬᠢᠴᠠᠩᠭᠤᠢ ᠬᠦᠭᠵᠢᠬᠦ  ᠶᠢ ᠠᠬᠢᠭᠤᠯᠵᠣ᠂ ᠠᠵᠣ ᠦᠢᠯᠡᠰ  ᠢ ᠲᠠᠰ ᠲᠠᠪᠰᠢᠬᠦᠯᠦᠨ᠂ ᠠᠷᠠᠳ ᠤᠨ ᠡᠵᠡᠩᠨᠡᠯᠳᠣ ᠠᠵᠣ ᠠᠬᠤᠢ  ᠶᠢᠨ ᠶᠠᠷᠣᠩᠬᠡᠢ ᠬᠡᠮᠵᠢᠶ᠎ᠠ  ᠶᠢ ᠪᠣᠵᠠᠭᠠᠶᠢᠷᠠᠭᠤᠯᠣᠨ᠎ᠠ᠃ ᠨᠠᠶᠢᠳᠠ  ᠶᠢᠨ ᠦᠮᠴᠢᠯᠠᠯᠳᠣ ᠪᠣᠰᠣ ᠠᠵᠣ ᠠᠬᠤᠶᠢᠯᠠᠯ  ᠢ ᠵᠢᠯᠣᠭᠤᠳᠣᠨ᠂ ᠬᠤᠳᠠ ᠪᠠᠯᠭᠠᠰᠣᠨ  ᠤ ᠲᠦᠬᠡᠬᠡᠯ ᠣᠰᠣ᠂  ᠲᠣᠯᠠᠭᠠᠯᠭ᠎ᠠ᠂ ᠪᠣᠬᠢᠷ ᠣᠰᠣ ᠭᠠᠳᠠᠭᠰᠢᠯᠠᠭᠤᠯᠬᠤ ᠵᠠᠷᠬᠡ ᠰᠠᠭᠤᠷᠢ ᠲᠦᠬᠦᠬᠡᠷᠦᠮᠵᠢ  ᠶᠢᠨ ᠪᠦᠳᠦᠬᠡᠨ ᠪᠠᠶᠢᠭᠤᠯᠣᠯᠳᠠ  ᠳᠤ ᠪᠡᠯᠨ ᠣᠷᠣᠭᠤᠯᠵᠣ᠂ ᠬᠤᠳᠠ ᠪᠠᠯᠭᠠᠰᠣᠨ ᠤ ᠰᠠᠭᠤᠷᠢ ᠲᠦᠬᠦᠬᠡᠷᠦᠮᠵᠢ  ᠶᠢᠨ ᠪᠦᠳᠦᠬᠡᠨ ᠪᠠᠶᠢᠭᠤᠯᠣᠯᠳᠠ ᠪᠠ ᠭᠤᠷᠪᠠᠳᠣᠭᠠᠷ ᠠᠵᠣ ᠦᠢᠯᠡᠰ  ᠤᠨ ᠵᠠᠬ᠎ᠠ ᠲᠡᠯᠬᠡᠬᠦᠷ  ᠢ ᠬᠦᠭᠵᠢᠬᠦᠯᠦᠨ᠎ᠠ᠃ ᠣᠷᠣᠨ ᠨᠣᠳᠤᠭ  ᠤᠨ ᠴᠢᠳᠠᠪᠣᠷᠢᠳᠠᠨ  ᠤ ᠦᠢᠯᠡᠳᠣᠯ  ᠢ ᠬᠦᠢᠴᠡᠳ ᠪᠠᠳᠠᠷᠠᠭᠤᠯᠣᠨ᠂  ᠦᠨᠳᠣᠰᠣᠳᠠᠨ  ᠤ ᠬᠤᠪᠴᠠᠰᠣ ᠵᠠᠰᠠᠯ᠂ ᠦᠨᠳᠣᠰᠣᠳᠠᠨ  ᠤ ᠭᠠᠷ ᠣᠷᠠᠯᠠᠯ᠂ ᠴᠠᠭᠠᠨ ᠢᠳᠡᠬᠡᠨ ᠪᠣᠯᠪᠠᠰᠣᠷᠠᠭᠤᠯᠬᠤ  ᠠᠵᠢᠯ ᠦᠢᠯᠡᠰ  ᠢ ᠡᠷᠬᠢᠯᠡᠬᠦᠯᠬᠦ ᠪᠠᠷ ᠵᠣᠷᠢᠭᠵᠢᠭᠤᠯᠣᠨ᠎ᠠ᠃ ︵ᠲᠦᠷᠪᠠ︶ ᠬᠤᠳᠠ ᠬᠦᠳᠡᠭᠡ  ᠶᠢᠨ ᠰᠠᠭᠤᠷᠢ ᠲᠦᠬᠦᠬᠡᠷᠦᠮᠵᠢ  ᠶᠢᠨ ᠨᠦᠬᠦᠴᠡᠯ  ᠢ ᠰᠠᠶᠢᠵᠢᠷᠠᠭᠤᠯᠵᠣ᠂ ᠠᠵᠣ ᠠᠬᠤᠢ  ᠶᠢᠨ ᠬᠦᠭᠵᠢᠯᠳᠠ ᠳᠠᠬᠢ ᠪᠣᠭᠤᠮᠢ ᠬᠢᠵᠠᠭᠠᠷᠯᠠᠯ  ᠢ ᠦᠨᠡᠨᠬᠦ ᠰᠢᠢᠳᠪᠣᠷᠢᠯᠠᠨ᠎ᠠ  ᠬᠤᠳᠠ ᠪᠠᠯᠭᠠᠰᠣᠵᠢᠯᠳᠠ  ᠶᠢᠨ ᠬᠢᠷᠢ ᠲᠦᠪᠰᠢᠨ  ᠤ ᠲᠡᠬᠡᠭᠰᠢᠯᠠᠯᠳᠠ  ᠶᠢ ᠲᠦᠷᠬᠡᠳᠬᠡᠨ᠎ᠠ᠃ ᠲᠦᠯᠦᠪᠵᠢᠬᠦᠯᠬᠡ ᠪᠠᠷ ᠵᠢᠯᠣᠭᠤᠳᠣᠭᠤᠯᠵᠣ᠂ ᠦᠨᠳᠣᠷ ᠪᠠᠷᠢᠮᠵᠢᠶ᠎ᠠ ᠪᠠᠷ ᠪᠠᠶᠢᠭᠤᠯᠬᠤ ᠣᠬᠠᠮᠰᠠᠷ  ᠢ ᠪᠣᠢ ᠪᠣᠯᠭᠠᠨ᠂ ᠣᠯᠠᠨ ᠡᠰᠢᠳᠣ ᠪᠡᠯᠨ ᠣᠷᠣᠭᠤᠯᠬᠤ ᠵᠣᠬᠢᠴᠠᠮᠵᠢ  ᠶᠢ ᠣᠯᠠᠮ ᠴᠢᠨᠠᠭᠰᠢᠳᠠ ᠪᠠᠶᠢᠭᠤᠯᠣᠨ ᠲᠠᠬᠦᠯᠳᠠᠷᠵᠢᠬᠦᠯᠵᠣ᠂ ᠣᠯᠠᠨ ᠲᠠᠯ᠎ᠠ ᠪᠠᠷ ᠪᠡᠯᠨ ᠬᠤᠷᠠᠮᠳᠣᠭᠤᠯᠣᠨ᠂ ᠪᠠᠯᠬᠦᠳᠠᠢ ᠪᠠᠯᠭᠠᠰᠣᠨ  ᠤ ᠬᠤᠳᠠ  ᠶᠢᠨ ᠪᠦᠳᠦᠬᠡᠨ ᠪᠠᠶᠢᠭᠤᠯᠣᠯᠳᠠ ᠶᠢ ᠲᠦᠷᠬᠡᠳᠬᠡᠵᠣ᠂ ᠣᠷᠣᠰᠢᠨ ᠠᠮᠢᠳᠣᠷᠠᠬᠤ ᠣᠷᠴᠢᠨ  ᠢ ᠰᠠᠶᠢᠵᠢᠷᠠᠭᠤᠯᠣᠨ᠎ᠠ᠃ 2008 ᠣᠨ  ᠳᠤ 1.5 ᠳ᠋ᠦᠩᠰᠢᠭᠤᠷ ᠲᠦᠬᠦᠷᠢᠭ  ᠤᠨ ᠪᠡᠯᠨ ᠣᠷᠣᠭᠤᠯᠵᠣ᠂ ᠬᠡᠷ ᠬᠦᠷᠦᠩᠬᠡ ᠭᠠᠵᠠᠷ ᠰᠢᠷᠣᠢ ᠢ ᠨᠡᠬᠡᠬᠡᠨ ᠠᠰᠢᠭᠯᠠᠬᠤ᠂ ᠵᠠᠮ᠂ ᠲᠦᠬᠡᠬᠡᠯ ᠣᠰᠣ ᠬᠠᠩᠭᠠᠬᠤ᠂ ᠪᠣᠬᠢᠷ ᠣᠰᠣ ᠭᠠᠳᠠᠭᠰᠢᠯᠠᠭᠤᠯᠬᠤ᠂ ᠲᠣᠯᠠᠭᠠᠯᠭ᠎ᠠ᠂ ᠦᠶᠠᠷ  ᠤᠨ ᠬᠠᠰᠢᠯᠭ᠎ᠠ ᠪᠠ ᠬᠤᠳᠠ  ᠶᠢ ᠭᠤᠸᠠᠵᠢᠭᠤᠯᠬᠤ᠂ ᠬᠡᠬᠡᠵᠢᠬᠦᠯᠬᠦ᠂ ᠬᠠᠳᠠᠭᠤᠵᠢᠭᠤᠯᠬᠤ᠂  ᠨᠣᠭᠤᠭᠠᠷᠠᠭᠤᠯᠬᠤ ᠵᠡᠷᠬᠡ ᠪᠦᠳᠦᠬᠡᠨ ᠪᠠᠶᠢᠭᠤᠯᠣᠯᠳᠠ  ᠶᠢ ᠭᠤᠣᠯᠳᠠᠯᠭ᠎ᠠ ᠲᠠᠢ ᠬᠡᠷᠡᠭᠵᠢᠬᠦᠯᠬᠦ ᠪᠠᠷ ᠲᠦᠯᠦᠪᠯᠡᠵᠣ ᠪᠣᠢ᠃ ᠬᠠᠭᠤᠴᠢᠨ ᠬᠤᠳᠠ ᠲᠣᠭᠤᠷᠢᠭ  ᠢ ᠦᠬᠡᠷᠡᠴᠢᠯᠠᠨ ᠪᠠᠶᠢᠭᠤᠯᠬᠤ ᠠᠯᠬᠤᠴᠨ ᠪᠠᠨ ᠲᠦᠷᠬᠡᠳᠬᠡᠨ᠂ ︽ᠪᠠᠶᠢᠰᠢᠩ ᠨᠣᠷᠠᠭᠠᠵᠣ ᠠᠰᠠᠷ ᠪᠠᠷᠢᠬᠤ︾ ᠢᠨᠵᠧᠨᠧᠷᠢᠩ  ᠢ ᠬᠡᠷᠡᠭᠵᠢᠬᠦᠯᠵᠣ᠂ ᠬᠢᠮᠳᠠ ᠲᠣᠬᠢᠯᠢᠭ ᠣᠷᠣᠨ ᠰᠠᠭᠤᠴᠨ ᠪᠠ ᠬᠢᠮᠳᠠ ᠪᠠᠷ ᠲᠦᠷᠢᠶᠠᠰᠣᠯᠡᠬᠦ ᠣᠷᠣᠨ ᠰᠠᠭᠤᠴᠨ  ᠶᠢᠨ ᠪᠠᠶᠢᠭᠤᠯᠣᠯᠳᠠ ᠶᠢ ᠡᠬᠢᠯᠡᠬᠦᠯᠦᠨ᠂ ᠬᠠᠮᠪᠤ  ᠶᠢᠨ ᠰᠦᠮ᠎ᠠ ᠠᠭᠤᠳᠠᠮ ᠲᠠᠯᠠᠪᠠᠢ  ᠶᠢᠨ ᠪᠠᠷᠠᠭᠤᠨᠳᠠᠬᠢ ᠪᠠ ᠴᠠᠭᠠᠨᠨᠠᠭᠤᠷ ᠡᠮᠣᠨ᠎ᠠ ᠵᠠᠮ  ᠤᠨ ᠬᠤᠶᠠᠷ ᠬᠠᠵᠠᠭᠤ  ᠶᠢᠨ ᠬᠡᠷ ᠬᠦᠷᠦᠩᠬᠡ ᠭᠠᠵᠠᠷ ᠰᠢᠷᠣᠢ ᠶᠢᠨ ᠨᠡᠬᠡᠬᠡᠨ ᠠᠰᠢᠭᠯᠠᠯᠳᠠ  ᠶᠢᠨ ᠲᠦᠷᠦᠯ ᠵᠦᠢᠯ  ᠤᠨ ᠪᠦᠳᠦᠬᠡᠨ ᠪᠠᠶᠢᠭᠤᠯᠣᠯᠳᠠ  ᠶᠢ ᠠᠬᠢᠭᠤᠯᠣᠨ᠂ 101  ᠮᠣᠵᠢ  ᠶᠢᠨ ᠲᠠᠰ  ᠤᠨ ᠵᠠᠮ ᠲᠠᠭᠠᠣ ᠪᠠ ᠵᠡᠭᠦᠨ ᠪᠠᠷᠠᠭᠤᠨ ᠨᠠᠭᠤᠷ  ᠤᠨ ᠬᠦᠪᠡᠭᠡ ᠲᠠᠭᠠᠣ ᠳᠠᠬᠢ ᠭᠠᠵᠠᠷ ᠰᠢᠷᠣᠢ ᠶᠢ ᠨᠡᠬᠡᠬᠡᠨ ᠠᠰᠢᠭᠯᠠᠵᠣ᠂  ᠠᠷᠠᠯᠵᠢᠶ᠎ᠠ ᠰᠠᠭᠤᠭᠠᠯᠢ  ᠶᠢᠨ ᠶᠠᠷᠣᠩᠬᠡᠶᠢᠯᠡᠭᠰᠡᠨ ᠠᠰᠠᠷ  ᠢ 4.6 ᠲᠦᠮᠡᠨ ᠲᠡᠭᠰᠢ ᠲᠦᠷᠪᠡᠯᠵᠢᠨ ᠮᠧᠲᠷ ᠨᠡᠬᠡᠬᠡᠨ ᠠᠰᠢᠭᠯᠠᠨ᠎ᠠ᠃ ᠪᠠᠯᠭᠠᠰᠣᠨ ᠲᠣᠳᠣᠷᠠᠬᠢ 10 ᠵᠣᠷᠪᠣᠰ ᠵᠠᠮ  ᠢ ᠰᠢᠨ᠎ᠠ ᠪᠠᠷ ᠲᠠᠪᠢᠰᠬᠦ ᠪᠠ ᠦᠬᠡᠷᠡᠴᠢᠯᠠᠨ ᠵᠠᠰᠠᠵᠣ᠂ 40 ᠵᠣᠷᠪᠣᠰ ᠭᠤᠳᠣᠮᠵᠢᠨ ᠵᠠᠮ  ᠢ ᠬᠠᠳᠠᠭᠤᠵᠢᠭᠤᠯᠣᠨ᠎ᠠ᠃ ᠪᠠᠯᠭᠠᠰᠣᠨ ᠵᠠᠬᠦᠨᠳᠡᠬᠢ ᠣᠰᠣᠨ ᠰᠣᠷᠪᠣᠯᠵᠢ  ᠶᠢᠨ ᠲᠤᠭᠤᠷᠢᠭ ᠤᠨ ᠲᠦᠬᠡᠬᠡᠯ ᠣᠰᠣᠨ  ᠤ ᠢᠨᠵᠧᠨᠧᠷᠢᠩ  ᠢ ᠪᠡᠶᠡᠯᠡᠬᠦᠯᠵᠣ᠂ ᠪᠡᠯᠬᠦᠳᠠᠢ ᠪᠠᠯᠭᠠᠰᠣᠨ  ᠤ ᠲᠦᠬᠡᠬᠡᠯ ᠣᠰᠣ ᠬᠦᠷᠣᠯᠴᠠᠬᠦ ᠦᠬᠡᠢ ᠠᠰᠠᠭᠤᠳᠠᠯ  ᠢ ᠰᠢᠢᠳᠪᠣᠷᠢᠯᠠᠨ᠂ ᠡᠳᠣᠷ  ᠲᠤ ᠲᠦᠮᠠᠨ ᠪᠣᠰᠤᠭ᠎ᠠ ᠲᠦᠷᠪᠠᠯᠵᠢᠨ ᠮᠧᠲᠷ ᠪᠣᠬᠢᠷ ᠣᠰᠣ ᠰᠢᠢᠳᠪᠣᠷᠢᠯᠡᠬᠦ ᠲᠦᠷᠦᠯ ᠵᠦᠢᠯ ᠢ ᠪᠠᠷᠢᠯᠭ᠎ᠠ ᠡᠬᠢᠯᠡᠬᠦᠯᠵᠣ᠂ ᠲᠣᠰ ᠵᠢᠯ ᠲᠤ ᠨᠢᠬᠡᠳᠣᠬᠡᠷ ᠬᠤᠭᠤᠴᠠᠭᠠᠨ  ᠤ ᠪᠠᠷᠢᠯᠭ᠎ᠠ  ᠶᠢ ᠪᠡᠶᠡᠯᠡᠬᠦᠯᠬᠦ  ᠶᠢᠨ ᠬᠠᠮᠳᠣ ᠪᠣᠬᠢᠷ ᠣᠰᠣ ᠭᠠᠳᠠᠭᠰᠢᠯᠠᠭᠤᠯᠬᠤ ᠲᠣᠣᠷ ᠬᠤᠭᠤᠯᠠᠢ  ᠶᠢ 1450 ᠮᠧᠲᠷ ᠣᠷᠳᠣᠳᠬᠠᠨ᠎ᠠ᠃ ᠬᠠᠮᠪᠤ ᠶᠢᠨ ᠰᠦᠮ᠎ᠠ ᠠᠭᠤᠳᠠᠮ ᠲᠠᠯᠠᠪᠠᠢ ᠶᠢᠨ ᠪᠠᠷᠠᠭᠤᠨᠳᠠᠬᠢ ᠪᠠ ᠪᠠᠯᠬᠦᠳᠠᠢ ᠪᠠᠯᠭᠠᠰᠣᠨ  ᠤ ᠵᠡᠬᠦᠨ ᠬᠡᠰᠡᠭ ᠤᠨ ᠲᠦᠪᠯᠡᠷᠡᠩᠬᠦᠢ ᠲᠣᠯᠠᠭᠠᠯᠭ᠎ᠠ ᠶᠢ ᠦᠷᠬᠡᠳᠬᠡᠬᠦ ᠪᠠᠷᠢᠯᠭ᠎ᠠ  ᠶᠢ ᠬᠡᠷᠡᠭᠵᠢᠬᠦᠯᠦᠨ᠂ ᠲᠦᠪᠯᠡᠷᠡᠩᠬᠦᠢ ᠲᠣᠯᠠᠭᠠᠯᠭ᠎ᠠ ᠶᠢᠨ ᠲᠠᠯᠠᠪᠠᠢ  ᠶᠢ 10 ᠲᠦᠮᠡᠨ ᠲᠡᠭᠰᠢ ᠲᠦᠷᠪᠡᠯᠵᠢᠨ ᠮᠧᠲᠷ  ᠦᠷᠬᠡᠳᠬᠡᠵᠣ᠂ ᠪᠠᠯᠭᠠᠰᠣᠨ  ᠤ ᠬᠤᠶᠢᠨ᠎ᠠ ᠳᠠᠬᠢ ᠦᠶᠠᠷ  ᠤᠨ ᠬᠠᠰᠢᠯᠭ᠎ᠠ  ᠶᠢᠨ ᠬᠤᠶᠠᠳᠣᠭᠠᠷ ᠬᠤᠭᠤᠴᠠᠭᠠᠨ  ᠤ ᠪᠠᠷᠢᠯᠭ᠎ᠠ᠂ ᠪᠡᠯᠬᠦᠳᠠᠢ ᠰᠣᠶᠣᠯ ᠤᠨ ᠬᠦᠷᠢᠶᠠᠯᠠᠩ  ᠤᠨ ᠦᠷᠬᠦᠯᠵᠢᠯᠠᠨ ᠪᠠᠶᠢᠭᠤᠯᠬᠤ ᠪᠠᠷᠢᠯᠭ᠎ᠠ ᠶᠢ ᠲᠠᠭᠤᠰᠬᠠᠨ᠂ ᠵᠡᠬᠦᠨ ᠪᠠᠷᠠᠭᠤᠨ ᠨᠠᠭᠤᠷ  ᠢ ᠨᠤᠭᠤᠭᠠᠷᠠᠭᠤᠯᠬᠤ ᠠᠵᠢᠯ  ᠢ ᠡᠬᠢᠯᠡᠬᠦᠯᠦᠨ᠎ᠠ᠃ ᠪᠠᠶᠢᠭᠤᠯᠬᠤ ᠪᠠ ᠬᠠᠮᠢᠶᠠᠷᠬᠤ  ᠶᠢ ᠴᠢᠬᠤᠯᠠᠴᠢᠯᠠᠵᠣ᠂ ᠶᠠᠷᠣᠩᠬᠡᠶᠢᠯᠡᠭᠰᠡᠨ ᠠᠷᠭ᠎ᠠ ᠬᠡᠮᠵᠢᠶ᠎ᠠ ᠠᠪᠴᠣ᠂ ᠪᠠᠯᠭᠠᠰᠣᠨ ᠤ ᠲᠦᠷᠢ ᠲᠦᠷᠬᠦ᠂ ᠣᠷᠴᠢᠨ ᠲᠣᠭᠤᠷᠢᠨ  ᠤ ᠡᠷᠡᠬᠦᠯ ᠬᠠᠮᠠᠭᠠᠯᠠᠯ᠂ ᠴᠣᠭᠯᠠᠭ᠎ᠠ ᠵᠠᠬ᠎ᠠ ᠲᠠᠯᠬᠡᠬᠦᠷ  ᠲᠤ ᠲᠣᠶᠢᠯᠪᠣᠷᠢᠳᠠᠢ ᠴᠡᠭᠴᠡᠯᠠᠯᠳᠠ ᠬᠢᠵᠣ᠂ ᠪᠠᠶᠢᠡᠭᠭᠤ ᠶᠢᠨ ᠬᠠᠮᠢᠶᠠᠷᠣᠯᠳᠠ  ᠶᠢᠨ ᠵᠣᠬᠢᠴᠠᠮᠵᠢ  ᠶᠢ ᠪᠠᠶᠢᠭᠤᠯᠣᠨ ᠪᠦᠷᠢᠨᠰᠢᠬᠦᠯᠵᠣ᠂ ᠴᠡᠪᠡᠷ ᠲᠣᠬᠢᠯᠢᠭ᠂ ᠡᠮᠬᠢ ᠵᠠᠮᠪᠠᠷᠠᠭ᠎ᠠ ᠲᠠᠢ ᠤᠷᠤᠰᠢᠨ ᠠᠮᠢᠳᠤᠷᠠᠬᠤ ᠣᠷᠴᠢᠨ  ᠢ ᠪᠠᠶᠢᠭᠤᠯᠣᠨ᠎ᠠ᠃ ᠠᠪᠠᠭ᠎ᠠ ᠦᠵᠡᠮᠵᠢᠳᠣ ᠵᠡᠬᠡᠯᠢ  ᠶᠢ ᠪᠠᠶᠢᠭᠤᠯᠣᠨ᠂ ᠱᠣᠭᠤᠮᠠᠯ ᠪᠠ ᠦᠵᠡᠮᠵᠢ  ᠶᠢᠨ ᠳ᠋ᠧᠩ ᠣᠭᠰᠠᠷᠠᠨ᠂ ᠵᠠᠷᠢᠮ ᠭᠤᠣᠯ ᠪᠣᠯᠬᠤ ᠪᠠᠷᠢᠯᠭ᠎ᠠ  ᠶᠢ ᠵᠠᠰᠠᠵᠣ ᠴᠢᠮᠡᠭᠯᠡᠨ᠂ ᠭᠤᠣᠯ ᠵᠡᠬᠡᠯᠢ ᠲᠠᠭᠠᠣ  ᠶᠢᠨ ᠠᠷᠠᠯᠵᠢᠶ᠎ᠠ ᠲᠡᠯᠬᠡᠬᠦᠷ  ᠤᠨ ᠫᠠᠶᠢᠰᠨ ᠢᠯᠡᠷᠬᠡᠶᠢᠯᠠᠯ  ᠢ ᠨᠢᠬᠡᠳᠣᠯᠳᠠᠢ ᠪᠠᠷᠢᠮᠵᠢᠶᠠᠯᠠᠵᠣ᠂  ᠮᠠᠯᠵᠢᠬᠤ ᠣᠷᠣᠨ  ᠤ ᠬᠤᠳᠠ ᠪᠠᠯᠭᠠᠰᠣ ᠪᠠ ᠦᠨᠳᠣᠰᠣᠳᠠᠨ  ᠤ ᠣᠨᠴᠠᠯᠢᠭ  ᠢ ᠲᠣᠪᠣᠶᠢᠯᠭᠠᠨ᠂ ︽ᠬᠤᠶᠠᠷ  ᠢ ᠬᠦᠷᠢᠶᠡᠯᠡᠬᠦ︾ ᠵᠢᠱᠢᠶᠡᠴᠢ ᠬᠤᠳᠠ  ᠶᠢ ᠴᠤᠭᠴᠠᠯᠠᠨ ᠪᠠᠶᠢᠭᠤᠯᠬᠤ ᠪᠠ ᠤᠳᠤᠨ ᠲᠡᠰ ᠤᠨ ᠪᠤᠯᠪᠠᠰᠤᠨ ᠬᠤᠳᠠ  ᠶᠢ ᠲᠡᠰ ᠲᠡᠪᠰᠢᠬᠦᠯᠬᠦ ᠠᠵᠢᠯᠯᠠᠭ᠎ᠠ  ᠶᠢ ᠭᠦᠨᠵᠡᠭᠡᠢ ᠦᠷᠨᠢᠬᠦᠯᠵᠦ᠂ ᠪᠡᠯᠭᠦᠳᠡᠢ ᠪᠠᠯᠭᠠᠰᠣᠨ  ᠤ ᠲᠦᠷᠢ ᠲᠦᠷᠬᠦ  ᠶᠢ ᠪᠦᠬᠦ ᠲᠠᠯ᠎ᠠ ᠪᠠᠷ ᠰᠠᠶᠢᠵᠢᠷᠠᠭᠤᠯᠣᠨ᠎ᠠ᠃ᠰᠠᠭᠤᠷᠢ ᠲᠦᠬᠦᠬᠡᠷᠦᠮᠵᠢ  ᠶᠢᠨ ᠨᠦᠬᠦᠴᠡᠯ  ᠢ ᠲᠠᠰᠣᠷᠠᠯᠳᠠ ᠦᠬᠡᠢ ᠰᠠᠶᠢᠵᠢᠷᠠᠭᠤᠯᠣᠨ᠎ᠠ᠃ ᠴᠠᠭᠠᠨ ᠨᠠᠭᠤᠷ ᠣᠰᠣᠨ ᠴᠦᠬᠦᠷᠦᠮ  ᠤᠨ ᠲᠦᠷᠦᠯ ᠵᠦᠢᠯ  ᠢ ᠭᠤᠣᠯᠳᠠᠯᠭ᠎ᠠ ᠲᠠᠢ ᠠᠬᠢᠭᠤᠯᠣᠨ᠂ ᠣᠯᠣᠰ  ᠤᠨ ᠠᠶᠣᠯᠳᠣ ᠣᠰᠣᠨ ᠴᠦᠬᠦᠷᠦᠮ  ᠢ ᠵᠠᠰᠠᠨ ᠪᠠᠬᠢᠵᠢᠬᠦᠯᠬᠦ ᠲᠦᠷᠦᠯ ᠵᠦᠢᠯ  ᠳᠤ ᠣᠷᠣᠭᠤᠯᠣᠨ ᠪᠠᠷᠢᠯᠭ᠎ᠠ ᠡᠬᠢᠯᠡᠬᠦᠯᠬᠦ ᠪᠠᠷ ᠴᠢᠷᠮᠠᠶᠢᠨ᠂  ᠶᠠᠬᠡᠭᠤᠣᠯ ᠰᠣᠮᠣᠨ  ᠤ ᠠᠶᠣᠯᠬᠦᠢ ᠣᠰᠣ ᠣᠮᠳᠠ  ᠶᠢᠨ ᠢᠨᠵᠧᠨᠧᠷᠢᠩ  ᠢ  ᠪᠠᠶᠡᠯᠡᠬᠦᠯᠦᠨ᠎ᠠ᠃ ᠬᠦᠢᠳᠠᠨᠰᠢᠯᠢ  ᠶᠢᠨ ᠰᠠᠯᠬᠢᠨ ᠴᠠᠬᠢᠯᠭᠠᠨ  ᠤ ᠰᠠᠭᠤᠷᠢᠨ ᠭᠠᠵᠠᠷ  ᠤᠨ 500 ᠺᠢᠯᠣᠸᠣᠯᠲ ᠪᠠ ᠪᠠᠯᠬᠦᠳᠠᠢ ᠪᠠᠯᠭᠠᠰᠣᠨ  ᠤ 110 ᠺᠢᠯᠣᠸᠣᠯᠲ ᠬᠦᠴᠦᠳᠠᠯ ᠬᠤᠪᠢᠰᠬᠠᠬᠤ ᠢᠨᠵᠧᠨᠧᠷᠢᠩ  ᠢ ᠡᠷᠳᠡᠬᠡᠨ ᠲᠦᠯᠦᠪᠵᠢᠬᠦᠯᠬᠡ  ᠳᠤ ᠣᠷᠣᠭᠤᠯᠬᠤ ᠪᠠᠷ ᠢᠳᠡᠪᠬᠢᠳᠠᠢ ᠭᠤᠶᠣᠴᠢᠯᠠᠬᠤ  ᠶᠢᠨ ᠬᠠᠮᠳᠣ ᠪᠠᠷᠢᠯᠭ᠎ᠠ ᠡᠬᠢᠯᠡᠬᠦᠯᠬᠦ ᠪᠠᠷ ᠴᠢᠷᠮᠠᠶᠢᠨ᠎ᠠ᠃ 207 ᠣᠯᠣᠰ  ᠤᠨ ᠲᠠᠰ  ᠤᠨ  ᠵᠠᠮ  ᠠᠴᠠ ᠴᠠᠭᠠᠨᠨᠠᠭᠤᠷ ᠪᠠᠯᠭᠠᠰᠣ ᠬᠦᠷᠬᠦ 81 ᠺᠢᠯᠣᠮᠧᠲᠷ  ᠤᠨ ᠭᠤᠷᠪᠠᠳᠣᠭᠠᠷ ᠲᠠᠰ  ᠤᠨ ᠱᠦᠢᠨᠢ ᠵᠠᠮ᠂ 101 ᠮᠣᠵᠢ  ᠶᠢᠨ ᠲᠠᠰ ᠤᠨ ᠵᠠᠮ  ᠠᠴᠠ ᠬᠤᠩᠭᠤᠷᠭᠤᠣᠯ ᠪᠠᠯᠭᠠᠰᠣ ᠬᠦᠷᠬᠦ 124 ᠺᠢᠯᠣᠮᠧᠲᠷ  ᠤᠨ ᠵᠢᠵᠢᠭ ᠴᠠᠷᠳᠠᠮᠠᠯ ᠵᠠᠮ᠂ ᠪᠠᠯᠬᠦᠳᠠᠢ ᠪᠠᠯᠭᠠᠰᠣ  ᠠᠴᠠ ᠵᠢᠷᠭᠠᠯᠠᠩᠳᠣ ᠰᠣᠮᠣ ᠬᠦᠷᠬᠦ 171 ᠺᠢᠯᠣᠮᠧᠲᠷ ᠤᠨ ᠵᠢᠵᠢᠭ ᠴᠠᠷᠳᠠᠮᠠᠯ ᠵᠠᠮ ᠪᠠ ᠲᠠᠯᠬᠡᠷ  ᠠᠴᠠ ᠣᠯᠢᠶᠠᠰᠣᠳᠠᠢ  ᠶᠢᠨ ᠦᠵᠡᠮᠵᠢ  ᠶᠢᠨ ᠣᠷᠣᠨ ᠬᠦᠷᠬᠦ 64 ᠺᠢᠯᠣᠮᠧᠲᠷ  ᠤᠨ ᠵᠢᠵᠢᠭ ᠴᠠᠷᠳᠠᠮᠠᠯ ᠵᠠᠮ  ᠤᠨ ᠪᠦᠳᠦᠬᠡᠨ ᠪᠠᠶᠢᠭᠤᠯᠣᠯᠳᠠ ᠶᠢ ᠪᠡᠶᠡᠯᠡᠬᠦᠯᠵᠣ᠂ ᠭᠠᠴᠠᠭᠠᠨ  ᠳᠤ ᠨᠡᠪᠳᠡᠷᠡᠬᠦ ᠵᠠᠮ  ᠢ 8  ᠵᠣᠷᠪᠣᠰ 148 ᠺᠢᠯᠣᠮᠧᠲᠷ ᠲᠠᠪᠢᠰᠣᠨ᠂  ᠨᠠᠷᠠᠨᠪᠣᠯᠠᠭ ᠰᠣᠮᠣᠨ  ᠳᠤ ᠲᠡᠷᠬᠡᠨ ᠦᠷᠳᠡᠭᠡ ᠪᠠᠶᠢᠭᠤᠯᠣᠨ᠎ᠠ᠃ ᠬᠤᠯᠪᠣᠭᠳᠠᠯ ᠪᠦᠬᠦᠢ ᠰᠠᠯᠠᠭ᠎ᠠ ᠮᠦᠴᠢᠷ ᠲᠠᠢ ᠬᠠᠮᠵᠢᠯᠴᠠᠨ ᠴᠠᠭᠠᠨᠨᠠᠭᠤᠷ ᠨᠡᠬᠦᠷᠡᠰᠣᠨ ᠠᠭᠤᠷᠬᠠᠢ  ᠠᠴᠠ ᠰᠢ ᠰᠠᠩ ᠲᠠᠮᠣᠷ ᠵᠠᠮ  ᠲᠠᠢ ᠬᠤᠯᠪᠣᠬᠤ ᠰᠠᠯᠪᠣᠷᠢ ᠱᠣᠭᠤᠮ ᠪᠠ ᠰᠢᠯᠢ ᠶᠢᠨ ᠬᠤᠳᠠ  ᠠᠴᠠ ᠡᠷᠢᠶᠠᠨ ᠬᠦᠷᠬᠦ ᠲᠠᠮᠣᠷ ᠵᠠᠮ  ᠤᠨ ᠡᠮᠣᠨ᠎ᠠ ᠬᠤᠭᠤᠴᠠᠭᠠᠨ  ᠤ ᠠᠵᠢᠯ  ᠢ ᠰᠠᠶᠢᠳᠣᠷ ᠬᠢᠵᠣ᠂ ᠪᠠᠷᠢᠯᠭ᠎ᠠ ᠡᠬᠢᠯᠡᠬᠦᠯᠬᠦ ᠪᠠᠷ ᠴᠢᠷᠮᠠᠶᠢᠨ᠎ᠠ᠃ ︵ᠲᠠᠪᠤ︶ ᠣᠷᠣᠯᠭ᠎ᠠ ᠪᠠᠨ ᠨᠡᠮᠡᠭᠳᠡᠬᠦᠯᠦᠨ ᠵᠠᠷᠣᠯᠭ᠎ᠠ ᠪᠠᠨ ᠪᠠᠭᠠᠰᠬᠠᠵᠣ᠂ ᠡᠳ᠋  ᠤᠨ ᠵᠠᠰᠠᠭ ᠮᠦᠩᠬᠦᠨ ᠬᠦᠢᠯᠬᠡᠬᠡᠨ  ᠤ ᠪᠠᠳᠣᠯᠠᠭ᠎ᠠ  ᠶᠢᠨ ᠴᠢᠳᠠᠪᠣᠷᠢ ᠪᠠᠨ ᠲᠠᠰᠣᠷᠠᠯᠳᠠ ᠦᠬᠡᠢ ᠲᠡᠬᠡᠭᠰᠢᠯᠡᠬᠦᠯᠦᠨ᠎ᠠ  ᠡᠳ᠋  ᠤᠨ ᠵᠠᠰᠠᠭ  ᠤᠨ ᠠᠵᠢᠯ  ᠤᠨ ᠰᠠᠳᠬᠢᠴᠨ ᠪᠠᠨ ᠰᠢᠨᠡᠳᠬᠡᠨ᠂ ᠡᠳ᠋  ᠤᠨ ᠰᠣᠷᠪᠣᠯᠵᠢ  ᠶᠢᠨ ᠪᠠᠶᠢᠭᠤᠯᠣᠯᠳᠠ  ᠶᠢ ᠦᠨᠡᠨᠬᠦ ᠴᠢᠩᠭᠠᠳᠬᠠᠵᠣ᠂ ᠭᠠᠶᠢᠯᠢ ᠬᠤᠷᠢᠶᠠᠵᠣ ᠬᠠᠮᠢᠶᠠᠷᠬᠤ ᠪᠠᠨ ᠴᠢᠩᠭᠠᠳᠬᠠᠨ᠂ ᠡᠳ᠋  ᠤᠨ ᠵᠠᠰᠠᠭ  ᠤᠨ ᠦᠬᠡᠷᠡᠴᠢᠯᠠᠯᠳᠠ  ᠶᠢ ᠬᠦᠨᠵᠡᠬᠡᠶᠢᠷᠠᠬᠦᠯᠵᠣ᠂ ᠡᠳ᠋  ᠤᠨ ᠵᠠᠰᠠᠭ  ᠤᠨ ᠣᠷᠴᠢᠯᠳᠠ  ᠶᠢᠨ ᠶᠠᠰᠣ ᠴᠢᠨᠠᠷ ᠪᠠ ᠦᠷ᠎ᠠ ᠠᠰᠢᠭ ᠢ ᠲᠡᠬᠡᠭᠰᠢᠯᠡᠬᠦᠯᠦᠨ᠎ᠠ᠃ ᠭᠤᠣᠯᠳᠠᠯᠭ᠎ᠠ ᠲᠠᠢ ᠭᠠᠶᠢᠯᠢ  ᠶᠢ ᠲᠠᠳᠠᠪᠣᠷᠢᠯᠠᠬᠤ ᠠᠵᠢᠯ  ᠢ ᠰᠠᠶᠢᠳᠣᠷ ᠠᠳᠬᠤᠨ᠂ ᠪᠣᠰᠣᠳ ᠭᠠᠶᠢᠯᠢ  ᠶᠢᠨ ᠰᠣᠷᠪᠣᠯᠵᠢ  ᠶᠢᠨ ᠬᠢᠨᠠᠯᠳᠠ ᠪᠠ ᠠᠵᠣ ᠠᠬᠤᠢ  ᠶᠢᠨ ᠬᠠᠷᠢᠭᠤᠴᠠᠯᠭ᠎ᠠ  ᠶᠢᠨ ᠬᠢᠨᠠᠨ ᠪᠣᠳᠣᠯᠳᠠ  ᠶᠢ ᠴᠢᠩᠭᠠᠳᠬᠠᠵᠣ᠂ ᠭᠠᠶᠢᠯᠢ ᠰᠢᠯᠵᠢᠵᠣ ᠬᠡᠬᠡᠭᠳᠡᠬᠦ  ᠶᠢ ᠰᠡᠷᠬᠡᠶᠢᠯᠡᠨ᠂ ᠬᠠᠣᠯᠢ ᠶᠣᠰᠣᠭᠠᠷ ᠭᠠᠶᠢᠯᠢ ᠲᠠᠳᠠᠪᠣᠷᠢᠯᠠᠬᠤ ᠠᠵᠢᠯ  ᠢ ᠴᠢᠩᠭᠠᠳᠬᠠᠨ᠂ ᠭᠠᠶᠢᠯᠢ  ᠶᠢᠨ ᠪᠣᠰᠣ ᠣᠷᠣᠯᠭ᠎ᠠ  ᠶᠢ ᠬᠤᠷᠢᠶᠠᠵᠣ ᠬᠠᠮᠢᠶᠠᠷᠬᠤ ᠡᠷᠴᠢᠮ  ᠢᠶᠠᠨ ᠴᠢᠩᠭᠠᠯᠠᠨ᠂ ᠬᠤᠷᠢᠶᠠᠬᠤ ᠵᠣᠬᠢᠰᠳᠠᠢ  ᠢ ᠪᠦᠬᠦᠨ  ᠢ ᠬᠤᠷᠢᠶᠠᠬᠤ ᠪᠠᠷ ᠴᠢᠷᠮᠠᠶᠢᠨ᠎ᠠ᠃ ᠨᠡᠶᠢᠬᠡᠮ ᠨᠠᠶᠢᠳᠠ  ᠶᠢᠨ ᠡᠳ᠋  ᠤᠨ ᠵᠠᠰᠠᠭ  ᠤᠨ ᠵᠠᠭᠪᠣᠷ  ᠤᠨ ᠪᠠᠶᠢᠭᠤᠯᠣᠯᠳᠠ  ᠶᠢ ᠲᠦᠷᠬᠡᠳᠬᠡᠨ᠂ ᠵᠠᠷᠣᠯᠭ᠎ᠠ  ᠶᠢᠨ ᠪᠦᠳᠦᠴᠨ  ᠶᠢ ᠰᠢᠯᠢᠳᠡᠭᠵᠢᠬᠦᠯᠵᠣ᠂  ᠶᠠᠷᠣᠳᠠ ᠶᠢᠨ ᠪᠠ ᠦᠢᠯᠡᠳᠪᠣᠷᠢᠯᠠᠯ  ᠤᠨ ᠪᠣᠰᠣ ᠵᠠᠷᠣᠯᠭ᠎ᠠ  ᠶᠢ ᠪᠠᠭᠠᠰᠬᠠᠨ᠎ᠠ᠃ ᠡᠳ᠋  ᠤᠨ ᠵᠠᠰᠠᠭ  ᠠᠴᠠ ᠰᠢᠨ᠎ᠠ ᠮᠠᠯᠵᠢᠬᠤ ᠣᠷᠣᠨ  ᠤ ᠪᠠᠶᠢᠭᠤᠯᠣᠯᠳᠠ᠂ ᠰᠣᠷᠭᠠᠨ ᠬᠦᠮᠦᠵᠢᠯ᠂ ᠨᠡᠶᠢᠬᠡᠮ  ᠤᠨ ᠪᠠᠳᠣᠯᠠᠭ᠎ᠠ᠂ ᠰᠠᠭᠤᠷᠢ ᠲᠦᠬᠦᠬᠡᠷᠦᠮᠵᠢ ᠶᠢᠨ ᠪᠦᠳᠦᠬᠡᠨ ᠪᠠᠶᠢᠭᠤᠯᠣᠯᠳᠠ  ᠳᠤ ᠪᠡᠯᠨ ᠣᠷᠣᠭᠤᠯᠬᠤ ᠪᠠᠨ ᠨᠡᠮᠡᠭᠳᠡᠬᠦᠯᠵᠣ᠂ ᠡᠳ᠋  ᠤᠨ ᠵᠠᠰᠠᠭ  ᠤᠨ ᠠᠵᠤ ᠠᠬᠤᠢ ᠨᠡᠶᠢᠬᠡᠮ  ᠤᠨ ᠬᠦᠭᠵᠢᠯᠳᠠ  ᠶᠢ ᠪᠠᠳᠣᠯᠠᠬᠤ ᠴᠢᠳᠠᠪᠣᠷᠢ  ᠶᠢ ᠨᠢ ᠣᠯᠠᠮ ᠴᠢᠨᠠᠭᠰᠢᠳᠠ ᠲᠡᠬᠡᠭᠰᠢᠯᠡᠬᠦᠯᠦᠨ᠎ᠠ᠃ ᠡᠳ᠋  ᠤᠨ ᠵᠠᠰᠠᠭ  ᠤᠨ ᠦᠬᠡᠷᠡᠴᠢᠯᠠᠯᠳᠠ  ᠶᠢ ᠬᠦᠨᠵᠡᠬᠡᠶᠢᠷᠠᠬᠦᠯᠦᠨ᠂ ᠰᠠᠯᠠᠭ᠎ᠠ ᠮᠦᠴᠢᠷ  ᠤᠨ ᠶᠠᠷᠣᠩᠬᠡᠶᠢᠯᠡᠭᠰᠡᠨ ᠲᠦᠰᠦᠪ ᠪᠠ ᠣᠯᠣᠰ  ᠤᠨ ᠬᠦᠮᠦᠷᠬᠡ  ᠠᠴᠠ ᠲᠦᠪᠯᠡᠷᠡᠬᠦᠯᠦᠨ ᠲᠦᠯᠦᠪᠣᠷᠢᠯᠡᠬᠦ  ᠶᠢ ᠬᠡᠷᠡᠭᠵᠢᠬᠦᠯᠵᠣ᠂ ᠪᠡᠯᠨ ᠮᠦᠩᠬᠦᠨ  ᠤ ᠬᠠᠮᠢᠶᠠᠷᠣᠯᠳᠠ  ᠶᠢ ᠴᠢᠩᠭᠠᠳᠬᠠᠨ᠎ᠠ᠃ ᠰᠣᠮᠣ ᠪᠠᠯᠭᠠᠰᠣ᠂ ᠭᠠᠴᠠᠭᠠᠨ  ᠤ ᠦᠷᠢ ᠦᠭᠴᠡᠭᠡ  ᠶᠢ ᠪᠦᠬᠦ ᠲᠠᠯ᠎ᠠ ᠪᠠᠷ ᠴᠡᠪᠡᠷᠯᠡᠨ ᠬᠠᠷᠭᠤᠭᠤᠯᠵᠣ᠂ ᠦᠷᠢ ᠦᠭᠴᠡᠭᠡ  ᠶᠢ ᠰᠢᠢᠳᠪᠣᠷᠢᠯᠡᠬᠦ ᠠᠷᠭ᠎ᠠ ᠬᠡᠮᠵᠢᠶ᠎ᠠ  ᠶᠢ ᠢᠳᠡᠪᠬᠢᠳᠠᠢ ᠰᠦᠪᠡᠭᠴᠢᠯᠠᠨ᠎ᠠ᠃ ᠡᠳ᠋  ᠤᠨ ᠵᠠᠰᠠᠭ  ᠤᠨ ᠲᠠᠷᠢᠶᠠᠯᠠᠩ  ᠢ ᠲᠡᠮᠵᠢᠬᠦ ᠪᠡᠯᠡ ᠮᠦᠡᠭᠬᠦ  ᠶᠢ ᠨᠢᠭᠡᠳᠭᠡᠬᠦ ᠠᠵᠢᠯ  ᠤᠨ ᠡᠷᠴᠢᠮ  ᠢᠶᠠᠨ ᠴᠢᠩᠭᠠᠳᠬᠠᠵᠤ᠂ ᠤᠯᠤᠰ ᠪᠠ ᠤᠷᠤᠨ  ᠤ ᠰᠢᠯᠭᠠᠨ ᠪᠠᠶᠢᠴᠠᠭᠠᠯᠳᠠ ᠳᠤ ᠬᠢᠷᠢ ᠲᠡᠩᠴᠡᠭᠦᠯᠦᠨ᠎ᠡ᠃ ᠮᠦᠩᠬᠦᠨ ᠬᠦᠢᠯᠬᠡᠬᠡᠨ  ᠤ ᠠᠵᠢᠯ  ᠢ ᠴᠢᠬᠤᠯᠠᠴᠢᠯᠠᠨ ᠲᠠᠮᠵᠢᠵᠣ᠂ ᠪᠠᠩᠬᠢ ᠪᠠ ᠠᠵᠣ ᠠᠬᠤᠶᠢᠯᠠᠯ  ᠤᠨ ᠬᠠᠮᠳᠣᠷᠠᠯᠴᠠᠭ᠎ᠠ  ᠶᠢ ᠢᠳᠡᠪᠬᠢᠳᠠᠢ ᠠᠬᠢᠭᠤᠯᠬᠤ ᠪᠠᠷ ᠭᠤᠣᠯᠳᠠᠯᠭ᠎ᠠ ᠪᠣᠯᠭᠠᠵᠣ᠂ ᠨᠡᠶᠢᠬᠡᠮ ᠤᠨ ᠢᠳᠡᠬᠡᠮᠵᠢ  ᠶᠢᠨ ᠣᠷᠴᠢᠨ  ᠢ ᠰᠢᠯᠢᠳᠡᠭᠵᠢᠬᠦᠯᠦᠨ᠂ ᠲᠦᠷᠦᠯ ᠵᠦᠢᠯ  ᠤᠨ ᠪᠦᠳᠦᠬᠡᠨ ᠪᠠᠶᠢᠭᠤᠯᠣᠯᠳᠠ᠂ ᠠᠵᠣ ᠦᠢᠯᠡᠰ  ᠤᠨ ᠨᠡᠬᠡᠬᠡᠯᠳᠠ᠂ ᠶᠠᠳᠠᠭᠤ  ᠶᠢ ᠲᠠᠳᠬᠦᠬᠦ ᠪᠠ ᠨᠠᠶᠢᠳᠠ  ᠶᠢᠨ ᠦᠮᠴᠢᠯᠠᠯᠳᠣ ᠪᠣᠰᠣ ᠠᠵᠣ ᠠᠬᠤᠢ  ᠶᠢᠨ ᠬᠦᠭᠵᠢᠯᠳᠠ  ᠳᠤ ᠢᠳᠡᠪᠬᠢᠳᠠᠢ ᠪᠠᠷ ᠵᠢᠬᠡᠯᠡᠯᠬᠡ ᠪᠠ ᠪᠡᠯᠨ ᠮᠦᠩᠬᠦᠨ  ᠤ ᠪᠠᠳᠣᠯᠠᠭ᠎ᠠ ᠬᠠᠩᠭᠠᠨ᠎ᠠ᠃ ︵ᠵᠢᠷᠭᠤᠭ᠎ᠠ︶ ᠡᠶ᠎ᠡ ᠨᠠᠶᠢᠷᠠᠮᠳᠠᠭᠤ ᠠᠪᠠᠭ᠎ᠠ ᠨᠣᠳᠤᠭ  ᠢ ᠴᠣᠭᠴᠠᠯᠠᠨ ᠪᠠᠶᠢᠭᠤᠯᠵᠣ᠂ ᠠᠷᠠᠳ  ᠤᠨ ᠠᠮᠢᠳᠣᠷᠠᠯ  ᠢ ᠰᠠᠶᠢᠵᠢᠷᠠᠭᠤᠯᠬᠤ ᠪᠠᠷ ᠭᠤᠣᠯᠳᠠᠯᠭ᠎ᠠ ᠪᠣᠯᠭᠠᠭᠰᠠᠨ ᠨᠡᠶᠢᠬᠡᠮ  ᠤᠨ ᠪᠠᠶᠢᠭᠤᠯᠣᠯᠳᠠ ᠶᠢ ᠲᠦᠷᠬᠡᠳᠬᠡᠨ ᠠᠬᠢᠭᠤᠯᠣᠨ᠎ᠠ  ᠬᠦᠮᠦᠨ  ᠢᠶᠠᠷ ᠦᠨᠳᠣᠰᠣ ᠪᠣᠯᠭᠠᠬᠤ  ᠶᠢ ᠪᠠᠷᠢᠮᠳᠠᠯᠠᠨ᠂ ︽ᠰᠣᠷᠣᠯᠴᠠᠬᠤ  ᠠᠴᠠ ᠰᠣᠷᠭᠠᠭᠤᠯᠢ ᠲᠠᠢ᠂ ᠬᠦᠳᠠᠯᠮᠣᠷᠢᠯᠠᠪᠠᠯ ᠣᠷᠣᠯᠭ᠎ᠠ ᠲᠠᠢ᠂ ᠡᠪᠡᠳᠴᠢᠯᠠᠪᠠᠯ ᠡᠮᠨᠡᠯᠬᠡ ᠲᠠᠢ᠂ ᠦᠳᠡᠯᠪᠠᠯ ᠠᠰᠠᠷᠠᠮᠵᠢ ᠲᠠᠢ᠂ ᠰᠠᠭᠤᠬᠤ  ᠠᠴᠠ ᠣᠷᠣᠨ ᠰᠠᠭᠤᠴᠨ ᠲᠠᠢ︾ ᠬᠠᠷᠠᠯᠳᠠ ᠶᠣᠰᠣᠭᠠᠷ ᠠᠷᠠᠳ  ᠤᠨ ᠠᠮᠢᠳᠣᠷᠠᠯ  ᠢ ᠰᠠᠶᠢᠵᠢᠷᠠᠭᠤᠯᠬᠤ ᠠᠴᠠ ᠭᠠᠷᠳᠠᠵᠣ᠂ ᠨᠡᠶᠢᠬᠡᠮ  ᠤᠨ ᠪᠠᠶᠢᠭᠤᠯᠣᠯᠳᠠ  ᠶᠢ  ᠲᠦᠷᠬᠡᠳᠬᠡᠨ᠂ ᠦᠬᠡᠷᠡᠴᠢᠯᠠᠯᠳᠠ ᠬᠦᠭᠵᠢᠯᠳᠠ  ᠶᠢᠨ ᠦᠷ᠎ᠠ ᠪᠦᠳᠦᠮᠵᠢ  ᠶᠢ ᠠᠷᠠᠳ ᠣᠯᠠᠨ  ᠳᠤ ᠨᠡᠩ ᠣᠯᠠᠨ ᠬᠦᠷᠳᠡᠬᠡᠨ᠎ᠠ᠃ ᠡᠯ᠎ᠠ ᠵᠦᠢᠯ  ᠤᠨ ᠨᠡᠶᠢᠬᠡᠮ  ᠤᠨ ᠠᠵᠢᠯ ᠦᠢᠯᠡᠰ  ᠤᠨ ᠬᠦᠭᠵᠢᠯᠳᠠ  ᠶᠢ ᠲᠦᠷᠬᠡᠳᠬᠡᠨ᠎ᠠ᠃ ᠮᠠᠯ ᠠᠵᠣ ᠠᠬᠤᠢ  ᠶᠢᠨ ᠰᠢᠨᠵᠢᠯᠡᠬᠦ ᠮᠡᠷᠬᠡᠵᠢᠯ  ᠤᠨ ᠦᠢᠯᠡᠴᠢᠯᠡᠬᠡᠨ  ᠤ ᠰᠢᠰᠲ᠋ᠧᠮ  ᠤᠨ ᠪᠠᠶᠢᠭᠤᠯᠣᠯᠳᠠ ᠶᠢ ᠴᠢᠩᠭᠠᠳᠬᠠᠨ᠂ ᠬᠡᠷᠡᠭᠯᠡᠬᠡᠨ  ᠤ ᠮᠡᠷᠬᠡᠵᠢᠯ  ᠤᠨ ᠲᠦᠬᠡᠮᠡᠯᠵᠢᠬᠦᠯᠣᠯᠳᠠ  ᠶᠢᠨ ᠡᠷᠴᠢᠮ  ᠢ ᠴᠢᠩᠭᠠᠯᠠᠵᠣ᠂ ᠰᠢᠨᠵᠢᠯᠡᠬᠦ ᠮᠡᠷᠬᠡᠵᠢᠯ  ᠤᠨ ᠠᠵᠣ ᠠᠬᠤᠢ ᠶᠢᠨ ᠬᠦᠭᠵᠢᠯᠳᠠ  ᠳᠤ ᠦᠵᠡᠬᠦᠯᠬᠦ ᠬᠤᠪᠢ ᠨᠠᠮᠠᠬᠦᠷᠢ  ᠶᠢ ᠲᠡᠬᠡᠭᠰᠢᠯᠡᠬᠦᠯᠦᠨ᠎ᠠ᠃ ᠰᠠᠭᠤᠷᠢ ᠰᠣᠷᠭᠠᠨ ᠬᠦᠮᠦᠵᠢᠯ ᠢ ᠪᠠᠬᠢᠵᠢᠬᠦᠯᠦᠨ᠂ ᠦᠨᠳᠣᠷ ᠲᠣᠮᠳᠠ  ᠶᠢᠨ ᠰᠣᠷᠭᠠᠨ ᠬᠦᠮᠦᠵᠢᠯ ᠢ ᠲᠦᠭᠡᠮᠡᠯᠵᠢᠬᠦᠯᠵᠦ᠂ ᠠᠵᠢᠯ ᠮᠡᠷᠬᠡᠵᠢᠯ  ᠤᠨ ᠰᠣᠷᠭᠠᠨ ᠬᠦᠮᠦᠵᠢᠯ  ᠤᠨ ᠶᠠᠰᠣ ᠴᠢᠨᠠᠷ  ᠢ ᠲᠡᠭᠡᠭᠰᠢᠯᠡᠬᠦᠯᠬᠦ ᠱᠠᠭᠠᠷᠳᠠᠯᠭ᠎ᠠ ᠶᠣᠰᠣᠭᠠᠷ ᠡᠯ᠎ᠠ ᠲᠦᠷᠦᠯ  ᠤᠨ ᠰᠣᠷᠭᠠᠨ ᠬᠦᠮᠦᠵᠢᠯ  ᠢ ᠵᠣᠬᠢᠴᠠᠩᠭᠤᠢ ᠬᠦᠭᠵᠢᠬᠦᠯᠵᠦ᠂ ᠦᠨᠳᠦᠰᠦᠳᠡᠨ  ᠤ ᠰᠤᠷᠭᠠᠨ ᠬᠦᠮᠦᠵᠢᠯ  ᠢ ᠶᠡᠭᠡ ᠬᠦᠴᠦᠨ  ᠢᠶᠠᠷ ᠬᠦᠭᠵᠢᠬᠦᠯᠦᠨ᠎ᠠ᠃ ᠰᠣᠷᠭᠠᠨ ᠬᠦᠮᠦᠵᠢᠯ ᠤᠨ ᠪᠡᠯᠨ ᠣᠷᠣᠭᠤᠯᠣᠯᠳᠠ  ᠶᠢ ᠡᠩ ᠲᠠᠷᠢᠬᠦᠨ ᠳᠤ ᠪᠠᠳᠣᠯᠠᠨ᠂ ᠰᠣᠷᠭᠠᠭᠤᠯᠢ ᠡᠷᠬᠢᠯᠡᠬᠦ ᠨᠦᠬᠦᠴᠡᠯ  ᠢ ᠲᠠᠰᠣᠷᠠᠯᠳᠠ ᠦᠬᠡᠢ ᠰᠠᠶᠢᠵᠢᠷᠠᠭᠤᠯᠵᠣ᠂ ᠮᠣᠩᠭᠤᠯ ᠬᠡᠣᠬᠡᠳ ᠤᠨ ᠴᠠᠴᠡᠷᠯᠢᠭ  ᠤᠨ ᠶᠠᠷᠣᠩᠬᠡᠶᠢᠯᠡᠭᠰᠡᠨ ᠠᠰᠠᠷ ᠪᠠ ᠭᠤᠷᠪᠠᠳᠣᠭᠠᠷ ᠪᠠᠭ᠎ᠠ ᠰᠣᠷᠭᠠᠭᠤᠯᠢ  ᠶᠢᠨ ᠵᠢᠭᠠᠨ ᠰᠣᠷᠭᠠᠯᠳᠠ  ᠶᠢᠨ ᠠᠰᠠᠷ  ᠢ ᠪᠠᠷᠢᠯᠭ᠎ᠠ ᠲᠠᠭᠤᠰᠬᠠᠨ ᠠᠰᠢᠭᠯᠠᠯᠳᠠ  ᠳᠤ ᠣᠷᠣᠭᠤᠯᠣᠨ᠂ ᠮᠣᠩᠭᠤᠯ ᠲᠣᠮᠳᠠᠳᠣ ᠰᠣᠷᠭᠠᠭᠤᠯᠢ  ᠶᠢᠨ ᠴᠠᠬᠢᠯᠭᠠᠨᠴᠢᠯᠠᠭᠰᠠᠨ ᠲᠣᠷᠰᠢᠯᠳᠠ ᠶᠢᠨ ᠠᠰᠠᠷ᠂ ᠨᠢᠬᠡᠳᠣᠬᠡᠷ ᠲᠣᠮᠳᠠᠳᠣ ᠰᠣᠷᠭᠠᠭᠤᠯᠢ  ᠶᠢᠨ ᠰᠣᠷᠣᠭᠴᠢ  ᠶᠢᠨ ᠪᠠᠶᠢᠷᠢ ᠪᠠ ᠨᠢᠬᠡᠳᠣᠬᠡᠷ ᠪᠠᠭ᠎ᠠ ᠰᠣᠷᠭᠠᠭᠤᠯᠢ  ᠶᠢᠨ ᠬᠤᠭᠤᠯᠠᠨ ᠬᠡᠷ  ᠤᠨ ᠪᠠᠷᠢᠯᠭ᠎ᠠ  ᠶᠢ ᠡᠬᠢᠯᠡᠬᠦᠯᠬᠦ ᠪᠠᠷ ᠴᠢᠷᠮᠠᠶᠢᠨ᠎ᠠ᠃  ︽ᠬᠤᠶᠠᠷ ᠢ ᠬᠡᠯᠳᠣᠷᠢᠬᠦᠯᠵᠣ ᠨᠢᠬᠡ  ᠶᠢ ᠨᠦᠬᠦᠪᠣᠷᠢᠯᠡᠬᠦ︾᠂ ᠠᠯᠪᠠᠨ ᠵᠢᠷᠣᠮ  ᠤᠨ ᠰᠣᠷᠭᠠᠨ ᠬᠦᠮᠦᠵᠢᠯ  ᠤᠨ ᠱᠠᠳᠣᠨ  ᠳᠠᠬᠢ ᠮᠣᠩᠭᠤᠯ ᠰᠣᠷᠭᠠᠭᠤᠯᠢ  ᠶᠢᠨ ᠪᠠᠶᠢᠷᠢ  ᠶᠢᠨ ᠰᠣᠷᠣᠭᠴᠢᠳ  ᠲᠤ ᠠᠮᠢᠳᠣᠷᠠᠯ  ᠤᠨ ᠨᠦᠬᠦᠪᠣᠷᠢ ᠣᠯᠭᠤᠬᠤ᠂ ᠰᠣᠷᠬᠤ ᠨᠠᠰᠣᠨ  ᠠᠴᠠ ᠡᠮᠣᠨᠡᠬᠢ ᠮᠣᠩᠭᠤᠯ  ᠢᠶᠠᠷ ᠬᠢᠴᠢᠶᠠᠯᠯᠠᠬᠦ ᠬᠡᠣᠬᠡᠳ  ᠤᠨ ᠠᠰᠠᠷᠠᠬᠤ ᠰᠦᠢᠳᠬᠡᠯ ᠪᠠ ᠬᠠᠮᠢᠶᠠᠷᠣᠯᠳᠠ  ᠶᠢᠨ ᠰᠦᠢᠳᠬᠡᠯ  ᠢ ᠬᠡᠯᠳᠣᠷᠢᠬᠦᠯᠬᠦ᠂ ᠮᠠᠯᠵᠢᠬᠤ ᠣᠷᠣᠨ  ᠤ ᠦᠨᠳᠣᠷ ᠲᠣᠮᠳᠠ  ᠶᠢᠨ ᠰᠣᠷᠣᠭᠴᠢᠳ  ᠲᠤ ᠨᠦᠬᠦᠪᠣᠷᠢ ᠣᠯᠭᠤᠬᠤ ᠵᠡᠷᠬᠡ ᠲᠦᠷᠦ  ᠶᠢᠨ ᠪᠣᠳᠣᠯᠭ᠎ᠠ  ᠶᠢ ᠴᠢᠩᠭ᠎ᠠ  ᠨᠠᠶᠢᠳᠠᠪᠣᠷᠢᠵᠢᠭᠤᠯᠣᠨ᠂  ︽ᠶᠠᠳᠠᠭᠤ ᠬᠦᠴᠢᠷᠳᠠᠯᠳᠠᠢ ᠬᠡᠷ ᠪᠦᠯᠢ  ᠶᠢᠨ ᠣᠶᠣᠳᠠᠳ ᠢ ᠲᠣᠰᠠᠯᠠᠨ ᠲᠠᠮᠵᠢᠬᠦ ᠰᠢᠰᠲ᠋ᠧᠮ︾ ᠤᠨ ᠪᠠᠶᠢᠭᠤᠯᠣᠯᠳᠠ  ᠶᠢ ᠲᠡᠬᠦᠯᠳᠠᠷᠵᠢᠬᠦᠯᠵᠣ᠂ ᠲᠠᠷᠢᠬᠦᠨ  ᠤ ᠪᠠᠭᠰᠢ  ᠶᠢ ᠱᠠᠩᠨᠠᠨ ᠬᠦᠬᠢᠬᠦᠯᠬᠦ ᠵᠣᠬᠢᠴᠠᠮᠵᠢ  ᠶᠢ  ᠪᠦᠷᠢᠨᠰᠢᠬᠦᠯᠦᠨ᠂ ᠱᠠᠩᠨᠠᠨ ᠬᠦᠬᠢᠬᠦᠯᠬᠦ ᠰᠠᠭᠤᠷᠢ ᠮᠦᠡᠭᠭᠦᠨ  ᠤ ᠬᠡᠪᠴᠢᠶ᠎ᠠ  ᠶᠢ ᠦᠷᠬᠡᠳᠬᠡᠵᠣ᠂ ᠱᠠᠩᠨᠠᠬᠤ ᠪᠠᠷᠢᠮᠵᠢᠶ᠎ᠠ ᠶᠢ ᠲᠡᠬᠡᠭᠰᠢᠯᠡᠬᠦᠯᠦᠨ᠎ᠠ᠃ ᠪᠠᠭᠰᠢ  ᠶᠢᠨ ᠡᠩᠨᠡᠬᠡᠨ  ᠤ ᠬᠠᠮᠢᠶᠠᠷᠣᠯᠳᠠ ᠪᠠ ᠪᠣᠯᠪᠠᠰᠣᠷᠠᠯ  ᠢ ᠴᠢᠩᠭᠠᠳᠬᠠᠵᠣ᠂ ᠪᠠᠭᠰᠢ  ᠶᠢᠨ ᠡᠩᠨᠡᠬᠡᠨ  ᠤ ᠴᠢᠨᠠᠷ ᠴᠢᠨᠰᠠᠭ᠎ᠠ  ᠶᠢ ᠲᠡᠬᠡᠭᠰᠢᠯᠡᠬᠦᠯᠦᠨ᠂ ᠪᠠᠭᠰᠢ  ᠶᠢᠨ ᠬᠡᠪ ᠰᠣᠷᠳᠠᠯ  ᠤᠨ ᠪᠠᠶᠢᠭᠤᠯᠣᠯᠳᠠ  ᠶᠢ ᠴᠢᠩᠭᠠᠳᠬᠠᠨ᠎ᠠ᠃ ᠦᠨᠳᠣᠰᠣᠳᠠᠨ ᠤ ᠵᠠᠩ ᠵᠠᠩᠰᠢᠯ ᠪᠠ ᠰᠣᠶᠣᠯ ᠢ ᠰᠡᠷᠬᠦᠬᠡᠨ ᠬᠦᠭᠵᠢᠬᠦᠯᠵᠣ᠂ ᠦᠨᠳᠣᠰᠣᠳᠠᠨ  ᠤ ᠰᠣᠶᠣᠯ  ᠤᠨ ᠰᠣᠳᠣᠨ ᠪᠦᠳᠦᠬᠡᠭᠳᠡᠬᠦᠨ  ᠢ ᠵᠣᠬᠢᠶᠠᠨ ᠪᠦᠳᠦᠬᠡᠵᠣ᠂ ᠣᠯᠠᠨ ᠲᠦᠮᠠᠨᠴᠢ ᠴᠢᠨᠠᠷᠳᠠᠢ ᠰᠣᠶᠣᠯ ᠲᠠᠮᠢᠷ  ᠤᠨ ᠬᠦᠳᠠᠯᠬᠡᠬᠡᠨ ᠢ ᠦᠷᠬᠡᠨ ᠲᠠᠯᠬᠡᠷᠡᠩᠬᠦᠢ ᠵᠣᠬᠢᠶᠠᠨ ᠪᠠᠶᠢᠭᠤᠯᠵᠣ᠂ ᠲᠠᠭᠤᠣ ᠬᠦᠭᠵᠢᠮ ᠲᠦᠷᠢ ᠰᠢᠩᠬᠡᠬᠡᠯᠳᠠ᠂ ᠲᠣᠭᠯᠠᠭᠠᠮ᠂ ᠲᠣᠭᠯᠠᠯᠳᠠ᠂ ᠲᠣᠣᠷ ᠰᠦᠯᠵᠢᠶ᠎ᠠ᠂ ᠨᠣᠮ ᠰᠠᠳᠬᠦᠯ ᠵᠠᠷᠬᠡ ᠵᠠᠬ᠎ᠠ ᠲᠠᠯᠬᠡᠬᠦᠷ  ᠢ ᠪᠠᠶᠢᠴᠠᠭᠠᠨ ᠴᠡᠭᠴᠡᠯᠡᠵᠣ᠂ ᠡᠷᠡᠬᠦᠯ ᠴᠢᠬᠢᠷᠠᠭ᠂ ᠡᠶ᠎ᠡ ᠨᠠᠶᠢᠷᠠᠮᠳᠠᠭᠤ ᠰᠣᠶᠣᠯ  ᠤᠨ ᠣᠷᠴᠢᠨ ᠠᠬᠤᠢ  ᠶᠢ ᠪᠣᠢ ᠪᠣᠯᠭᠠᠨ᠂ ᠷᠠᠳᠢᠣ᠋ ᠲᠧᠯᠸᠢᠰ  ᠤᠨ ᠦᠢᠯᠡᠰ ᠤᠨ ᠬᠦᠭᠵᠢᠯᠳᠠ  ᠶᠢ ᠲᠦᠷᠬᠡᠳᠬᠡᠨ᠂ ᠲᠧᠯᠸᠢᠰ  ᠤᠨ ᠲᠣᠭᠠᠵᠢᠭᠤᠯᠣᠯᠳᠠ  ᠶᠢ ᠪᠡᠶᠡᠯᠡᠬᠦᠯᠣᠨ᠎ᠠ᠃ ᠭᠤᠷᠪᠠᠨ ᠱᠠᠳᠣᠨ  ᠤ ᠡᠮᠴᠢᠯᠡᠬᠡᠨ  ᠤ ᠪᠠᠶᠢᠭᠤᠯᠣᠮᠵᠢ  ᠶᠢᠨ ᠰᠠᠭᠤᠷᠢ ᠲᠦᠬᠦᠬᠡᠷᠦᠮᠵᠢ  ᠶᠢᠨ ᠨᠦᠬᠦᠴᠡᠯ  ᠢ ᠦᠷᠬᠦᠯᠵᠢᠯᠠᠨ ᠰᠠᠶᠢᠵᠢᠷᠠᠭᠤᠯᠵᠣ᠂ ᠬᠤᠰᠢᠭᠤ ᠡᠮᠨᠡᠯᠬᠡ  ᠶᠢᠨ ᠬᠤᠷᠢᠶᠠᠨ ᠤ ᠡᠪᠡᠳᠴᠢᠳᠠᠨ ᠤ ᠠᠰᠠᠷ᠂ ᠮᠣᠩᠭᠤᠯ ᠡᠮᠨᠡᠯᠬᠡ  ᠶᠢᠨ ᠬᠤᠷᠢᠶᠠᠨ  ᠤ ᠡᠬᠦᠳᠠᠨ ᠡᠮᠨᠡᠯᠬᠡ  ᠶᠢᠨ ᠠᠰᠠᠷ᠂ ᠬᠢᠵᠢᠭ ᠰᠡᠷᠬᠡᠶᠢᠯᠡᠬᠦ ᠲᠦᠪ  ᠤᠨ ᠠᠯᠪᠠᠨ ᠠᠰᠠᠷ ᠵᠠᠷᠬᠡ ᠪᠠᠷᠢᠯᠭ᠎ᠠ  ᠶᠢ ᠲᠠᠭᠤᠰᠬᠠᠨ᠂ ᠰᠣᠮᠣᠨ  ᠤ ᠡᠷᠡᠬᠦᠯ ᠬᠠᠮᠠᠭᠠᠯᠠᠯ ᠤᠨ ᠬᠤᠷᠢᠶ᠎ᠠ᠂ ᠭᠠᠴᠠᠭᠠᠨ  ᠤ ᠡᠷᠡᠬᠦᠯ ᠬᠠᠮᠠᠭᠠᠯᠠᠯ  ᠤᠨ ᠲᠠᠰᠤᠭ  ᠤᠨ ᠦᠨᠳᠣᠰᠣᠨ ᠪᠠᠶᠢᠭᠤᠯᠣᠯᠳᠠ  ᠶᠢ ᠴᠢᠩᠭᠠᠳᠬᠠᠵᠣ᠂ ᠴᠢᠳᠠᠪᠣᠷᠢᠳᠠᠨ ᠢ ᠣᠷᠢᠨ ᠣᠷᠣᠭᠤᠯᠬᠤ ᠪᠠ ᠠᠵᠢᠯ  ᠤᠨ ᠪᠠᠶᠢᠷᠢ  ᠶᠢᠨ ᠪᠣᠯᠪᠠᠰᠣᠷᠠᠯ  ᠢ ᠴᠢᠩᠭᠠᠳᠬᠠᠨ᠂ ᠡᠮᠴᠢᠯᠡᠬᠡᠨ  ᠤ ᠠᠵᠢᠯᠳᠠᠨ  ᠤ ᠲᠣᠬᠠᠶᠢᠯᠠᠭᠰᠠᠨ ᠠᠵᠢᠯ  ᠤᠨ ᠬᠢᠷᠢ ᠲᠦᠪᠰᠢᠨ  ᠢ ᠲᠡᠬᠡᠭᠰᠢᠯᠡᠬᠦᠯᠵᠣ᠂ ᠮᠠᠯᠵᠢᠬᠤ ᠣᠷᠣᠨ  ᠤ ᠰᠢᠨ᠎ᠠ ᠬᠡᠯᠪᠡᠷᠢ  ᠶᠢᠨ ᠬᠤᠷᠰᠢᠭᠰᠠᠨ ᠡᠮᠴᠢᠯᠡᠭᠡ  ᠶᠢᠨ ᠲᠠᠭᠠᠳᠬᠠᠯ ᠤᠨ ᠪᠦᠷᠬᠦᠴᠨ  ᠶᠢᠨ ᠬᠡᠪᠴᠢᠶ᠎ᠠ  ᠶᠢ ᠦᠷᠬᠦᠯᠵᠢᠯᠠᠨ ᠦᠷᠬᠡᠳᠬᠡᠵᠣ᠂ ᠬᠠᠷᠠᠭᠠᠯᠵᠠᠭᠰᠠᠨ ᠨᠦᠬᠦᠪᠣᠷᠢ  ᠶᠢᠨ ᠪᠠᠷᠢᠮᠵᠢᠶ᠎ᠠ ᠶᠢ ᠲᠡᠬᠡᠭᠰᠢᠯᠡᠬᠦᠯᠦᠨ᠎ᠠ᠃  ᠣᠷᠴᠢᠨ ᠲᠣᠭᠤᠷᠢᠨ ᠤ ᠡᠷᠡᠬᠦᠯ ᠬᠠᠮᠠᠭᠠᠯᠠᠯ  ᠢ ᠶᠠᠷᠣᠩᠬᠡᠶᠢᠯᠡᠨ ᠴᠡᠭᠴᠡᠯᠡᠬᠦ ᠬᠠᠷᠢᠭᠤᠴᠠᠯᠭ᠎ᠠ  ᠶᠢᠨ ᠲᠦᠷᠢᠮ  ᠢ ᠨᠠᠶᠢᠳᠠᠪᠣᠷᠢᠵᠢᠭᠤᠯᠣᠨ᠂ ᠣᠯᠠᠨ ᠲᠦᠮᠠᠨᠴᠢ ᠴᠢᠨᠠᠷᠳᠠᠢ ᠣᠯᠣᠰ  ᠢᠶᠠᠨ ᠬᠠᠶᠢᠷᠠᠯᠠᠬᠤ ᠡᠷᠡᠬᠦᠯ ᠬᠠᠮᠠᠭᠠᠯᠠᠯ ᠤᠨ ᠬᠦᠳᠡᠯᠬᠡᠬᠡᠨ  ᠢ ᠬᠦᠨᠵᠡᠬᠡᠢ ᠦᠷᠨᠢᠬᠦᠯᠵᠣ ᠂ ᠬᠤᠳᠠ ᠬᠦᠳᠡᠭᠡ ᠶᠢᠨ ᠣᠷᠴᠢᠨ ᠲᠣᠭᠤᠷᠢᠨ  ᠢ ᠢᠯᠡᠳᠳᠠ ᠰᠠᠶᠢᠵᠢᠷᠠᠭᠤᠯᠵᠣ᠂ ᠢᠳᠡᠬᠡᠨ ᠣᠮᠳᠠᠭᠠᠨ ᠡᠮ ᠤᠨ ᠵᠦᠢᠯᠡᠰ  ᠤᠨ ᠵᠠᠬ᠎ᠠ ᠲᠠᠯᠬᠡᠬᠦᠷ  ᠤᠨ ᠬᠢᠨᠠᠨ ᠬᠠᠮᠢᠶᠠᠷᠣᠯᠳᠠ  ᠶᠢ ᠴᠢᠩᠭᠠᠳᠬᠠᠨ᠂ ᠠᠷᠠᠳ ᠣᠯᠠᠨ  ᠤ ᠢᠳᠡᠬᠡᠨ ᠣᠮᠳᠠᠭᠠᠨ ᠤ ᠡᠷᠡᠬᠦᠯ ᠬᠠᠮᠠᠭᠠᠯᠠᠯ ᠪᠠ ᠡᠮ  ᠤᠨ ᠵᠦᠢᠯᠡᠰ  ᠤᠨ ᠠᠮᠣᠷ ᠲᠦᠪᠰᠢᠨ  ᠢ ᠪᠠᠳᠣᠯᠠᠨ᠎ᠠ᠃ ᠬᠦᠮᠦᠨ ᠠᠮᠨ ᠪᠠ ᠲᠦᠯᠦᠪᠯᠡᠬᠡᠳᠣ ᠦᠷᠠᠵᠢᠯ ᠤᠨ ᠠᠵᠢᠯ ᠢ ᠯᠠᠪᠳᠠᠭᠤᠨ ᠪᠠᠳᠣᠳᠠᠢ ᠬᠢᠵᠣ᠂ ᠮᠠᠷᠬᠡᠵᠢᠯ ᠤᠨ ᠦᠢᠯᠡᠴᠢᠯᠡᠭᠡ ᠶᠢ ᠴᠢᠩᠭᠠᠳᠬᠠᠨ᠂ ᠲᠣᠣᠷ᠎ᠠ ᠦᠰᠦᠯᠳᠠ  ᠶᠢᠨ ᠬᠢᠷᠢ ᠲᠦᠪᠰᠢᠨ ᠢ ᠲᠣᠭᠳᠠᠪᠣᠷᠢᠵᠢᠭᠤᠯᠵᠣ᠂ ᠬᠦᠮᠦᠨ ᠠᠮᠨ  ᠶᠢᠨ ᠬᠡᠪ ᠴᠢᠨᠠᠷ  ᠢ ᠲᠡᠬᠡᠭᠰᠢᠯᠡᠬᠦᠯᠦᠨ᠎ᠠ᠃ ᠠᠵᠢᠯᠴᠢᠨ  ᠤ ᠡᠪᠯᠡᠯ᠂ ᠵᠠᠯᠠᠭᠤᠴᠣᠳ  ᠤᠨ ᠡᠪᠯᠡᠯ᠂ ᠡᠮᠡᠭᠳᠠᠶᠢᠴᠣᠳ᠂ ᠬᠤᠶᠢᠴᠢ ᠦᠶ᠎ᠠ ᠪᠠᠨ ᠬᠠᠯᠠᠮᠵᠢᠯᠠᠬᠤ ᠠᠵᠢᠯ ᠦᠢᠯᠡᠰ ᠢ ᠣᠯᠠᠮ ᠴᠢᠨᠠᠭᠰᠢᠳᠠ ᠬᠦᠭᠵᠢᠬᠦᠯᠦᠨ᠂ ᠲᠠᠩᠰᠨ ᠡᠪᠬᠡᠮᠡᠯ᠂ ᠲᠠᠣᠬᠡ ᠣᠶᠢᠯᠠᠯᠭ᠎ᠠ᠂ ᠴᠠᠭ ᠠᠭᠤᠷ  ᠤᠨ ᠠᠵᠢᠯ  ᠢ ᠴᠢᠩᠭᠠᠳᠬᠠᠨ᠎ᠠ᠃ ᠨᠡᠶᠢᠬᠡᠮ  ᠤᠨ ᠪᠠᠳᠣᠯᠠᠭ᠎ᠠ  ᠶᠢ ᠯᠠᠪᠳᠠᠭᠤᠨ ᠪᠠᠳᠣᠳᠠᠢ ᠠᠬᠢᠭᠤᠯᠣᠨ᠎ᠠ᠃ ᠨᠡᠶᠢᠬᠡᠮ  ᠤᠨ ᠪᠠᠳᠣᠯᠠᠭ᠎ᠠ  ᠶᠢᠨ ᠰᠢᠰᠲ᠋ᠧᠮ  ᠤᠨ ᠪᠠᠶᠢᠭᠤᠯᠣᠯᠳᠠ  ᠶᠢ ᠣᠯᠠᠮ ᠴᠢᠩᠭᠠᠳᠬᠠᠨ᠂ ᠨᠠᠰᠣᠵᠢᠯ᠂ ᠡᠮᠴᠢᠯᠡᠭᠡ᠂ ᠠᠵᠢᠯ ᠠᠯᠳᠠᠭᠰᠠᠨ᠂ ᠠᠵᠢᠯ  ᠤᠨ ᠰᠢᠷᠬᠠᠳᠣᠯ᠂ ᠬᠦᠩᠬᠡᠵᠢᠯ  ᠤᠨ ᠲᠠᠭᠠᠳᠬᠠᠯ  ᠳᠤ ᠤᠷᠤᠯᠴᠠᠬᠤ ᠬᠡᠪᠴᠢᠶ᠎ᠠ  ᠶᠢ ᠦᠷᠬᠡᠳᠬᠡᠵᠣ᠂ ᠨᠡᠶᠢᠬᠡᠮ  ᠤᠨ ᠲᠠᠭᠠᠳᠬᠠᠯ  ᠤᠨ ᠰᠦᠢᠳᠬᠡᠯ  ᠢ ᠬᠤᠷᠢᠶᠠᠬᠤ ᠠᠵᠢᠯ  ᠢ ᠴᠢᠩᠭᠠᠳᠬᠠᠨ᠂ ᠨᠠᠰᠣᠵᠢᠯ ᠤᠨ ᠲᠠᠭᠠᠳᠬᠠᠯ  ᠤᠨ ᠬᠤᠪᠢ ᠬᠦᠮᠦᠨ  ᠤ ᠲᠠᠩᠰᠨ  ᠶᠢ ᠨᠠᠷᠢᠨ ᠪᠣᠳᠠᠳᠠᠢ ᠬᠢᠵᠣ᠂ ︽ᠪᠠᠳᠣᠯᠠᠬᠤ ᠵᠣᠬᠢᠰᠳᠠᠢ ᠪᠦᠬᠦᠨ  ᠢ ᠪᠠᠳᠣᠯᠠᠵᠣ᠂ ᠲᠦᠷᠦᠯ ᠬᠤᠪᠢᠶᠠᠨ ᠪᠠᠳᠣᠯᠠᠭ᠎ᠠ ᠬᠠᠩᠭᠠᠬᠤ︾ ᠵᠠᠷᠴᠢᠮ ᠢ ᠪᠠᠷᠢᠮᠳᠠᠯᠠᠨ᠂ ᠬᠤᠳᠠ ᠬᠦᠳᠡᠭᠡ  ᠶᠢᠨ ᠨᠠᠭᠠᠳᠣ ᠵᠠᠬ᠎ᠠ  ᠶᠢᠨ ᠠᠮᠢᠳᠣᠷᠠᠯ  ᠤᠨ ᠪᠠᠳᠣᠯᠠᠭ᠎ᠠ ᠪᠠ ᠡᠮᠴᠢᠯᠡᠬᠡᠨ  ᠤ ᠠᠪᠣᠷᠠᠨ ᠲᠣᠰᠠᠯᠠᠬᠤ ᠢᠨᠵᠧᠨᠧᠷᠢᠩ  ᠢ ᠰᠠᠶᠢᠳᠣᠷ ᠬᠡᠷᠡᠭᠵᠢᠬᠦᠯᠦᠨ᠎ᠠ ᠃ ︽ᠬᠠᠪᠣᠷ ᠤᠨ ᠬᠤᠷ᠎ᠠ ᠵᠠᠮᠳᠡᠭᠴᠣᠳ  ᠢ ᠲᠣᠰᠠᠯᠠᠬᠤ ᠢᠨᠵᠧᠨᠧᠷᠢᠩ︾  ᠢ ᠬᠦᠨᠵᠡᠬᠡᠢ ᠦᠷᠨᠢᠬᠦᠯᠵᠣ᠂  ᠵᠡᠮᠳᠡᠭᠴᠣᠳ  ᠤᠨ ᠠᠮᠢᠳᠣᠷᠠᠯ  ᠢ ᠰᠠᠶᠢᠵᠢᠷᠠᠭᠤᠯᠣᠨ᠂ ᠨᠠᠰᠣᠳᠠᠶᠢᠴᠣᠳ  ᠤᠨ ᠠᠵᠢᠯ  ᠢ ᠴᠢᠩᠭᠠᠳᠬᠠᠨ᠂ ᠨᠠᠰᠣᠳᠠᠶᠢᠴᠣᠳ ᠤᠨ ᠬᠠᠣᠯᠢ ᠶᠣᠰᠣᠨ  ᠤ ᠡᠷᠬᠡ ᠠᠰᠢᠭ  ᠢ ᠦᠨᠡᠨᠬᠦ ᠬᠠᠮᠠᠭᠠᠯᠠᠨ᠎ᠠ᠃ ᠶᠠᠳᠠᠭᠤ  ᠶᠢ ᠲᠠᠳᠬᠦᠬᠦ ᠠᠵᠢᠯ  ᠢ ᠴᠢᠩᠭᠠᠳᠬᠠᠵᠣ᠂ ᠡᠯ᠎ᠠ ᠵᠦᠢᠯ  ᠤᠨ ᠶᠠᠳᠠᠭᠤ  ᠶᠢ ᠲᠠᠳᠬᠦᠬᠦ ᠢᠨᠵᠧᠨᠧᠷᠢᠩ  ᠢ ᠰᠠᠶᠢᠳᠣᠷ ᠬᠡᠷᠡᠭᠵᠢᠬᠦᠯᠦᠨ᠎ᠠ᠃ ᠠᠵᠢᠯ ᠣᠯᠭᠤᠬᠤ ᠪᠠ ᠲᠠᠬᠢᠨ ᠠᠵᠢᠯ ᠣᠯᠭᠤᠬᠤ ᠲᠦᠷᠦ  ᠶᠢᠨ ᠪᠣᠳᠣᠯᠭ᠎ᠠ  ᠶᠢ ᠨᠠᠶᠢᠳᠠᠪᠣᠷᠢᠵᠢᠭᠤᠯᠣᠨ᠂ ᠠᠵᠢᠯ ᠣᠯᠭᠤᠬᠤ ᠪᠣᠯᠪᠠᠰᠣᠷᠠᠯ ᠪᠠ ᠦᠢᠯᠡᠴᠢᠯᠡᠭᠡ  ᠶᠢ ᠦᠨᠡᠨᠬᠦ ᠰᠠᠶᠢᠳᠣᠷ ᠬᠢᠵᠣ᠂ ᠲᠣᠰ ᠵᠢᠯ 3000 ᠠᠵᠢᠯ  ᠤᠨ ᠪᠠᠶᠢᠷᠢ ᠴᠣᠭᠯᠠᠭᠤᠯᠵᠣ᠂ 1200 ᠬᠦᠮᠦᠨ  ᠳᠤ ᠠᠵᠢᠯ ᠣᠯᠭᠤᠨ ᠲᠦᠪᠬᠢᠨᠡᠬᠦᠯᠦᠨ᠎ᠠ᠃ ᠠᠷᠠᠳᠴᠢᠯᠠᠯ ᠬᠠᠣᠯᠢ ᠲᠦᠷᠢᠮ  ᠤᠨ ᠪᠠᠶᠢᠭᠤᠯᠣᠯᠳᠠ  ᠶᠢ ᠴᠢᠩᠭᠠᠳᠬᠠᠨ᠎ᠠ᠃ ᠠᠷᠠᠳ  ᠤᠨ ᠲᠦᠯᠦᠬᠡᠯᠡᠭᠴᠢᠳ  ᠤᠨ ᠶᠡᠭᠡ ᠬᠤᠷᠠᠯ  ᠤᠨ ᠬᠠᠣᠯᠢ ᠪᠠᠷ ᠬᠢᠨᠠᠯᠳᠠ ᠲᠠᠯᠪᠢᠬᠤ ᠴᠢᠳᠠᠪᠬᠢ ᠪᠠᠨ ᠬᠦᠢᠴᠡᠳᠬᠡᠬᠦ ᠶᠢ ᠲᠠᠮᠵᠢᠨ᠂ ᠣᠯᠣᠰ ᠲᠦᠷᠦ  ᠶᠢᠨ ᠵᠦᠪᠯᠡᠯᠬᠡᠨ  ᠤ ᠣᠯᠣᠰ ᠲᠦᠷᠦ ᠪᠠᠷ ᠵᠦᠪᠯᠡᠬᠦ᠂ ᠠᠷᠠᠳᠴᠢᠯᠠᠯ  ᠢᠶᠠᠷ ᠬᠢᠨᠠᠯᠳᠠ ᠲᠠᠯᠪᠢᠬᠤ ᠪᠠ ᠵᠠᠰᠠᠭ ᠲᠤ ᠣᠷᠣᠯᠴᠠᠨ ᠵᠠᠰᠠᠭ  ᠢ ᠶᠠᠷᠢᠯᠴᠠᠬᠤ ᠴᠢᠳᠠᠪᠬᠢ ᠪᠠᠨ ᠬᠦᠢᠴᠡᠳᠬᠡᠬᠦ  ᠶᠢ ᠲᠠᠮᠵᠢᠵᠣ᠂ ᠰᠢᠢᠳᠪᠣᠷᠢᠳᠣ ᠪᠣᠳᠣᠯᠭ᠎ᠠ  ᠶᠢᠨ ᠰᠢᠨᠵᠢᠯᠡᠬᠦ ᠣᠬᠠᠭᠠᠨᠴᠢᠯᠠᠯᠳᠠ᠂ ᠠᠷᠠᠳᠴᠢᠯᠠᠯᠳᠠ᠂ ᠬᠠᠣᠯᠢᠵᠢᠯᠳᠠ ᠶᠢ ᠠᠬᠢᠭᠤᠯᠣᠨ᠎ᠠ᠃ ᠠᠷᠠᠳ  ᠤᠨ ᠲᠦᠯᠦᠬᠡᠯᠡᠭᠴᠢᠳ  ᠤᠨ ᠰᠠᠨᠠᠯ᠂ ᠰᠢᠬᠦᠮᠵᠢ᠂ ᠰᠠᠨᠠᠭᠤᠯᠭ᠎ᠠ ᠪᠠ ᠣᠯᠣᠰ ᠲᠦᠷᠦ  ᠶᠢᠨ ᠵᠦᠪᠯᠡᠯᠬᠡᠨ  ᠤ ᠬᠡᠰᠢᠬᠦᠳ  ᠤᠨ ᠲᠣᠷᠠᠳᠣᠯᠭ᠎ᠠ  ᠶᠢ ᠰᠢᠢᠳᠪᠣᠷᠢᠯᠠᠨ ᠨᠠᠶᠢᠳᠠᠪᠣᠷᠢᠵᠢᠭᠤᠯᠬᠤ ᠠᠵᠢᠯ  ᠢ ᠰᠠᠶᠢᠳᠣᠷ ᠠᠳᠬᠤᠨ᠎ᠠ᠃ ᠦᠨᠳᠣᠰᠣᠨ ᠱᠠᠳᠣᠨ  ᠤ ᠠᠷᠠᠳᠴᠢᠯᠠᠯ  ᠢ ᠲᠠᠰᠣᠷᠠᠯᠳᠠ ᠦᠬᠡᠢ ᠦᠷᠬᠡᠳᠬᠡᠨ᠂ ︽ᠭᠤᠷᠪᠠ  ᠶᠢ ᠢᠯᠨ ᠪᠣᠯᠭᠠᠬᠤ︾ ᠲᠦᠷᠢᠮ  ᠢ ᠪᠦᠬᠦ ᠲᠠᠯ᠎ᠠ ᠪᠠᠷ ᠨᠠᠶᠢᠳᠠᠪᠣᠷᠢᠵᠢᠭᠤᠯᠵᠣ᠂ ᠡᠷᠬᠡᠳᠣ ᠠᠷᠠᠳ  ᠤᠨ ᠠᠷᠠᠳᠴᠢᠯᠠᠯ  ᠤᠨ ᠡᠷᠬᠡ  ᠶᠢ ᠪᠠᠳᠣᠯᠠᠨ᠂ ᠨᠡᠶᠢᠬᠡᠮ ᠲᠣᠭᠤᠷᠢᠭ  ᠤᠨ ᠪᠠᠶᠢᠭᠤᠯᠣᠯᠳᠠ  ᠶᠢ ᠴᠢᠩᠭᠠᠳᠬᠠᠨ᠂ ᠰᠢᠨ᠎ᠠ ᠬᠡᠯᠪᠡᠷᠢ ᠶᠢᠨ ᠨᠡᠶᠢᠬᠡᠮ ᠲᠣᠭᠤᠷᠢᠭ  ᠤᠨ ᠬᠠᠮᠢᠶᠠᠷᠣᠯᠳᠠ ᠪᠠ ᠦᠢᠯᠡᠴᠢᠯᠡᠬᠡᠨ  ᠤ ᠰᠢᠰᠲ᠋ᠧᠮ  ᠢ ᠪᠠᠶᠢᠭᠤᠯᠣᠨ ᠪᠦᠷᠢᠨᠰᠢᠬᠦᠯᠵᠣ᠂ ᠰᠠᠭᠤᠭᠠᠯᠢ ᠠᠷᠠᠳ ᠤᠨ ᠦᠪᠡᠷᠳᠡᠬᠡᠨ ᠵᠠᠰᠠᠬᠤ  ᠶᠢ ᠣᠯᠠᠮ ᠲᠠᠬᠦᠯᠳᠠᠷᠵᠢᠬᠦᠯᠦᠨ᠂ ᠨᠡᠶᠢᠬᠡᠮ  ᠤᠨ ᠬᠠᠮᠢᠶᠠᠷᠣᠯᠳᠠ ᠶᠢᠨ ᠬᠢᠷᠢ ᠲᠦᠪᠰᠢᠨ  ᠢᠶᠠᠨ ᠲᠡᠬᠡᠭᠰᠢᠯᠡᠬᠦᠯᠦᠨ᠎ᠠ᠃ ︽ᠲᠠᠪᠣᠳᠣᠭᠠᠷ ᠲᠠᠪᠣᠨ ᠵᠢᠯ︾  ᠤᠨ ᠬᠠᠣᠯᠢ ᠲᠦᠬᠡᠮᠡᠯᠵᠢᠬᠦᠯᠬᠦ ᠠᠵᠢᠯᠯᠠᠭ᠎ᠠ ᠶᠢ ᠬᠦᠨᠵᠡᠬᠡᠢ ᠦᠷᠨᠢᠬᠦᠯᠵᠣ᠂ ᠨᠡᠶᠢᠬᠡᠮ ᠲᠠᠶᠠᠭᠠᠷ ᠣᠬᠠᠮᠰᠠᠷ  ᠠᠴᠠ ᠪᠠᠨ ᠬᠠᠣᠯᠢ ᠰᠣᠷᠴᠣ ᠬᠠᠤᠯᠢ  ᠶᠢ ᠵᠢᠷᠤᠮᠯᠠᠨ᠂ ᠬᠠᠣᠯᠢ ᠬᠡᠷᠡᠭᠯᠡᠬᠦ ᠣᠬᠢ ᠰᠠᠶᠢᠨ ᠣᠷᠴᠢᠨ ᠢ ᠪᠣᠢ ᠪᠣᠯᠭᠠᠨ᠂ ᠬᠠᠣᠯᠢ ᠴᠠᠭᠠᠵᠨ  ᠶᠢᠨ ᠲᠦᠪ ᠭᠤᠣᠯᠴᠢ ᠶᠢ ᠪᠠᠳᠣᠯᠠᠵᠣ᠂ ᠨᠡᠶᠢᠬᠡᠮ ᠤᠨ ᠡᠷᠬᠡ ᠲᠡᠭᠰᠢ ᠪᠠᠶᠢᠬᠤ  ᠶᠢ ᠠᠬᠢᠭᠤᠯᠣᠨ᠎ᠠ᠃ ᠵᠦᠷᠢᠴᠠᠯ ᠵᠢᠭᠤᠷᠠᠯᠳᠣᠭᠠᠨ  ᠢ ᠪᠠᠶᠢᠴᠠᠭᠠᠨ ᠡᠶᠡᠳᠡᠬᠦᠯᠵᠣ ᠰᠢᠢᠳᠪᠣᠷᠢᠯᠡᠬᠦ ᠠᠵᠢᠯ  ᠢ ᠬᠦᠨᠵᠡᠬᠡᠢ ᠦᠷᠨᠢᠬᠦᠯᠵᠣ᠂ ᠵᠦᠷᠢᠴᠠᠯ ᠵᠢᠭᠤᠷᠠᠯᠳᠣᠭᠠᠨ ᠡᠬᠦᠰᠬᠦ  ᠶᠢ ᠦᠨᠳᠣᠰᠣᠨ ᠠᠴᠠ  ᠨᠢ ᠬᠤᠷᠢᠭᠯᠠᠬᠤ ᠪᠠᠷ ᠴᠢᠷᠮᠠᠶᠢᠨ᠂ ︽ᠵᠠᠬᠢᠳᠠᠯ ᠰᠣᠷᠪᠣᠯᠵᠢᠯᠠᠭ᠎ᠠ ᠶᠢᠨ ᠲᠦᠷᠢᠮ︾  ᠢ ᠲᠣᠣᠱᠯᠠᠭᠤᠯᠣᠨ ᠨᠠᠶᠢᠳᠠᠪᠣᠷᠢᠵᠢᠭᠤᠯᠵᠣ᠂ ᠵᠠᠬᠢᠳᠠᠯ ᠰᠣᠷᠪᠣᠯᠵᠢᠯᠠᠭ᠎ᠠ  ᠶᠢᠨ ᠠᠷᠭ᠎ᠠ ᠵᠠᠮ  ᠢ ᠰᠢᠯᠣᠭᠤᠳᠬᠠᠨ᠂ ᠣᠯᠠᠨ ᠲᠦᠮᠡᠨ  ᠤ ᠵᠠᠬᠢᠳᠠᠯ ᠰᠣᠷᠪᠣᠯᠵᠢᠯᠠᠭ᠎ᠠ  ᠶᠢᠨ ᠠᠰᠠᠭᠤᠳᠠᠯ  ᠢ ᠬᠠᠣᠯᠢ ᠶᠣᠰᠣᠭᠠᠷ ᠴᠠᠭ ᠲᠣᠬᠠᠢ ᠳᠤᠨᠢ ᠰᠢᠢᠳᠪᠣᠷᠢᠯᠠᠵᠣ᠂ ᠣᠯᠠᠨ ᠲᠦᠮᠡᠨ  ᠤ ᠬᠦᠴᠢᠷᠳᠠᠯ  ᠢ ᠨᠢ ᠢᠳᠡᠪᠬᠢᠳᠠᠢ  ᠰᠢᠢᠳᠪᠣᠷᠢᠯᠠᠨ᠎ᠠ᠃ ᠠᠶᠣᠯᠬᠦᠢ ᠦᠢᠯᠡᠳᠪᠣᠷᠢᠯᠡᠯ  ᠤᠨ ᠠᠵᠢᠯ  ᠢ ᠴᠢᠬᠤᠯᠠᠴᠢᠯᠠᠨ ᠠᠳᠬᠤᠵᠣ᠂ ᠭᠤᠣᠯᠳᠠᠯᠭ᠎ᠠ ᠲᠠᠢ ᠠᠵᠢᠯ ᠦᠢᠯᠡᠰ ᠤᠨ ᠠᠮᠣᠷ ᠲᠦᠪᠰᠢᠨ  ᠤ ᠬᠢᠨᠠᠨ ᠬᠠᠮᠢᠶᠠᠷᠣᠯᠳᠠ  ᠶᠢ ᠴᠢᠩᠭᠠᠳᠬᠠᠨ᠂  ᠬᠠᠷᠢᠭᠤᠴᠠᠯᠭ᠎ᠠ ᠨᠡᠬᠡᠮᠵᠢᠯᠡᠬᠦ ᠲᠦᠷᠢᠮ  ᠢ ᠴᠢᠩᠭ᠎ᠠ ᠬᠡᠷᠡᠭᠵᠢᠬᠦᠯᠵᠣ᠂ ᠣᠨᠴᠨ ᠶᠡᠭᠡ ᠠᠳᠠᠯ ᠭᠠᠷᠬᠤ  ᠠᠴᠠ ᠰᠡᠷᠬᠡᠶᠢᠯᠠᠨ᠎ᠠ᠃ ᠨᠡᠶᠢᠬᠡᠮ  ᠤᠨ ᠠᠮᠣᠷ ᠲᠦᠪᠰᠢᠨ  ᠢ ᠶᠠᠷᠣᠩᠬᠡᠶᠢᠯᠡᠨ ᠵᠠᠰᠠᠬᠤ ᠠᠵᠢᠯ  ᠢ ᠲᠠᠬᠦᠯᠳᠡᠷᠵᠢᠬᠦᠯᠦᠨ᠂ ᠦᠨᠳᠣᠰᠣᠨ ᠱᠠᠳᠣᠨ ᠤ ᠠᠵᠢᠯ  ᠢ ᠴᠢᠩᠭᠠᠳᠬᠠᠵᠣ᠂ ᠨᠡᠶᠢᠬᠡᠮ  ᠤᠨ ᠠᠮᠣᠷ ᠲᠦᠪᠰᠢᠨ  ᠤ ᠰᠡᠷᠬᠡᠶᠢᠯᠡᠨ ᠡᠵᠡᠮᠰᠢᠬᠦ ᠰᠢᠰᠲ᠋ᠧᠮ  ᠢ ᠪᠦᠷᠢᠨᠰᠢᠬᠦᠯᠦᠨ᠂ ᠠᠮᠣᠷ ᠲᠠᠶᠢᠪᠣᠩ  ᠤᠨ ᠪᠠᠶᠢᠭᠤᠯᠣᠯᠳᠠ ᠪᠠ ᠠᠮᠣᠷ ᠲᠣᠭᠳᠠᠭᠤᠨ ᠭᠠᠵᠠᠷ ᠣᠷᠣᠨ  ᠢ ᠴᠣᠭᠴᠠᠯᠠᠨ ᠪᠠᠶᠢᠭᠤᠯᠬᠤ ᠠᠵᠢᠯᠯᠠᠭ᠎ᠠ  ᠶᠢ ᠬᠦᠨᠵᠡᠬᠡᠢ ᠠᠬᠢᠭᠤᠯᠵᠣ᠂ ᠲᠠᠶᠢᠰᠣᠩᠨᠠᠭᠴᠢ ᠡᠳᠡᠬᠡᠳ  ᠤᠨ ᠡᠪᠳᠠᠯᠬᠡ  ᠶᠢᠨ ᠠᠵᠢᠯᠯᠠᠭ᠎ᠠ  ᠶᠢ ᠴᠢᠩᠭ᠎ᠠ ᠰᠠᠷᠬᠡᠶᠢᠯᠡᠨ᠂ ᠬᠢᠯᠢ ᠬᠢᠵᠠᠭᠠᠷ ᠤᠨ ᠠᠮᠣᠷ ᠲᠣᠭᠳᠠᠭᠤᠨ  ᠢ ᠬᠠᠮᠠᠭᠠᠯᠠᠨ᠎ᠠ᠃ ᠪᠠᠴᠢᠮ ᠶᠠᠪᠣᠳᠠᠯ ᠢ ᠠᠷᠭᠠᠴᠠᠭᠠᠨ ᠬᠠᠮᠢᠶᠠᠷᠬᠤ ᠰᠢᠰᠲ᠋ᠧᠮ ᠪᠠ ᠵᠣᠬᠢᠴᠠᠮᠵᠢ  ᠶᠢ ᠪᠠᠶᠢᠭᠤᠯᠣᠨ ᠪᠦᠷᠢᠨᠰᠢᠬᠦᠯᠵᠣ᠂ ᠬᠡᠨᠡᠳᠳᠠ  ᠶᠢᠨ ᠬᠡᠷᠡᠭ  ᠢ ᠪᠠᠴᠢᠮ ᠠᠷᠭᠠᠴᠠᠭᠠᠨ ᠰᠢᠢᠳᠪᠣᠷᠢᠯᠡᠬᠦ ᠴᠢᠳᠠᠪᠣᠷᠢ  ᠪᠠᠨ ᠲᠡᠬᠡᠭᠰᠢᠯᠡᠬᠦᠯᠦᠨ᠎ᠠ᠃ ︵ᠲᠣᠯᠤᠭ᠎ᠠ︶ ᠵᠠᠰᠠᠭ ᠵᠠᠬᠢᠷᠭᠠᠨ  ᠤ ᠦᠷ᠎ᠠ ᠠᠰᠢᠭ  ᠢ ᠲᠡᠬᠡᠭᠰᠢᠯᠡᠬᠦᠯᠵᠣ᠂ ᠵᠠᠰᠠᠭ  ᠤᠨ ᠣᠷᠳᠣᠨ  ᠤ ᠲᠣᠰ ᠪᠠᠶ᠎ᠠ  ᠶᠢᠨ ᠪᠠᠶᠢᠭᠤᠯᠣᠯᠳᠠ  ᠶᠢ ᠲᠦᠷᠬᠡᠳᠬᠡᠨ᠎ᠠ ᠵᠠᠰᠠᠭ  ᠤᠨ ᠣᠷᠳᠣᠨ  ᠤ ᠴᠢᠳᠠᠪᠬᠢ  ᠶᠢ ᠦᠨᠡᠨᠬᠦ ᠬᠤᠪᠢᠷᠠᠭᠤᠯᠣᠨ᠂ ᠵᠠᠬ᠎ᠠ ᠲᠠᠯᠬᠡᠬᠦᠷ  ᠢᠶᠠᠷ ᠡᠬᠢ ᠪᠠᠶᠠᠯᠢᠭ  ᠢ ᠲᠣᠬᠢᠷᠠᠭᠤᠯᠬᠤ ᠦᠢᠯᠡᠳᠣᠯ  ᠢ ᠬᠦᠢᠴᠡᠳ ᠪᠠᠳᠠᠷᠠᠭᠤᠯᠵᠣ᠂ ᠬᠤᠮᠠᠬᠢ ᠠᠵᠣ ᠠᠬᠤᠢ ᠶᠢᠨ ᠣᠷᠴᠢᠯᠳᠠ ᠳᠠᠬᠢ ᠨᠦᠯᠦᠬᠡ  ᠶᠢ ᠪᠠᠭᠠᠰᠬᠠᠨ᠎ᠠ᠃ ᠠᠵᠣ ᠠᠬᠤᠢ  ᠶᠢᠨ ᠲᠣᠬᠢᠷᠠᠭᠤᠯᠭ᠎ᠠ ᠪᠠ ᠵᠠᠬ᠎ᠠ ᠲᠡᠯᠬᠡᠬᠦᠷ  ᠤᠨ ᠬᠢᠨᠠᠨ ᠬᠠᠮᠢᠶᠠᠷᠣᠯᠳᠠ ᠶᠢ ᠴᠢᠩᠭᠠᠳᠬᠠᠨ ᠰᠠᠶᠢᠵᠢᠷᠠᠭᠤᠯᠬᠤ  ᠶᠢᠨ ᠬᠠᠮᠳᠣ ᠨᠡᠶᠢᠬᠡᠮ  ᠤᠨ ᠬᠠᠮᠢᠶᠠᠷᠣᠯᠳᠠ ᠪᠠ ᠣᠯᠠᠨ ᠨᠠᠶᠢᠳᠠ  ᠶᠢᠨ ᠦᠢᠯᠡᠴᠢᠯᠡᠬᠡᠨ  ᠤ ᠴᠢᠳᠠᠪᠬᠢ ᠪᠠᠨ ᠬᠦᠢᠴᠡᠳᠬᠡᠬᠦ  ᠶᠢ ᠨᠡᠩ ᠢᠯᠡᠬᠦᠦ ᠠᠩᠬᠠᠷᠴᠣ᠂ ᠣᠯᠠᠨ ᠲᠦᠮᠡᠨ  ᠤ ᠦᠨᠳᠣᠰᠣᠨ ᠠᠰᠢᠭ ᠲᠣᠰᠨ  ᠶᠢ ᠰᠠᠶᠢᠳᠣᠷ ᠪᠠᠶᠡᠯᠡᠬᠦᠯᠵᠣ᠂ ᠰᠠᠶᠢᠳᠣᠷ ᠬᠠᠮᠠᠭᠠᠯᠠᠨ᠂ ᠰᠠᠶᠢᠳᠣᠷ ᠬᠦᠭᠵᠢᠬᠦᠯᠦᠨ᠎ᠠ᠃ ᠬᠠᠣᠯᠢ ᠶᠣᠰᠣᠭᠠᠷ ᠵᠠᠰᠠᠭᠯᠠᠬᠤ ᠶᠢ ᠪᠠᠷᠢᠮᠳᠠᠯᠠᠨ᠂ ᠵᠠᠰᠠᠭ  ᠤᠨ ᠶᠠᠪᠣᠳᠠᠯ  ᠢ ᠢᠯᠨ ᠪᠣᠯᠭᠠᠬᠤ  ᠶᠢ  ᠢᠯᠡᠳᠳᠠ ᠠᠬᠢᠭᠤᠯᠵᠣ᠂ ᠣᠯᠠᠨ ᠲᠦᠮᠠᠨ ᠤ ᠠᠰᠢᠭ ᠲᠣᠰᠨ ᠪᠠ ᠨᠡᠶᠢᠬᠡᠮ ᠨᠠᠶᠢᠳᠠ  ᠶᠢᠨ ᠲᠦᠷᠦ  ᠶᠢᠨ ᠪᠣᠳᠣᠯᠭ᠎ᠠ ᠲᠠᠢ ᠬᠤᠯᠪᠣᠭᠳᠠᠬᠤ ᠵᠦᠢᠯᠡᠰ ᠪᠦᠬᠦᠨ ᠳᠤ ᠢᠯᠨ ᠪᠠᠷ ᠬᠡᠷᠡᠭ ᠡᠷᠬᠢᠯᠡᠬᠦ ᠲᠦᠷᠢᠮ  ᠢ ᠬᠡᠷᠡᠭᠵᠢᠬᠦᠯᠦᠨ᠎ᠠ᠃ ᠵᠠᠰᠠᠭ ᠵᠠᠬᠢᠷᠭᠠᠨ  ᠤ ᠠᠵᠢᠯᠯᠠᠭ᠎ᠠ ᠪᠠᠨ ᠣᠯᠠᠮ ᠲᠦᠷᠢᠮᠵᠢᠬᠦᠯᠵᠣ᠂ ᠲᠦᠷᠢᠮ ᠲᠣᠭᠳᠠᠭᠠᠯ  ᠢᠶᠠᠷ ᠡᠷᠬᠡ᠂ ᠬᠡᠷᠡᠭ᠂ ᠬᠦᠮᠦᠨ  ᠢ ᠬᠠᠮᠢᠶᠠᠷᠣᠨ᠎ᠠ᠃ ᠵᠠᠰᠠᠭ ᠵᠠᠬᠢᠷᠭᠠᠨ  ᠤ ᠬᠢᠨᠠᠯᠳᠠ  ᠶᠢ ᠴᠢᠩᠭᠠᠳᠬᠠᠨ᠂ ᠡᠷᠬᠡ ᠪᠠᠨ ᠲᠣᠷ᠎ᠠ ᠪᠠᠷ ᠬᠡᠷᠡᠭᠯᠡᠭᠰᠡᠨ ᠪᠠ ᠬᠠᠷᠢᠭᠤᠴᠠᠯᠭ᠎ᠠ ᠠᠯᠳᠠᠵᠣ ᠲᠣᠰᠢᠶᠠᠯ  ᠢᠶᠠᠨ ᠭᠤᠳᠣᠭᠠᠭᠰᠠᠨ ᠠᠵᠢᠯᠯᠠᠭ᠎ᠠ  ᠠᠴᠠ ᠬᠠᠷᠢᠭᠤᠴᠠᠯᠭ᠎ᠠ ᠨᠡᠬᠡᠮᠵᠢᠯᠡᠬᠦ ᠡᠷᠴᠢᠮ  ᠢᠶᠠᠨ ᠴᠢᠩᠭᠠᠯᠠᠨ᠎ᠠ᠃ ᠪᠠᠶᠢᠭᠤᠯᠭ᠎ᠠ  ᠶᠢᠨ ᠠᠵᠢᠯ  ᠤᠨ ᠬᠡᠪ ᠰᠣᠷᠳᠠᠯ ᠢ ᠣᠯᠠᠮ ᠰᠠᠶᠢᠵᠢᠷᠠᠭᠤᠯᠣᠨ᠂ ᠬᠦᠭᠵᠢᠯᠳᠠ  ᠶᠢᠨ ᠣᠷᠴᠢᠨ  ᠢ ᠰᠢᠯᠢᠳᠡᠭᠵᠢᠬᠦᠯᠵᠣ᠂ ᠬᠢᠨᠠᠨ ᠵᠦᠪᠰᠢᠶᠠᠷᠠᠬᠦᠯᠬᠦ ᠶᠠᠪᠣᠳᠠᠯ  ᠤᠳ ᠢ ᠴᠦᠮ ᠵᠠᠰᠠᠭ ᠵᠠᠬᠢᠷᠭᠠᠨ  ᠤ ᠬᠢᠨᠠᠨ ᠵᠦᠪᠰᠢᠶᠠᠷᠠᠯ  ᠤᠨ ᠦᠢᠯᠡᠴᠢᠯᠡᠬᠡᠨ  ᠤ ᠲᠦᠪ  ᠲᠤ ᠲᠦᠪᠯᠡᠷᠡᠬᠦᠯᠦᠨ ᠵᠦᠪᠰᠢᠶᠠᠷᠠᠬᠦᠯᠵᠣ᠂ ᠠᠵᠢᠯ  ᠤᠨ ᠦᠷ᠎ᠠ ᠠᠰᠢᠭ  ᠢᠶᠠᠨ ᠲᠡᠬᠡᠭᠰᠢᠯᠡᠬᠦᠯᠦᠨ᠂ ᠦᠢᠯᠡᠴᠢᠯᠡᠬᠡᠨ  ᠤ ᠶᠠᠰᠣ ᠴᠢᠨᠠᠷ  ᠢᠶᠠᠨ ᠰᠠᠶᠢᠵᠢᠷᠠᠭᠤᠯᠣᠨ᠎ᠠ᠃ ᠡᠯᠧᠺᠲᠷᠣᠨᠴᠢᠯᠡᠭᠰᠡᠨ ᠵᠠᠰᠠᠭ  ᠤᠨ ᠶᠠᠪᠣᠳᠠᠯ  ᠤᠨ ᠪᠠᠶᠢᠭᠤᠯᠣᠯᠳᠠ  ᠶᠢ ᠲᠦᠷᠬᠡᠳᠬᠡᠨ᠂ ᠲᠤᠭ᠎ᠠ ᠪᠦᠷᠢᠳᠬᠡᠯ᠂ ᠮᠡᠳᠡᠭᠡ ᠵᠠᠩᠬᠢ ᠪᠠ ᠪᠠᠶᠢᠴᠠᠭᠠᠨ ᠰᠣᠳᠣᠯᠣᠯᠳᠠ  ᠶᠢᠨ ᠠᠵᠢᠯ  ᠢ ᠰᠠᠶᠢᠳᠣᠷ ᠬᠢᠵᠣ᠂ ᠵᠠᠰᠠᠭ  ᠤᠨ ᠣᠷᠳᠣᠨ  ᠤ ᠰᠢᠨᠵᠢᠯᠡᠬᠦ ᠣᠬᠠᠭᠠᠨᠴᠢ ᠬᠠᠮᠢᠶᠠᠷᠣᠯᠳᠠ᠂ ᠰᠣᠷᠠᠭ ᠵᠠᠩᠬᠢ ᠶᠢᠨ ᠦᠢᠯᠡᠴᠢᠯᠡᠬᠡᠨ  ᠤ ᠬᠢᠷᠢ ᠲᠦᠪᠰᠢᠨ ᠢᠶᠠᠨ ᠲᠡᠬᠡᠭᠰᠢᠯᠡᠬᠦᠯᠦᠨ᠎ᠠ᠃ ᠲᠦᠷᠦ  ᠶᠢᠨ ᠠᠯᠪᠠᠳᠠᠨ  ᠤ ᠡᠩᠨᠡᠬᠡᠨ  ᠤ ᠪᠠᠶᠢᠭᠤᠯᠣᠯᠳᠠ  ᠶᠢ ᠴᠢᠩᠭᠠᠳᠬᠠᠨ᠂ ᠲᠠᠳᠠᠨᠠᠷ  ᠤᠨ ᠶᠣᠰᠣ ᠰᠣᠷᠳᠠᠬᠤᠨ  ᠤ ᠬᠡᠪ ᠴᠢᠨᠠᠷ ᠪᠠ ᠲᠣᠬᠠᠶᠢᠯᠠᠭᠰᠠᠨ ᠠᠵᠢᠯ  ᠤᠨ ᠴᠢᠳᠠᠪᠣᠷᠢ  ᠶᠢ ᠲᠠᠰᠣᠷᠠᠯᠳᠠ ᠦᠬᠡᠢ ᠲᠡᠬᠡᠭᠰᠢᠯᠡᠬᠦᠯᠵᠣ᠂ ᠠᠵᠢᠯ ᠬᠢᠵᠣ ᠦᠢᠯᠡᠰ ᠪᠦᠳᠦᠬᠡᠵᠣ ᠴᠢᠳᠠᠳᠠᠭ ᠠᠷᠢᠭᠤᠨ ᠴᠢᠬᠡᠴᠢ ᠲᠦᠷᠦ  ᠶᠢᠨ ᠠᠯᠪᠠᠳᠠᠨ  ᠤ ᠡᠩᠨᠡᠭᠡ  ᠶᠢ ᠪᠠᠶᠢᠭᠤᠯᠣᠨ᠎ᠠ᠃ ᠠᠵᠢᠯ ᠦᠢᠯᠡᠰ  ᠤᠨ ᠪᠠᠶᠢᠭᠤᠯᠭ᠎ᠠ  ᠶᠢ ᠲᠦᠷᠦᠯ ᠬᠤᠪᠢᠶᠠᠨ ᠦᠬᠡᠷᠡᠴᠢᠯᠠᠯᠳᠠ ᠬᠢᠬᠦ ᠠᠵᠢᠯ  ᠢ ᠦᠷᠬᠦᠯᠵᠢᠯᠠᠨ ᠬᠦᠨᠵᠡᠬᠡᠶᠢᠷᠠᠬᠦᠯᠵᠣ᠂ ᠠᠵᠢᠯ ᠬᠢᠵᠣ ᠦᠢᠯᠡᠰ ᠪᠦᠳᠦᠬᠡᠬᠦ ᠴᠢᠳᠠᠪᠣᠷᠢ  ᠶᠢ ᠨᠢ ᠲᠡᠬᠡᠭᠰᠢᠯᠡᠬᠦᠯᠦᠨ᠎ᠠ᠃ ᠬᠠᠮᠳᠣᠪᠠᠷ ᠡᠳ᠋ ᠪᠠᠶᠠᠯᠢᠭ  ᠢ ᠪᠦᠳᠦᠬᠡᠵᠣ᠂ ᠡᠶ᠎ᠡ ᠨᠠᠶᠢᠷᠠᠮᠳᠠᠭᠤ ᠨᠡᠶᠢᠬᠡᠮ ᠢ ᠴᠣᠭᠴᠠᠯᠠᠵᠣ ᠪᠠᠶᠢᠭ᠎ᠠ ᠶᠠᠪᠣᠴᠨ ᠳᠠᠭᠠᠨ ᠪᠢᠳᠠ ᠠᠷᠠᠳ ᠤᠨ ᠠᠮᠢᠳᠣᠷᠠᠯ  ᠢ ᠦᠨᠡᠨᠬᠦ ᠴᠢᠬᠤᠯᠠᠴᠢᠯᠠᠵᠣ  ᠂ ᠡᠨ᠋ᠨ ᠵᠢᠯ ᠲᠣᠣᠷᠠᠬᠢ ᠠᠷᠪᠠᠨ ᠪᠣᠳᠠᠳᠣ ᠶᠠᠪᠣᠳᠠᠯ  ᠢ ᠰᠠᠶᠢᠳᠣᠷ ᠪᠡᠶᠡᠯᠡᠬᠦᠯᠬᠦ ᠪᠠᠷ ᠪᠠᠶᠢᠨ᠎ᠠ᠄ ᠨᠢᠬᠡ  ᠳᠤ᠂ ᠬᠤᠳᠠ ᠪᠠᠯᠭᠠᠰᠣᠨ ᠤ ᠨᠠᠭᠠᠳᠣ ᠵᠠᠬ᠎ᠠ  ᠶᠢᠨ ᠠᠮᠢᠳᠣᠷᠠᠯ  ᠤᠨ ᠪᠠᠳᠣᠯᠠᠭ᠎ᠠ  ᠶᠢᠨ ᠮᠦᠩᠬᠦ  ᠶᠢᠨ ᠰᠠᠷ᠎ᠠ  ᠶᠢᠨ ᠪᠠᠷᠢᠮᠵᠢᠶ᠎ᠠ  ᠶᠢ 20 ᠲᠦᠬᠦᠷᠢᠭ ᠲᠡᠬᠡᠭᠰᠢᠯᠡᠬᠦᠯᠵᠣ᠂ ᠮᠠᠯᠵᠢᠬᠤ ᠣᠷᠣᠨ  ᠤ ᠨᠠᠭᠠᠳᠣ ᠵᠠᠬ᠎ᠠ  ᠶᠢᠨ ᠠᠮᠢᠳᠣᠷᠠᠯ  ᠤᠨ ᠪᠠᠳᠣᠯᠠᠭ᠎ᠠ  ᠶᠢᠨ ᠮᠦᠩᠬᠦ  ᠶᠢᠨ ᠵᠢᠯ  ᠤᠨ ᠪᠠᠷᠢᠮᠵᠢᠶ᠎ᠠ  ᠶᠢ 62 ᠲᠦᠬᠦᠷᠢᠭ ᠲᠡᠬᠡᠭᠰᠢᠯᠡᠬᠦᠯᠦᠨ᠎ᠠ᠃ ᠬᠤᠶᠠᠷ  ᠲᠤ  ᠂ ᠮᠠᠯᠵᠢᠬᠤ ᠣᠷᠣᠨ  ᠤ ᠰᠢᠨ᠎ᠠ ᠬᠡᠯᠪᠡᠷᠢ  ᠶᠢᠨ ᠬᠤᠷᠰᠢᠭᠰᠠᠨ ᠡᠮᠴᠢᠯᠡᠬᠡᠨ ᠤ ᠨᠦᠬᠦᠪᠣᠷᠢ ᠳᠠᠬᠢ ᠬᠤᠰᠢᠭᠤᠨ  ᠤ ᠨᠦᠬᠦᠪᠣᠷᠢ  ᠶᠢᠨ ᠪᠠᠷᠢᠮᠵᠢᠶ᠎ᠠ  ᠶᠢ 10 ᠲᠦᠬᠦᠷᠢᠭ ᠪᠠᠶᠢᠭᠰᠠᠨ  ᠠᠴᠠ 20 ᠲᠦᠬᠦᠷᠢᠭ ᠪᠣᠯᠭᠠᠨ᠎ᠠ᠃ ᠭᠤᠷᠪᠠ  ᠳᠤ᠂ 50 ᠨᠠᠰᠣᠨ ᠠᠴᠠ ᠲᠡᠬᠡᠭᠰᠢᠬᠢ ᠮᠠᠯᠴᠢᠳ  ᠢ ᠰᠦᠢᠳᠬᠡᠯ ᠬᠤᠷᠢᠶᠠᠬᠤ ᠦᠬᠡᠢ ᠪᠠᠷ  ᠡᠷᠡᠬᠦᠯ ᠮᠠᠨᠳᠣ  ᠶᠢᠨ ᠪᠠᠶᠢᠴᠠᠭᠠᠯᠳᠠ ᠬᠢᠯᠬᠡᠵᠣ᠂ ᠲᠣᠰᠬᠠᠢ ᠲᠠᠩᠰᠨ ᠡᠪᠬᠡᠮᠡᠯ ᠪᠠᠶᠢᠭᠤᠯᠵᠣ ᠦᠭᠬᠦᠨ᠎ᠠ︔ ᠰᠢᠨ᠎ᠠ ᠬᠤᠷᠢᠮᠯᠠᠭᠰᠠᠳ  ᠲᠤ ᠰᠦᠢᠳᠬᠡᠯ ᠬᠤᠷᠢᠶᠠᠬᠤ ᠦᠬᠡᠢ ᠪᠠᠷ ᠣᠷᠣᠭᠯᠠᠬᠤ ᠠᠴᠠ ᠡᠮᠣᠨᠡᠬᠢ ᠡᠷᠡᠬᠦᠯ ᠮᠠᠨᠳᠣ  ᠶᠢᠨ ᠪᠠᠶᠢᠴᠠᠭᠠᠯᠳᠠ ᠬᠢᠯᠬᠡᠨ᠎ᠠ᠃ ᠲᠦᠷᠪᠠ  ᠳᠤ᠂ ︽ᠶᠠᠳᠠᠭᠤ ᠬᠦᠴᠢᠷᠳᠠᠯᠳᠠᠢ ᠬᠡᠷ ᠪᠦᠯᠢ  ᠶᠢᠨ ᠰᠣᠷᠣᠭᠴᠢᠳ  ᠢ ᠲᠣᠰᠠᠯᠠᠨ ᠲᠠᠮᠵᠢᠬᠦ ᠰᠠᠭᠤᠷᠢ ᠮᠦᠩᠬᠦ︾ ᠶᠢ ᠪᠠᠶᠢᠭᠤᠯᠣᠨ᠂  ᠶᠠᠳᠠᠭᠤ ᠬᠦᠴᠢᠷᠳᠠᠯᠳᠠᠢ ᠬᠡᠷ ᠪᠦᠯᠢ  ᠶᠢᠨ ᠰᠣᠷᠣᠭᠴᠢᠳ  ᠢ ᠲᠣᠰᠠᠯᠠᠨ ᠲᠠᠮᠵᠢᠬᠦ ᠡᠷᠴᠢᠮ  ᠢᠶᠠᠨ ᠴᠢᠩᠭᠠᠯᠠᠨ᠎ᠠ᠃ ᠲᠠᠪᠤ  ᠳᠤ᠂ ᠲᠦᠷᠦ  ᠶᠢᠨ ᠠᠯᠪᠠᠳᠠᠨ  ᠤ ᠨᠦᠬᠦᠪᠣᠷᠢ ᠶᠢᠨ ᠰᠠᠷ᠎ᠠ  ᠶᠢᠨ ᠪᠠᠷᠢᠮᠵᠢᠶ᠎ᠠ ᠶᠢ ᠲᠣᠮᠳᠠᠴᠢ ᠪᠠᠷ 300 ᠲᠦᠬᠦᠷᠢᠭ ᠲᠡᠬᠡᠭᠰᠢᠯᠡᠬᠦᠯᠵᠣ᠂ ᠠᠵᠣ ᠠᠬᠤᠶᠢᠯᠠᠯ  ᠤᠨ ᠠᠵᠢᠯ  ᠠᠴᠠ ᠠᠮᠠᠷᠠᠭᠰᠠᠳ  ᠤᠨ ᠨᠠᠰᠣᠵᠢᠯ  ᠤᠨ ᠪᠠᠳᠣᠯᠠᠭ᠎ᠠ  ᠶᠢᠨ ᠮᠦᠩᠬᠦ  ᠶᠢᠨ ᠰᠠᠷ᠎ᠠ  ᠶᠢᠨ ᠪᠠᠷᠢᠮᠵᠢᠶ᠎ᠠ  ᠶᠢ ᠲᠣᠮᠳᠠᠴᠢ ᠪᠠᠷ 80 ᠲᠦᠬᠦᠷᠢᠭ ᠲᠡᠬᠡᠭᠰᠢᠯᠡᠬᠦᠯᠦᠨ᠎ᠠ᠃ ᠵᠢᠷᠭᠤᠭ᠎ᠠ  ᠳᠤ᠂ ᠣᠣᠯ  ᠤᠨ ᠲᠠᠮᠫᠣᠷᠠᠭᠰᠠᠨ ᠠᠵᠣ ᠠᠬᠤᠶᠢᠯᠠᠯ ᠪᠠ  ᠵᠣᠬᠢᠴᠠᠮᠵᠢ  ᠶᠢᠨ ᠦᠬᠡᠷᠡᠴᠢᠯᠠᠯᠳᠠ ᠬᠢᠭᠰᠡᠨ ᠠᠵᠣ ᠠᠬᠤᠶᠢᠯᠠᠯ  ᠤᠨ ᠠᠵᠢᠯ  ᠠᠴᠠ ᠠᠮᠠᠷᠠᠭᠰᠠᠳ  ᠢ ᠪᠦᠬᠦᠨ  ᠢ ᠡᠮᠴᠢᠯᠡᠬᠡᠨ  ᠤ ᠲᠠᠭᠠᠳᠬᠠᠯ  ᠳᠤ ᠣᠷᠣᠭᠤᠯᠣᠨ᠎ᠠ᠃ ᠲᠣᠯᠤᠭ᠎ᠠ  ᠳᠤ᠂ ᠮᠠᠯᠵᠢᠬᠤ ᠣᠷᠣᠨ  ᠤ ᠦᠨᠳᠣᠷ ᠲᠣᠮᠳᠠ ᠲᠡᠬᠦᠰᠴᠣ ᠶᠡᠭᠡ ᠰᠣᠷᠭᠠᠭᠤᠯᠢ  ᠳᠤ ᠡᠯᠰᠡᠭᠳᠡᠭᠰᠡᠨ ᠦᠬᠡᠢ ᠰᠣᠷᠣᠭᠴᠢᠳ  ᠲᠤ ᠰᠦᠢᠳᠬᠡᠯ ᠬᠤᠷᠢᠶᠠᠬᠤ ᠦᠬᠡᠢ ᠪᠠᠷ ᠨᠢᠬᠡ ᠵᠢᠯ ᠤᠨ ᠬᠤᠭᠤᠴᠠᠭ᠎ᠠ ᠲᠠᠢ ᠠᠵᠢᠯ ᠮᠡᠷᠬᠡᠵᠢᠯ  ᠤᠨ ᠪᠣᠯᠪᠠᠰᠣᠷᠠᠯ ᠬᠦᠷᠳᠡᠬᠡᠨ᠎ᠠ᠃ ᠨᠡᠢᠮᠨ  ᠳᠤ᠂ ᠪᠠᠯᠭᠠᠰᠣᠨ ᠳᠠᠬᠢ 50 ᠵᠣᠷᠪᠣᠰ ᠵᠠᠮ  ᠢ ᠰᠢᠨ᠎ᠠ ᠪᠠᠷ ᠲᠠᠪᠢᠰᠬᠦ ᠪᠠ ᠵᠠᠰᠠᠵᠣ ᠬᠠᠳᠠᠭᠤᠵᠢᠭᠤᠯᠣᠨ᠂ ᠬᠢᠮᠳᠠ ᠲᠣᠬᠢᠯᠢᠭ ᠣᠷᠣᠨ ᠰᠠᠭᠤᠴᠨ ᠪᠠ ᠬᠢᠮᠳᠠ ᠪᠠᠷ ᠲᠦᠷᠢᠶᠠᠰᠣᠯᠡᠬᠦ ᠣᠷᠣᠨ ᠰᠠᠭᠤᠴᠨ  ᠶᠢᠨ ᠠᠰᠠᠷ ᠲᠣᠰᠪᠣᠷᠢ 2 ᠰᠠᠭᠤᠷᠢ ᠪᠠᠷᠢᠵᠣ᠂ ᠲᠠᠯᠠᠪᠠᠢ ᠨᠢ 4800 ᠲᠡᠭᠰᠢ ᠲᠦᠷᠪᠡᠯᠵᠢᠨ ᠮᠧᠲᠷ ᠪᠠ 3000 ᠲᠡᠭᠰᠢ ᠲᠦᠷᠪᠡᠯᠵᠢᠨ ᠮᠧᠲᠷ᠃ ᠶᠢᠰᠣ  ᠳᠤ᠂ ᠪᠡᠯᠬᠦᠳᠠᠢ ᠪᠠᠯᠭᠠᠰᠣᠨ  ᠤ  ᠠᠶᠤᠯᠬᠦᠢ ᠣᠰᠣ ᠣᠣᠭᠤᠬᠤ ᠠᠰᠠᠭᠤᠳᠠᠯ  ᠢ ᠰᠢᠢᠳᠪᠣᠷᠢᠯᠠᠨ᠂ ᠲᠦᠬᠡᠬᠡᠯ ᠣᠰᠣ ᠨᠡᠪᠳᠡᠷᠡᠬᠦᠯᠦᠭᠰᠡᠨ ᠨᠣᠷᠮ᠎ᠠ  ᠶᠢ 85% ᠪᠠᠶᠢᠭᠰᠠᠨ ᠠᠴᠠ 90%  ᠪᠣᠯᠭᠠᠨ᠎ᠠ᠃ ᠠᠷᠪᠠ  ᠳᠤ᠂ 80 ᠨᠠᠰᠣᠨ  ᠠᠴᠠ ᠲᠡᠬᠡᠭᠰᠢᠬᠢ ᠨᠠᠰᠣᠳᠠᠶᠢᠴᠣᠳ  ᠲᠤ ᠵᠢᠯ  ᠳᠤ 150  ᠲᠦᠬᠦᠷᠢᠭ  ᠤᠨ ᠡᠩᠬᠡ ᠮᠠᠨᠳᠣ  ᠶᠢᠨ ᠮᠦᠩᠬᠦ ᠣᠯᠭᠤᠵᠣ ᠪᠠᠶᠢᠭ᠎ᠠ ᠰᠠᠭᠤᠷᠢᠨ ᠲᠡᠬᠡᠷ᠎ᠠ 50 ᠲᠦᠬᠦᠷᠢᠭ ᠤᠨ ᠰᠢᠮ᠎ᠠ ᠲᠠᠵᠢᠬᠡᠯ  ᠤᠨ ᠨᠦᠬᠦᠪᠣᠷᠢ ᠮᠦᠩᠬᠦ ᠣᠯᠭᠤᠨ᠎ᠠ᠃ ᠲᠦᠯᠦᠬᠡᠯᠡᠭᠴᠢᠳ ᠡ᠂ ᠵᠣᠷᠢᠭᠰᠠᠨ ᠬᠠᠷᠠᠯᠳᠠ ᠵᠣᠷᠢᠭ  ᠢ ᠬᠦᠪᠴᠢᠯᠠᠵᠣ ᠪᠠᠶᠢᠨ᠎ᠠ᠃ ᠪᠢᠳᠠ ᠲᠣᠮᠳᠠᠳᠣ ᠣᠯᠣᠰ  ᠤᠨ ᠣᠨᠴᠠᠯᠢᠭ ᠪᠦᠬᠦᠢ ᠨᠡᠶᠢᠬᠡᠮ ᠵᠢᠷᠣᠮ  ᠤᠨ ᠠᠤᠭ᠎ᠠ ᠲᠤᠭ  ᠢ ᠦᠨᠳᠣᠷ ᠮᠠᠨᠳᠣᠭᠤᠯᠵᠣ᠂ ᠳ᠋ᠧᠩ ᠰᠢᠶᠣᠣ ᠫᠢᠩ  ᠤᠨ ᠣᠨᠣᠯ ᠪᠠ ︽ᠭᠤᠷᠪᠠ  ᠶᠢ ᠲᠦᠯᠦᠬᠡᠯᠡᠬᠦ︾ ᠴᠢᠬᠤᠯᠨ ᠦᠵᠡᠯ ᠰᠠᠨᠠᠭ᠎ᠠ ᠪᠠᠷ ᠵᠢᠯᠣᠭᠤᠳᠣᠯᠭ᠎ᠠ ᠪᠣᠯᠭᠠᠨ᠂ ᠰᠢᠨᠵᠢᠯᠡᠬᠦ ᠣᠬᠠᠭᠠᠨᠴᠢ ᠬᠦᠭᠵᠢᠯᠳᠠ  ᠶᠢᠨ ᠦᠵᠡᠯᠳᠠ  ᠶᠢ ᠬᠦᠨᠵᠡᠬᠡᠢ ᠲᠣᠣᠱᠯᠠᠭᠤᠯᠵᠣ᠂ ᠬᠤᠰᠢᠭᠤ ᠨᠠᠮ  ᠤᠨ ᠬᠤᠷᠢᠶᠠᠨ  ᠤ ᠵᠦᠪ ᠣᠨᠣᠪᠴᠢᠳᠠᠢ ᠣᠳᠣᠷᠢᠳᠣᠯᠭ᠎ᠠ ᠲᠣᠣᠷ᠎ᠠ᠂ ᠪᠦᠬᠦ ᠬᠤᠰᠢᠭᠤᠨ  ᠤ ᠦᠨᠳᠣᠰᠣᠳᠠᠨ ᠨᠦᠭᠦᠳ  ᠤᠨ ᠠᠷᠠᠳ ᠲᠦᠮᠡᠨ  ᠢ ᠪᠦᠯᠬᠦᠮᠳᠡᠬᠦᠯᠦᠨ ᠲᠠᠶᠢᠴᠢᠯᠠᠵᠣ᠂ ᠨᠣᠭᠤᠷᠠᠰᠢ ᠦᠬᠡᠢ ᠵᠣᠷᠢᠭ  ᠢᠶᠠᠷ ᠬᠠᠳᠠᠭᠤᠵᠢᠯᠳᠠᠢ ᠠᠵᠢᠯᠯᠠᠨ᠂ ᠪᠦᠬᠦ ᠬᠤᠰᠢᠭᠤᠨ  ᠤ ᠠᠵᠣ ᠠᠬᠤᠢ ᠨᠡᠶᠢᠬᠡᠮ  ᠤᠨ ᠨᠡᠩ ᠰᠠᠶᠢᠨ ᠨᠡᠩ ᠲᠦᠷᠬᠡᠨ ᠬᠦᠭᠵᠢᠯᠳᠠ  ᠶᠢ ᠲᠦᠯᠬᠢᠨ ᠠᠬᠢᠭᠤᠯᠬᠤ ᠪᠠᠷ ᠴᠢᠷᠮᠠᠶᠢᠨ ᠲᠠᠮᠠᠴᠠᠰᠣᠬᠡᠢ︕
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号