2005 ᠣᠨ ᠤ ᠵᠠᠰᠠᠭ  ᠤᠨ ᠣᠷᠳᠣᠨ  ᠤ ᠠᠵᠢᠯ  ᠤᠨ  ᠢᠯᠡᠳᠬᠡᠯ
ᠨᠡᠶᠢᠲᠡᠯᠡᠭᠰᠡᠨ ᠴᠠᠭ᠄
2017/5/17
                ᠵᠠᠰᠠᠭ  ᠤᠨ ᠣᠷᠳᠣᠨ  ᠤ ᠠᠵᠢᠯ  ᠤᠨ  ᠢᠯᠡᠳᠬᠡᠯ                                                     ᠠᠪᠠᠭ᠎ᠠ ᠬᠤᠰᠢᠭᠤᠨ  ᠤ ᠠᠷᠪᠠᠨ ᠬᠤᠶᠠᠳᠣᠭᠠᠷ ᠬᠤᠭᠤᠴᠠᠭᠠᠨ  ᠤ ᠠᠷᠠᠳ  ᠤᠨ         ᠲᠦᠯᠦᠬᠡᠯᠡᠭᠴᠢᠳ  ᠤᠨ ᠶᠡᠭᠡ   ᠬᠤᠷᠠᠯ   ᠤᠨ   ᠬᠤᠶᠠᠳᠣᠭᠠᠷ   ᠣᠳᠠᠭᠠᠨ   ᠤ         ᠬᠤᠷᠠᠯ   ᠲᠡᠬᠡᠷ᠎ᠠ                                 ᠵᠠᠰᠠᠭ  ᠤᠨ ᠣᠷᠳᠣᠨ  ᠤ ᠣᠷᠣᠯᠠᠭᠴᠢ ᠬᠤᠰᠢᠭᠤ ᠲᠠᠷᠤᠭ᠎ᠠ    ᠬᠠᠰ                     2005 ᠣᠨ  ᠤ 4 ᠰᠠᠷ᠎ᠠ  ᠶᠢᠨ 12   ᠤ ᠡᠳᠣᠷ ᠲᠦᠯᠦᠬᠡᠯᠡᠭᠴᠢᠳ ᠡ᠄ ᠣᠳᠣ ᠪᠢ ᠬᠤᠰᠢᠭᠤ ᠠᠷᠠᠳ  ᠤᠨ ᠵᠠᠰᠠᠭ  ᠤᠨ ᠣᠷᠳᠣᠨ  ᠢ ᠲᠦᠯᠦᠬᠡᠯᠡᠵᠣ᠂ ᠠᠵᠢᠯ  ᠤᠨ ᠢᠯᠡᠳᠬᠡᠯ ᠬᠢᠶ᠎ᠠ᠃ ᠬᠢᠨᠠᠨ ᠵᠦᠪᠯᠡᠬᠦ ᠪᠣᠯᠪᠠᠣ︕ ᠬᠤᠰᠢᠭᠤ ᠣᠯᠣᠰ ᠲᠦᠷᠦ  ᠶᠢᠨ ᠵᠦᠪᠯᠡᠯᠬᠡᠨ  ᠤ ᠬᠡᠰᠢᠬᠦᠳ ᠪᠣᠯᠣᠨ ᠬᠤᠷᠠᠯ  ᠳᠤ ᠰᠣᠯᠨ ᠣᠷᠣᠯᠴᠠᠭᠰᠠᠨ ᠨᠦᠬᠦᠳ ᠰᠠᠨᠠᠯ ᠲᠣᠷᠠᠳᠬᠤ  ᠶᠢ ᠬᠦᠰᠠᠶ᠎ᠠ᠃ ᠨᠢᠬᠡ᠂ 2004 ᠣᠨ  ᠤ ᠠᠵᠢᠯ  ᠤᠨ ᠡᠷᠬᠢᠴᠡᠬᠦᠯᠦᠯ ᠦᠩᠬᠡᠷᠡᠭᠰᠡᠨ ᠨᠢᠬᠡ ᠵᠢᠯ  ᠳᠤ  ᠂ ᠠᠶᠢᠮᠠᠭ  ᠤᠨ ᠨᠠᠮ  ᠤᠨ ᠬᠤᠷᠢᠶ᠎ᠠ᠂ ᠠᠶᠢᠮᠠᠭ  ᠤᠨ ᠵᠠᠬᠢᠷᠭ᠎ᠠ ᠪᠣᠯᠣᠨ ᠬᠤᠰᠢᠭᠤ ᠨᠠᠮ  ᠤᠨ ᠬᠤᠷᠢᠶᠠᠨ  ᠤ ᠵᠦᠪ ᠣᠨᠣᠪᠴᠢᠳᠠᠢ ᠣᠳᠣᠷᠢᠳᠣᠯᠭ᠎ᠠ ᠪᠠ ᠬᠤᠰᠢᠭᠤ ᠠᠷᠠᠳ  ᠤᠨ ᠲᠦᠯᠦᠬᠡᠯᠡᠭᠴᠢᠳ  ᠤᠨ ᠶᠡᠭᠡ ᠬᠤᠷᠠᠯ  ᠤᠨ ᠬᠢᠨᠠᠯᠳᠠ ᠲᠣᠣᠷ᠎ᠠ᠂ ᠬᠤᠰᠢᠭᠤ ᠠᠷᠠᠳ  ᠤᠨ ᠵᠠᠰᠠᠭ  ᠤᠨ ᠣᠷᠳᠣᠨ ᠪᠦᠬᠦ ᠬᠤᠰᠢᠭᠤᠨ  ᠤ ᠡᠯ᠎ᠠ ᠦᠨᠳᠣᠰᠣᠳᠠᠨ  ᠤ ᠺᠠᠳᠠᠷ ᠣᠯᠠᠨ ᠲᠦᠮᠡᠨ  ᠢ ᠪᠦᠯᠬᠦᠮᠳᠡᠬᠦᠯᠦᠨ ᠲᠠᠭᠠᠭᠤᠯᠵᠣ᠂ ᠳ᠋ᠧᠩ ᠰᠢᠶᠣᠣ ᠫᠢᠩ  ᠤᠨ ᠣᠨᠣᠯ ᠪᠠ ︽ᠭᠤᠷᠪᠠ  ᠶᠢ ᠲᠦᠯᠦᠬᠡᠯᠡᠬᠦ  ︾ ᠴᠢᠬᠤᠯᠨ ᠦᠵᠡᠯ ᠰᠠᠨᠠᠭ᠎ᠠ ᠪᠠᠷ ᠵᠢᠯᠣᠭᠤᠳᠣᠯᠭ᠎ᠠ ᠪᠣᠯᠭᠠᠨ᠂  ᠰᠢᠨᠵᠢᠯᠡᠬᠦ ᠣᠬᠠᠭᠠᠨᠴᠢ ᠬᠦᠭᠵᠢᠯᠳᠠ  ᠶᠢᠨ ᠦᠵᠡᠯᠳᠠ  ᠶᠢ ᠪᠦᠬᠦ ᠲᠠᠯ᠎ᠠ ᠪᠠᠷ ᠨᠠᠶᠢᠳᠠᠪᠣᠷᠢᠵᠢᠭᠤᠯᠣᠨ᠂ ︽ᠠᠮᠢ ᠠᠬᠤᠢ  ᠶᠢ ᠬᠠᠮᠠᠭᠠᠯᠠᠵᠣ᠂ ᠰᠠᠭᠤᠷᠢ ᠲᠦᠬᠦᠬᠡᠷᠦᠮᠵᠢ ᠶᠢ ᠴᠢᠩᠭᠠᠳᠬᠠᠨ᠂ ᠪᠦᠳᠦᠴᠨ  ᠶᠢ ᠲᠣᠬᠢᠷᠠᠭᠤᠯᠵᠣ᠂  ᠬᠡᠪ ᠴᠢᠨᠠᠷ  ᠢ ᠲᠡᠬᠡᠭᠰᠢᠯᠡᠬᠦᠯᠦᠨ᠂ ᠬᠦᠭᠵᠢᠯᠳᠠ  ᠶᠢ ᠠᠬᠢᠭᠤᠯᠬᠤ︾ ᠠᠵᠢᠯ  ᠤᠨ ᠴᠢᠭᠯᠡᠯᠳᠠ  ᠶᠢ ᠪᠠᠷᠢᠮᠳᠠᠯᠠᠵᠣ᠂ ︽ᠭᠤᠷᠪᠠᠨ ᠶᠡᠭᠡ ᠪᠠᠶᠢᠯᠳᠣᠬᠤ ᠪᠣᠳᠣᠯᠭ᠎ᠠ᠂ ᠨᠢᠬᠡ ᠢᠨᠵᠧᠨᠧᠷᠢᠩ︾   ᠢ ᠪᠦᠬᠦ ᠲᠠᠯ᠎ᠠ ᠪᠠᠷ ᠬᠡᠷᠡᠭᠵᠢᠬᠦᠯᠦᠨ᠂ ᠬᠤᠪᠢᠷᠠᠭᠤᠯᠣᠯᠳᠠ ᠂ ᠲᠣᠬᠢᠷᠠᠭᠤᠯᠣᠯᠳᠠ᠂ ᠬᠦᠭᠵᠢᠯᠳᠠ  ᠶᠢ ᠠᠳᠬᠤᠬᠤ ᠶᠢ ᠪᠠᠷᠢᠮᠳᠠᠯᠠᠵᠣ᠂ ᠠᠵᠣ ᠠᠬᠤᠢ ᠪᠣᠯᠣᠨ ᠨᠡᠶᠢᠬᠡᠮ  ᠤᠨ ᠡᠷᠡᠬᠦᠯ ᠲᠦᠷᠬᠡᠨ ᠬᠦᠭᠵᠢᠯᠳᠠ  ᠶᠢ ᠪᠡᠶᠡᠯᠡᠬᠦᠯᠵᠠᠢ᠃ ᠭᠠᠵᠠᠷ ᠣᠷᠣᠨ  ᠤ ᠦᠢᠯᠡᠳᠪᠣᠷᠢᠯᠡᠯ  ᠤᠨ ᠶᠠᠷᠣᠩᠬᠡᠢ ᠦᠷᠳᠡᠭ  ᠢ 58905  ᠲᠦᠮᠡᠨ ᠲᠦᠬᠦᠷᠢᠭ ᠪᠡᠶᠡᠯᠡᠬᠦᠯᠵᠣ᠂ ᠨᠢᠳᠣᠨᠣᠨ  ᠤ ᠬᠢ ᠠᠴᠠ 29.5%   ᠪᠠᠷ ᠨᠡᠮᠡᠭᠳᠠᠵᠠᠢ᠃ ᠬᠡᠳᠣᠨ ᠲᠦᠷᠦᠯ  ᠤᠨ ᠭᠤᠣᠯ ᠪᠣᠯᠬᠤ ᠠᠵᠣ ᠠᠬᠤᠢ  ᠶᠢᠨ ᠵᠢᠭᠠᠯᠳᠠ ᠲᠣᠭᠠᠨ  ᠤ ᠨᠡᠮᠡᠭᠳᠠᠯ ᠬᠤᠷᠳᠣᠴᠨ ᠨᠢ ᠴᠦᠮ ᠪᠦᠬᠦ ᠠᠶᠢᠮᠠᠭ  ᠤᠨ ᠲᠣᠮᠳᠠᠴᠢ ᠲᠦᠪᠰᠢᠨ  ᠠᠴᠠ ᠲᠠᠪᠠᠭᠰᠠᠨ ᠪᠦᠬᠡᠳ᠂  ︽ᠬᠤᠶᠠᠷ ᠨᠢᠬᠡᠳᠣᠬᠡᠷ︾  ︵ᠬᠤᠶᠠᠳᠣᠭᠠᠷ ᠠᠵᠣ ᠦᠢᠯᠡᠰ ᠪᠣᠯᠣᠨ ᠠᠵᠣ ᠦᠢᠯᠡᠳᠪᠣᠷᠢ  ᠶᠢᠨ ᠨᠡᠮᠡᠭᠳᠠᠯ ᠦᠷᠳᠡᠭ︶᠂  ︽ᠬᠤᠶᠠᠷ ᠬᠤᠶᠠᠳᠣᠭᠠᠷ︾ ︵ᠭᠠᠵᠠᠷ ᠣᠷᠣᠨ  ᠤ ᠦᠢᠯᠡᠳᠪᠣᠷᠢᠯᠡᠯ  ᠤᠨ ᠶᠠᠷᠣᠩᠬᠡᠢ ᠦᠷᠳᠡᠭ ᠪᠠ ᠲᠣᠭᠳᠠᠮᠠᠯ ᠬᠦᠷᠦᠩᠬᠡ  ᠶᠢᠨ ᠪᠡᠯᠨ ᠣᠷᠣᠭᠤᠯᠣᠯᠳᠠ︶  ᠂ ︽ᠨᠢᠬᠡ ᠭᠤᠷᠪᠠᠳᠣᠭᠠᠷ︾   ︵ᠮᠠᠯᠴᠢᠳ ᠤᠨ ᠬᠦᠮᠦᠨ ᠪᠦᠷᠢ  ᠶᠢᠨ ᠲᠣᠮᠳᠠᠴᠢ ᠴᠡᠪᠡᠷ ᠣᠷᠣᠯᠭ᠎ᠠ︶  ᠲᠤ ᠣᠷᠣᠭᠰᠠᠨ ᠰᠠᠶᠢᠨ ᠬᠢᠷᠢ ᠪᠦᠳᠦᠮᠵᠢ ᠣᠯᠵᠣ᠂ ᠪᠦᠬᠦ ᠠᠶᠢᠮᠠᠭ  ᠤᠨ ᠬᠦᠭᠵᠢᠯᠳᠠ  ᠶᠢᠨ ᠬᠤᠷᠳᠣᠴᠨ  ᠶᠢ ᠲᠠᠭᠠᠵᠣ ᠲᠠᠶᠢᠯᠦᠭᠰᠡᠨ ᠪᠠᠶᠢᠨ᠎ᠠ᠃ ᠪᠢᠳᠡᠬᠦᠮᠵᠢᠯᠡᠨ ᠰᠢᠯᠵᠢᠬᠦᠯᠬᠦ ᠪᠠᠶᠢᠯᠳᠣᠬᠤ ᠪᠣᠳᠣᠯᠭ᠎ᠠ  ᠶᠢ ᠬᠦᠨᠵᠡᠬᠡᠢ ᠬᠡᠷᠡᠭᠵᠢᠬᠦᠯᠵᠣ᠂ ᠲᠠᠯ᠎ᠠ ᠨᠣᠳᠤᠭ  ᠤᠨ ᠠᠮᠢ ᠠᠬᠤᠢ  ᠶᠢᠨ ᠪᠦᠳᠦᠬᠡᠨ ᠪᠠᠶᠢᠭᠤᠯᠣᠯᠳᠠ ᠢᠯᠡᠳᠳᠠ ᠦᠷ᠎ᠠ ᠪᠦᠳᠦᠮᠵᠢ ᠣᠯᠵᠠᠢ᠃ ᠲᠠᠯ᠎ᠠ ᠨᠣᠳᠤᠭ  ᠤᠨ ︽ᠪᠡᠯᠴᠢᠬᠡᠷ ᠰᠡᠷᠬᠦᠬᠡᠬᠦ᠂ ᠪᠠᠯᠴᠢᠬᠡᠷᠯᠡᠬᠦᠯᠬᠦ  ᠶᠢ ᠵᠣᠭᠰᠣᠭᠠᠬᠤ᠂ ᠰᠡᠯᠬᠦᠨ ᠮᠠᠯᠵᠢᠬᠤ︾ ᠠᠵᠢᠯ  ᠢ ᠯᠠᠪᠳᠠᠭᠤᠨ ᠪᠠᠳᠣᠳᠠᠢ ᠬᠡᠷᠡᠭᠵᠢᠬᠦᠯᠵᠣ᠂ ᠬᠠᠪᠣᠷ  ᠤᠨ ᠣᠯᠠᠷᠢᠯ  ᠤᠨ ᠪᠡᠯᠴᠢᠬᠡᠷ ᠰᠡᠷᠬᠦᠬᠡᠭᠰᠡᠨ᠂ ᠪᠠᠯᠴᠢᠬᠡᠷᠯᠡᠬᠦᠯᠬᠦ  ᠶᠢ ᠵᠣᠭᠰᠣᠭᠠᠭᠰᠠᠨ᠂ ᠰᠡᠯᠬᠦᠨ ᠮᠠᠯᠵᠢᠭᠰᠠᠨ  ᠲᠠᠯᠠᠪᠠᠢ ᠲᠣᠰ ᠲᠣᠰ 3364 ᠲᠦᠮᠡᠨ ᠮᠣ᠋᠂ 112 ᠲᠦᠮᠡᠨ ᠮᠣ᠋᠂ 86  ᠲᠦᠮᠡᠨ ᠮᠣ᠋᠂ ᠶᠠᠷᠣᠩᠬᠡᠢ ᠲᠠᠯᠠᠪᠠᠢ ᠨᠢ 3562  ᠲᠦᠮᠡᠨ ᠮᠣ᠋  ᠳᠤ ᠬᠦᠷᠴᠣ᠂ ᠪᠦᠬᠦ ᠬᠤᠰᠢᠭᠤᠨ  ᠤ ᠨᠣᠳᠤᠭ ᠪᠡᠯᠴᠢᠬᠡᠷ  ᠤᠨ ᠶᠠᠷᠣᠩᠬᠡᠢ ᠲᠠᠯᠠᠪᠠᠢ  ᠶᠢᠨ 88%  ᠶᠢ ᠡᠵᠡᠯᠡᠭᠰᠡᠨ ᠪᠠᠶᠢᠨ᠎ᠠ᠃ ᠪᠡᠬᠡᠵᠢᠩ ᠲᠢᠶᠠᠨᠵᠢᠨ  ᠤ ᠡᠯᠡᠰᠣᠨ  ᠤ ᠡᠬᠢ  ᠶᠢ ᠵᠠᠰᠠᠬᠤ ᠢᠨᠵᠧᠨᠧᠷᠢᠩ  ᠢ ᠪᠦᠳᠦᠮᠵᠢᠳᠠᠢ ᠬᠡᠷᠡᠭᠵᠢᠬᠦᠯᠵᠣ᠂ ᠲᠠᠯ᠎ᠠ ᠨᠣᠳᠤᠭ  ᠤᠨ ᠣᠷᠭᠤᠮᠠᠯ  ᠤᠨ ᠪᠦᠷᠬᠦᠴᠨ  ᠶᠢᠨ ᠪᠦᠳᠦᠬᠡᠨ ᠪᠠᠶᠢᠭᠤᠯᠣᠯᠳᠠ  ᠶᠢ 38.7  ᠲᠦᠮᠡᠨ ᠮᠣ᠋ ᠪᠡᠶᠡᠯᠡᠬᠦᠯᠵᠣ᠂ ᠣᠰᠣᠨ  ᠤ ᠰᠣᠷᠪᠣᠯᠵᠢ  ᠶᠢᠨ ᠢᠨᠵᠧᠨᠧᠷᠢᠩ  ᠤᠨ 100  ᠬᠤᠳᠳᠤᠭ ᠮᠠᠯᠳᠠᠬᠤ ᠠᠵᠢᠯ  ᠢ ᠪᠡᠶᠡᠯᠡᠬᠦᠯᠪᠡ᠃ ᠠᠮᠢ ᠠᠬᠤᠢ  ᠶᠢᠨ ᠨᠡᠬᠦᠳᠠᠯ ᠠᠷᠠᠳ  ᠤᠨ ᠢᠨᠵᠧᠨᠧᠷᠢᠩ  ᠢ ᠢᠳᠡᠪᠬᠢᠳᠠᠢ ᠬᠡᠷᠡᠭᠵᠢᠬᠦᠯᠵᠣ᠂ ᠨᠡᠬᠦᠳᠠᠯ ᠠᠷᠠᠳ  ᠢ ᠲᠦᠪᠬᠢᠨᠡᠬᠦᠯᠬᠦ ᠴᠢᠳᠠᠪᠬᠢ ᠪᠠᠨ ᠦᠨᠡᠨᠬᠦ ᠨᠡᠮᠡᠭᠳᠡᠬᠦᠯᠵᠣ᠂ ᠣᠯᠠᠨ ᠵᠦᠢᠯ  ᠤᠨ ᠠᠷᠭ᠎ᠠ ᠵᠠᠮ  ᠢᠶᠠᠷ ᠠᠮᠢ ᠠᠬᠤᠢ  ᠶᠢᠨ ᠨᠡᠬᠦᠳᠠᠯ ᠠᠷᠠᠳ  ᠢ  140  ᠡᠷᠦᠬᠡ  ᠶᠢᠨ  700  ᠬᠦᠮᠦᠨ  ᠢ ᠲᠦᠪᠬᠢᠨᠠᠬᠦᠯᠵᠠᠢ᠃  ᠮᠠᠯ ᠪᠡᠯᠴᠢᠬᠡᠷ  ᠤᠨ ᠲᠠᠩᠴᠡᠬᠦᠷᠢ  ᠶᠢᠨ ᠬᠠᠷᠢᠭᠤᠴᠠᠯᠭ᠎ᠠ  ᠶᠢᠨ ᠲᠦᠷᠢᠮ  ᠢ ᠴᠢᠩᠭ᠎ᠠ ᠬᠡᠷᠡᠭᠵᠢᠬᠦᠯᠦᠨ᠂  4986 ᠬᠤᠪᠢ ᠬᠠᠷᠢᠭᠤᠴᠠᠯᠭ᠎ᠠ  ᠶᠢᠨ ᠪᠢᠴᠢᠭ  ᠲᠣᠭᠳᠠᠵᠣ᠂  ᠮᠠᠯᠵᠢᠯ  ᠤᠨ ᠪᠣᠰᠣ ᠡᠷᠦᠬᠡ  ᠶᠢᠨ 20.12  ᠲᠦᠮᠡᠨ ᠮᠠᠯ  ᠢ ᠴᠡᠪᠡᠷᠯᠡᠪᠡ᠃ ᠲᠠᠯ᠎ᠠ ᠨᠣᠳᠤᠭ  ᠢ ᠬᠠᠮᠠᠭᠠᠯᠠᠬᠤ ᠡᠷᠴᠢᠮ  ᠢᠶᠠᠨ ᠴᠢᠩᠭᠠᠯᠠᠵᠣ᠂ ᠬᠤᠯᠣᠭᠠᠨ᠎ᠠ ᠴᠠᠷᠴᠠᠬᠠᠢ  ᠶᠢᠨ ᠭᠠᠮᠰᠢᠭ  ᠢ ᠪᠦᠳᠦᠮᠵᠢᠳᠠᠢ ᠣᠰᠠᠳᠬᠠᠨ᠂ ᠡᠯ᠎ᠠ ᠵᠦᠢᠯ  ᠤᠨ ᠲᠣᠷ᠎ᠠ ᠪᠠᠷ ᠮᠠᠯᠳᠠᠵᠣ᠂ ᠲᠣᠷ᠎ᠠ ᠪᠠᠷ ᠠᠪᠠᠯᠠᠨ᠂ ᠨᠣᠳᠤᠭ ᠪᠠᠯᠴᠢᠬᠡᠷ   ᠢ ᠡᠪᠳᠡᠭᠰᠡᠨ ᠬᠠᠣᠯᠢ ᠪᠣᠰᠣ ᠠᠵᠢᠯᠯᠠᠭ᠎ᠠ  ᠳᠤ ᠬᠦᠨᠳᠣ ᠴᠣᠬᠢᠯᠳᠠ ᠦᠭᠴᠠᠢ᠃  ᠪᠠᠯᠴᠢᠬᠡᠷ  ᠤᠨ ᠲᠠᠷᠣᠭᠠᠰᠣ  ᠶᠢ ᠬᠦᠩᠬᠡᠯᠡᠬᠦ  ᠶᠢᠨ  ᠲᠣᠰᠠᠳᠠ᠂ ᠮᠠᠯ ᠵᠠᠷᠣᠴᠠᠭᠤᠯᠬᠤ ᠡᠷᠴᠢᠮ  ᠢᠶᠠᠨ ᠴᠢᠩᠭᠠᠯᠠᠨ᠂ ᠮᠠᠯ ᠤᠨ ᠡᠷᠬᠢᠯᠳᠠ  ᠶᠢ ᠲᠦᠷᠬᠡᠳᠬᠡᠵᠣ᠂ 102.8  ᠲᠦᠮᠡᠨ ᠮᠠᠯ ᠵᠠᠷᠣᠴᠠᠭᠤᠯᠪᠠ᠃ ᠲᠡᠬᠡᠷ᠎ᠠ ᠲᠣᠷᠠᠳᠣᠭᠰᠠᠨ ᠮᠠᠳᠣ ᠪᠦᠳᠦᠮᠵᠢᠳᠠᠢ ᠠᠷᠭ᠎ᠠ ᠬᠡᠮᠵᠢᠶ᠎ᠠ ᠠᠪᠣᠭᠰᠠᠨ ᠠᠴᠠ ᠶᠡᠬᠡᠩᠬᠡᠢ ᠭᠠᠵᠠᠷ ᠣᠷᠣᠨ  ᠤ ᠠᠮᠢ ᠠᠬᠤᠢ ᠵᠣᠬᠢᠬᠤ ᠰᠡᠷᠬᠦᠯᠳᠠ ᠲᠠᠢ ᠪᠣᠯᠵᠣ᠂ ᠡᠮᠣᠨ᠎ᠠ ᠰᠣᠮᠣᠨ  ᠤ ᠲᠦᠷᠦᠯ ᠵᠦᠢᠯ ᠲᠦᠪᠯᠡᠷᠡᠭᠰᠡᠨ ᠣᠷᠣᠨ  ᠤ ᠠᠮᠢ ᠠᠬᠤᠢ  ᠶᠢᠨ ᠮᠠᠭᠤᠳᠠᠬᠤ ᠬᠠᠨᠳᠣᠰᠢ  ᠶᠢ ᠬᠤᠷᠢᠭᠯᠠᠵᠣ ᠴᠢᠳᠠᠭᠰᠠᠨ ᠪᠠᠶᠢᠨ᠎ᠠ᠃ ᠮᠠᠯ ᠠᠵᠣ ᠠᠬᠤᠢ  ᠶᠢᠨ ᠦᠢᠯᠡᠳᠪᠣᠷᠢᠯᠡᠯ ᠡᠵᠡᠩᠨᠡᠯᠳᠠ  ᠶᠢᠨ ᠠᠷᠭ᠎ᠠ ᠮᠠᠶ᠋ᠢᠭ  ᠢ ᠲᠠᠰᠣᠷᠠᠯᠳᠠ ᠦᠬᠡᠢ ᠬᠤᠪᠢᠷᠠᠭᠤᠯᠵᠣ᠂ ᠮᠠᠯᠵᠢᠬᠤ ᠣᠷᠣᠨ  ᠤ ᠡᠯ᠎ᠠ ᠲᠦᠷᠦᠯ  ᠤᠨ ᠭᠤᠣᠯ ᠠᠵᠢᠯ  ᠢ ᠯᠠᠪᠳᠠᠭᠤᠨ ᠪᠠᠳᠣᠳᠠᠢ ᠲᠦᠯᠬᠢᠨ ᠠᠬᠢᠭᠤᠯᠵᠠᠢ᠃  2004  ᠣᠨ  ᠳᠤ᠂ ᠮᠠᠨ  ᠤ ᠬᠤᠰᠢᠭᠤ ᠨᠢ ᠬᠡᠳᠣᠶᠢᠪᠡᠷ ᠬᠦᠨᠳᠣ ᠬᠡᠴᠡᠬᠦᠦ ᠭᠠᠩ ᠬᠠᠭᠰᠠᠷᠭᠠᠨ  ᠳᠤ ᠲᠠᠭᠠᠷᠢᠭᠳᠠᠭᠰᠠᠨ ᠪᠣᠯᠪᠠᠴᠣ ᠪᠦᠬᠦ ᠬᠤᠰᠢᠭᠤ ᠪᠠᠷ  ᠢᠶᠠᠨ ᠬᠦᠴᠦᠨ  ᠢᠶᠠᠨ ᠨᠢᠬᠡᠳᠬᠡᠨ ᠭᠠᠩ ᠲᠠᠢ ᠲᠡᠮᠡᠴᠡᠭᠰᠡᠨ ᠠᠴᠠ ᠮᠠᠯ ᠠᠵᠣ ᠠᠬᠤᠢ  ᠶᠢᠨ ᠦᠢᠯᠡᠳᠪᠣᠷᠢᠯᠡᠯ ᠨᠠᠯᠢᠶᠠᠳ ᠰᠠᠶᠢᠨ ᠦᠷ᠎ᠠ ᠪᠦᠳᠦᠮᠵᠢ ᠣᠯᠣᠭᠰᠠᠨ ᠪᠠᠶᠢᠨ᠎ᠠ᠃ ᠮᠠᠯ ᠠᠵᠣ ᠠᠬᠤᠢ  ᠶᠢᠨ ᠰᠠᠭᠤᠷᠢ ᠲᠦᠬᠦᠬᠡᠷᠦᠮᠵᠢ  ᠶᠢᠨ ᠪᠦᠳᠦᠬᠡᠨ ᠪᠠᠶᠢᠭᠤᠯᠣᠯᠳᠠ  ᠶᠢ ᠦᠷᠬᠦᠯᠵᠢᠯᠡᠨ ᠰᠠᠶᠢᠵᠢᠷᠠᠭᠤᠯᠵᠣ᠂ 4.05  ᠲᠦᠮᠡᠨ ᠲᠡᠭᠰᠢ ᠲᠦᠷᠪᠡᠯᠵᠢᠨ ᠮᠧᠲᠷ ᠲᠣᠯᠠᠭᠠᠨ ᠫᠧᠩ᠂ 190 ᠲᠦᠮᠡᠨ ᠮᠣ᠋ ᠲᠣᠣᠷ ᠬᠦᠷᠢᠶᠠᠨ  ᠤ ᠪᠦᠳᠦᠬᠡᠨ ᠪᠠᠶᠢᠭᠤᠯᠣᠯᠳᠠ  ᠶᠢ ᠪᠠᠶᠡᠯᠡᠬᠦᠯᠵᠣ᠂ ᠦᠨᠳᠣᠷ ᠣᠨᠠᠯᠳᠠᠳᠣ ᠡᠪᠡᠰᠣ ᠪᠣᠷᠳᠤᠭ᠎ᠠ ᠲᠠᠷᠢᠬᠤ ᠲᠠᠯᠠᠪᠠᠢ 0.2  ᠲᠦᠮᠡᠨ ᠮᠣ᠋ ᠨᠡᠮᠡᠭᠳᠡᠨ᠂ ᠲᠠᠷᠢᠬᠤ ᠬᠡᠪᠴᠢᠶ᠎ᠠ 1.7 ᠲᠦᠮᠡᠨ ᠮᠣ᠋  ᠳᠤ ᠬᠦᠷᠬᠡᠭᠰᠡᠨ ᠪᠠᠶᠢᠨ᠎ᠠ᠃ ᠮᠠᠯ  ᠤᠨ ᠪᠦᠳᠦᠴᠨ  ᠶᠢᠨ ᠲᠣᠬᠢᠷᠠᠭᠤᠯᠣᠯᠳᠠ ᠨᠢ ᠪᠣᠳᠠᠳᠠᠢ ᠦᠷ᠎ᠠ ᠠᠰᠢᠭ ᠣᠯᠪᠠ᠃ ︽ᠡᠮᠣᠨ᠎ᠠ ᠰᠣᠮᠣᠨ  ᠳᠤ ᠦᠬᠡᠷ᠂ ᠬᠤᠶᠢᠳᠣ ᠰᠣᠮᠣᠨ  ᠳᠤ ᠬᠤᠨᠢ᠂ ᠡᠬᠦᠯᠳᠠᠷ ᠰᠠᠶᠢᠵᠢᠷᠠᠭᠤᠯᠣᠨ ᠮᠠᠯᠵᠢᠬᠤ︾ ᠰᠡᠳᠬᠢᠴᠨ ᠶᠣᠰᠣᠭᠠᠷ᠂ ᠦᠬᠡᠷ  ᠤᠨ  ᠡᠬᠦᠯᠳᠡᠷ ᠰᠠᠶᠢᠵᠢᠷᠠᠭᠤᠯᠬᠤ᠂ ᠰᠠᠶᠢᠨ ᠡᠬᠦᠯᠳᠠᠷ  ᠤᠨ ᠮᠠᠯ ᠣᠷᠣᠭᠤᠯᠬᠤ ᠪᠣᠯᠣᠨ ᠦᠵᠦᠮᠦᠴᠢᠨ ᠬᠤᠨᠢ  ᠶᠢ ᠰᠣᠩᠭᠤᠨ ᠪᠦᠢᠵᠢᠭᠤᠯᠬᠤ ᠪᠠᠷ ᠭᠤᠣᠯ ᠪᠣᠯᠭᠠᠭᠰᠠᠨ ᠮᠠᠯ ᠲᠠᠵᠢᠬᠡᠪᠣᠷᠢ  ᠶᠢᠨ ᠡᠬᠦᠯᠳᠠᠷ ᠰᠢᠯᠢᠳᠡᠭᠵᠢᠬᠦᠯᠬᠦ ᠢᠨᠵᠧᠨᠧᠷᠢᠩ   ᠤᠨ ᠬᠡᠷᠡᠭᠵᠢᠬᠦᠯᠦᠯᠳᠠ  ᠶᠢ ᠴᠢᠩᠭᠠᠳᠬᠠᠭᠰᠠᠨ  ᠤ ᠬᠠᠮᠳᠣ᠂ ᠡᠨᠡᠬᠦ ᠠᠵᠢᠯ  ᠢ  ︽ᠭᠤᠣᠯ ᠣᠳᠣᠷᠢᠳᠣᠯᠭ᠎ᠠ  ᠶᠢᠨ ᠢᠨᠵᠧᠨᠧᠷᠢᠩ︾ ᠪᠣᠯᠭᠠᠵᠣ᠂ ᠡᠯ᠎ᠠ ᠭᠠᠵᠠᠷ᠂ ᠡᠯ᠎ᠠ ᠰᠠᠯᠠᠭ᠎ᠠ ᠮᠦᠴᠢᠷ  ᠤᠨ ᠵᠢᠯ  ᠤᠨ ᠡᠴᠣᠰ  ᠤᠨ ᠬᠢᠨᠠᠨ ᠰᠢᠯᠭᠠᠬᠤ ᠠᠭᠤᠯᠭ᠎ᠠ ᠳᠤ ᠣᠷᠣᠭᠤᠯᠣᠨ᠂ ᠱᠠᠳᠣ ᠱᠠᠳᠣ ᠪᠠᠷ ᠬᠠᠷᠢᠭᠤᠴᠠᠯᠭ᠎ᠠ  ᠶᠢᠨ ᠪᠢᠴᠢᠭ ᠲᠣᠭᠳᠠᠵᠣ ᠂ ︽ᠨᠢᠬᠡ ᠫᠢᠶᠣᠣ ᠪᠠᠷ ᠦᠬᠡᠶᠢᠰᠬᠡᠬᠦ︾ ᠲᠦᠷᠢᠮ  ᠢ ᠬᠡᠷᠡᠭᠵᠢᠬᠦᠯᠦᠨ᠂ ᠲᠣᠰ ᠵᠢᠯ ᠳᠡᠭᠡᠨ 8018 ᠦᠨᠢᠶᠠᠨ  ᠳᠤ ᠢᠴᠡᠬᠡᠯ ᠦᠷ᠎ᠠ  ᠶᠢᠨ ᠬᠡᠬᠡᠯᠳᠣᠬᠦᠯᠬᠡ ᠬᠢᠵᠣ᠂ 908  ᠰᠠᠭᠠᠯᠢ  ᠶᠢᠨ ᠦᠨᠢᠶ᠎ᠠ᠂  2680 ᠰᠢᠯᠢᠳᠡᠭ ᠡᠬᠦᠯᠳᠠᠷ  ᠤᠨ  ᠰᠢᠮᠧᠨ᠋ᠲ᠋ᠧᠷ ᠮᠢᠬᠠᠨ  ᠤ ᠦᠬᠡᠷ  ᠢ ᠣᠷᠣᠭᠤᠯᠪᠠ᠃ ᠦᠵᠦᠮᠦᠴᠢᠨ ᠬᠤᠨᠢ  ᠶᠢ ᠰᠣᠩᠭᠤᠨ ᠪᠦᠢᠵᠢᠭᠤᠯᠬᠤ ᠰᠦᠷᠦᠭ 30  ᠶᠢ ᠪᠠᠶᠢᠭᠤᠯᠵᠣ᠂ ᠰᠢᠯᠢᠳᠡᠭ ᠡᠬᠦᠯᠳᠠᠷ  ᠤᠨ ᠢᠬᠢᠷᠡᠯᠡᠬᠦ ᠡᠮ᠎ᠠ ᠬᠤᠨᠢ 150 ᠶᠢ ᠰᠣᠩᠭᠤᠨ᠂  ᠣᠯᠠᠨ ᠬᠦᠪᠣᠷᠠᠯ  ᠤᠨ ᠭᠧᠨ ᠲᠠᠢ ᠦᠵᠦᠮᠦᠴᠢᠨ ᠬᠤᠨᠢᠨ  ᠤ ᠰᠠᠭᠤᠷᠢᠨ ᠭᠠᠵᠠᠷ ᠨᠢᠬᠡ  ᠶᠢ ᠪᠠᠶᠢᠭᠤᠯᠪᠠ᠃  7 ᠭᠠᠴᠠᠭᠠᠨ  ᠳᠤ ᠦᠷ᠎ᠠ  ᠶᠢᠨ ᠮᠠᠯ  ᠢ ᠨᠢᠬᠡᠳᠣᠯᠳᠠᠢ ᠬᠠᠮᠢᠶᠠᠷᠬᠤ ᠲᠣᠷᠰᠢᠯᠳᠠ  ᠶᠢᠨ ᠴᠢᠭ᠋  ᠤᠨ ᠠᠵᠢᠯ  ᠢ ᠦᠷᠨᠢᠬᠦᠯᠦᠨ᠂ ᠮᠠᠯᠵᠢᠯ  ᠤᠨ ᠣᠨ  ᠤ ᠮᠠᠯ ᠤᠨ ᠡᠬᠦᠯᠳᠠᠷ ᠰᠠᠶᠢᠵᠢᠷᠠᠭᠤᠯᠣᠭᠰᠠᠨ ᠨᠣᠷᠮ᠎ᠠ 78.7% ᠬᠦᠷᠬᠡᠵᠣ᠂ ᠨᠢᠳᠣᠨᠣᠨ ᠤ ᠬᠢ  ᠠᠴᠠ 7.7  ᠵᠠᠭᠤᠨ  ᠤ ᠬᠤᠪᠢ ᠨᠡᠮᠡᠭᠳᠡᠭᠰᠡᠨ ᠪᠠᠶᠢᠨ᠎ᠠ᠃ ᠠᠵᠣ ᠦᠢᠯᠡᠰᠵᠢᠯᠳᠠ  ᠶᠢᠨ ᠠᠬᠢᠴᠨ ᠢᠯᠡᠷᠬᠡᠢ  ᠲᠦᠷᠬᠡᠰᠣᠨ᠂ ᠮᠠᠯᠴᠢᠳ ᠪᠣᠯᠣᠨ ᠮᠠᠯᠵᠢᠬᠤ ᠣᠷᠣᠨ  ᠤ ᠨᠡᠶᠢᠬᠡᠮᠯᠢᠭ  ᠤᠨ ᠵᠣᠬᠢᠶᠠᠨ ᠪᠠᠶᠢᠭᠤᠯᠣᠯᠳᠠ  ᠶᠢ ᠵᠢᠯᠣᠭᠤᠳᠴᠣ᠂ ᠢ ᠱᠧᠩ ᠪᠣᠯᠣᠨ ᠬᠤᠰᠢᠭᠤᠨ  ᠤ ᠲᠣᠳᠣᠭᠠᠳᠣ ᠳᠠᠬᠢ ᠣᠯᠠᠭᠠᠨ ᠢᠳᠡᠬᠡᠨ ᠡᠳ᠋ᠰᠢᠬᠦᠯᠬᠦ  ᠠᠵᠣ ᠠᠬᠤᠶᠢᠯᠠᠯ ᠲᠠᠢ ᠪᠦᠳᠦᠮᠵᠢᠳᠠᠢ ᠬᠠᠷᠢᠯᠴᠠᠭᠤᠯᠬᠤ ᠪᠠᠷ ᠲᠠᠮᠵᠢᠨ᠂ ᠠᠵᠣ ᠠᠬᠤᠶᠢᠯᠠᠯ ᠪᠣᠯᠣᠨ ᠬᠡᠰᠡᠭ ᠮᠠᠯᠴᠢᠨ ᠡᠷᠦᠬᠡ  ᠶᠢᠨ ᠬᠤᠭᠤᠷᠣᠨᠳᠣ ᠠᠩᠬ᠎ᠠ ᠠᠯᠬᠤᠮ  ᠤᠨ ᠬᠠᠮᠳᠣᠷᠠᠯᠴᠠᠬᠤ ᠬᠠᠷᠢᠴᠠᠭ᠎ᠠ  ᠶᠢ ᠪᠠᠶᠢᠭᠤᠯᠪᠠ᠃ ᠮᠠᠯ  ᠤᠨ  ᠬᠢᠵᠢᠭ ᠡᠪᠡᠳᠴᠢᠨ  ᠢ ᠰᠡᠷᠬᠡᠶᠢᠯᠡᠨ ᠵᠠᠰᠠᠬᠤ  ᠶᠢ ᠴᠢᠩᠭᠠᠳᠬᠠᠨ᠂ 1128  ᠲᠦᠮᠡᠨ ᠮᠠᠯ ᠣᠳᠠᠭ᠎ᠠ  ᠳᠤ ᠬᠢᠵᠢᠭ  ᠰᠡᠷᠬᠡᠶᠢᠯᠡᠬᠦ ᠲᠠᠷᠢᠯᠭ᠎ᠠ ᠲᠠᠷᠢᠵᠣ᠂ ᠡᠯ᠎ᠠ ᠵᠦᠢᠯ  ᠤᠨ ᠡᠪᠡᠳᠴᠢᠨ  ᠬᠢᠵᠢᠭ ᠡᠬᠦᠰᠬᠦ  ᠶᠢ ᠪᠦᠳᠦᠮᠵᠢᠳᠠᠢ ᠬᠤᠷᠢᠭᠯᠠᠵᠣ ᠴᠢᠳᠠᠭᠰᠠᠨ ᠪᠠᠶᠢᠨ᠎ᠠ᠃ ᠮᠠᠯᠵᠢᠯ  ᠤᠨ ᠣᠨ  ᠳᠤ᠂ ᠮᠠᠯ  ᠤᠨ ᠶᠠᠷᠣᠩᠬᠡᠢ ᠲᠤᠭ᠎ᠠ ᠲᠣᠯᠣᠭᠠᠢ 206.4  ᠲᠦᠮᠨ ᠬᠦᠷᠴᠣ᠂ ᠨᠢᠳᠣᠨᠣᠨ  ᠤ ᠬᠢ  ᠠᠴᠠ 3.1 ᠲᠦᠮᠡᠨ ᠲᠣᠯᠣᠭᠠᠢ ᠨᠡᠮᠡᠭᠳᠡᠪᠠ᠃ ᠡᠬᠦᠨ  ᠳᠤ ᠪᠣᠳᠠ ᠮᠠᠯ 11  ᠲᠦᠮᠨ᠂  12.2%   ᠪᠠᠷ ᠨᠡᠮᠡᠭᠳᠠᠵᠣ᠂ ᠪᠣᠭ ᠮᠠᠯ 195.4 ᠲᠦᠮᠨ᠂ 1.5% ᠪᠠᠷ ᠬᠠᠰᠣᠭᠳᠠᠪᠠ᠃ ᠮᠠᠯ  ᠤᠨ ᠶᠠᠷᠣᠩᠬᠡᠢ ᠲᠤᠭ᠎ᠠ ᠲᠣᠯᠣᠭᠠᠢ ᠪᠦᠳᠦᠮᠵᠢᠳᠠᠢ ᠬᠢᠵᠠᠭᠠᠷᠯᠠᠭᠳᠠᠵᠣ᠂ ᠮᠠᠯ ᠰᠦᠷᠦᠭ  ᠤᠨ ᠪᠦᠳᠦᠴᠨ ᠣᠯᠠᠮ ᠵᠣᠬᠢᠰᠳᠠᠢ ᠪᠣᠯᠵᠣ᠂ ᠡᠬᠦᠯᠳᠠᠷ ᠰᠠᠶᠢᠵᠢᠷᠠᠭᠤᠯᠣᠭᠰᠠᠨ ᠨᠣᠷᠮ᠎ᠠ ᠵᠢᠯ ᠲᠠᠷᠠᠭᠠᠯᠠᠨ ᠨᠡᠮᠡᠭᠳᠠᠪᠠ᠃ ᠪᠦᠬᠦ ᠵᠢᠯ  ᠤᠨ ᠨᠢᠬᠡᠳᠣᠬᠡᠷ ᠠᠵᠣ ᠦᠢᠯᠡᠰ ᠤᠨ ᠨᠡᠮᠡᠭᠳᠠᠯ ᠦᠷᠳᠡᠭ  ᠶᠢ 24268  ᠲᠦᠮᠡᠨ ᠲᠦᠬᠦᠷᠢᠭ ᠪᠠᠶᠠᠯᠡᠬᠦᠯᠵᠣ᠂  ᠨᠢᠳᠣᠨᠣᠨ  ᠤ ᠬᠢ  ᠠᠴᠠ 10% ᠪᠠᠷ  ᠨᠡᠮᠡᠭᠳᠡᠭᠰᠡᠨ ᠪᠠᠶᠢᠨ᠎ᠠ᠃ᠠᠵᠣ ᠦᠢᠯᠡᠳᠪᠣᠷᠢ ᠪᠠᠷ ᠬᠤᠰᠢᠭᠤ ᠪᠠᠨ ᠬᠦᠴᠦᠷᠬᠡᠭᠵᠢᠬᠦᠯᠬᠦ ᠪᠠᠶᠢᠯᠳᠣᠬᠤ ᠪᠣᠳᠣᠯᠭ᠎ᠠ ᠲᠣᠭᠳᠠᠭᠤᠨ ᠠᠬᠢᠴᠨ ᠲᠠᠢ᠂ ᠭᠤᠣᠯᠳᠠᠯᠭ᠎ᠠ ᠲᠠᠢ ᠲᠦᠷᠦᠯ ᠵᠦᠢᠯ  ᠤᠨ ᠪᠦᠳᠦᠬᠡᠨ ᠪᠠᠶᠢᠭᠤᠯᠣᠯᠳᠠ ᠣᠷᠣᠭᠰᠢᠳᠠᠢ ᠶᠠᠪᠣᠭᠳᠠᠵᠣ ᠪᠠᠶᠢᠨ᠎ᠠ᠃ ᠪᠢᠳᠠ ᠲᠦᠷᠦᠯ ᠵᠦᠢᠯ  ᠢ ᠠᠳᠬᠤᠬᠤ  ᠠᠴᠠ ᠭᠠᠷᠳᠠᠵᠣ᠂ ᠠᠷᠠᠯᠵᠢᠶᠠᠴᠢᠨ ᠣᠷᠢᠵᠣ ᠪᠡᠯᠨ ᠲᠠᠳᠠᠬᠤ ᠪᠠᠷ ᠲᠠᠮᠵᠢᠨ ᠲᠠᠯᠬᠡᠷ ᠬᠦᠨᠳᠣ ᠬᠢᠮᠢ  ᠶᠢᠨ ᠠᠵᠣ ᠦᠢᠯᠡᠳᠪᠣᠷᠢ  ᠶᠢᠨ ᠰᠠᠭᠤᠷᠢᠨ ᠭᠠᠵᠠᠷ ᠪᠠ ᠴᠠᠭᠠᠨᠨᠠᠭᠤᠷ ᠨᠠᠬᠦᠷᠡᠰᠣ ᠴᠠᠬᠢᠯᠭᠠᠨ  ᠤ ᠲᠦᠷᠦᠯ ᠵᠦᠢᠯ ᠵᠡᠷᠬᠡ ᠬᠤᠶᠠᠷ ᠭᠤᠣᠯᠳᠠᠯᠭ᠎ᠠ ᠲᠠᠢ ᠲᠦᠷᠦᠯ ᠵᠦᠢᠯ  ᠢ ᠡᠬᠢᠯᠡᠬᠦᠯᠵᠠᠢ᠃ ᠡᠨ᠋ᠨ ᠬᠤᠶᠠᠷ ᠲᠦᠷᠦᠯ ᠵᠦᠢᠯ  ᠤᠨ ᠪᠦᠳᠦᠬᠡᠨ ᠪᠠᠶᠢᠭᠤᠯᠣᠯᠳᠠ ᠶᠢ ᠲᠦᠯᠬᠢᠨ ᠠᠬᠢᠭᠤᠯᠬᠤ  ᠶᠢᠨ ᠲᠦᠯᠦᠬᠡ ᠭᠤᠣᠯᠳᠠᠯᠭ᠎ᠠ ᠲᠠᠢ ᠲᠦᠷᠦᠯ ᠵᠦᠢᠯ  ᠢ ᠲᠣᠰᠬᠠᠢ ᠠᠬᠢᠭᠤᠯᠬᠤ ᠠᠵᠢᠯ  ᠤᠨ ᠣᠳᠣᠷᠢᠳᠣᠯᠭ᠎ᠠ  ᠶᠢᠨ ᠬᠠᠷᠢᠭᠤᠴᠠᠯᠭ᠎ᠠ  ᠶᠢᠨ ᠲᠦᠷᠢᠮ  ᠢ ᠲᠣᠭᠳᠠᠭᠠᠵᠣ᠂ ᠲᠦᠷᠦᠯ ᠵᠦᠢᠯ ᠪᠣᠯᠭᠠᠨ  ᠳᠤ ᠨᠠᠮ ᠵᠠᠰᠠᠭ  ᠤᠨ ᠭᠤᠣᠯ ᠣᠳᠣᠷᠢᠳᠣᠯᠭ᠎ᠠ ᠣᠳᠣᠷᠢᠳᠣᠭᠰᠠᠨ᠂ ᠬᠤᠪᠢᠳᠠᠨ ᠬᠠᠮᠢᠶᠠᠷᠬᠤ ᠣᠳᠣᠷᠢᠳᠣᠯᠭ᠎ᠠ ᠬᠠᠷᠢᠭᠤᠴᠠᠭᠰᠠᠨ᠂ ᠠᠷᠠᠳ  ᠤᠨ ᠲᠦᠯᠦᠬᠡᠯᠡᠭᠴᠢᠳ  ᠤᠨ ᠶᠡᠭᠡ ᠬᠤᠷᠠᠯ  ᠤᠨ ᠪᠠᠶᠢᠩᠭᠤ ᠶᠢᠨ ᠬᠤᠷᠢᠶ᠎ᠠ ᠪᠠ ᠣᠯᠣᠰ ᠲᠦᠷᠦ  ᠶᠢᠨ ᠵᠦᠪᠯᠡᠯᠬᠡᠨ ᠬᠠᠮᠳᠣ ᠪᠠᠷ ᠣᠷᠣᠯᠴᠠᠭᠰᠠᠨ ᠣᠳᠣᠷᠢᠳᠬᠤ ᠲᠣᠭᠤᠶᠢᠯᠠᠩ ᠪᠠᠶᠢᠭᠤᠯᠵᠣ᠂ ᠲᠣᠰᠬᠠᠢ ᠣᠳᠣᠷᠢᠳᠬᠤ ᠪᠠᠭ ᠲᠣᠭᠳᠠᠭᠠᠨ᠂ ᠲᠣᠰᠬᠠᠢ ᠠᠵᠢᠯᠳᠠᠨ ᠲᠣᠬᠢᠷᠠᠭᠤᠯᠵᠣ᠂ ᠲᠦᠷᠦᠯ ᠵᠦᠢᠯ ᠢ ᠠᠬᠢᠭᠤᠯᠬᠤ ᠪᠠ ᠨᠠᠶᠢᠳᠠᠪᠣᠷᠢᠵᠢᠭᠤᠯᠬᠤ ᠠᠵᠢᠯ  ᠢ ᠬᠠᠷᠢᠭᠤᠴᠠᠭᠰᠠᠨ  ᠠᠴᠠ ᠲᠦᠷᠦᠯ ᠵᠦᠢᠯ  ᠤᠳ  ᠤᠨ ᠪᠦᠳᠦᠬᠡᠨ ᠪᠠᠶᠢᠭᠤᠯᠣᠯᠳᠠ ᠨᠢ ᠴᠦᠮ ᠮᠡᠳᠡᠭᠳᠡᠮ᠎ᠠ ᠠᠬᠢᠴᠨ ᠲᠠᠢ ᠪᠣᠯᠪᠠ᠃ ᠲᠡᠯᠬᠡᠷ ᠬᠦᠨᠳᠣ ᠬᠢᠮᠢ  ᠶᠢᠨ ᠠᠵᠣ ᠦᠢᠯᠡᠳᠪᠣᠷᠢ  ᠶᠢᠨ ᠰᠠᠭᠤᠷᠢᠨ ᠭᠠᠵᠠᠷ ᠨᠢ ᠨᠢᠬᠡᠨᠳᠠ ᠪᠦᠳᠦᠬᠡᠨ ᠪᠠᠶᠢᠭᠤᠯᠣᠯᠳᠠ  ᠶᠢᠨ ᠲᠦᠯᠦᠪᠵᠢᠬᠦᠯᠬᠡ  ᠶᠢ ᠨᠠᠶᠢᠷᠠᠭᠤᠯᠬᠤ ᠪᠠ ᠬᠡᠰᠡᠭ ︽ᠣᠰᠣ᠂ ᠴᠠᠬᠢᠯᠭᠠᠨ᠂ ᠵᠠᠮ᠂ ᠴᠢᠮᠡᠭᠡ ᠬᠤᠯᠪᠣᠭ᠎ᠠ ᠶᠢ ᠨᠠᠪᠳᠠᠷᠡᠬᠦᠯᠦᠨ᠂ ᠦᠢᠯᠡᠳᠪᠣᠷᠢ  ᠶᠢᠨ ᠲᠠᠯᠠᠪᠣᠷ  ᠢ ᠲᠡᠭᠰᠢᠯᠡᠬᠦ︾ ᠰᠠᠭᠤᠷᠢ ᠲᠦᠬᠦᠬᠡᠷᠣᠮᠵᠢ  ᠶᠢᠨ ᠪᠦᠳᠦᠬᠡᠨ ᠪᠠᠶᠢᠭᠤᠯᠣᠯᠳᠠ  ᠶᠢ ᠪᠠᠶᠠᠯᠡᠬᠦᠯᠵᠣ᠂ ᠠᠵᠣ ᠠᠬᠤᠶᠢᠯᠠᠯ  ᠤᠳ ᠤᠨ ᠰᠠᠭᠤᠷᠢᠨ ᠭᠠᠵᠠᠷ ᠲᠤ ᠬᠦᠷᠦᠯᠴᠠᠨ ᠢᠷᠡᠬᠦ ᠨᠦᠬᠦᠴᠡᠯ  ᠢ ᠦᠨᠳᠣᠰᠣᠨ ᠳᠡᠭᠡᠨ ᠪᠦᠷᠢᠯᠳᠣᠬᠦᠯᠪᠠ᠃ ᠴᠠᠬᠢᠯᠠᠭᠤᠷ ᠴᠢᠯᠠᠭᠤᠨ  ᠤ ᠦᠢᠯᠡᠳᠪᠣᠷᠢ ᠪᠠᠶᠢᠭᠤᠯᠬᠤ ᠪᠠᠷ ᠵᠦᠪᠯᠡᠯᠴᠡᠬᠡᠷ ᠲᠣᠭᠳᠠᠭᠰᠠᠨ 3 ᠠᠵᠣ ᠠᠬᠤᠶᠢᠯᠠᠯ ᠨᠢᠬᠡᠨᠳᠠ ᠰᠠᠭᠤᠷᠢᠨ ᠭᠠᠵᠠᠷ ᠲᠤ ᠬᠦᠷᠴᠣ ᠪᠠᠷᠢᠯᠭ᠎ᠠ ᠡᠬᠢᠯᠡᠬᠦᠯᠦᠨ᠂ 1092  ᠲᠦᠮᠡᠨ ᠲᠦᠬᠦᠷᠢᠭ  ᠤᠨ ᠪᠡᠯᠨ ᠣᠷᠣᠭᠤᠯᠣᠭᠰᠠᠨ ᠪᠠᠶᠢᠨ᠎ᠠ᠃ ᠴᠠᠭᠠᠨᠨᠠᠭᠤᠷ ᠨᠡᠬᠦᠷᠡᠰᠣ ᠴᠠᠬᠢᠯᠭᠠᠨ  ᠤ ᠲᠦᠷᠦᠯ ᠵᠦᠢᠯ ᠨᠢ ᠨᠢᠬᠡᠨᠳᠠ ᠪᠠᠶᠠᠨ ᠭᠤᠣᠯ  ᠤᠨ ᠭᠠᠵᠠᠷ ᠤᠨ ᠭᠠᠳᠠᠷᠭᠤ ᠶᠢᠨ ᠣᠰᠣᠨ  ᠤ ᠰᠣᠷᠪᠣᠯᠵᠢ  ᠶᠢᠨ ᠦᠨᠡᠯᠡᠯᠳᠠ ᠬᠢᠨᠠᠨ ᠪᠠᠶᠢᠴᠠᠭᠠᠯᠳᠠ  ᠶᠢ ᠪᠡᠶᠡᠯᠡᠬᠦᠯᠵᠣ᠂ ᠡᠾᠧᠪᠸᠢ ᠮᠣᠵᠢ ᠶᠢᠨ ᠹᠧᠩ ᠹᠧᠩ ᠪᠦᠯᠦᠭᠯᠡᠯ᠂ ᠳ᠋ᠠ ᠲᠠᠩ ᠡᠾᠧᠪᠸᠢ  ᠶᠢᠨ ᠴᠠᠬᠢᠯᠭᠠᠨ ᠭᠠᠷᠭᠠᠬᠤ ᠺᠣᠮᠫᠠᠨᠢ᠂ ᠡᠾᠧᠪᠸᠢ  ᠮᠣᠵᠢ ᠶᠢᠨ ᠬᠤᠸ᠋ᠨ ᠶᠣᠸᠠᠨ ᠡᠯᠧᠺᠲᠷᠣᠨ ᠰᠢᠨᠵᠢᠯᠡᠭᠡ ᠮᠡᠷᠬᠡᠵᠢᠯ  ᠤᠨ ᠺᠣᠮᠫᠠᠨᠢ ᠵᠡᠷᠬᠡ 3  ᠠᠵᠣ ᠠᠬᠤᠶᠢᠯᠠᠯ ᠲᠠᠢ ᠨᠢᠬᠡᠳᠣᠬᠡᠷ ᠬᠤᠭᠤᠴᠠᠭᠠᠨ  ᠤ ᠵᠢᠯ  ᠤᠨ ᠭᠠᠷᠣᠯᠳᠠ ᠨᠢ 300  ᠲᠦᠮᠡᠨ ᠲᠣᠨ  ᠤ ᠠᠭᠤᠷᠬᠠᠢ ᠪᠠ 2×135 ᠮᠧᠭᠠᠸᠠᠲ ᠦᠪᠡᠰᠣᠪᠡᠨ ᠬᠠᠩᠭᠠᠬᠤ ᠴᠠᠬᠢᠯᠭᠠᠨ ᠦᠢᠯᠡᠳᠪᠣᠷᠢ  ᠶᠢ ᠪᠠᠶᠢᠭᠤᠯᠬᠤ ᠬᠡᠷ᠎ᠠ ᠲᠣᠭᠳᠠᠵᠣ᠂ ᠬᠤᠸ᠋ᠨ ᠶᠣᠸᠠᠨ ᠺᠣᠮᠫᠠᠨᠢ 3000  ᠲᠦᠮᠡᠨ ᠲᠦᠬᠦᠷᠢᠭ  ᠤᠨ ᠪᠡᠯᠨ ᠣᠷᠣᠭᠤᠯᠵᠣ 150  ᠲᠡᠭᠰᠢ ᠲᠦᠷᠪᠡᠯᠵᠢᠨ ᠺᠢᠯᠣᠮᠧᠲᠷ  ᠤᠨ ᠲᠣᠷᠬᠢᠯᠳᠠ ᠪᠠᠷ ᠬᠠᠶᠢᠨ ᠪᠠᠶᠢᠴᠠᠭᠠᠬᠤ ᠪᠠ ᠨᠠᠬᠦᠷᠡᠰᠣᠨ ᠠᠭᠤᠷᠬᠠᠢ  ᠶᠢᠨ ᠬᠡᠰᠡᠭ ᠭᠠᠵᠠᠷ  ᠤᠨ ᠨᠠᠷᠢᠨ ᠪᠠᠶᠢᠴᠠᠭᠠᠯᠳᠠ  ᠶᠢᠨ ᠠᠵᠢᠯ  ᠢ ᠪᠡᠶᠡᠯᠡᠬᠦᠯᠪᠠ᠃ ᠬᠤᠩᠭᠤᠷ ᠰᠠᠯᠬᠢ ᠴᠠᠬᠢᠯᠭᠠᠨ  ᠤ ᠲᠦᠷᠦᠯ ᠵᠦᠢᠯ ᠨᠢ 3  ᠠᠵᠣ ᠠᠬᠤᠶᠢᠯᠠᠯ ᠲᠠᠢ ᠨᠡᠬᠡᠬᠡᠨ ᠠᠰᠢᠭᠯᠠᠬᠤ ᠵᠦᠪᠯᠡᠯᠴᠡᠬᠡᠷ ᠲᠣᠭᠳᠠᠭᠰᠠᠨ ᠪᠦᠬᠡᠳ ᠬᠤᠶᠠᠷ ᠠᠵᠣ ᠠᠬᠤᠶᠢᠯᠠᠯ ᠨᠢ ᠨᠢᠬᠡᠨᠳᠠ ᠰᠠᠯᠬᠢ ᠬᠡᠮᠵᠢᠬᠦ ᠠᠵᠢᠯ  ᠢᠶᠠᠨ ᠡᠬᠢᠯᠡᠬᠦᠯᠪᠡ᠃ ᠡᠬᠦᠨ  ᠤ ᠬᠠᠮᠳᠣ᠂ ᠬᠤᠩᠭᠤᠷ ᠲᠠᠮᠣᠷ  ᠤᠨ ᠠᠭᠤᠷᠬᠠᠢ  ᠶᠢ ᠪᠠᠶᠢᠭᠤᠯᠬᠤ ᠪᠠ ᠬᠦᠭᠵᠢᠯᠳᠣ ᠣᠯᠠᠭᠠᠨ ᠢᠳᠡᠬᠡᠨ ᠡᠳ᠋ᠰᠢᠬᠦᠯᠬᠦ ᠦᠢᠯᠡᠳᠪᠣᠷᠢ  ᠶᠢ ᠦᠷᠬᠡᠳᠬᠡᠨ ᠪᠠᠶᠢᠭᠤᠯᠬᠤ ᠲᠦᠷᠦᠯ ᠵᠦᠢᠯ ᠨᠢ ᠲᠣᠰ ᠵᠢᠯ ᠳᠡᠭᠡᠨ ᠪᠠᠷᠢᠯᠭ᠎ᠠ ᠲᠠᠭᠤᠰᠴᠣ ᠦᠢᠯᠡᠳᠪᠣᠷᠢᠯᠡᠯ ᠡᠬᠢᠯᠡᠬᠦᠯᠦᠨ᠂ ᠨᠡᠬᠦᠷᠡᠰᠣ᠂ ᠴᠣᠬᠤᠢ  ᠶᠢᠨ ᠴᠢᠯᠠᠭᠤᠯᠢᠭ᠂ ᠵᠣᠭᠠᠩ ᠵᠡᠷᠬᠡ ᠪᠠᠭ᠎ᠠ ᠬᠡᠯᠪᠡᠷᠢ  ᠶᠢᠨ ᠠᠭᠤᠷᠬᠠᠢ ᠶᠢᠨ ᠮᠠᠯᠳᠠᠨ ᠰᠣᠩᠭᠤᠬᠤ ᠬᠡᠪᠴᠢᠶ᠎ᠠ ᠲᠠᠰᠣᠷᠠᠯ ᠦᠬᠡᠢ ᠦᠷᠬᠡᠳᠴᠠᠢ᠃ ᠪᠦᠬᠦ ᠵᠢᠯ  ᠳᠤ ᠠᠵᠣ ᠦᠢᠯᠡᠳᠪᠣᠷᠢ  ᠶᠢᠨ ᠨᠡᠮᠡᠭᠳᠡᠯ ᠦᠷᠳᠡᠭ  ᠢ  8525  ᠲᠦᠮᠡᠨ ᠲᠦᠬᠦᠷᠢᠭ  ᠪᠡᠶᠡᠯᠡᠬᠦᠯᠦᠨ᠂ ᠨᠢᠳᠣᠨᠣᠨ  ᠤ ᠬᠢ  ᠠᠴᠠ 99.9%   ᠪᠠᠷ ᠨᠡᠮᠡᠭᠳᠡᠪᠡ᠃ ᠡᠬᠦᠨ  ᠳᠤ᠂  ᠬᠡᠪᠴᠢᠶᠠᠨ ᠠᠴᠠ ᠲᠡᠬᠡᠭᠰᠢᠬᠢ ᠠᠵᠣ ᠦᠢᠯᠡᠳᠪᠣᠷᠢ  ᠶᠢᠨ ᠨᠡᠮᠡᠭᠳᠠᠯ ᠦᠷᠳᠡᠭ  6443 ᠲᠦᠮᠡᠨ ᠲᠦᠬᠦᠷᠢᠭ ᠬᠦᠷᠴᠣ᠂ ᠨᠢᠳᠣᠨᠣᠨ  ᠤ ᠬᠢ  ᠠᠴᠠ 201% ᠪᠠᠷ ᠨᠡᠮᠡᠭᠳᠡᠪᠠ᠃ ᠠᠵᠣ  ᠦᠢᠯᠡᠳᠪᠣᠷᠢ ᠶᠢᠨ ᠠᠵᠣ ᠠᠬᠤᠢ ᠨᠢ ᠬᠤᠰᠢᠭᠤᠨ  ᠤ ᠡᠳ᠋  ᠤᠨ ᠵᠠᠰᠠᠭ  ᠲᠤ 900 ᠭᠠᠷᠣᠢ ᠲᠦᠮᠡᠨ ᠲᠦᠬᠦᠷᠢᠭ  ᠤᠨ ᠣᠷᠣᠯᠭ᠎ᠠ ᠨᠡᠮᠡᠭᠳᠡᠬᠦᠯᠦᠨ᠂  ᠪᠦᠬᠦ ᠬᠤᠰᠢᠭᠤᠨ  ᠤ ᠡᠳ᠋  ᠤᠨ ᠵᠠᠰᠠᠭ  ᠤᠨ ᠶᠠᠷᠣᠩᠬᠡᠢ ᠣᠷᠣᠯᠭ᠎ᠠ ᠶᠢᠨ 40%  ᠣᠷᠴᠢᠮ  ᠢ ᠡᠵᠡᠯᠡᠭᠰᠡᠨ ᠪᠠᠶᠢᠨ᠎ᠠ᠃ ᠪᠡᠯᠨ ᠣᠷᠣᠭᠤᠯᠣᠯᠳᠠ  ᠶᠢᠨ ᠬᠡᠪᠴᠢᠶ᠎ᠠ ᠣᠯᠠᠮ  ᠢᠶᠠᠷ ᠦᠷᠬᠡᠳᠴᠣ᠂ ᠬᠤᠳᠠ ᠬᠦᠳᠡᠭᠡ  ᠶᠢᠨ ᠰᠠᠭᠤᠷᠢ ᠲᠦᠬᠦᠬᠡᠷᠦᠮᠵᠢ ᠮᠡᠳᠡᠭᠳᠠᠮ᠎ᠠ ᠰᠠᠶᠢᠵᠢᠷᠠᠵᠠᠢ᠃ ᠠᠵᠣ ᠦᠢᠯᠡᠳᠪᠣᠷᠢ  ᠶᠢᠨ ᠭᠤᠣᠯᠳᠠᠯᠭ᠎ᠠ ᠲᠠᠢ ᠲᠦᠷᠦᠯ ᠵᠦᠢᠯ  ᠤᠨ ᠪᠦᠳᠦᠬᠡᠨ ᠪᠠᠶᠢᠭᠤᠯᠣᠯᠳᠠ ᠪᠠ ᠬᠤᠳᠠ ᠪᠠᠯᠭᠠᠰᠣᠵᠢᠯᠳᠠ  ᠶᠢᠨ ᠪᠠᠶᠢᠯᠳᠣᠬᠤ ᠪᠣᠳᠣᠯᠭ᠎ᠠ  ᠶᠢ ᠬᠡᠷᠡᠭᠵᠢᠬᠦᠯᠬᠦ ᠲᠠᠢ ᠣᠶᠠᠯᠳᠣᠭᠤᠯᠣᠨ᠂ ᠲᠣᠭᠳᠠᠮᠠᠯ ᠬᠦᠷᠦᠩᠬᠡ  ᠶᠢᠨ ᠪᠡᠯᠨ ᠣᠷᠣᠭᠤᠯᠣᠯᠳᠠ  ᠶᠢᠨ ᠬᠡᠪᠴᠢᠶ᠎ᠠ ᠣᠯᠠᠮ ᠨᠢᠬᠡ ᠠᠯᠬᠤᠮ ᠦᠷᠬᠡᠳᠴᠣ᠂ ᠪᠦᠬᠦ ᠨᠡᠶᠢᠬᠡᠮ  ᠤᠨ ᠲᠣᠭᠳᠠᠮᠠᠯ ᠬᠦᠷᠦᠩᠬᠡ  ᠶᠢᠨ ᠪᠡᠯᠨ ᠣᠷᠣᠭᠤᠯᠣᠯᠳᠠ  ᠶᠢ 42012 ᠲᠦᠮᠡᠨ ᠲᠦᠬᠦᠷᠢᠭ ᠪᠡᠶᠡᠯᠡᠬᠦᠯᠦᠨ᠂ ᠨᠢᠳᠣᠨᠣᠨ   ᠤ ᠬᠢ  ᠠᠴᠠ 210.8%   ᠪᠠᠷ ᠨᠡᠮᠡᠭᠳᠠᠵᠣ᠂ ᠪᠠᠷᠢᠯᠭ᠎ᠠ  ᠶᠢᠨ ᠦᠢᠯᠡᠰ  ᠤᠨ ᠨᠡᠮᠡᠭᠳᠠᠯ ᠦᠷᠳᠡᠭ  ᠢ 8737 ᠲᠦᠮᠡᠨ ᠲᠦᠬᠦᠷᠢᠭ ᠪᠡᠶᠡᠯᠡᠬᠦᠯᠦᠨ᠂ ᠨᠢᠳᠣᠨᠣᠨ  ᠤ ᠬᠢ ᠠᠴᠠ 133.8%   ᠪᠠᠷ ᠨᠡᠮᠡᠭᠳᠠᠪᠠ᠃ ᠵᠠᠮ ᠬᠠᠷᠢᠯᠴᠠᠭ᠎ᠠ᠂ ᠴᠠᠬᠢᠯᠭᠠᠨ ᠲᠣᠣᠷ᠂ ᠣᠰᠣᠨ ᠠᠰᠢᠭᠯᠠᠯᠳᠠ᠂ ᠴᠢᠮᠡᠭᠡ ᠬᠤᠯᠪᠣᠭ᠎ᠠ ᠵᠡᠷᠬᠡ ᠬᠤᠳᠠ ᠬᠦᠳᠡᠭᠡ  ᠶᠢᠨ ᠰᠠᠭᠤᠷᠢ ᠲᠦᠬᠦᠬᠡᠷᠦᠮᠵᠢ ᠮᠡᠳᠡᠭᠳᠠᠮ᠎ᠠ ᠰᠠᠶᠢᠵᠢᠷᠠᠵᠣ᠂ ᠬᠦᠳᠡᠭᠡ ᠲᠣᠰᠬᠤᠨ  ᠤ ᠵᠠᠰᠠᠮᠠᠯ ᠵᠠᠮ  ᠢ 186 ᠺᠢᠯᠣᠮᠧᠲᠷ  ᠵᠠᠰᠠᠨ᠂  207 ᠣᠯᠣᠰ  ᠤᠨ ᠵᠠᠮ  ᠠᠴᠠ ᠲᠡᠯᠬᠡᠷ ᠬᠦᠨᠳᠣ ᠬᠢᠮᠢ  ᠶᠢᠨ ᠠᠵᠣ ᠦᠢᠯᠡᠳᠪᠣᠷᠢ  ᠶᠢᠨ ᠰᠠᠭᠤᠷᠢᠨ ᠭᠠᠵᠠᠷ ᠬᠦᠷᠬᠦ 27 ᠺᠢᠯᠣᠮᠧᠲᠷ  ᠤᠨ ᠭᠤᠷᠪᠠᠳᠣᠭᠠᠷ ᠲᠠᠰ  ᠤᠨ ᠬᠠᠶᠢᠷ ᠴᠢᠯᠠᠭᠤᠨ ᠵᠠᠮ ᠪᠠᠷᠢᠯᠭ᠎ᠠ ᠲᠠᠭᠤᠰᠣᠨ ᠲᠠᠷᠬᠡ ᠨᠠᠪᠳᠠᠷᠠᠵᠣ᠂  101 ᠮᠣᠵᠢ  ᠶᠢᠨ ᠵᠠᠮ  ᠠᠴᠠ ᠴᠠᠭᠠᠨᠨᠠᠭᠤᠷ ᠨᠠᠬᠦᠷᠡᠰᠣᠨ ᠠᠭᠤᠷᠬᠠᠢ ᠬᠦᠷᠬᠦ 39 ᠺᠢᠯᠣᠮᠧᠲᠷ  ᠤᠨ ᠭᠤᠷᠪᠠᠳᠣᠭᠠᠷ ᠲᠠᠰ  ᠤᠨ ᠬᠠᠶᠢᠷ ᠴᠢᠯᠠᠭᠤᠨ ᠵᠠᠮ ᠢ ᠪᠠᠷᠢᠯᠭ᠎ᠠ ᠡᠬᠢᠯᠡᠬᠦᠯᠪᠡ  ︔ 10 ᠺᠢᠯᠣᠸᠣᠯᠲ ᠬᠦᠴᠦᠳᠠᠯ ᠦᠬᠡᠷᠡᠴᠢᠯᠡᠬᠦ ᠴᠠᠬᠢᠯᠭᠠᠨ ᠱᠣᠭᠤᠮ  ᠢ 63.6 ᠺᠢᠯᠣᠮᠧᠲᠷ ᠰᠢᠨ᠎ᠠ  ᠪᠠᠷ ᠵᠠᠰᠠᠵᠣ ᠪᠠᠶᠢᠭᠤᠯᠣᠨ᠂  ᠲᠡᠯᠭᠡᠷ ᠬᠦᠨᠳᠣ ᠬᠢᠮᠢ  ᠶᠢᠨ ᠠᠵᠣ ᠦᠢᠯᠡᠳᠪᠣᠷᠢ  ᠶᠢᠨ ᠰᠠᠭᠤᠷᠢᠨ ᠭᠠᠵᠠᠷ  ᠤᠨ 110 ᠺᠢᠯᠣᠸᠣᠯᠲ ᠬᠦᠴᠦᠳᠠᠯ ᠦᠬᠡᠷᠡᠴᠢᠯᠡᠬᠦ ᠴᠠᠬᠢᠯᠭᠠᠨ ᠱᠣᠭᠤᠮ  ᠤᠨ ᠵᠢᠷᠣᠭᠯᠠᠨ ᠲᠦᠯᠦᠪᠯᠡᠬᠦ ᠪᠠ ᠲᠠᠭᠠᠭᠠᠴᠢᠯᠠᠯᠳᠠ ᠵᠠᠷᠯᠠᠵᠣ ᠬᠦᠯᠢᠶᠠᠬᠦ ᠵᠡᠷᠬᠡ ᠪᠡᠯᠡᠳᠬᠡᠯ ᠠᠵᠢᠯ  ᠢ ᠨᠢᠬᠡᠨᠳᠠ ᠪᠦᠬᠦᠨ  ᠢ ᠪᠡᠶᠡᠯᠡᠬᠦᠯᠪᠠ︔ ᠪᠠᠶᠠᠨᠴᠠᠭᠠᠨ ᠪᠠᠯᠭᠠᠰᠣᠨ  ᠤ ᠬᠤᠶᠠᠳᠠᠬᠢ ᠣᠰᠣᠨ ᠰᠣᠷᠪᠣᠯᠵᠢ  ᠶᠢ ᠨᠡᠬᠡᠬᠡᠵᠣ᠂ ᠡᠳᠣᠷ ᠪᠦᠷᠢ  ᠶᠢᠨ ᠣᠰᠣᠨ  ᠤ ᠬᠠᠩᠭᠠᠯᠭ᠎ᠠ  ᠶᠢ 2400 ᠲᠣᠨ ᠨᠡᠮᠡᠭᠳᠡᠬᠦᠯᠦᠨ᠂ ᠲᠡᠯᠬᠡᠷ ᠬᠦᠨᠳᠣ ᠬᠢᠮᠢ  ᠶᠢᠨ ᠠᠵᠣ ᠦᠢᠯᠡᠳᠪᠣᠷᠢ  ᠶᠢᠨ ᠰᠠᠭᠤᠷᠢᠨ ᠭᠠᠵᠠᠷ  ᠤᠨ ᠣᠰᠣᠨ ᠬᠤᠳᠳᠤᠭ  ᠤᠨ ᠪᠠᠷᠢᠯᠭ᠎ᠠ  ᠶᠢ ᠲᠠᠭᠤᠰᠬᠠᠨ᠂ ᠰᠠᠭᠤᠭ᠎ᠠ ᠠᠵᠣ ᠠᠬᠤᠶᠢᠯᠠᠯ  ᠤᠨ ᠦᠢᠯᠡᠳᠪᠣᠷᠢᠯᠠᠯ ᠠᠮᠢᠳᠣᠷᠠᠯ  ᠤᠨ ᠬᠡᠷᠡᠭᠴᠡᠭᠡ  ᠶᠢ ᠬᠠᠩᠭᠠᠵᠣ᠂ ᠮᠠᠯᠵᠢᠬᠤ ᠣᠷᠣᠨ  ᠤ ᠬᠦᠮᠦᠨ ᠮᠠᠯ  ᠤᠨ ᠣᠰᠣ ᠣᠮᠳᠠ  ᠶᠢᠨ ᠢᠨᠵᠧᠨᠧᠷᠢᠩ  ᠢᠶᠠᠷ ᠲᠠᠮᠵᠢᠨ 23 ᠬᠤᠳᠳᠤᠭ  ᠨᠡᠮᠡᠭᠳᠠᠨ᠂ ᠬᠦᠮᠦᠨ ᠮᠠᠯ  ᠤᠨ ᠣᠰᠣ ᠣᠮᠳᠠ  ᠶᠢᠨ ᠬᠦᠴᠢᠷᠳᠠᠯ  ᠢ ᠨᠡᠮᠳᠠᠭᠤᠯᠪᠠ︔ 4 ᠰᠣᠮᠣ ᠪᠠ ᠮᠠᠨᠢᠳᠣ ᠨᠡᠬᠦᠷᠡᠰᠣᠨ ᠠᠭᠤᠷᠬᠠᠢ  ᠳᠤ ᠰᠢᠯᠵᠢᠩᠬᠦᠢ ᠴᠢᠮᠡᠭᠡ ᠬᠤᠯᠪᠣᠭ᠎ᠠ ᠨᠡᠪᠳᠠᠷᠡᠬᠦᠯᠵᠣ᠂ ᠲᠡᠯᠬᠡᠷ ᠰᠣᠮᠣ ᠪᠠ ᠴᠠᠭᠠᠨᠨᠠᠭᠤᠷ ᠰᠣᠮᠣᠨ  ᠤ ᠰᠢᠯᠵᠢᠩᠬᠦᠢ ᠴᠢᠮᠡᠭᠡ ᠬᠤᠯᠪᠣᠭᠠᠨ  ᠤ ᠦᠷᠳᠡᠬᠡᠨ ᠤ ᠪᠠᠭᠳᠠᠭᠠᠮᠵᠢ ᠶᠢ ᠦᠷᠬᠡᠳᠬᠡᠨ᠂ ᠬᠦᠨᠳᠣ ᠬᠢᠮᠢ  ᠶᠢᠨ ᠠᠵᠣ ᠦᠢᠯᠡᠳᠪᠣᠷᠢ  ᠶᠢᠨ ᠰᠠᠭᠤᠷᠢᠨ ᠭᠠᠵᠠᠷ ᠪᠠ ᠨᠡᠬᠦᠷᠡᠰᠣ ᠴᠠᠬᠢᠯᠭᠠᠨ  ᠤ ᠲᠦᠷᠦᠯ ᠵᠦᠢᠯ  ᠤᠨ ᠲᠣᠭᠤᠷᠢᠭ  ᠤᠨ ᠴᠢᠮᠡᠭᠡ ᠬᠤᠯᠪᠣᠭ᠎ᠠ ᠶᠢᠨ ᠬᠡᠷᠡᠭᠴᠡᠭᠡ ᠶᠢ ᠬᠠᠩᠭᠠᠪᠠ᠃ ᠪᠠᠶᠠᠨᠴᠠᠭᠠᠨ ᠪᠠᠯᠭᠠᠰᠣᠨ  ᠤ ᠪᠦᠳᠦᠬᠡᠨ ᠪᠠᠶᠢᠭᠤᠯᠣᠯᠳᠠ  ᠶᠢᠨ ᠠᠯᠬᠤᠴᠨ ᠲᠠᠰᠣᠷᠠᠯ ᠦᠬᠡᠢ ᠲᠦᠷᠬᠡᠰᠴᠣ ᠪᠠᠶᠢᠨ᠎ᠠ᠃ ︽ᠪᠠᠶᠠᠨᠴᠠᠭᠠᠨ ᠪᠠᠯᠭᠠᠰᠣᠨ  ᠤ ᠬᠤᠳᠠ  ᠶᠢᠨ ᠶᠠᠷᠣᠩᠬᠡᠢ ᠲᠦᠯᠦᠪᠵᠢᠬᠦᠯᠬᠡ︾ ᠶᠢ ᠵᠠᠰᠠᠨ ᠨᠠᠶᠢᠷᠠᠭᠤᠯᠵᠣ᠂ ︽ ᠬᠤᠳᠠ ᠪᠠᠯᠭᠠᠰᠣ  ᠶᠢ ᠲᠦᠯᠦᠪᠵᠢᠬᠦᠯᠦᠨ ᠪᠠᠶᠢᠭᠤᠯᠬᠤ ᠵᠦᠪᠯᠡᠯ︾  ᠢ ᠪᠠᠶᠢᠭᠤᠯᠣᠨ᠂ ᠬᠤᠳᠠ  ᠶᠢᠨ ᠬᠠᠮᠢᠶᠠᠷᠣᠯᠳᠠ  ᠶᠢᠨ ᠶᠠᠷᠣᠩᠬᠡᠶᠢᠯᠡᠭᠰᠡᠨ ᠬᠠᠣᠯᠢ ᠬᠡᠷᠡᠭᠵᠢᠬᠦᠯᠬᠦ ᠶᠡᠭᠡ ᠠᠩᠬᠢ  ᠶᠢ ᠪᠠᠶᠢᠭᠤᠯᠪᠠ︔ 5070 ᠲᠦᠮᠡᠨ ᠲᠦᠬᠦᠷᠢᠭ  ᠤᠨ ᠪᠡᠯᠨ ᠬᠤᠷᠠᠮᠳᠣᠭᠤᠯᠣᠨ᠂ ᠭᠤᠣᠯᠳᠠᠭᠤ ᠵᠠᠰᠠᠮᠠᠯ ᠵᠠᠮ  ᠢ ᠦᠷᠬᠡᠳᠬᠡᠬᠦ᠂ ᠬᠠᠭᠤᠴᠢᠨ ᠬᠤᠳᠠ ᠲᠣᠭᠤᠷᠢᠭ  ᠢ ᠵᠠᠰᠠᠨ  ᠰᠢᠨᠡᠴᠢᠯᠡᠬᠦ᠂ ᠨᠣᠭᠤᠭᠠᠵᠢᠭᠤᠯᠵᠣ ᠬᠡᠬᠡᠵᠢᠬᠦᠯᠵᠣ ᠭᠤᠶᠣᠵᠢᠭᠤᠯᠬᠤ᠂ ᠣᠰᠣ ᠬᠠᠩᠭᠠᠬᠤ ᠪᠠ  ᠪᠣᠬᠢᠷ ᠣᠰᠣ ᠭᠠᠳᠠᠭᠰᠢᠯᠠᠭᠤᠯᠬᠤ ᠬᠤᠭᠤᠯᠠᠢ  ᠶᠢ ᠣᠷᠳᠣᠳᠬᠠᠬᠤ᠂ ᠲᠦᠪᠯᠡᠷᠡᠯ ᠲᠣᠯᠠᠭᠠᠯᠭ᠎ᠠ  ᠶᠢᠨ ᠬᠡᠪᠴᠢᠶ᠎ᠠ ᠶᠢ ᠦᠷᠬᠡᠳᠬᠡᠬᠦ ᠵᠡᠷᠬᠡ ᠬᠤᠳᠠ ᠪᠠᠯᠭᠠᠰᠣᠨ  ᠤ ᠪᠦᠳᠦᠬᠡᠨ ᠪᠠᠶᠢᠭᠤᠯᠣᠯᠳᠠ  ᠶᠢ ᠬᠡᠷᠡᠭᠵᠢᠬᠦᠯᠵᠣ᠂ ᠪᠠᠯᠭᠠᠰᠣᠨ  ᠤ ᠲᠦᠷᠢ ᠲᠦᠷᠬᠦ ᠣᠯᠠᠮ ᠰᠠᠶᠢᠵᠢᠷᠠᠨ᠂ ᠶᠠᠷᠣᠩᠬᠡᠶᠢᠯᠡᠭᠰᠡᠨ ᠦᠢᠯᠡᠴᠢᠯᠡᠬᠡᠨ  ᠤ ᠴᠢᠳᠠᠪᠬᠢ ᠢᠯᠡᠷᠬᠡᠢ ᠴᠢᠩᠭᠠᠷᠠᠭᠰᠠᠨ ᠪᠠᠶᠢᠨ᠎ᠠ᠃ ᠭᠤᠷᠪᠠᠳᠣᠭᠠᠷ ᠠᠵᠣ ᠦᠢᠯᠡᠰ  ᠤᠨ ᠬᠦᠭᠵᠢᠯᠳᠠ  ᠶᠢᠨ ᠠᠯᠬᠤᠴᠨ ᠲᠦᠷᠬᠡᠰᠣᠨ᠂ ᠭᠤᠣᠯᠳᠠᠯᠭ᠎ᠠ ᠲᠠᠢ ᠠᠵᠢᠯ ᠦᠢᠯᠡᠰ ᠰᠢᠨ᠎ᠠ ᠰᠢᠪᠳᠣᠯᠣᠯᠳᠠ ᠲᠠᠢ ᠪᠣᠯᠵᠠᠢ᠃ ᠣᠷᠣᠨ  ᠠᠴᠠ ᠲᠣᠭᠳᠠᠭᠠᠭᠰᠠᠨ ᠭᠤᠷᠪᠠᠳᠣᠭᠠᠷ ᠠᠵᠣ ᠦᠢᠯᠡᠰ  ᠢ ᠬᠦᠭᠵᠢᠬᠦᠯᠬᠦ  60 ᠵᠣᠷᠪᠣᠰ ᠬᠠᠷᠠᠭᠠᠯᠵᠠᠯ  ᠤᠨ ᠲᠦᠷᠦ  ᠶᠢᠨ ᠪᠣᠳᠣᠯᠭ᠎ᠠ  ᠶᠢ ᠬᠦᠢᠴᠡᠳ ᠠᠰᠢᠭᠯᠠᠨ᠂ ᠵᠣᠭᠠᠴᠠᠯ ᠪᠠ ᠵᠠᠮ ᠲᠡᠬᠡᠬᠡᠪᠣᠷᠢ  ᠶᠢᠨ ᠦᠢᠯᠡᠰ ᠵᠡᠷᠬᠡ ᠰᠢᠨ᠎ᠠ ᠪᠣᠢ ᠪᠣᠯᠵᠣ ᠪᠠᠶᠢᠭ᠎ᠠ ᠠᠵᠣ ᠦᠢᠯᠡᠰ  ᠢ ᠬᠦᠭᠵᠢᠬᠦᠯᠬᠦ ᠲᠠᠯ᠎ᠠ  ᠪᠠᠷ ᠪᠣᠳᠠᠳᠣ ᠠᠬᠢᠴᠨ ᠲᠠᠢ ᠪᠣᠯᠪᠠ᠃ ᠵᠣᠭᠠᠴᠠᠯ  ᠤᠨ ᠠᠵᠢᠯ  ᠤᠨ ᠲᠠᠯ᠎ᠠ ᠪᠠᠷ᠂ ᠪᠦᠬᠦ ᠬᠤᠰᠢᠭᠤᠨ  ᠤ ᠵᠣᠭᠠᠴᠠᠯ  ᠢ ᠬᠦᠭᠵᠢᠬᠦᠯᠬᠦ ᠶᠠᠷᠣᠩᠬᠡᠢ ᠲᠦᠯᠦᠪᠵᠢᠬᠦᠯᠬᠡ  ᠶᠢ ᠨᠠᠶᠢᠷᠠᠭᠤᠯᠣᠭᠰᠠᠨ ᠪᠦᠬᠡᠳ ᠦᠨᠡᠯᠡᠨ ᠲᠣᠭᠳᠠᠭᠠᠯᠳᠠ  ᠶᠢ ᠣᠯᠪᠠ ᠃ ᠬᠤᠩᠭᠤᠷ  ᠤᠨ ᠲᠠᠯ᠎ᠠ ᠨᠣᠳᠤᠭ  ᠤᠨ ᠵᠣᠭᠠᠴᠠᠯ  ᠤᠨ ᠣᠷᠣᠨ  ᠢ ᠭᠤᠣᠯᠳᠠᠯᠭ᠎ᠠ ᠲᠠᠢ ᠲᠦᠷᠦᠯ ᠵᠦᠢᠯ ᠪᠣᠯᠭᠠᠨ ᠨᠡᠬᠡᠬᠡᠨ ᠠᠰᠢᠭᠯᠠᠵᠣ ᠪᠦᠳᠦᠬᠡᠨ ᠪᠠᠶᠢᠭᠤᠯᠣᠭᠰᠠᠨ  ᠠᠴᠠ ᠬᠤᠩᠭᠤᠷ  ᠤᠨ ᠲᠠᠯ᠎ᠠ ᠨᠣᠳᠤᠭ  ᠤᠨ ᠵᠣᠭᠠᠴᠠᠯ  ᠢ ᠠᠩᠬ᠎ᠠ ᠠᠯᠬᠤᠮ ᠬᠡᠪᠴᠢᠶᠠᠵᠢᠬᠦᠯᠪᠠ᠃ ᠡᠬᠦᠨ  ᠤ ᠬᠠᠮᠳᠣ᠂ ᠲᠦᠷᠦᠯ ᠵᠦᠢᠯ  ᠢᠶᠠᠷ ᠠᠷᠠᠯᠵᠢᠶᠠᠴᠢᠨ ᠣᠷᠢᠬᠤ  ᠶᠢ ᠶᠡᠬᠡᠪᠡᠷ ᠦᠷᠨᠢᠬᠦᠯᠵᠣ᠂ ᠪᠡᠬᠡᠵᠢᠩ  ᠤᠨ ᠲᠠᠮᠣᠷ ᠵᠠᠮ  ᠤᠨ ᠲᠣᠪᠴᠢᠶᠠᠨ  ᠤ ᠠᠵᠣ ᠦᠢᠯᠡᠳᠪᠣᠷᠢ  ᠶᠢᠨ ᠶᠠᠷᠣᠩᠬᠡᠢ ᠺᠣᠮᠫᠠᠨᠢ ᠲᠠᠢ ᠬᠤᠩᠭᠤᠷ  ᠤᠨ ᠵᠣᠭᠠᠴᠠᠯ  ᠤᠨ ᠣᠷᠣᠨ  ᠢ ᠨᠡᠬᠡᠬᠡᠨ ᠠᠰᠢᠭᠯᠠᠬᠤ ᠬᠡᠯᠡᠯᠴᠡᠬᠡᠷ ᠲᠣᠭᠳᠠᠪᠠ᠃ ᠵᠣᠭᠠᠴᠠᠯ  ᠤᠨ ᠣᠯᠠᠷᠢᠯ  ᠳᠤ ᠣᠯᠣᠰ  ᠤᠨ ᠲᠣᠳᠣᠭᠠᠳᠣ ᠭᠠᠳᠠᠭᠠᠳᠣ  ᠶᠢᠨ ᠵᠣᠭᠠᠴᠠᠭᠰᠠᠳ  ᠢ ᠨᠠᠶᠢᠳᠠ 2.3 ᠲᠦᠮᠡᠨ ᠬᠦᠮᠦᠨ ᠣᠳᠠᠭ᠎ᠠ ᠬᠦᠯᠢᠶᠠᠨ ᠵᠣᠭᠠᠴᠠᠭᠤᠯᠪᠠ᠃ ᠵᠠᠮ ᠲᠡᠬᠡᠬᠡᠪᠣᠷᠢ ᠶᠢᠨ ᠲᠠᠯ᠎ᠠ ᠪᠠᠷ᠂ ᠪᠣᠳᠠᠰ ᠤᠨ ᠬᠦᠢᠯᠬᠡᠬᠡᠨ  ᠤ ᠠᠵᠣ ᠠᠬᠤᠢ  ᠶᠢᠨ ᠬᠦᠭᠵᠢᠯᠳᠠ  ᠳᠤ ᠢᠳᠡᠪᠬᠢᠳᠠᠢ ᠪᠠᠷ ᠠᠭᠤᠵᠢᠮ ᠴᠢᠯᠣᠬᠡᠳᠠᠢ ᠲᠦᠷᠦ  ᠶᠢᠨ ᠪᠣᠳᠣᠯᠭ᠎ᠠ  ᠶᠢᠨ ᠣᠷᠴᠢᠨ  ᠢ ᠡᠬᠦᠳᠴᠣ ᠬᠡᠳᠣᠨ ᠪᠣᠳᠠᠰ  ᠤᠨ ᠬᠦᠢᠯᠬᠡᠬᠡᠨ  ᠤ ᠺᠣᠮᠫᠠᠨᠢ ᠲᠠᠢ ᠬᠠᠷᠢᠴᠠᠬᠤ ᠪᠠᠷ ᠲᠠᠮᠵᠢᠨ᠂ ᠠᠩᠬ᠎ᠠ ᠠᠯᠬᠤᠮ  ᠤᠨ ᠬᠤᠷᠰᠢᠬᠤ ᠵᠦᠪᠯᠡᠯᠴᠡᠬᠡᠷ ᠲᠣᠭᠳᠠᠪᠠ᠃ ᠡᠬᠦᠨ  ᠠᠴᠠ ᠭᠠᠳᠠᠨ᠎ᠠ᠂ ᠰᠢᠣᠳᠠᠨ ᠬᠤᠯᠪᠣᠭ᠎ᠠ᠂ ᠠᠷᠠᠯᠵᠢᠶ᠎ᠠ᠂ ᠢᠳᠡᠬᠡᠨ ᠣᠮᠳᠠᠭᠠᠨ᠂ ᠮᠦᠩᠬᠦᠨ ᠬᠦᠢᠯᠬᠡᠬᠡ᠂ ᠲᠠᠭᠠᠳᠬᠠᠯ᠂ ᠬᠡᠷ ᠬᠦᠷᠦᠩᠬᠡ ᠭᠠᠵᠠᠷ ᠰᠢᠷᠣᠢ  ᠶᠢᠨ ᠨᠡᠬᠡᠬᠡᠯᠳᠠ ᠵᠡᠷᠬᠡ ᠦᠢᠯᠡᠴᠢᠯᠡᠬᠡᠨ  ᠤ ᠦᠢᠯᠡᠰ ᠲᠣᠭᠳᠠᠭᠤᠨ  ᠢᠶᠠᠷ ᠬᠦᠭᠵᠢᠭᠰᠡᠨ ᠪᠠᠶᠢᠨ᠎ᠠ᠃ ᠪᠦᠬᠦ ᠵᠢᠯ  ᠳᠤ ᠭᠤᠷᠪᠠᠳᠣᠭᠠᠷ ᠠᠵᠣ ᠦᠢᠯᠡᠰ  ᠤᠨ ᠨᠡᠮᠡᠭᠳᠠᠯ ᠦᠷᠳᠡᠭ  ᠢ 17375 ᠲᠦᠮᠡᠨ ᠲᠦᠬᠦᠷᠢᠭ ᠪᠡᠶᠡᠯᠡᠬᠦᠯᠦᠨ᠂ ᠨᠢᠳᠣᠨᠣᠨ  ᠤ ᠬᠢ  ᠠᠴᠠ 16% ᠪᠠᠷ ᠨᠡᠮᠡᠭᠳᠠᠵᠠᠢ᠃ᠪᠡᠯᠨ ᠣᠷᠣᠭᠤᠯᠬᠤ ᠣᠷᠴᠢᠨ ᠲᠣᠭᠤᠷᠢᠨ  ᠢᠶᠠᠨ ᠲᠠᠰᠣᠷᠠᠯᠳᠠ ᠦᠬᠡᠢ ᠰᠢᠯᠢᠳᠡᠭᠵᠢᠬᠦᠯᠵᠣ᠂ ᠠᠷᠠᠯᠵᠢᠶᠠᠴᠢᠨ ᠣᠷᠢᠵᠣ ᠪᠡᠯᠨ ᠲᠠᠳᠠᠬᠤ ᠬᠡᠪᠴᠢᠶ᠎ᠠ ᠦᠷᠬᠦᠯᠵᠢᠯᠡᠨ ᠦᠷᠬᠡᠳᠴᠠᠢ᠃ ︽ᠠᠷᠠᠳ  ᠤᠨ ᠲᠦᠯᠦᠬᠡ ᠵᠠᠰᠠᠭ ᠪᠠᠷᠢᠵᠣ᠂ ᠬᠦᠭᠵᠢᠯᠳᠠ ᠪᠠᠨ ᠲᠦᠷᠬᠡᠳᠬᠡᠬᠦ︾ ᠪᠣᠯᠪᠠᠰᠣᠷᠠᠯ ᠬᠦᠮᠦᠵᠢᠯ  ᠤᠨ ᠠᠵᠢᠯᠯᠠᠭ᠎ᠠ ᠲᠠᠢ ᠣᠶᠠᠯᠳᠣᠭᠤᠯᠣᠨ᠂ ᠠᠭᠤᠵᠢᠮ ᠴᠢᠯᠣᠬᠡᠳᠠᠢ ᠲᠦᠷᠦ  ᠶᠢᠨ ᠪᠣᠳᠣᠯᠭ᠎ᠠ  ᠶᠢᠨ ᠣᠷᠴᠢᠨ ᠲᠣᠭᠤᠷᠢᠨ  ᠢ ᠪᠣᠢ ᠪᠣᠯᠭᠠᠬᠤ ᠪᠠᠷ ᠴᠢᠷᠮᠠᠶᠢᠪᠠ᠃ ᠵᠠᠰᠠᠭ ᠵᠠᠬᠢᠷᠭᠠᠨ  ᠤ ᠬᠢᠨᠠᠨ ᠵᠦᠪᠰᠢᠶᠠᠷᠡᠬᠦ ᠲᠦᠷᠢᠮ  ᠤᠨ ᠦᠬᠡᠷᠡᠴᠢᠯᠡᠯᠳᠠ  ᠶᠢ ᠢᠳᠡᠪᠬᠢᠳᠠᠢ ᠠᠬᠢᠭᠤᠯᠵᠣ᠂ 342  ᠵᠠᠰᠠᠭ ᠵᠠᠬᠢᠷᠭᠠᠨ  ᠤ ᠬᠢᠨᠠᠨ ᠵᠦᠪᠰᠢᠶᠡᠷᠡᠬᠦ ᠲᠦᠷᠦᠯ ᠵᠦᠢᠯ ᠢ ᠴᠡᠪᠡᠷᠯᠡᠭᠰᠡᠨ ᠪᠠᠶᠢᠨ᠎ᠠ᠃ ᠵᠠᠬ᠎ᠠ ᠲᠡᠯᠬᠡᠬᠦᠷ  ᠤᠨ ᠠᠵᠣ ᠠᠬᠤᠢ  ᠶᠢᠨ ᠡᠮᠬᠢ ᠲᠢᠭᠯᠢᠮ  ᠢ ᠴᠡᠭᠴᠡᠯᠡᠨ ᠲᠦᠷᠢᠮᠵᠢᠬᠦᠯᠬᠦ ᠠᠵᠢᠯ  ᠢ ᠬᠦᠨᠵᠡᠬᠡᠢ ᠦᠷᠨᠢᠬᠦᠯᠵᠣ᠂ ᠢᠯᠡᠴᠢᠯᠠᠨ ᠵᠠᠭᠠᠯᠳᠣᠬᠤ ᠲᠦᠪ  ᠢ ᠪᠠᠶᠢᠭᠤᠯᠣᠨ᠂ ᠵᠠᠰᠠᠭ ᠵᠠᠬᠢᠷᠭᠠᠨ  ᠤ ᠦᠷ᠎ᠠ ᠠᠰᠢᠭ ᠪᠠ ᠦᠢᠯᠡᠴᠢᠯᠡᠬᠡᠨ  ᠤ ᠬᠢᠷᠢ ᠲᠦᠪᠰᠢᠨ ᠢᠯᠡᠳᠳᠠ ᠲᠡᠬᠡᠭᠰᠢᠯᠡᠪᠡ᠃ ᠠᠷᠠᠯᠵᠢᠶᠠᠴᠢᠨ ᠣᠷᠢᠵᠣ ᠪᠡᠯᠨ ᠲᠠᠳᠠᠬᠤ ᠬᠡᠯᠪᠡᠷᠢ ᠪᠠᠨ ᠲᠠᠰᠣᠷᠠᠯᠳᠠ ᠦᠬᠡᠢ ᠪᠠᠶᠠᠯᠢᠭᠵᠢᠭᠤᠯᠵᠣ᠂ ᠠᠷᠠᠯᠵᠢᠶᠠᠴᠢᠨ ᠣᠷᠢᠵᠣ ᠪᠡᠯᠨ ᠲᠠᠳᠠᠬᠤ ᠠᠷᠭ᠎ᠠ ᠵᠠᠮ  ᠢᠶᠠᠨ ᠦᠷᠬᠡᠳᠬᠡᠨ᠂ ᠨᠢᠬᠡ ᠪᠦᠯᠦᠭ ᠭᠤᠣᠯᠳᠠᠯᠭ᠎ᠠ ᠲᠠᠢ ᠪᠡᠯᠨ ᠲᠠᠳᠠᠭᠰᠠᠨ ᠲᠦᠷᠦᠯ ᠵᠦᠢᠯ ᠮᠠᠨ  ᠤ ᠬᠤᠰᠢᠭᠤᠨ  ᠳᠤ ᠣᠷᠣᠵᠣ ᠢᠷᠡᠵᠠᠢ᠃ ᠲᠣᠰ ᠵᠢᠯ ᠣᠯᠣᠰ  ᠤᠨ ᠲᠣᠳᠣᠭᠠᠳᠣ ︵ᠠᠶᠢᠮᠠᠭ  ᠤᠨ ᠭᠠᠳᠠᠨᠡᠬᠢ︶  ᠶᠢᠨ ᠪᠡᠯᠨ ᠮᠦᠩᠬᠦ  ᠶᠢ 14580 ᠲᠦᠮᠡᠨ ᠲᠦᠬᠦᠷᠢᠭ ᠲᠠᠳᠠᠨ ᠣᠷᠣᠭᠤᠯᠵᠣ᠂ ᠨᠢᠳᠣᠨᠣᠨ  ᠤ ᠬᠢ  ᠠᠴᠠ 67% ᠪᠠᠷ ᠨᠡᠮᠡᠭᠳᠠᠵᠠᠢ᠃ ᠡᠬᠦᠨ  ᠳᠤ ᠣᠷᠣᠨ  ᠤ ᠭᠠᠳᠠᠨᠠᠬᠢ ᠪᠡᠯᠨ ᠮᠦᠩᠬᠦ   ᠶᠢ 10660 ᠲᠦᠮᠡᠨ ᠲᠦᠬᠦᠷᠢᠭ ᠲᠠᠳᠠᠨ ᠣᠷᠣᠭᠤᠯᠵᠣ᠂  ᠨᠢᠳᠣᠨᠣᠨ  ᠤ ᠬᠢ  ᠠᠴᠠ 86.2%  ᠢᠶᠠᠷ ᠨᠡᠮᠡᠭᠳᠡᠭᠰᠡᠨ  ᠪᠠᠶᠢᠨ᠎ᠠ᠃ ᠡᠳ᠋  ᠤᠨ ᠵᠠᠰᠠᠭ  ᠤᠨ ᠣᠷᠣᠯᠭ᠎ᠠ ᠢᠯᠡᠳᠳᠠ ᠨᠡᠮᠡᠭᠳᠠᠵᠣ᠂ ᠣᠯᠠᠨ ᠲᠦᠮᠡᠨ ᠨᠡᠩ ᠣᠯᠠᠨ ᠪᠣᠳᠠᠳᠣ ᠠᠰᠢᠭ ᠬᠦᠷᠳᠠᠵᠠᠢ᠃ ᠰᠢᠨ᠎ᠠ ᠡᠳ᠋  ᠤᠨ ᠢᠷᠠᠯᠳᠠ  ᠶᠢ ᠢᠳᠡᠪᠬᠢᠳᠠᠢ ᠪᠣᠶᠢᠵᠢᠭᠤᠯᠣᠨ᠂ ᠪᠦᠬᠦ ᠵᠢᠯ ᠤᠨ ᠡᠳ᠋  ᠤᠨ ᠵᠠᠰᠠᠭ  ᠤᠨ ᠶᠠᠷᠣᠩᠬᠡᠢ ᠣᠷᠣᠯᠭ᠎ᠠ 2341 ᠲᠦᠮᠡᠨ ᠲᠦᠬᠦᠷᠢᠭ ᠬᠦᠷᠴᠣ᠂ ᠨᠢᠳᠣᠨᠣᠨ  ᠤ ᠬᠢ  ᠠᠴᠠ  100.9% ᠪᠠᠷ ᠨᠡᠮᠡᠭᠳᠡᠪᠡ᠃ ᠡᠬᠦᠨ  ᠳᠤ ᠭᠠᠵᠠᠷ ᠣᠷᠣᠨ  ᠤ ᠡᠳ᠋  ᠤᠨ ᠵᠠᠰᠠᠭ  ᠤᠨ ᠣᠷᠣᠯᠭ᠎ᠠ  2014  ᠲᠦᠮᠡᠨ ᠲᠦᠬᠦᠷᠢᠭ ᠬᠦᠷᠴᠣ᠂ ᠨᠢᠳᠣᠨᠣᠨ  ᠤ ᠬᠢ  ᠠᠴᠠ 119.9%   ᠪᠠᠷ ᠨᠡᠮᠡᠭᠳᠠᠵᠠᠢ︔ ᠡᠳ᠋  ᠤᠨ ᠵᠠᠰᠠᠭ  ᠤᠨ ᠶᠠᠷᠣᠩᠬᠡᠢ ᠵᠠᠷᠣᠯᠭ᠎ᠠ 11105 ᠲᠦᠮᠡᠨ ᠲᠦᠬᠦᠷᠢᠭ ᠬᠦᠷᠴᠣ᠂ ᠨᠢᠳᠣᠨᠣᠨ  ᠤ   ᠬᠢ  ᠠᠴᠠ 48.2%  ᠢᠶᠠᠷ ᠨᠡᠮᠡᠭᠳᠠᠨ᠂  ᠣᠯᠠᠨ ᠨᠠᠶᠢᠳᠠ  ᠶᠢᠨ ᠡᠳ᠋  ᠤᠨ ᠵᠠᠰᠠᠭ  ᠤᠨ ᠦᠢᠯᠡᠴᠢᠯᠡᠭᠡ ᠪᠠᠳᠣᠯᠠᠭ᠎ᠠ  ᠶᠢᠨ ᠴᠢᠳᠠᠪᠬᠢ ᠴᠢᠩᠭᠠᠷᠠᠵᠣ᠂ ᠡᠯ᠎ᠠ ᠵᠦᠢᠯ  ᠤᠨ ᠭᠤᠣᠯᠳᠠᠯᠭ᠎ᠠ ᠲᠠᠢ ᠵᠠᠷᠣᠳᠠᠯ  ᠤᠨ ᠬᠡᠷᠡᠭᠴᠡᠭᠡ  ᠶᠢ ᠪᠠᠳᠤᠯᠠᠪᠠ᠃  88 ᠲᠦᠬᠦᠷᠢᠭ  ᠤᠨ ᠡᠯᠡᠰᠣ ᠰᠠᠯᠬᠢᠨ  ᠤ ᠨᠦᠬᠦᠪᠣᠷᠢ ᠪᠠ ᠬᠠᠬᠢᠷ ᠬᠦᠢᠳᠠᠨ  ᠤ ᠨᠦᠬᠦᠪᠣᠷᠢ  ᠶᠢ  ᠤᠯᠭᠤᠵᠤ᠂ ᠴᠠᠯᠢᠩ  ᠢ ᠴᠠᠭ ᠲᠣᠬᠠᠢ ᠳᠤᠨᠢ  ᠲᠤᠭ᠎ᠠ ᠶᠤᠰᠤᠭᠠᠷ ᠲᠠᠷᠬᠠᠭᠠᠭᠰᠠᠨ ᠪᠠᠶᠢᠨ᠎ᠠ᠃ ᠠᠷᠠᠳ  ᠤᠨ ᠠᠮᠢᠳᠣᠷᠠᠯ  ᠤᠨ ᠲᠦᠪᠰᠢᠨ ᠣᠯᠠᠮ ᠲᠡᠬᠡᠭᠰᠢᠯᠡᠵᠣ᠂ ᠬᠤᠳᠠ ᠪᠠᠯᠭᠠᠰᠣᠨ  ᠤ ᠰᠠᠭᠤᠭᠠᠯᠢ ᠠᠷᠠᠳ  ᠤᠨ ᠬᠦᠮᠦᠨ ᠪᠦᠷᠢ  ᠶᠢᠨ ᠲᠣᠮᠳᠠᠴᠢ ᠬᠤᠪᠢᠶᠠᠷᠢᠯᠠᠯᠳᠠ  ᠶᠢᠨ ᠣᠷᠣᠯᠭ᠎ᠠ  5321 ᠲᠦᠬᠦᠷᠢᠭ ᠬᠦᠷᠴᠣ᠂ ᠨᠢᠳᠣᠨᠣᠨ  ᠤ ᠬᠢ  ᠠᠴᠠ 11.5%   ᠪᠠᠷ ᠨᠡᠮᠡᠭᠳᠠᠨ᠂ ᠮᠠᠯᠴᠢᠳ  ᠤᠨ ᠬᠦᠮᠦᠨ ᠪᠦᠷᠢ  ᠶᠢᠨ ᠲᠣᠮᠳᠠᠴᠢ ᠴᠡᠪᠡᠷ ᠣᠷᠣᠯᠭ᠎ᠠ 3094 ᠲᠦᠬᠦᠷᠢᠭ ᠬᠦᠷᠴᠣ᠂ ᠨᠢᠳᠣᠨᠣᠨ  ᠤ ᠬᠢ ᠠᠴᠠ 18.7%   ᠪᠠᠷ ᠨᠡᠮᠡᠭᠳᠡᠨ᠂ ᠠᠵᠢᠯ ᠣᠯᠭᠤᠬᠤ ᠪᠠ ᠲᠠᠬᠢᠨ ᠠᠵᠢᠯ ᠣᠯᠭᠤᠬᠤ ᠠᠵᠢᠯ  ᠤᠨ ᠡᠷᠴᠢᠮ  ᠢᠶᠠᠨ ᠴᠢᠩᠭᠠᠷᠠᠭᠤᠯᠵᠣ᠂ ᠰᠢᠨ᠎ᠠ ᠪᠠᠷ 594 ᠠᠵᠢᠯ  ᠤᠨ ᠪᠠᠶᠢᠷᠢ ᠨᠡᠮᠡᠭᠳᠡᠬᠦᠯᠦᠨ᠂ ᠬᠤᠳᠠ ᠪᠠᠯᠭᠠᠰᠣᠨ ᠤ ᠲᠠᠩᠰᠠᠯᠠᠭᠰᠠᠨ ᠠᠵᠢᠯ ᠠᠯᠳᠠᠭᠰᠠᠨ ᠨᠣᠷᠮ᠎ᠠ  ᠶᠢ 4.5%  ᠶᠢᠨ ᠲᠣᠳᠣᠷ᠎ᠠ ᠬᠢᠵᠠᠭᠠᠷᠯᠠᠵᠠᠢ᠃ ︽ᠠᠵᠢᠯ  ᠠᠴᠠ ᠪᠠᠨ ᠠᠮᠠᠷᠠᠭᠰᠠᠳ  ᠤᠨ ᠨᠠᠰᠣᠵᠢᠯ  ᠤᠨ ᠮᠦᠩᠬᠦ  ᠶᠢ ᠴᠠᠭ ᠲᠣᠬᠠᠢ ᠲᠤᠨᠢ ᠣᠯᠭᠤᠬᠤ ᠪᠠ ᠬᠤᠳᠠ ᠪᠠᠯᠭᠠᠰᠣᠨ  ᠤ ᠬᠠᠮᠤᠭ ᠲᠣᠣᠷ᠎ᠠ ᠠᠮᠢᠳᠣᠷᠠᠯ  ᠤᠨ ᠪᠠᠳᠣᠯᠠᠭ᠎ᠠ  ᠶᠢᠨ ᠱᠣᠭᠤᠮ  ᠢ ᠪᠠᠳᠣᠯᠠᠬᠤ︾  ᠠᠵᠢᠯ ᠢ ᠣᠯᠠᠮ ᠪᠠᠳᠣᠳᠬᠠᠵᠣ᠂ ᠨᠡᠶᠢᠬᠡᠮ  ᠤᠨ ᠲᠠᠭᠠᠳᠬᠠᠯ  ᠤᠨ ᠪᠦᠷᠬᠦᠴᠨ  ᠶᠢᠨ ᠨᠣᠷᠮ᠎ᠠ  ᠶᠢ ᠦᠷᠬᠦᠯᠵᠢᠯᠡᠨ ᠦᠷᠬᠡᠳᠬᠡᠪᠡ᠃ ᠬᠠᠮᠤᠭ ᠲᠣᠣᠷ᠎ᠠ ᠠᠮᠢᠳᠣᠷᠠᠯ  ᠤᠨ ᠪᠠᠳᠣᠯᠠᠭ᠎ᠠ  ᠶᠢᠨ ᠠᠵᠢᠯ  ᠢ ᠦᠨᠳᠣᠰᠣᠨ ᠳᠡᠭᠡᠨ ᠪᠠᠶᠠᠯᠡᠬᠦᠯᠵᠣ᠂ ᠪᠠᠳᠣᠯᠠᠬᠤ ᠵᠣᠬᠢᠰᠳᠠᠢ  ᠶᠢ ᠪᠦᠬᠦᠨ  ᠢ ᠪᠠᠳᠣᠯᠠᠵᠠᠢ ᠃ ᠶᠠᠳᠠᠭᠤ  ᠶᠢ ᠲᠠᠳᠬᠦᠨ ᠭᠠᠮᠰᠢᠭ  ᠠᠴᠠ ᠠᠪᠣᠷᠠᠬᠤ ᠠᠵᠢᠯ  ᠢ ᠦᠨᠡᠨᠬᠦ ᠴᠢᠩᠭᠠᠳᠬᠠᠵᠣ᠂ ᠶᠠᠳᠠᠭᠤ ᠬᠦᠴᠢᠷᠳᠠᠯᠳᠠᠢ ᠣᠯᠠᠨ ᠲᠦᠮᠡᠨ ᠪᠠ ᠭᠠᠮᠰᠢᠭᠳᠠᠭᠰᠠᠨ ᠣᠯᠠᠨ ᠲᠦᠮᠡᠨ  ᠤ ᠦᠨᠳᠣᠰᠣᠨ ᠠᠮᠢᠳᠣᠷᠠᠯ  ᠢ ᠪᠠᠳᠣᠯᠠᠭᠰᠠᠨ ᠪᠠᠶᠢᠨ᠎ᠠ᠃ ᠨᠡᠶᠢᠬᠡᠮ  ᠤᠨ ᠡᠯ᠎ᠠ ᠲᠦᠷᠦᠯ  ᠤᠨ ᠠᠵᠢᠯ ᠦᠢᠯᠡᠰ  ᠢ ᠪᠦᠬᠦ ᠲᠠᠯ᠎ᠠ ᠪᠠᠷ ᠲᠦᠯᠬᠢᠨ ᠠᠬᠢᠭᠤᠯᠵᠣ᠂ ᠪᠣᠳᠠᠰ  ᠤᠨ ᠪᠣᠯᠪᠠᠰᠣᠨ᠂ ᠣᠯᠣᠰ ᠲᠦᠷᠦ  ᠶᠢᠨ ᠪᠣᠯᠪᠠᠰᠣᠨ᠂ ᠣᠶᠣᠨ  ᠤ ᠪᠣᠯᠪᠠᠰᠣᠨ  ᠢ ᠵᠣᠬᠢᠴᠠᠯᠳᠣᠭᠤᠯᠣᠨ  ᠬᠦᠭᠵᠢᠬᠦᠯᠵᠠᠢ᠃ ᠰᠢᠨᠵᠢᠯᠡᠬᠦ ᠮᠡᠷᠬᠡᠵᠢᠯ  ᠤᠨ ᠲᠦᠬᠡᠮᠡᠯᠵᠢᠯᠳᠠ ᠣᠯᠠᠮ ᠬᠦᠨᠵᠡᠬᠡᠶᠢᠷᠠᠨ᠂ ᠰᠢᠨᠵᠢᠯᠡᠬᠦ ᠮᠡᠷᠬᠡᠵᠢᠯ  ᠤᠨ ᠦᠷ᠎ᠠ ᠪᠦᠳᠦᠮᠵᠢ  ᠶᠢᠨ ᠠᠰᠢᠭᠯᠠᠯᠳᠠ  ᠶᠢᠨ ᠨᠣᠷᠮ᠎ᠠ ᠲᠠᠰᠣᠷᠠᠯᠳᠠ ᠦᠬᠡᠢ ᠲᠡᠬᠡᠭᠰᠢᠯᠡᠵᠠᠢ  ᠃ ᠰᠠᠭᠤᠷᠢ ᠰᠣᠷᠭᠠᠨ ᠬᠦᠮᠦᠵᠢᠯ  ᠢ ᠯᠠᠪᠳᠠᠭᠤᠨ  ᠢᠶᠠᠷ ᠠᠬᠢᠭᠤᠯᠵᠣ᠂ ᠰᠣᠷᠭᠠᠭᠤᠯᠢ  ᠶᠢᠨ ᠪᠠᠶᠢᠷᠢᠰᠢᠯ  ᠢ ᠲᠣᠬᠢᠷᠠᠭᠤᠯᠬᠤ ᠪᠠ ᠲᠣᠮᠳᠠᠳᠣ ᠪᠠᠭ᠎ᠠ ᠰᠣᠷᠭᠠᠭᠤᠯᠢ  ᠶᠢᠨ ︽ᠠᠶᠣᠯᠳᠣ ᠬᠡᠷ ᠪᠠᠶᠢᠰᠢᠩ  ᠢ ᠦᠬᠡᠷᠡᠴᠢᠯᠠᠨ ᠰᠢᠨᠡᠳᠬᠡᠬᠦ︾ ᠢᠨᠵᠧᠨᠧᠷᠢᠩ  ᠤᠨ ᠬᠡᠷᠡᠭᠵᠢᠬᠦᠯᠦᠯᠳᠠ  ᠶᠢ ᠲᠦᠷᠬᠡᠳᠬᠡᠨ᠂ ᠮᠠᠯᠵᠢᠬᠤ ᠣᠷᠣᠨ  ᠤ ᠶᠠᠳᠠᠭᠤ ᠬᠦᠴᠢᠷᠳᠠᠯᠳᠠᠢ ᠰᠣᠷᠣᠭᠴᠢ  ᠶᠢᠨ ᠠᠯᠪᠠᠨ ᠵᠢᠷᠣᠮ  ᠤᠨ ᠰᠣᠷᠭᠠᠨ ᠬᠦᠮᠦᠵᠢᠯ  ᠤᠨ ᠱᠠᠳᠣᠨ ᠳᠠᠬᠢ ︽ᠨᠣᠮ  ᠤᠨ ᠰᠦᠢᠳᠬᠡᠯ᠂ ᠰᠣᠷᠣᠯᠭ᠎ᠠ  ᠶᠢᠨ ᠰᠦᠢᠳᠬᠡᠯ  ᠢ ᠬᠡᠯᠳᠣᠷᠢᠬᠦᠯᠵᠣ᠂ ᠪᠠᠶᠢᠷᠢ  ᠳᠤ ᠰᠠᠭᠤᠭ᠎ᠠ ᠰᠣᠷᠣᠭᠴᠢ  ᠶᠢᠨ ᠠᠮᠢᠳᠣᠷᠠᠯ  ᠤᠨ ᠰᠦᠢᠳᠬᠡᠯ  ᠢ ᠨᠦᠬᠦᠪᠣᠷᠢᠯᠡᠬᠦ︾ ᠲᠦᠷᠦ  ᠶᠢᠨ ᠪᠣᠳᠣᠯᠭ᠎ᠠ  ᠶᠢ ᠦᠨᠡᠨᠬᠦ ᠨᠠᠶᠢᠳᠠᠪᠣᠷᠢᠵᠢᠭᠤᠯᠣᠭᠰᠠᠨ ᠪᠠᠶᠢᠨ᠎ᠠ᠃ ᠦᠨᠳᠣᠰᠣᠳᠠᠨ  ᠤ ᠰᠣᠶᠣᠯ  ᠤᠨ ᠲᠣᠮᠣ ᠬᠤᠰᠢᠭᠤ  ᠶᠢ ᠪᠦᠳᠦᠬᠡᠨ ᠪᠠᠶᠢᠭᠤᠯᠬᠤ ᠶᠢ ᠬᠦᠨᠵᠡᠬᠡᠢ ᠦᠷᠨᠢᠬᠦᠯᠵᠣ᠂ ᠣᠯᠠᠨ ᠲᠦᠮᠡᠡᠴᠢ ᠰᠣᠶᠣᠯ ᠲᠠᠮᠢᠷ  ᠤᠨ ᠠᠵᠢᠯᠯᠠᠭ᠎ᠠ ᠶᠢ ᠬᠦᠭᠵᠢᠶᠠᠨᠳᠠᠢ ᠦᠷᠨᠢᠬᠦᠯᠪᠠ᠃ ᠡᠮᠴᠢᠯᠡᠭᠡ ᠡᠷᠡᠬᠦᠯ ᠬᠠᠮᠠᠭᠠᠯᠠᠯ  ᠤᠨ ᠦᠢᠯᠡᠰ  ᠢ ᠬᠦᠭᠵᠢᠬᠦᠯᠵᠣ᠂ ᠬᠡᠨᠡᠳᠳᠠ  ᠶᠢᠨ ᠴᠢᠨᠠᠷᠳᠠᠢ ᠣᠯᠠᠨ ᠨᠠᠶᠢᠳᠠ  ᠶᠢᠨ ᠡᠷᠡᠬᠦᠯ ᠬᠠᠮᠠᠭᠠᠯᠠᠯ  ᠤᠨ ᠬᠡᠷᠡᠭ ᠢ ᠪᠠᠴᠢᠮ ᠠᠷᠭᠠᠴᠠᠬᠤ ᠲᠣᠭᠳᠠᠴᠨ  ᠶᠢ ᠠᠩᠬ᠎ᠠ ᠠᠯᠬᠤᠮ ᠪᠠᠶᠢᠭᠤᠯᠵᠣ᠂ ᠣᠨᠴᠨ ᠶᠡᠭᠡ ᠬᠢᠵᠢᠭ ᠡᠪᠡᠳᠴᠢᠨ  ᠢ ᠰᠡᠷᠬᠡᠶᠢᠯᠡᠨ ᠬᠢᠵᠠᠭᠠᠷᠯᠠᠬᠤ ᠰᠢᠰᠲ᠋ᠧᠮ  ᠢ ᠣᠯᠠᠮ ᠨᠢᠬᠡ ᠠᠯᠬᠤᠮ ᠪᠦᠷᠢᠨᠰᠢᠬᠦᠯᠵᠠᠢ᠃ ᠬᠦᠮᠦᠨ ᠠᠮᠨ ᠪᠠ ᠲᠦᠯᠦᠪᠯᠡᠬᠡᠳᠣ ᠦᠷᠡᠵᠢᠯ ᠤᠨ ᠠᠵᠢᠯ ᠡᠷᠡᠬᠦᠯ  ᠢᠶᠠᠷ ᠬᠦᠭᠵᠢᠵᠣ᠂ ᠬᠦᠮᠦᠨ ᠠᠮᠨ  ᠶᠢᠨ ᠠᠶᠠᠨᠳᠠᠭᠠᠨ ᠦᠰᠦᠭᠰᠡᠨ ᠨᠣᠷᠮ᠎ᠠ 4.9 ‰ᠬᠦᠷᠴᠣ᠂ ᠲᠦᠰᠦᠪᠯᠡᠭᠰᠡᠨ ᠬᠠᠷᠠᠯᠳᠠ  ᠶᠢᠨ ᠲᠣᠳᠣᠷ᠎ᠠ ᠬᠢᠵᠠᠭᠠᠷᠯᠠᠪᠠ᠃ ᠠᠵᠢᠯ ᠦᠢᠯᠡᠰ ᠤᠨ ᠨᠢᠬᠡᠴᠨ ᠶᠢᠨ ᠠᠵᠢᠯᠳᠠᠨ  ᠤ ᠶᠠᠪᠣᠳᠠᠯ  ᠤᠨ ᠲᠦᠷᠢᠮ  ᠤᠨ ᠦᠬᠡᠷᠡᠴᠢᠯᠠᠯᠳᠠ ᠰᠢᠪᠳᠣᠯᠣᠯᠳᠠ  ᠶᠢᠨ ᠴᠢᠨᠠᠷᠳᠠᠢ ᠠᠮᠵᠢᠯᠳᠠ ᠣᠯᠵᠣ᠂ ᠰᠣᠷᠭᠠᠨ ᠬᠦᠮᠦᠵᠢᠯ ᠪᠠ ᠰᠣᠶᠣᠯ ᠪᠡᠶ᠎ᠠ ᠲᠠᠮᠢᠷ ᠷᠠᠳᠢᠣ᠋ ᠲᠧᠯᠸᠢᠰ ᠤᠨ ᠰᠢᠰᠲ᠋ᠧᠮ  ᠤᠨ ᠠᠵᠢᠯ ᠦᠢᠯᠡᠰ  ᠤᠨ ᠨᠢᠬᠡᠴᠨ  ᠶᠢᠨ ᠠᠵᠢᠯᠳᠠᠨ  ᠤ ᠶᠠᠪᠣᠳᠠᠯ  ᠤᠨ ᠲᠦᠷᠢᠮ  ᠤᠨ ᠦᠬᠡᠷᠡᠴᠢᠯᠠᠯᠳᠠ  ᠶᠢᠨ ᠲᠣᠷᠰᠢᠯᠳᠠ  ᠶᠢᠨ ᠴᠢᠭ  ᠤᠨ ᠠᠵᠢᠯ  ᠢ ᠪᠦᠬᠦ ᠲᠠᠯ᠎ᠠ ᠪᠠᠷ ᠪᠠᠶᠠᠯᠡᠬᠦᠯᠦᠭᠰᠡᠨ ᠪᠠᠶᠢᠨ᠎ᠠ᠃ ᠰᠢᠨᠵᠢᠯᠡᠬᠦ ᠣᠬᠠᠭᠠᠴᠢ ᠬᠦᠭᠵᠢᠯᠳᠠ  ᠶᠢᠨ ᠦᠵᠡᠯᠳᠠ᠂ ᠵᠦᠪ ᠣᠨᠣᠪᠴᠢᠳᠠᠢ ᠵᠠᠰᠠᠭ ᠪᠠᠷᠢᠬᠤ ᠦᠷ᠎ᠠ ᠪᠦᠳᠦᠮᠵᠢ  ᠶᠢᠨ  ᠦᠵᠡᠯᠳᠠ ᠪᠠ ︽ᠠᠷᠠᠳ  ᠤᠨ ᠲᠦᠯᠦᠬᠡ ᠵᠠᠰᠠᠭ ᠪᠠᠷᠢᠵᠣ᠂ ᠬᠦᠭᠵᠢᠯᠳᠠ ᠪᠠᠨ ᠲᠦᠷᠬᠡᠳᠬᠡᠬᠦ︾ ᠰᠣᠷᠣᠯᠴᠠᠯᠭ᠎ᠠ ᠬᠦᠮᠦᠵᠢᠯ  ᠤᠨ ᠠᠵᠢᠯᠯᠠᠭ᠎ᠠ  ᠶᠢ ᠬᠦᠨᠵᠡᠬᠡᠢ ᠦᠷᠨᠢᠬᠦᠯᠵᠣ᠂ ᠨᠢᠣ ᠢᠣᠢ ᠷᠦ ᠨᠦᠬᠦᠷ  ᠤᠨ ᠲᠡᠷᠢᠬᠦᠨ  ᠤ ᠦᠢᠯᠨ ᠠᠵᠢᠯᠯᠠᠭ᠎ᠠ  ᠶᠢ ᠬᠢᠨᠠᠮᠠᠭᠠᠢ ᠰᠣᠷᠣᠯᠴᠠᠨ᠂ ᠪᠦᠬᠦ ᠠᠷᠠᠳ  ᠤᠨ ᠦᠵᠡᠯ ᠰᠠᠨᠠᠭ᠎ᠠ ᠶᠣᠰᠣ ᠰᠣᠷᠳᠠᠬᠤᠨ  ᠤ ᠪᠦᠳᠦᠬᠡᠨ ᠪᠠᠶᠢᠭᠤᠯᠣᠯᠳᠠ ᠪᠠ ᠣᠶᠣᠨ  ᠤ ᠪᠣᠯᠪᠠᠰᠣᠨ  ᠢ ᠡᠬᠦᠳᠣᠨ ᠪᠠᠶᠢᠭᠤᠯᠬᠤ ᠵᠡᠷᠬᠡ ᠠᠵᠢᠯᠯᠠᠭ᠎ᠠ  ᠶᠢ ᠦᠷᠨᠢᠬᠦᠯᠵᠠᠢ᠃ ᠡᠯ᠎ᠠ ᠦᠨᠳᠣᠰᠣᠳᠠᠨ ᠪᠦᠯᠬᠦᠮᠳᠠᠨ ᠨᠠᠶᠢᠷᠠᠮᠳᠠᠵᠣ᠂ ᠨᠡᠶᠢᠬᠡᠮ ᠵᠢᠷᠣᠮᠳᠣ ᠰᠢᠨ᠎ᠠ ᠬᠡᠯᠪᠡᠷᠢ  ᠶᠢᠨ ᠦᠨᠳᠣᠰᠣᠳᠠᠨ  ᠤ ᠬᠠᠷᠢᠴᠠᠭ᠎ᠠ  ᠶᠢ ᠪᠠᠳᠣᠳᠬᠠᠨ ᠬᠦᠭᠵᠢᠬᠦᠯᠵᠣ᠂ ᠠᠷᠠᠳᠴᠢᠯᠠᠯ ᠬᠠᠣᠯᠢ ᠲᠦᠷᠢᠮ  ᠤᠨ ᠪᠦᠳᠦᠬᠡᠨ ᠪᠠᠶᠢᠭᠤᠯᠣᠯᠳᠠ  ᠶᠢ ᠦᠷᠬᠦᠯᠵᠢᠯᠡᠨ ᠠᠬᠢᠭᠤᠯᠪᠠ᠃ ᠠᠷᠠᠳ  ᠤᠨ ᠲᠦᠯᠦᠬᠡᠯᠡᠭᠴᠢᠳ  ᠤᠨ ᠶᠡᠭᠡ ᠬᠤᠷᠠᠯ ᠵᠢᠴᠢ ᠪᠠᠶᠢᠩᠭᠤ  ᠶᠢᠨ ᠬᠤᠷᠢᠶᠠᠨ  ᠳᠤ ᠠᠵᠢᠯ  ᠢᠶᠠᠨ  ᠨᠠᠷᠢᠨ ᠬᠢᠨᠠᠮᠠᠭᠠᠢ ᠬᠠᠷᠢᠭᠤ ᠮᠡᠳᠡᠬᠦᠯᠵᠣ᠂ ᠣᠯᠣᠰ ᠲᠦᠷᠦ  ᠶᠢᠨ ᠵᠦᠪᠯᠡᠯᠬᠡᠨ  ᠳᠤ ᠪᠠᠶᠢᠳᠠᠯ ᠢᠶᠠᠨ ᠮᠡᠳᠡᠭᠳᠠᠨ᠂ ᠣᠬᠠᠮᠰᠠᠷ  ᠠᠴᠠ ᠪᠠᠨ ᠬᠢᠨᠠᠯᠳᠠ  ᠶᠢ ᠬᠦᠯᠢᠶᠠᠵᠠᠢ᠃ ᠪᠦᠬᠦ ᠵᠢᠯ  ᠳᠤ ᠠᠷᠠᠳ  ᠤᠨ ᠲᠦᠯᠦᠬᠡᠯᠡᠭᠴᠢᠳ  ᠤᠨ ᠰᠠᠨᠠᠯ ᠰᠢᠬᠦᠮᠵᠢ᠂ ᠰᠠᠨᠠᠭᠤᠯᠭ᠎ᠠ  ᠶᠢ 171 ᠬᠤᠪᠢ᠂ ᠣᠯᠣᠰ ᠲᠦᠷᠦ  ᠶᠢᠨ ᠵᠦᠪᠯᠡᠯᠬᠡᠨ  ᠤ  ᠬᠡᠰᠢᠬᠦᠳ ᠤᠨ ᠲᠣᠷᠠᠳᠣᠯᠭ᠎ᠠ  ᠶᠢ 56 ᠬᠤᠪᠢ ᠰᠢᠢᠳᠪᠣᠷᠢᠯᠠᠨ ᠬᠠᠷᠢᠭᠤᠯᠪᠠ᠃ ᠵᠠᠰᠠᠭ ᠵᠠᠬᠢᠷᠭᠠᠨ  ᠤ ᠵᠦᠪᠰᠢᠶᠠᠷᠠᠯ  ᠤᠨ ᠬᠠᠣᠯᠢ ᠪᠠ ᠬᠠᠣᠯᠢ ᠶᠣᠰᠣᠭᠠᠷ ᠵᠠᠰᠠᠭᠯᠠᠬᠤ  ᠶᠢ ᠬᠡᠷᠡᠭᠵᠢᠬᠦᠯᠬᠦ ᠬᠦᠳᠦᠯᠪᠣᠷᠢ  ᠶᠢ ᠬᠦᠨᠵᠡᠬᠡᠢ ᠲᠣᠣᠱᠯᠠᠭᠤᠯᠣᠨ᠂ ᠬᠠᠣᠯᠢ ᠶᠣᠰᠣᠭᠠᠷ ᠵᠠᠰᠠᠭᠯᠠᠬᠤ  ᠶᠢ ᠴᠢᠷᠮᠠᠶᠢᠨ ᠠᠬᠢᠭᠤᠯᠵᠣ᠂ ᠵᠠᠰᠠᠭ  ᠤᠨ ᠣᠷᠳᠣᠨ  ᠤ ᠬᠠᠣᠯᠢ ᠲᠦᠷᠢᠮ  ᠤᠨ ᠪᠦᠳᠦᠬᠡᠨ ᠪᠠᠶᠢᠭᠤᠯᠣᠯᠳᠠ  ᠶᠢ ᠴᠢᠩᠭᠠᠳᠬᠠᠭᠰᠠᠨ ᠪᠠᠶᠢᠨ᠎ᠠ᠃ ᠬᠢᠨᠠᠨ ᠪᠣᠳᠣᠬᠤ᠂ ᠬᠢᠨᠠᠨ ᠪᠠᠶᠢᠴᠠᠭᠠᠬᠤ ᠰᠠᠯᠠᠭ᠎ᠠ ᠮᠦᠴᠢᠷ  ᠤᠨ ᠴᠢᠳᠠᠪᠬᠢ  ᠶᠢ ᠬᠦᠢᠴᠡᠳ ᠪᠠᠳᠠᠷᠠᠭᠤᠯᠵᠣ᠂ ᠠᠷᠢᠭᠤᠨ ᠴᠢᠬᠡᠴᠢ ᠪᠠᠷ ᠵᠠᠰᠠᠭ ᠪᠠᠷᠢᠬᠤ ᠪᠦᠳᠦᠬᠡᠨ ᠪᠠᠶᠢᠭᠤᠯᠣᠯᠳᠠ ᠪᠠ ᠢᠯᠵᠢᠷᠠᠯ ᠢ ᠡᠰᠡᠷᠬᠦᠴᠡᠬᠦ ᠠᠵᠢᠯ ᠪᠣᠳᠠᠳᠣ ᠦᠷ᠎ᠠ ᠪᠦᠳᠦᠮᠵᠢ ᠣᠯᠪᠠ᠃ ᠵᠠᠬᠢᠳᠠᠯ ᠰᠣᠷᠪᠣᠯᠵᠢᠯᠠᠭ᠎ᠠ᠂ ᠨᠡᠶᠢᠬᠡᠮ  ᠤᠨ ᠠᠮᠣᠷ ᠲᠦᠪᠰᠢᠨ  ᠢ ᠶᠠᠷᠣᠩᠬᠡᠶᠢᠯᠡᠨ ᠵᠠᠰᠠᠬᠤ ᠪᠠ ᠣᠯᠣᠰ  ᠤᠨ ᠪᠠᠳᠣᠯᠠᠨ ᠬᠠᠮᠠᠭᠠᠯᠠᠯᠳᠠ  ᠶᠢᠨ ᠲᠠᠶᠢᠴᠢᠯᠠᠯᠳᠠ ᠶᠢᠨ ᠠᠵᠢᠯ  ᠢ ᠣᠯᠠᠮ ᠴᠢᠩᠭᠠᠳᠬᠠᠨ᠂ ᠪᠦᠬᠦ ᠬᠤᠰᠢᠭᠤᠨ  ᠤ ᠬᠢᠯᠢ ᠬᠢᠵᠠᠭᠠᠷ ᠠᠮᠣᠷ ᠲᠠᠶᠢᠪᠣᠩ᠂ ᠨᠡᠶᠢᠬᠡᠮ ᠠᠮᠣᠷ ᠲᠣᠭᠳᠠᠭᠤᠨ ᠪᠠᠶᠢᠵᠣ᠂ ᠡᠯ᠎ᠠ ᠲᠦᠷᠦᠯ  ᠤᠨ ᠠᠵᠢᠯ ᠦᠢᠯᠡᠰ ᠴᠦᠮ ᠰᠢᠨ᠎ᠠ ᠬᠢᠷᠢ ᠪᠦᠳᠦᠮᠵᠢ ᠣᠯᠣᠭᠰᠠᠨ ᠪᠠᠶᠢᠨ᠎ᠠ᠃ ᠦᠩᠬᠡᠷᠡᠭᠰᠡᠨ ᠨᠢᠬᠡ ᠵᠢᠯ  ᠤᠨ ᠠᠵᠢᠯ  ᠢᠶᠠᠨ ᠡᠷᠬᠢᠴᠡᠬᠦᠯᠪᠡᠯ᠂ ᠪᠢᠳᠠ ᠰᠢᠨ᠎ᠠ ᠪᠠᠶᠢᠳᠠᠯ ᠲᠣᠣᠷᠠᠬᠢ ᠵᠠᠰᠠᠭ  ᠤᠨ ᠣᠷᠳᠣᠨ  ᠤ ᠠᠵᠢᠯ  ᠢ ᠰᠠᠶᠢᠳᠣᠷ ᠬᠢᠵᠣ᠂ ᠪᠦᠬᠦ ᠬᠤᠰᠢᠭᠤᠨ  ᠤ ᠠᠵᠣ ᠠᠬᠤᠢ ᠨᠡᠶᠢᠬᠡᠮ  ᠤᠨ ᠬᠦᠭᠵᠢᠯᠳᠠ  ᠶᠢ ᠲᠦᠷᠬᠡᠳᠬᠡᠬᠦ  ᠳᠤ ᠡᠷᠬᠡᠪᠰᠢ ᠠᠶᠢᠮᠠᠭ  ᠤᠨ ᠨᠠᠮ  ᠤᠨ ᠬᠤᠷᠢᠶ᠎ᠠ᠂ ᠠᠶᠢᠮᠠᠭ  ᠤᠨ ᠵᠠᠬᠢᠷᠭ᠎ᠠ ᠪᠠ ᠬᠤᠰᠢᠭᠤ ᠨᠠᠮ  ᠤᠨ ᠬᠤᠷᠢᠶᠠᠨ  ᠤ ᠰᠢᠢᠳᠪᠤᠷᠢᠳᠤ ᠪᠤᠳᠤᠯᠭ᠎ᠠ ᠪᠤᠯᠤᠨ ᠪᠠᠶᠢᠷᠢᠯᠠᠭᠤᠯᠣᠯᠳᠠ  ᠶᠢ ᠬᠢᠨᠠᠮᠠᠭᠠᠢ ᠲᠣᠣᠱᠯᠠᠭᠤᠯᠣᠨ᠂ ᠠᠷᠪᠠᠳᠣᠭᠠᠷ ᠣᠳᠠᠭᠠᠨ  ᠤ ᠨᠠᠮ  ᠤᠨ ᠲᠦᠯᠦᠬᠡᠯᠡᠭᠴᠢ  ᠶᠢᠨ ᠬᠤᠷᠠᠯ  ᠠᠴᠠ ᠲᠣᠭᠳᠠᠭᠠᠭᠰᠠᠨ ᠪᠦᠬᠡᠳ ᠲᠠᠰᠣᠷᠠᠯᠳᠠ ᠦᠬᠡᠢ ᠪᠦᠷᠢᠨᠰᠢᠬᠦᠯᠵᠣ ᠪᠠᠶᠢᠭ᠎ᠠ ᠬᠦᠭᠵᠢᠯᠳᠠ  ᠶᠢᠨ ᠰᠡᠳᠬᠢᠴᠨ ᠶᠣᠰᠣᠭᠠᠷ ᠠᠵᠢᠯ  ᠢᠶᠠᠨ ᠦᠷᠨᠢᠬᠦᠯᠬᠦ  ᠶᠢ ᠪᠠᠷᠢᠮᠳᠠᠯᠠᠬᠤ ᠬᠡᠷᠡᠭᠳᠠᠢ︔ ᠡᠷᠬᠡᠪᠰᠢ ᠬᠦᠭᠵᠢᠯᠳᠠ ᠬᠡᠬᠦ ᠨᠢᠬᠡᠳᠣᠬᠡᠷ ᠴᠢᠬᠤᠯᠨ ᠡᠬᠦᠷᠬᠡ  ᠶᠢ ᠴᠢᠩᠭ᠎ᠠ ᠠᠳᠬᠤᠵᠣ᠂ ᠲᠣᠬᠢᠶᠠᠯ  ᠢ ᠠᠳᠬᠤᠨ ᠢᠳᠡᠪᠬᠢᠳᠠᠢ ᠣᠷᠣᠭᠰᠢᠯᠠᠬᠤ ᠮᠦᠷᠳᠡᠬᠡᠨ ᠵᠢᠮ᠎ᠠ ᠶᠣᠰᠣ  ᠶᠢ ᠬᠦᠨᠳᠣᠳᠬᠡᠵᠣ᠂ ᠲᠣᠭᠳᠠᠭᠤᠨ  ᠢᠶᠠᠷ ᠠᠬᠢᠭᠤᠯᠬᠤ ᠬᠡᠷᠡᠭᠳᠠᠢ︔ ᠡᠷᠬᠡᠪᠰᠢ ᠰᠢᠨᠵᠢᠯᠡᠬᠦ ᠣᠬᠠᠭᠠᠨᠴᠢ ᠬᠦᠭᠵᠢᠯᠳᠠ  ᠶᠢᠨ ᠦᠵᠡᠯᠳᠠ ᠶᠢ ᠪᠠᠷᠢᠮᠳᠠᠯᠠᠵᠣ᠂ ᠡᠬᠢ ᠪᠠᠶᠠᠯᠢᠭ  ᠢᠶᠠᠨ ᠦᠨᠳᠣᠷ ᠦᠷ᠎ᠠ ᠠᠰᠢᠭ ᠲᠠᠢ ᠪᠠᠷ ᠨᠡᠬᠡᠬᠡᠨ ᠠᠰᠢᠭᠯᠠᠬᠤ ᠲᠠᠯ᠎ᠠ ᠪᠠᠷ ᠬᠦᠴᠦ ᠲᠠᠯᠪᠢᠨ᠂  ᠠᠵᠣ ᠠᠬᠤᠢ  ᠶᠢᠨ ᠨᠡᠮᠡᠭᠳᠠᠯ  ᠤᠨ ᠬᠡᠯᠪᠡᠷᠢ  ᠶᠢ ᠦᠨᠡᠨᠬᠦ ᠬᠤᠪᠢᠷᠠᠭᠤᠯᠣᠨ᠂ ᠠᠵᠣ ᠠᠬᠤᠢ  ᠶᠢᠨ ᠨᠡᠮᠡᠭᠳᠠᠯ ᠤᠨ ᠶᠠᠰᠣ ᠴᠢᠨᠠᠷ ᠪᠠ ᠦᠷ᠎ᠠ ᠠᠰᠢᠭ ᠢ ᠲᠠᠰᠣᠷᠠᠯᠳᠠ ᠦᠬᠡᠢ ᠲᠡᠬᠡᠭᠰᠢᠯᠡᠬᠦᠯᠬᠦ ᠬᠡᠷᠡᠭᠳᠠᠢ︔ ᠡᠷᠬᠡᠪᠰᠢ ᠨᠢᠬᠡᠳᠣᠯᠳᠠᠢ ᠲᠦᠯᠦᠪᠯᠡᠨ ᠨᠠᠶᠢᠳᠠ ᠳᠤᠨᠢ ᠬᠠᠷᠠᠭᠠᠯᠵᠠᠬᠤ ᠣᠬᠠᠮᠰᠠᠷ  ᠢ ᠪᠣᠢ ᠪᠣᠯᠭᠠᠨ᠂ ᠬᠦᠭᠵᠢᠯᠳᠠ  ᠶᠢᠨ ᠲᠣᠮᠳᠠᠬᠢ ᠰᠣᠯᠨ ᠲᠣᠷᠣᠢ ᠭᠤᠭᠴᠤᠭ᠎ᠠ  ᠶᠢ ᠰᠠᠶᠢᠳᠣᠷ ᠰᠢᠢᠳᠪᠣᠷᠢᠯᠠᠵᠣ᠂ ᠬᠤᠳᠠ ᠬᠦᠳᠡᠭᠡ᠂ ᠣᠷᠣᠨ ᠲᠣᠭᠤᠷᠢᠭ᠂ ᠠᠵᠣ ᠠᠬᠤᠢ ᠨᠡᠶᠢᠬᠡᠮ  ᠤᠨ ᠵᠣᠬᠢᠴᠠᠩᠭᠤᠢ ᠬᠦᠭᠵᠢᠬᠦ  ᠶᠢ ᠢᠳᠡᠪᠬᠢᠳᠠᠢ ᠠᠬᠢᠭᠤᠯᠬᠤ ᠬᠡᠷᠡᠭᠳᠠᠢ︔ ᠡᠷᠬᠡᠪᠰᠢ ᠵᠦᠪ ᠣᠨᠣᠪᠴᠢᠳᠠᠢ ᠵᠠᠰᠠᠭ ᠪᠠᠷᠢᠬᠤ ᠦᠷ᠎ᠠ ᠪᠦᠳᠦᠮᠵᠢ ᠶᠢᠨ ᠲᠠᠨᠢᠯᠳᠠ  ᠶᠢ ᠪᠣᠢ ᠪᠣᠯᠭᠠᠵᠣ᠂ ᠠᠷᠠᠳ  ᠤᠨ ᠠᠮᠢᠳᠣᠷᠠᠯ  ᠢ ᠲᠡᠬᠡᠳᠣ ᠬᠡᠮᠵᠢᠶ᠎ᠠ ᠪᠠᠷ ᠬᠠᠯᠠᠮᠵᠢᠯᠠᠨ᠂ ᠨᠡᠶᠢᠬᠡᠮ  ᠤᠨ ᠡᠷᠬᠡ ᠲᠡᠭᠰᠢ  ᠶᠢ ᠠᠬᠢᠭᠤᠯᠵᠣ᠂ ᠡᠶ᠎ᠡ ᠨᠠᠶᠢᠷᠠᠮᠳᠠᠭᠤ ᠨᠡᠶᠢᠬᠡᠮ  ᠢ ᠴᠣᠭᠴᠠᠯᠠᠬᠤ ᠬᠡᠷᠡᠭᠳᠠᠢ ᠬᠡᠰᠡᠨ  ᠢ ᠣᠶᠢᠯᠠᠭᠠᠭᠰᠠᠨ ᠪᠠᠶᠢᠨ᠎ᠠ᠃ ᠲᠦᠯᠦᠬᠡᠯᠡᠭᠴᠢᠳ ᠡ᠂ ᠪᠢᠳᠠᠨ  ᠤ ᠦᠩᠬᠡᠷᠡᠭᠰᠡᠨ ᠨᠢᠬᠡ ᠵᠢᠯ  ᠳᠤ  ᠣᠯᠣᠭᠰᠠᠨ ᠦᠷ᠎ᠠ ᠪᠦᠳᠦᠮᠵᠢ ᠪᠣᠯ ᠠᠶᠢᠮᠠᠭ  ᠤᠨ ᠨᠠᠮ  ᠤᠨ ᠬᠤᠷᠢᠶ᠎ᠠ᠂  ᠠᠶᠢᠮᠠᠭ  ᠤᠨ ᠵᠠᠬᠢᠷᠭ᠎ᠠ ᠪᠠ ᠬᠤᠰᠢᠭᠤ ᠨᠠᠮ  ᠤᠨ ᠬᠤᠷᠢᠶᠠᠨ  ᠤ ᠵᠦᠪ ᠣᠨᠣᠪᠴᠢᠳᠠᠢ ᠣᠳᠣᠷᠢᠳᠣᠭᠰᠠᠨ ᠦᠷ᠎ᠠ ᠳ᠋ᠦᠩ ᠮᠦᠨ᠂ ᠪᠦᠬᠦ ᠬᠤᠰᠢᠭᠤᠨ  ᠤ ᠡᠯ᠎ᠠ ᠦᠨᠳᠣᠰᠣᠳᠠᠨ  ᠤ ᠠᠷᠠᠳ ᠲᠦᠮᠡᠨ  ᠤ ᠬᠠᠮᠳᠣ  ᠶᠢᠨ ᠴᠢᠷᠮᠠᠶᠢᠯᠭ᠎ᠠ  ᠶᠢᠨ ᠦᠷ᠎ᠠ ᠳ᠋ᠦᠩ ᠮᠦᠨ᠂ ᠪᠠᠰᠠᠴᠣ ᠨᠡᠶᠢᠬᠡᠮ  ᠤᠨ ᠡᠯ᠎ᠠ ᠡᠳᠡᠬᠡᠳ  ᠤᠨ ᠬᠢᠨ  ᠤ ᠬᠠᠯᠠᠮᠵᠢᠯᠠᠨ ᠲᠠᠮᠵᠢᠭᠰᠡᠨ ᠦᠷ᠎ᠠ ᠳ᠋ᠦᠩ ᠮᠦᠨ᠃ ᠠᠳᠠ ᠪᠢ᠂ ᠬᠤᠰᠢᠭᠤ ᠠᠷᠠᠳ  ᠤᠨ ᠵᠠᠰᠠᠭ  ᠤᠨ ᠣᠷᠳᠣᠨ  ᠢ ᠲᠦᠯᠦᠬᠡᠯᠡᠨ᠂ ᠪᠦᠬᠦ ᠬᠤᠰᠢᠭᠤᠨ  ᠤ ᠡᠯ᠎ᠠ ᠦᠨᠳᠣᠰᠣᠳᠠᠨ  ᠤ ᠠᠷᠠᠳ ᠲᠦᠮᠡᠨ  ᠤ ᠢᠳᠡᠬᠡᠵᠣ ᠲᠠᠮᠵᠢᠭ᠍ᠰᠡᠨ  ᠳᠤ ᠲᠠᠯᠠᠷᠬᠠᠵᠣ ᠪᠠᠶᠢᠬᠤ  ᠶᠢᠨ ᠬᠠᠮᠳᠣ ᠡᠳᠡᠬᠡᠷ ᠦᠷ᠎ᠠ ᠪᠦᠳᠦᠮᠵᠢ  ᠶᠢ ᠣᠯᠬᠤ  ᠳᠤ ᠬᠤᠪᠢ ᠨᠡᠮᠡᠷᠢ ᠦᠵᠡᠬᠦᠯᠦᠭᠰᠡᠨ ᠨᠦᠬᠦᠳ᠂ ᠪᠢᠳᠠᠨ  ᠢ ᠬᠠᠪᠰᠣᠷᠴᠣ ᠦᠩᠬᠡᠷᠡᠭᠰᠡᠨ ᠬᠤᠰᠢᠭᠤᠨ  ᠤ ᠲᠣᠳᠣᠨ᠎ᠠ ᠭᠠᠳᠠᠨᠠᠬᠢ ᠨᠠᠶᠢᠵᠨ ᠨᠠᠷ  ᠲᠤ ᠴᠢᠩ ᠰᠡᠳᠬᠢᠯ  ᠤᠨ ᠲᠠᠯᠠᠷᠬᠠᠯ ᠪᠠ ᠡᠷᠬᠢᠮ ᠲᠡᠬᠡᠳᠣ ᠬᠦᠨᠳᠦᠳᠬᠡᠯ  ᠢᠶᠠᠨ ᠲᠠᠪᠰᠢᠬᠦᠯᠦᠶ᠎ᠠ︕ ᠦᠷ᠎ᠠ ᠪᠦᠳᠦᠮᠵᠢ ᠪᠠᠨ ᠨᠣᠳᠠᠯᠠᠬᠤ  ᠶᠢᠨ ᠬᠠᠮᠳᠣ ᠪᠢᠳᠠ ᠠᠵᠣ ᠠᠬᠤᠢ ᠨᠡᠶᠢᠬᠡᠮ  ᠤᠨ ᠬᠦᠭᠵᠢᠯᠳᠠ ᠲᠣᠮᠳᠠ ᠨᠠᠯᠢᠶᠠᠳ ᠠᠰᠠᠭᠤᠳᠠᠯ ᠣᠷᠣᠰᠢᠵᠣ ᠪᠠᠶᠢᠬᠤ  ᠶᠢ ᠪᠠᠰᠨ ᠰᠡᠷᠬᠡᠭ  ᠢᠶᠠᠷ ᠲᠠᠨᠢᠬᠤ ᠬᠡᠷᠡᠭᠳᠠᠢ ᠪᠠᠶᠢᠨ᠎ᠠ᠃ ᠭᠤᠣᠯᠳᠠᠭᠤ᠄ ᠲᠠᠯ᠎ᠠ ᠨᠣᠳᠤᠭ  ᠤᠨ ᠠᠮᠢ ᠠᠬᠤᠢ  ᠶᠢᠨ ᠣᠷᠴᠢᠨ ᠲᠣᠭᠤᠷᠢᠨ ᠪᠠᠰᠨ ᠲᠣᠩ ᠬᠡᠪᠡᠷᠡᠭ᠂ ︽ ᠪᠠᠯᠴᠢᠬᠡᠷ ᠰᠡᠷᠬᠦᠬᠡᠬᠦ᠂ ᠪᠠᠯᠴᠢᠬᠡᠷᠯᠡᠬᠦᠯᠬᠦ  ᠶᠢ ᠵᠣᠭᠰᠣᠭᠠᠬᠤ᠂  ᠰᠡᠯᠬᠦᠨ ᠮᠠᠯᠵᠢᠬᠤ︾ ᠠᠰᠠᠭᠤᠳᠠᠯ ᠨᠠᠯᠢᠶᠠᠳ ᠲᠣᠪᠣᠶᠢᠮ᠎ᠠ᠂ ᠮᠠᠯ ᠠᠵᠣ ᠠᠬᠤᠢ  ᠶᠢᠨ ᠠᠵᠣ ᠦᠢᠯᠡᠰᠵᠢᠯᠳᠠ  ᠶᠢᠨ ᠬᠡᠮᠵᠢᠶ᠎ᠠ ᠨᠠᠯᠢᠶᠠᠳ ᠲᠣᠣᠷ᠎ᠠ᠂ ᠮᠠᠯ ᠠᠵᠣ ᠠᠬᠤᠢ  ᠶᠢᠨ ᠦᠷ᠎ᠠ ᠠᠰᠢᠭ  ᠢ ᠲᠡᠬᠡᠭᠰᠢᠯᠡᠬᠦᠯᠵᠣ᠂ ᠮᠠᠯᠴᠢᠳ  ᠤᠨ ᠣᠷᠣᠯᠭ᠎ᠠ  ᠶᠢ ᠨᠡᠮᠡᠭᠳᠡᠬᠦᠯᠬᠦ ᠡᠬᠦᠷᠬᠡ ᠪᠡᠰᠨ ᠲᠣᠩ ᠬᠦᠨᠳᠣ ᠪᠠᠶᠢᠭᠰᠠᠭᠠᠷ︔ ᠠᠵᠣ ᠦᠢᠯᠡᠳᠪᠣᠷᠢ  ᠶᠢᠨ ᠠᠵᠣ ᠠᠬᠤᠢ ᠨᠢ ᠰᠠᠶ᠋ᠢᠬᠠᠨ ᠡᠬᠢᠯᠠᠯᠳᠠ ᠶᠢᠨ ᠱᠠᠳᠣᠨ ᠳᠠᠭᠠᠨ ᠪᠠᠶᠢᠵᠣ᠂ ᠡᠬᠢ ᠪᠠᠶᠠᠯᠢᠭ  ᠢ ᠶᠠᠷᠦᠩᠬᠡᠶᠢᠯᠡᠨ ᠨᠡᠬᠡᠬᠡᠨ ᠠᠰᠢᠭᠯᠠᠬᠤ ᠬᠢᠷᠢ ᠬᠡᠮᠵᠢᠶ᠎ᠠ ᠲᠣᠣᠷ᠎ᠠ᠂ ᠲᠠᠪᠠᠭᠤᠯᠢᠭ ᠠᠵᠣ ᠦᠢᠯᠡᠰ  ᠤᠨ ᠪᠦᠯᠦᠭᠯᠡᠯ  ᠢ ᠪᠦᠷᠢᠯᠳᠣᠬᠦᠯᠵᠣ ᠲᠠᠶᠢᠯᠣᠬᠡᠳᠣᠢ︔ ᠭᠤᠷᠪᠠᠳᠣᠭᠠᠷ ᠠᠵᠣ ᠦᠢᠯᠡᠰ  ᠤᠨ ᠬᠦᠭᠵᠢᠯᠳᠠ  ᠶᠢᠨ ᠪᠠᠶᠢᠳᠠᠯ ᠪᠠ  ᠪᠦᠬᠦᠯᠢ ᠴᠣᠭᠴᠨ ᠶᠢᠨ ᠦᠢᠯᠡᠴᠢᠯᠡᠬᠡᠨ  ᠤ ᠬᠢᠷᠢ ᠲᠦᠪᠰᠢᠨ ᠲᠣᠣᠷ᠎ᠠ︔ ᠠᠵᠣ ᠠᠬᠤᠢ  ᠶᠢᠨ ᠲᠦᠷᠬᠡᠨ ᠬᠦᠭᠵᠢᠯᠳᠠ ᠲᠠᠢ ᠬᠠᠷᠢᠴᠠᠭᠤᠯᠪᠠᠯ᠂ ᠬᠤᠳᠠ ᠪᠠᠯᠭᠠᠰᠣᠨ  ᠤ ᠰᠠᠭᠤᠭᠠᠯᠢ ᠠᠷᠠᠳ  ᠤᠨ ᠣᠷᠣᠯᠭ᠎ᠠ  ᠶᠢᠨ ᠨᠡᠮᠡᠭᠳᠠᠯ ᠨᠠᠯᠢᠶᠠᠳ ᠣᠳᠠᠭᠠᠨ ᠂ ᠣᠷᠣᠯᠭ᠎ᠠ ᠲᠣᠣᠷ᠎ᠠ ᠬᠦᠮᠦᠰ  ᠤᠨ ᠠᠮᠢᠳᠣᠷᠠᠯ ᠮᠦᠨᠬᠦ ᠲᠣᠶᠢᠯ  ᠤᠨ ᠬᠦᠴᠢᠷ ᠲᠠᠢ ᠪᠠᠶᠢᠵᠣ᠂ ᠠᠵᠢᠯ ᠣᠯᠭᠤᠬᠤ ᠪᠠ ᠨᠡᠶᠢᠬᠡᠮ  ᠤᠨ ᠪᠠᠳᠣᠯᠠᠭ᠎ᠠ  ᠶᠢᠨ ᠲᠠᠷᠣᠯᠳᠠ ᠮᠦᠨᠴᠣ ᠨᠠᠯᠢᠶᠠᠳ ᠶᠡᠭᠡ᠂ ᠨᠢᠬᠡ ᠪᠦᠯᠦᠭ ᠨᠡᠶᠢᠬᠡᠮ  ᠤᠨ ᠠᠮᠣᠷ ᠲᠣᠭᠳᠠᠭᠤᠨ  ᠢ ᠨᠦᠯᠦᠬᠡᠯᠡᠬᠦ ᠬᠦᠴᠦᠨ ᠵᠦᠢᠯ ᠪᠠᠰᠨ ᠣᠷᠣᠰᠢᠭᠰᠠᠭᠠᠷ︔ ᠵᠠᠰᠠᠭ  ᠤᠨ ᠣᠷᠳᠣᠨ  ᠤ ᠴᠢᠳᠠᠪᠬᠢ  ᠶᠢᠨ ᠬᠤᠪᠢᠷᠠᠭᠤᠯᠣᠯᠳᠠ  ᠶᠢ ᠲᠦᠷᠬᠡᠳᠬᠡᠬᠦ ᠴᠢᠬᠤᠯᠠᠳᠠᠢ ᠪᠠᠶᠢᠵᠣ᠂ ᠬᠠᠣᠯᠢ ᠶᠣᠰᠣᠭᠠᠷ ᠵᠠᠰᠠᠭᠯᠠᠬᠤ ᠬᠢᠷᠢ ᠬᠡᠮᠵᠢᠶ᠎ᠠ  ᠶᠢ ᠣᠯᠠᠮ ᠲᠡᠬᠡᠭᠰᠢᠯᠡᠬᠦᠯᠬᠦ ᠬᠡᠷᠡᠭᠳᠠᠢ ᠵᠡᠷᠬᠡ ᠬᠡᠳᠣᠨ ᠲᠠᠯ᠎ᠠ ᠪᠣᠢ᠃ ᠡᠳᠡᠬᠡᠷ ᠠᠰᠠᠭᠤᠳᠠᠯ  ᠢ ᠪᠢᠳᠠ ᠡᠷᠬᠡᠪᠰᠢ ᠲᠡᠬᠡᠳᠣ ᠬᠡᠮᠵᠢᠶ᠎ᠠ ᠪᠠᠷ ᠬᠦᠨᠳᠣᠳᠬᠡᠨ ᠦᠵᠡᠵᠣ᠂ ᠬᠦᠴᠦᠨ ᠪᠦᠬᠦᠢ ᠠᠷᠭ᠎ᠠ ᠬᠡᠮᠵᠢᠶ᠎ᠠ ᠠᠪᠴᠣ᠂ ᠬᠢᠨᠠᠮᠠᠭᠠᠢ ᠰᠢᠢᠳᠪᠣᠷᠢᠯᠡᠬᠦ ᠴᠢᠬᠤᠯᠠᠳᠠᠢ ᠪᠠᠶᠢᠨ᠎ᠠ᠃  ᠬᠤᠶᠠᠷ᠂ 2005 ᠣᠨ  ᠤ ᠭᠤᠣᠯ ᠠᠵᠢᠯ  ᠤᠨ ᠡᠬᠦᠷᠬᠡ ᠡᠨ᠋ᠨ ᠵᠢᠯ ᠪᠣᠯ ︽ᠠᠷᠪᠠᠳᠣᠭᠠᠷ ᠲᠠᠪᠣᠨ ᠵᠢᠯ︾  ᠤᠨ ᠲᠦᠯᠦᠪᠯᠡᠭᠡ  ᠶᠢ ᠪᠦᠬᠦ ᠲᠠᠯ᠎ᠠ ᠪᠠᠷ ᠪᠡᠶᠡᠯᠡᠬᠦᠯᠵᠣ᠂ ︽ᠠᠷᠪᠠᠨ ᠨᠢᠬᠡᠳᠣᠬᠡᠷ ᠲᠠᠪᠣᠨ ᠵᠢᠯ︾  ᠤᠨ ᠲᠦᠯᠦᠪᠯᠡᠭᠡ  ᠳᠤ ᠰᠠᠭᠤᠷᠢ ᠲᠠᠯᠪᠢᠬᠤ ᠵᠠᠩᠬᠢᠯᠠᠭ᠎ᠠ ᠶᠢᠨ ᠨᠢᠬᠡ ᠵᠢᠯ ᠪᠣᠯᠣᠨ᠎ᠠ᠃ ᠪᠦᠬᠦ ᠬᠤᠰᠢᠭᠤᠨ  ᠤ ᠠᠵᠢᠯ  ᠤᠨ ᠰᠡᠳᠬᠢᠴᠨ ᠪᠣᠯ᠄ ᠳ᠋ᠧᠩ ᠰᠢᠶᠣᠣ ᠫᠢᠩ  ᠤᠨ ᠣᠨᠣᠯ ᠪᠠ ︽ᠭᠤᠷᠪᠠ  ᠶᠢ ᠲᠦᠯᠦᠬᠡᠯᠡᠬᠦ︾ ᠴᠢᠬᠤᠯᠨ ᠦᠵᠡᠯ ᠰᠠᠨᠠᠭ᠎ᠠ ᠪᠠᠷ ᠵᠢᠯᠣᠭᠤᠳᠣᠭᠤᠯᠬᠤ  ᠶᠢ ᠪᠠᠷᠢᠮᠳᠠᠯᠠᠨ᠂ ᠠᠶᠢᠮᠠᠭ  ᠤᠨ ᠨᠠᠮ  ᠤᠨ ᠬᠤᠷᠢᠶᠠᠨ  ᠤ ︵ᠦᠷᠬᠡᠳᠬᠡᠭᠰᠡᠨ︶ ᠬᠤᠷᠠᠯ ᠪᠣᠯᠣᠨ ᠪᠦᠬᠦ ᠠᠶᠢᠮᠠᠭ  ᠤᠨ ᠠᠵᠣ ᠠᠬᠤᠢ  ᠶᠢᠨ ᠬᠤᠷᠠᠯᠳᠣᠭᠠᠨ  ᠤ ᠵᠣᠷᠢᠭ ᠰᠠᠨᠠᠭ᠎ᠠ  ᠶᠢ ᠲᠣᠣᠱᠯᠠᠭᠤᠯᠵᠣ᠂ ᠰᠢᠨᠵᠢᠯᠡᠬᠦ ᠣᠬᠠᠭᠠᠨᠴᠢ ᠬᠦᠭᠵᠢᠯᠳᠠ  ᠶᠢᠨ ᠦᠵᠡᠯᠳᠠ  ᠶᠢ ᠪᠠᠷᠢᠮᠳᠠᠯᠠᠨ᠂ ᠴᠢᠨᠡᠬᠡᠯᠢᠭ ᠨᠡᠶᠢᠬᠡᠮ  ᠢ ᠪᠦᠬᠦ ᠲᠠᠯ᠎ᠠ ᠪᠠᠷ ᠪᠦᠳᠦᠬᠡᠨ ᠪᠠᠶᠢᠭᠤᠯᠬᠤ ᠪᠠᠷ ᠪᠦᠬᠦ ᠲᠠᠯ᠎ᠠ  ᠶᠢ ᠬᠠᠮᠣᠷᠴᠣ᠂ ᠠᠵᠣ ᠠᠬᠤᠢ ᠶᠢᠨ ᠬᠤᠪᠢᠷᠠᠭᠤᠯᠣᠯᠳᠠ ᠶᠢ ᠲᠦᠷᠬᠡᠳᠬᠡᠵᠣ᠂ ︽ᠲᠦᠷᠪᠠᠨ ᠶᠡᠭᠡ ᠪᠠᠶᠢᠯᠳᠣᠬᠤ ᠪᠣᠳᠣᠯᠭ᠎ᠠ᠂ ᠨᠢᠬᠡ ᠢᠨᠵᠧᠨᠧᠷᠢᠩ︾  ᠢ ᠪᠦᠬᠦ ᠲᠠᠯ᠎ᠠ ᠪᠠᠷ ᠬᠡᠷᠡᠭᠵᠢᠬᠦᠯᠵᠣ᠂ ᠠᠵᠣ ᠦᠢᠯᠡᠳᠪᠣᠷᠢᠵᠢᠯᠠᠯᠳᠠ᠂ ᠠᠵᠣ ᠦᠢᠯᠡᠰᠵᠢᠯᠳᠠ ᠪᠠ ᠬᠤᠳᠠ ᠪᠠᠯᠭᠠᠰᠣᠵᠢᠯᠳᠠ ᠶᠢᠨ ᠠᠬᠢᠴᠨ  ᠶᠢ ᠲᠦᠷᠬᠡᠳᠬᠡᠨ᠂ ᠡᠳ᠋  ᠤᠨ ᠵᠠᠰᠠᠭ  ᠤᠨ ᠣᠷᠣᠯᠭ᠎ᠠ ᠂ ᠬᠤᠳᠠ ᠪᠠᠯᠭᠠᠰᠣᠨ  ᠤ ᠰᠠᠭᠤᠭᠠᠯᠢ ᠠᠷᠠᠳ  ᠤᠨ ᠬᠦᠮᠦᠨ ᠪᠦᠷᠢ  ᠶᠢᠨ ᠲᠣᠮᠳᠠᠴᠢ ᠬᠤᠪᠢᠶᠠᠷᠢᠯᠠᠯᠳᠠ  ᠶᠢᠨ ᠣᠷᠣᠯᠭ᠎ᠠ ᠪᠠ ᠮᠠᠯᠴᠢᠳ  ᠤᠨ ᠬᠦᠮᠦᠨ ᠪᠦᠷᠢ ᠶᠢᠨ ᠲᠣᠮᠳᠠᠴᠢ  ᠴᠡᠪᠡᠷ ᠣᠷᠣᠯᠭ᠎ᠠ  ᠶᠢ ᠨᠡᠮᠡᠭᠳᠠᠬᠦᠯᠵᠣ᠂ ᠪᠣᠳᠠᠰ  ᠤᠨ ᠪᠣᠯᠪᠠᠰᠣᠨ᠂ ᠣᠯᠣᠰ ᠲᠦᠷᠦ  ᠶᠢᠨ ᠪᠣᠯᠪᠠᠰᠣᠨ᠂ ᠣᠶᠣᠨ  ᠤ ᠪᠣᠯᠪᠠᠰᠣᠨ ᠤ ᠪᠠᠶᠢᠭᠤᠯᠣᠯᠳᠠ  ᠶᠢ ᠠᠬᠢᠭᠤᠯᠵᠣ᠂ ᠠᠵᠣ ᠠᠬᠤᠢ ᠨᠡᠶᠢᠬᠡᠮ ᠪᠦᠬᠦ ᠲᠠᠯ᠎ᠠ ᠪᠠᠷ ᠵᠣᠬᠢᠴᠠᠩᠭᠤᠢ ᠬᠦᠭᠵᠢᠬᠦ  ᠶᠢ ᠪᠡᠶᠡᠯᠡᠬᠦᠯᠬᠦ ᠪᠠᠷ ᠴᠢᠷᠮᠠᠶᠢᠨ᠎ᠠ᠃   2005 ᠣᠨ  ᠤ ᠭᠤᠣᠯ ᠲᠦᠰᠦᠪᠯᠡᠭᠰᠡᠨ ᠬᠠᠷᠠᠯᠳᠠ ᠪᠣᠯ᠄ ᠭᠠᠵᠠᠷ ᠣᠷᠣᠨ  ᠤ ᠦᠢᠯᠡᠳᠪᠣᠷᠢᠯᠠᠯ  ᠤᠨ ᠶᠠᠷᠣᠩᠬᠡᠢ ᠦᠷᠳᠡᠭ 79500 ᠲᠦᠮᠡᠨ ᠲᠦᠬᠦᠷᠢᠭ᠂ 35% ᠪᠠᠷ ᠨᠡᠮᠡᠭᠳᠡᠬᠦᠯᠣᠨ᠎ᠠ︔ ᠡᠬᠦᠨ  ᠳᠤ᠂ ᠨᠢᠬᠡᠳᠣᠬᠡᠷ ᠠᠵᠣ ᠦᠢᠯᠡᠰ  ᠤᠨ ᠨᠡᠮᠡᠭᠳᠠᠯ ᠦᠷᠳᠡᠭ 26500 ᠲᠦᠮᠡᠨ ᠲᠦᠬᠦᠷᠢᠭ᠂ 9.2% ᠪᠠᠷ ᠨᠡᠮᠡᠭᠳᠡᠬᠦᠯᠦᠨ᠎ᠠ︔ ᠬᠤᠶᠠᠳᠣᠭᠠᠷ ᠠᠵᠣ ᠦᠢᠯᠡᠰ  ᠤᠨ ᠨᠡᠮᠡᠭᠳᠠᠯ ᠦᠷᠳᠡᠭ 27000 ᠲᠦᠮᠡᠨ ᠲᠦᠬᠦᠷᠢᠭ᠂ 56.4% ᠪᠠᠷ ᠨᠡᠮᠡᠭᠳᠡᠬᠦᠯᠦᠨ᠎ᠠ᠃ ᠡᠬᠦᠨ  ᠤ ᠲᠣᠳᠣᠷ᠎ᠠ ᠠᠵᠣ ᠦᠢᠯᠡᠳᠪᠣᠷᠢ  ᠶᠢᠨ ᠠᠵᠣ ᠠᠬᠤᠢ ᠶᠢᠨ ᠨᠡᠮᠡᠭᠳᠠᠯ ᠦᠷᠳᠡᠭ 15000 ᠲᠦᠮᠡᠨ ᠲᠦᠬᠦᠷᠢᠭ᠂ 76% ᠪᠠᠷ ᠨᠡᠮᠡᠭᠳᠡᠬᠦᠯᠵᠣ᠂ ᠪᠠᠷᠢᠯᠭ᠎ᠠ  ᠶᠢᠨ ᠦᠢᠯᠡᠰ  ᠤᠨ ᠨᠡᠮᠡᠭᠳᠠᠯ ᠦᠷᠳᠡᠭ 12000 ᠲᠦᠮᠡᠨ ᠲᠦᠬᠦᠷᠢᠭ᠂ 37.3% ᠪᠠᠷ ᠨᠡᠮᠡᠭᠳᠡᠬᠦᠯᠦᠨ᠎ᠠ︔ ᠭᠤᠷᠪᠠᠳᠣᠭᠠᠷ ᠠᠵᠣ ᠦᠢᠯᠡᠰ ᠤᠨ ᠨᠡᠮᠡᠭᠳᠠᠯ ᠦᠷᠳᠡᠭ 26000  ᠲᠦᠮᠡᠨ ᠲᠦᠬᠦᠷᠢᠭ᠂ 49.6% ᠪᠠᠷ ᠨᠡᠮᠡᠭᠳᠡᠬᠦᠯᠦᠨ᠎ᠠ᠃ ᠪᠦᠬᠦ ᠨᠡᠶᠢᠬᠡᠮ  ᠤᠨ ᠲᠣᠭᠳᠠᠮᠠᠯ ᠬᠦᠷᠦᠩᠬᠡ  ᠶᠢᠨ ᠪᠡᠯᠨ ᠣᠷᠣᠭᠤᠯᠣᠯᠳᠠ 65000  ᠲᠦᠮᠡᠨ ᠲᠦᠬᠦᠷᠢᠭ᠂ 54.8% ᠪᠠᠷ ᠨᠡᠮᠡᠭᠳᠡᠬᠦᠯᠦᠨ᠎ᠠ᠃ ᠡᠳ᠋  ᠤᠨ ᠵᠠᠰᠠᠭ  ᠤᠨ ᠶᠠᠷᠣᠩᠬᠡᠢ ᠣᠷᠣᠯᠭ᠎ᠠ 4000  ᠲᠦᠮᠡᠨ ᠲᠦᠬᠦᠷᠢᠭ᠂ 70.9%   ᠪᠠᠷ ᠨᠡᠮᠡᠭᠳᠡᠬᠦᠯᠦᠨ᠎ᠠ᠃ ᠬᠤᠳᠠ ᠪᠠᠯᠭᠠᠰᠣᠨ  ᠤ ᠰᠠᠭᠤᠭᠠᠯᠢ ᠠᠷᠠᠳ ᠤᠨ ᠬᠦᠮᠦᠨ ᠪᠦᠷᠢ   ᠶᠢᠨ ᠲᠣᠮᠳᠠᠴᠢ ᠬᠤᠪᠢᠶᠠᠷᠢᠯᠠᠯᠳᠠ  ᠶᠢᠨ ᠣᠷᠣᠯᠭ᠎ᠠ 6020  ᠲᠦᠬᠦᠷᠢᠭ᠂ 13.1%   ᠪᠠᠷ ᠨᠡᠮᠡᠭᠳᠡᠬᠦᠯᠵᠣ᠂ ᠮᠠᠯᠴᠢᠳ  ᠤᠨ ᠬᠦᠮᠦᠨ ᠪᠦᠷᠢ   ᠶᠢᠨ ᠲᠣᠮᠳᠠᠴᠢ ᠴᠡᠪᠡᠷ ᠣᠷᠣᠯᠭ᠎ᠠ 3420  ᠲᠦᠬᠦᠷᠢᠭ᠂ 10.6% ᠪᠠᠷ ᠨᠡᠮᠡᠭᠳᠡᠬᠦᠯᠦᠨ᠎ᠠ᠃ ᠬᠤᠳᠠ ᠪᠠᠯᠭᠠᠰᠣᠨ  ᠤ ᠲᠡᠩᠰᠡᠯᠡᠭ᠌ᠰᠡᠨ ᠠᠵᠢᠯ ᠠᠯᠳᠠᠬᠤ ᠨᠣᠷᠮ᠎ᠠ  ᠶᠢ 4.9%   ᠶᠢᠨ ᠲᠣᠳᠣᠷ᠎ᠠ ᠬᠢᠵᠠᠭᠠᠷᠯᠠᠨ᠂ ᠰᠠᠭᠤᠭᠠᠯᠢ ᠠᠷᠠᠳ  ᠤᠨ ᠬᠡᠷᠡᠭᠯᠡᠬᠡᠨ  ᠤ ᠦᠨ᠎ᠠ  ᠶᠢᠨ ᠦᠰᠦᠯᠳᠠ  ᠶᠢ 5%  ᠶᠢᠨ ᠲᠣᠳᠣᠷ᠎ᠠ ᠬᠢᠵᠠᠭᠠᠷᠯᠠᠵᠣ᠂ ᠬᠦᠮᠦᠨ ᠠᠮᠨ  ᠶᠢᠨ ᠠᠶᠠᠨᠳᠠᠭᠠᠨ ᠦᠰᠬᠦ ᠨᠣᠷᠮ᠎ᠠ  ᠶᠢ 5.88‰  ᠶᠢᠨ ᠲᠣᠳᠣᠷ᠎ᠠ ᠬᠢᠵᠠᠭᠠᠷᠯᠠᠨ᠎ᠠ᠃ ᠲᠡᠬᠡᠷᠡᠬᠢ ᠬᠠᠷᠠᠯᠳᠠ  ᠶᠢ ᠪᠠᠶᠠᠯᠡᠬᠦᠯᠬᠦ  ᠶᠢᠨ ᠬᠤᠪᠢ ᠳᠤ ᠲᠣᠣᠷᠠᠬᠢ ᠮᠠᠳᠣ ᠬᠡᠳᠣᠨ ᠲᠠᠯ᠎ᠠ ᠶᠢᠨ ᠠᠵᠢᠯ  ᠢ ᠭᠤᠣᠯᠳᠠᠯᠭ᠎ᠠ ᠲᠠᠢ ᠰᠠᠶᠢᠳᠣᠷ  ᠠᠳᠬᠤᠨ᠎ᠠ᠃ ︵ᠨᠢᠬᠡ︶ ︽ᠨᠢᠬᠡ ᠬᠤᠪᠢᠷᠠᠭᠤᠯᠣᠯᠳᠠ ᠬᠤᠣᠰ ᠠᠮᠵᠢᠯᠳᠠ︾  ᠶᠢᠨ ᠬᠠᠷᠠᠯᠳᠠ  ᠶᠢᠨ ᠬᠤᠪᠢ  ᠳᠤ ᠮᠠᠯᠵᠢᠬᠤ ᠣᠷᠣᠨ  ᠤ ᠡᠯ᠎ᠠ ᠲᠦᠷᠦᠯ  ᠤᠨ ᠠᠵᠢᠯ  ᠢ ᠶᠡᠭᠡ ᠬᠦᠴᠦᠨ  ᠢᠶᠠᠷ ᠠᠳᠬᠤᠨ᠎ᠠ᠃ᠪᠢᠳᠡᠬᠦᠮᠵᠢᠯᠡᠨ ᠰᠢᠯᠵᠢᠬᠦᠯᠬᠦ ᠪᠠᠶᠢᠯᠳᠣᠬᠤ ᠪᠣᠳᠣᠯᠭ᠎ᠠ  ᠶᠢ ᠦᠷᠬᠦᠯᠵᠢᠯᠠᠨ ᠭᠤᠶᠢᠪᠢᠰᠢ ᠦᠬᠡᠢ ᠬᠡᠷᠡᠭᠵᠢᠬᠦᠯᠵᠣ᠂ ᠮᠠᠯ ᠠᠵᠣ ᠠᠬᠤᠢ  ᠶᠢᠨ ᠪᠦᠳᠦᠴᠨ  ᠶᠢᠨ ᠲᠣᠬᠢᠷᠠᠭᠤᠯᠣᠯᠳᠠ ᠪᠠ ᠠᠵᠣ ᠦᠢᠯᠡᠰᠵᠢᠯᠳᠠ ᠶᠢᠨ ᠠᠬᠢᠴᠨ ᠶᠢ ᠲᠦᠷᠬᠡᠳᠬᠡᠨ᠂ ᠦᠢᠯᠡᠳᠪᠣᠷᠢᠯᠠᠯ ᠡᠵᠡᠩᠨᠡᠯᠳᠠ  ᠶᠢᠨ ᠠᠷᠭ᠎ᠠ ᠮᠠᠶ᠋ᠢᠭ  ᠢᠶᠠᠨ ᠬᠤᠪᠢᠷᠠᠭᠤᠯᠬᠤ ᠪᠠᠷ ᠲᠠᠮᠵᠢᠨ᠂ ᠠᠮᠢ ᠠᠬᠤᠢ  ᠶᠢ ᠰᠡᠷᠬᠦᠬᠡᠵᠣ᠂ ᠮᠠᠯᠴᠢᠳ  ᠤᠨ ᠣᠷᠣᠯᠭ᠎ᠠ  ᠶᠢ ᠨᠡᠮᠡᠭᠳᠡᠬᠦᠯᠬᠦ ᠬᠤᠣᠰ ᠠᠮᠵᠢᠯᠳᠠ ᠶᠢᠨ ᠬᠠᠷᠠᠯᠳᠠ ᠶᠢ ᠪᠠᠶᠡᠯᠡᠬᠦᠯᠦᠨ᠎ᠠ᠃ ᠠᠮᠢ ᠠᠬᠤᠢ  ᠶᠢᠨ ᠲᠦᠷᠦᠯ ᠵᠦᠢᠯ  ᠤᠨ ᠪᠦᠳᠦᠬᠡᠨ ᠪᠠᠶᠢᠭᠤᠯᠣᠯᠳᠠ  ᠶᠢᠨ ᠪᠠᠶᠢᠷᠢᠯᠠᠭᠤᠯᠣᠯᠳᠠ ᠶᠢ ᠣᠯᠠᠮ ᠨᠢᠬᠡ ᠠᠯᠬᠤᠮ ᠰᠢᠯᠢᠳᠡᠭᠵᠢᠬᠦᠯᠦᠨ᠎ᠠ᠃ ᠡᠨ᠋ᠨ ᠵᠢᠯ ᠪᠣᠯ ᠪᠢᠳᠡᠬᠦᠮᠵᠢᠯᠡᠨ ᠰᠢᠯᠵᠢᠬᠦᠯᠬᠦ ᠪᠠᠶᠢᠯᠳᠣᠬᠤ ᠪᠣᠳᠣᠯᠭ᠎ᠠ ᠶᠢᠨ ᠬᠤᠶᠠᠳᠣᠭᠠᠷ ᠠᠯᠬᠤᠮ  ᠤᠨ ᠬᠠᠷᠠᠯᠳᠠ  ᠶᠢ ᠪᠠᠶᠠᠯᠡᠬᠦᠯᠬᠦ ᠡᠬᠢᠯᠡᠯᠳᠠ  ᠶᠢᠨ ᠵᠢᠯ ᠮᠦᠨ᠂ ᠪᠢᠳᠠ ᠡᠮᠣᠨ᠎ᠠ ᠭᠤᠷᠪᠠᠨ ᠵᠢᠯ  ᠤᠨ ᠲᠣᠷᠰᠢᠯᠭ᠎ᠠ ᠪᠠᠨ ᠬᠢᠨᠠᠮᠠᠭᠠᠢ ᠳ᠋ᠦᠩᠨᠡᠭᠰᠡᠨ ᠰᠠᠭᠤᠷᠢᠨ ᠲᠡᠬᠡᠷ᠎ᠠ᠂   ︽ᠭᠤᠣᠯᠳᠠᠯᠭ᠎ᠠ ᠪᠠᠨ ᠲᠣᠪᠣᠶᠢᠯᠭᠠᠨ᠂ ᠲᠦᠪᠯᠡᠷᠡᠬᠦᠯᠦᠨ ᠵᠠᠯᠭᠠᠯᠳᠣᠭᠤᠯᠵᠣ᠂ ᠶᠠᠷᠣᠩᠬᠡᠶᠢᠯᠡᠨ ᠵᠠᠰᠠᠵᠣ᠂ ᠬᠡᠪᠴᠢᠶᠠᠵᠢᠬᠦᠯᠦᠨ ᠴᠢᠨᠠᠷᠵᠢᠭᠤᠯᠵᠣ᠂ ᠠᠨᠠᠢ ᠪᠦᠬᠡᠳ ᠲᠠᠪᠳᠠᠭᠰᠠᠨ ᠪᠦᠳᠦᠬᠡᠨ ᠪᠠᠶᠢᠭᠤᠯᠣᠯᠳᠠ ᠬᠢᠬᠦ ᠠᠴᠠ ᠵᠠᠶᠢᠯᠠᠰᠬᠢᠬᠦ︾ ᠵᠠᠷᠴᠢᠮ  ᠢ ᠪᠠᠷᠢᠮᠳᠠᠯᠠᠨ᠂ ᠲᠦᠷᠦᠯ ᠵᠦᠢᠯ  ᠤᠨ ᠪᠦᠳᠦᠬᠡᠨ ᠪᠠᠶᠢᠭᠤᠯᠣᠯᠳᠠ  ᠶᠢᠨ ᠪᠠᠶᠢᠷᠢᠯᠠᠭᠤᠯᠣᠯᠳᠠ  ᠶᠢ ᠦᠨᠡᠨᠬᠦ ᠰᠢᠯᠢᠳᠡᠭᠵᠢᠬᠦᠯᠵᠣ᠂ ᠡᠯ᠎ᠠ ᠵᠦᠢᠯ  ᠤᠨ ᠲᠦᠷᠦᠯ ᠵᠦᠢᠯ  ᠢ ᠠᠮᠢ ᠠᠬᠤᠢ ᠶᠢᠨ ᠦᠷ᠎ᠠ ᠠᠰᠢᠭ ᠲᠠᠢ ᠪᠦᠬᠡᠳ ᠠᠵᠣ ᠠᠬᠤᠢ  ᠶᠢᠨ ᠦᠷ᠎ᠠ ᠠᠰᠢᠭ ᠪᠠ ᠨᠡᠶᠢᠬᠡᠮ  ᠤᠨ ᠦᠷ᠎ᠠ ᠠᠰᠢᠭ ᠲᠠᠢ ᠭᠠᠵᠠᠷ ᠲᠦᠪᠯᠡᠷᠡᠬᠦᠯᠦᠨ᠎ᠠ᠃ ᠨᠢᠬᠡ  ᠳᠤ᠂ ︽ᠭᠤᠷᠪᠠᠨ ᠣᠷᠣᠨ ᠭᠤᠷᠪᠠᠨ ᠪᠦᠰᠨ ᠨᠢᠬᠡ ᠰᠠᠭᠤᠷᠢ ᠴᠢᠭ᠋︾  ᠤᠨ ᠢᠨᠵᠧᠨᠧᠷᠢᠩ  ᠢ ᠬᠡᠷᠡᠭᠵᠢᠬᠦᠯᠦᠨ᠎ᠠ᠃ ᠲᠠᠷᠣᠢ ᠬᠤᠶᠢᠳᠣ ᠬᠢᠯᠢ ᠲᠠᠭᠠᠣ  ᠶᠢᠨ  100 ᠲᠦᠮᠡᠨ ᠮᠣ᠋᠂ ᠬᠦᠢᠳᠠᠨᠰᠢᠯᠢ  ᠶᠢᠨ 20  ᠲᠦᠮᠡᠨ ᠮᠣ᠋ ᠪᠠ ᠬᠤᠰᠢᠭᠤᠨ  ᠤ ᠲᠣᠮᠳᠠ ᠬᠤᠶᠢᠳᠣ ᠬᠡᠰᠡᠭ  ᠤᠨ 380 ᠲᠦᠮᠡᠨ ᠮᠣ᠋ ᠭᠠᠵᠠᠷ ︵ᠪᠠᠶᠠᠨᠴᠠᠭᠠᠨ ᠪᠠᠯᠭᠠᠰᠣ᠂ ᠪᠣᠭᠳ᠋ᠬᠠᠭᠤᠯᠨ ᠰᠣᠮᠣ᠂ ᠨᠠᠷᠠᠨᠪᠣᠯᠠᠭ ᠪᠠ ᠴᠡᠩᠬᠡᠯᠪᠣᠯᠠᠭ ᠰᠣᠮᠣᠨ  ᠤ ᠡᠮᠣᠨ᠎ᠠ ᠬᠡᠰᠡᠭ  ᠤᠨ ᠭᠠᠴᠠᠭ᠎ᠠ᠂ ᠲᠡᠯᠬᠡᠷ  ᠬᠦᠨᠳᠣ ᠬᠢᠮᠢ  ᠶᠢᠨ ᠠᠵᠣ ᠦᠢᠯᠡᠳᠪᠣᠷᠢ  ᠶᠢᠨ ᠰᠠᠭᠤᠷᠢᠨ ᠭᠠᠵᠠᠷ ᠪᠠ ᠴᠠᠭᠠᠨᠨᠠᠭᠤᠷ ᠨᠠᠬᠦᠷᠡᠰᠣ ᠴᠠᠬᠢᠯᠭᠠᠨ  ᠤ ᠲᠦᠷᠦᠯ ᠵᠦᠢᠯ  ᠤᠨ ᠲᠣᠭᠤᠷᠢᠭ ᠪᠠᠭᠳᠠᠨ᠎ᠠ︶   ᠲᠤ  ᠨᠠᠶᠢᠳᠠ 500  ᠲᠦᠮᠡᠨ ᠮᠣ᠋  ᠶᠢᠨ ᠲᠠᠯᠠᠪᠠᠢ ᠲᠠᠢ ︽ᠭᠤᠷᠪᠠᠨ ᠪᠢᠳᠡᠬᠦᠮᠵᠢᠯᠡᠬᠦ ᠣᠷᠣᠨ︾ ᠪᠠᠶᠢᠭᠤᠯᠣᠨ᠂ 101 ᠮᠣᠵᠢ  ᠶᠢᠨ ᠵᠠᠮ ᠪᠠ  207 ᠣᠯᠣᠰ  ᠤᠨ ᠵᠠᠮ  ᠤᠨ ᠬᠤᠶᠠᠷ ᠲᠠᠯ᠎ᠠ ᠪᠠᠷ ᠲᠣᠰ ᠲᠣᠰ 1000  ᠮᠧᠲᠷ᠂ 500  ᠮᠧᠲᠷ ᠬᠢᠬᠡᠳ ᠬᠤᠯᠠᠨ ᠰᠢᠷᠭ᠎ᠠ ᠲᠠᠭ᠎ᠠ  ᠶᠢᠨ ᠡᠯᠡᠰᠣᠨ ᠤ ᠬᠤᠶᠢᠳᠣ ᠵᠠᠬ᠎ᠠ ᠪᠠᠷ ᠬᠢ  2 ᠺᠢᠯᠣᠮᠧᠲᠷ  ᠶᠢᠨ ᠬᠡᠪᠴᠢᠶᠠᠨ  ᠳᠤ ᠨᠠᠶᠢᠳᠠ ᠲᠠᠯᠠᠪᠠᠢ ᠨᠢ 75  ᠲᠦᠮᠡᠨ ᠮᠣ᠋  ᠶᠢᠨ  ︽ᠭᠤᠷᠪᠠᠨ ᠪᠠᠯᠴᠢᠬᠡᠷᠯᠡᠬᠦᠯᠬᠦ  ᠶᠢ ᠵᠣᠭᠰᠣᠭᠠᠬᠤ ᠪᠦᠰᠨ︾ ᠪᠠᠶᠢᠭᠤᠯᠵᠣ᠂ ᠪᠠᠶᠠᠨᠴᠠᠭᠠᠨ ᠪᠠᠯᠭᠠᠰᠣᠨ ᠤ ᠡᠷᠬᠢᠨ ᠲᠣᠭᠤᠷᠢᠨ  ᠳᠤ ᠰᠠᠭᠤᠷᠢ ᠴᠢᠭ᠋  ᠤᠨ ᠪᠦᠳᠦᠬᠡᠨ ᠪᠠᠶᠢᠭᠤᠯᠣᠯᠳᠠ  ᠢ ᠰᠠᠶᠢᠳᠣᠷ ᠠᠳᠬᠤᠨ᠎ᠠ᠃ ᠰᠠᠭᠤᠷᠢ ᠴᠢᠭ᠋  ᠤᠨ ᠪᠠᠷᠢᠯᠭ᠎ᠠ  ᠶᠢ ᠡᠷᠬᠡᠪᠰᠢ ︽ᠦᠨᠳᠣᠷ ᠵᠣᠭᠰᠣᠴᠨ ᠠᠴᠠ ᠲᠦᠯᠦᠪᠵᠢᠬᠦᠯᠵᠣ᠂ ᠦᠨᠳᠣᠷ ᠪᠠᠷᠢᠮᠵᠢᠶ᠎ᠠ ᠪᠠᠷ ᠲᠦᠯᠦᠪᠯᠡᠨ᠂ ᠴᠢᠨᠠᠷᠵᠢᠭᠤᠨ ᠰᠠᠶᠢᠨ ᠬᠢᠬᠦ︾ ᠱᠠᠭᠠᠷᠳᠠᠯᠭ᠎ᠠ ᠶᠣᠰᠣᠭᠠᠷ ᠰᠣᠳᠣᠨ ᠪᠠᠷᠢᠯᠭ᠎ᠠ ᠪᠣᠯᠭᠠᠬᠤ ᠪᠠᠷ ᠴᠢᠷᠮᠠᠶᠢᠵᠣ᠂ 1 ᠲᠦᠮᠡᠨ ᠮᠣ᠋ ᠬᠠᠷᠭᠠᠨ᠎ᠠ ᠲᠠᠷᠢᠬᠤ ᠪᠠᠷ ᠲᠦᠯᠦᠪᠯᠡᠪᠡ᠃ ᠬᠤᠶᠠᠷ  ᠲᠤ᠂ ᠲᠦᠷᠦᠯ ᠵᠦᠢᠯ  ᠢ ᠨᠢᠬᠡᠳᠬᠡᠬᠦ ᠡᠷᠴᠢᠮ  ᠢᠶᠠᠨ ᠴᠢᠩᠭᠠᠯᠠᠨ᠎ᠠ᠃ ᠡᠯᠡᠰᠣᠨ  ᠤ ᠡᠬᠢ  ᠶᠢ ᠵᠠᠰᠠᠬᠤ᠂ ᠲᠠᠷᠢᠶᠠᠯᠠᠩ  ᠤᠨ ᠶᠠᠷᠣᠩᠬᠡᠶᠢᠯᠡᠭᠰᠡᠨ ᠨᠡᠬᠡᠬᠡᠯᠳᠠ᠂ ᠶᠠᠳᠠᠭᠤ  ᠶᠢ ᠲᠠᠳᠬᠦᠬᠦ ᠵᠡᠷᠬᠡ ᠲᠦᠷᠦᠯ ᠵᠦᠢᠯ ᠤᠨ ᠪᠡᠯᠨ ᠮᠦᠩᠬᠦ  ᠶᠢ ᠨᠢᠬᠡᠳᠣᠯᠳᠠᠢ ᠲᠦᠯᠦᠪᠵᠢᠬᠦᠯᠵᠣ ᠲᠣᠬᠢᠷᠠᠭᠤᠯᠣᠨ᠂ ᠲᠣᠮᠳᠠ ᠬᠤᠶᠢᠳᠣ ᠬᠡᠰᠡᠭ  ᠤᠨ ᠠᠮᠢ ᠠᠬᠤᠢ ᠲᠠᠰᠣᠷᠠᠯ ᠦᠬᠡᠢ ᠮᠠᠭᠤᠳᠠᠵᠣ ᠪᠠᠶᠢᠬᠤ ᠪᠣᠳᠠᠳᠣ ᠪᠠᠶᠢᠳᠠᠯ  ᠳᠤ ᠴᠢᠭᠯᠡᠬᠦᠯᠦᠨ᠂ ᠡᠮᠣᠨ᠎ᠠ ᠬᠡᠰᠡᠭ ᠤᠨ ᠠᠮᠢ ᠠᠬᠤᠢ  ᠶᠢᠨ ᠣᠷᠴᠢᠨ ᠲᠣᠭᠤᠷᠢᠨ  ᠤ ᠪᠦᠳᠦᠬᠡᠨ ᠪᠠᠶᠢᠭᠤᠯᠣᠯᠳᠠ  ᠶᠢᠨ ᠦᠷ᠎ᠠ ᠪᠦᠳᠦᠮᠵᠢ  ᠶᠢ ᠦᠷᠬᠦᠯᠵᠢᠯᠠᠨ ᠪᠠᠳᠣᠳᠬᠠᠭᠰᠠᠨ ᠰᠠᠭᠤᠷᠢᠨ ᠲᠡᠬᠡᠷ᠎ᠠ᠂ ᠡᠨ᠋ᠨ ᠵᠢᠯ  ᠤᠨ ᠠᠮᠢ ᠠᠬᠤᠢ  ᠶᠢᠨ ᠪᠦᠳᠦᠬᠡᠨ ᠪᠠᠶᠢᠭᠤᠯᠣᠯᠳᠠ ᠶᠢᠨ ᠲᠦᠷᠦᠯ ᠵᠦᠢᠯ ᠤᠨ ᠭᠤᠣᠯᠳᠠᠯᠭ᠎ᠠ  ᠶᠢ ᠲᠣᠮᠳᠠ ᠬᠤᠶᠢᠳᠣ ᠬᠡᠰᠡᠭ  ᠲᠤ ᠰᠢᠯᠵᠢᠬᠦᠯᠦᠨ ︽ᠭᠤᠷᠪᠠᠨ ᠣᠷᠣᠨ ᠭᠤᠷᠪᠠᠨ ᠪᠦᠰᠨ︾  ᠳᠤ ᠲᠦᠪᠯᠡᠷᠡᠬᠦᠯᠵᠣ᠂ ᠦᠢᠯᠡᠳᠪᠣᠷᠢᠯᠡᠯ ᠡᠵᠡᠩᠨᠡᠯᠳᠠ  ᠶᠢᠨ ᠠᠷᠭ᠎ᠠ ᠮᠠᠶ᠋ᠢᠭ ᠢᠶᠠᠨ ᠬᠤᠪᠢᠷᠠᠭᠤᠯᠬᠤ ᠢᠳᠡᠪᠬᠢᠵᠢᠯ  ᠢᠶᠠᠷ ᠦᠨᠳᠣᠷ ᠪᠠᠶᠢᠭ᠎ᠠ ᠮᠠᠯᠵᠢᠬᠤ ᠡᠷᠣᠬᠡ  ᠶᠢ ᠢᠯᠡᠬᠦᠦ ᠪᠣᠳᠣᠯᠬᠢᠯᠠᠨ᠎ᠠ᠃ ᠭᠤᠷᠪᠠ  ᠳᠤ᠂ ᠦᠷᠢᠰᠣᠯᠳᠣᠬᠡᠨ  ᠤ ᠲᠣᠭᠳᠠᠴᠨ ᠶᠢ ᠬᠡᠷᠡᠭᠯᠡᠨ᠎ᠠ᠃ ᠰᠣᠮᠣ ᠭᠠᠴᠠᠭ᠎ᠠ ᠪᠠ ᠮᠠᠯᠴᠢᠳ ᠲᠦᠷᠦᠯ ᠵᠦᠢᠯ ᠤᠨ ᠲᠣᠬᠢᠷᠠᠭᠤᠯᠣᠯᠳᠠ  ᠳᠤ ᠣᠷᠣᠯᠴᠠᠬᠤ ᠡᠷᠴᠢᠮ  ᠢ ᠣᠯᠠᠮ ᠴᠢᠩᠭᠠᠯᠠᠵᠣ᠂ ᠲᠦᠷᠦᠯ ᠵᠦᠢᠯ  ᠢ ᠡᠩ ᠲᠠᠷᠢᠬᠦᠨ  ᠳᠤ ᠰᠣᠮᠣᠨ  ᠤ ᠬᠡᠪᠴᠢᠶᠠᠨ  ᠳᠤ ᠨᠠᠶᠢᠳᠠᠯᠠᠵᠣ᠂ ᠲᠠᠷᠠᠭ᠎ᠠ ᠨᠢ ᠮᠠᠯᠴᠢᠳ  ᠤᠨ ᠭᠤᠶᠣᠴᠢᠯᠠᠯ  ᠢᠶᠠᠷ ᠭᠠᠴᠠᠭ᠎ᠠ᠂ ᠰᠣᠮᠣ ᠱᠠᠳᠣ ᠲᠠᠷᠠᠭᠠᠯᠠᠨ ᠲᠡᠬᠡᠭᠰᠢ ᠮᠡᠳᠡᠬᠦᠯᠵᠣ ᠵᠦᠪᠰᠢᠶᠠᠷᠡᠬᠦᠯᠦᠨ᠂ ᠦᠩᠬᠡᠷᠡᠭᠰᠡᠨ  ᠤ ᠮᠠᠯᠴᠢᠳ  ᠲᠤ ᠲᠦᠷᠦᠯ ᠵᠦᠢᠯ ᠲᠣᠬᠢᠷᠠᠭᠤᠯᠵᠣ ᠪᠠᠶᠢᠭᠰᠠᠨ ᠠᠴᠠ ᠮᠠᠯᠴᠢᠳ ᠰᠠᠶᠢᠨ ᠲᠣᠷ᠎ᠠ ᠠᠴᠠ ᠪᠠᠨ ᠭᠤᠶᠣᠴᠢᠯᠠᠬᠤ ᠪᠣᠯᠭᠠᠨ ᠦᠬᠡᠷᠡᠴᠢᠯᠠᠨ᠎ᠠ᠃ ᠡᠬᠦᠨ  ᠠᠴᠠ ᠭᠠᠳᠠᠨ᠎ᠠ᠂ ᠰᠠᠶᠢᠨ ᠲᠣᠷ᠎ᠠ  ᠠᠴᠠ ᠪᠠᠨ ᠪᠡᠯᠨ ᠭᠠᠷᠭᠠᠵᠣ᠂ ᠦᠢᠯᠡᠳᠪᠣᠷᠢᠯᠡᠯ ᠡᠵᠡᠩᠨᠡᠯᠳᠠ  ᠶᠢᠨ ᠠᠷᠭ᠎ᠠ ᠮᠠᠶ᠋ᠢᠭ  ᠢᠶᠠᠨ ᠦᠬᠡᠷᠡᠴᠢᠯᠠᠵᠣ ᠪᠠᠶᠢᠭ᠎ᠠ ᠮᠠᠯᠵᠢᠬᠤ ᠡᠷᠣᠬᠡ  ᠳᠤ ᠬᠠᠷᠠᠭᠠᠯᠵᠠᠭᠰᠠᠨ ᠲᠦᠷᠦᠯ ᠵᠦᠢᠯ  ᠤᠨ ᠪᠡᠯᠨ ᠮᠦᠩᠬᠦ ᠪᠠᠷ ᠨᠦᠬᠦᠪᠣᠷᠢ ᠦᠭᠴᠣ᠂ ᠨᠡᠩ ᠣᠯᠠᠨ ᠮᠠᠯᠴᠢᠳ  ᠢ ᠣᠷᠮᠠᠰᠢᠭᠤᠯᠣᠨ ᠪᠡᠯᠨ ᠮᠦᠩᠬᠦ᠂  ᠬᠦᠳᠡᠯᠮᠣᠷᠢ ᠬᠦᠴᠦ ᠣᠷᠣᠭᠤᠯᠵᠣ᠂ ᠮᠠᠯᠴᠢᠳ  ᠤᠨ ᠢᠳᠡᠪᠬᠢᠵᠢᠯ  ᠢ ᠬᠦᠢᠴᠡᠳ ᠲᠠᠶᠢᠴᠢᠯᠠᠨ᠂ ᠠᠭᠠᠵᠢᠮ  ᠢᠶᠠᠷ ᠬᠤᠰᠢᠭᠤ᠂ ᠰᠣᠮᠣ᠂ ᠭᠠᠴᠠᠭ᠎ᠠ ᠪᠠ ᠮᠠᠯᠵᠢᠬᠤ ᠡᠷᠣᠬᠡ ᠲᠦᠷᠪᠠᠨ ᠱᠠᠳᠣ ᠬᠠᠮᠳᠣ ᠪᠠᠷ ᠬᠦᠳᠡᠯᠣᠯᠴᠠᠨ ᠬᠠᠮᠳᠣ ᠪᠠᠷ ᠣᠷᠣᠯᠴᠠᠬᠤ ᠵᠣᠬᠢᠴᠠᠮᠵᠢ  ᠶᠢ ᠪᠦᠷᠢᠯᠳᠣᠬᠦᠯᠵᠣ᠂ ᠠᠮᠢ ᠠᠬᠤᠢ  ᠶᠢᠨ ᠣᠷᠴᠢᠨ ᠲᠣᠭᠤᠷᠢᠨ  ᠤ ᠦᠷᠬᠦᠯᠵᠢᠳᠠ ᠮᠡᠳᠡᠭᠳᠠᠮ᠎ᠠ ᠰᠠᠶᠢᠵᠢᠷᠠᠯᠳᠠ ᠲᠠᠢ ᠪᠣᠯᠬᠤ  ᠶᠢ ᠠᠬᠢᠭᠤᠯᠣᠨ᠎ᠠ᠃   ᠮᠠᠯ ᠪᠡᠯᠴᠢᠬᠡᠷ  ᠤᠨ ᠲᠠᠩᠴᠡᠬᠦᠷᠢ ᠪᠠ ᠲᠠᠯ᠎ᠠ ᠨᠣᠳᠤᠭ  ᠤᠨ ︽ᠪᠠᠯᠴᠢᠬᠡᠷ ᠰᠡᠷᠬᠦᠬᠡᠬᠦ᠂ ᠪᠠᠯᠴᠢᠬᠡᠷᠯᠡᠬᠦᠯᠬᠦ  ᠶᠢ ᠵᠣᠭᠰᠣᠭᠠᠬᠤ᠂ ᠰᠡᠯᠬᠦᠨ ᠮᠠᠯᠵᠢᠬᠤ︾ ᠬᠤᠶᠠᠷ ᠦᠨᠳᠣᠰᠣᠨ ᠲᠦᠷᠢᠮ  ᠤᠨ ᠲᠣᠣᠱᠯᠠᠭᠤᠯᠣᠯᠳᠠ  ᠶᠢ ᠰᠣᠯᠠᠷᠠᠰᠢ ᠦᠬᠡᠢ ᠠᠳᠬᠤᠨ᠎ᠠ᠃ ᠡᠪᠣᠯ  ᠤᠨ ᠣᠯᠠᠷᠢᠯ  ᠤᠨ ᠨᠠᠶᠢᠳᠠᠮ ᠪᠠᠶᠢᠴᠠᠭᠠᠯᠳᠠ  ᠶᠢᠨ ᠪᠠᠶᠢᠳᠠᠯ  ᠠᠴᠠ ᠦᠵᠡᠪᠡᠯ᠂ ᠪᠡᠯᠴᠢᠬᠡᠷ  ᠤᠨ ᠲᠠᠭᠠᠭᠠᠴᠨ  ᠠᠴᠠ ᠬᠡᠳᠣᠷᠡᠬᠦᠯᠵᠣ ᠮᠠᠯᠵᠢᠵᠣ ᠪᠠᠶᠢᠭ᠎ᠠ  ᠪᠠᠶᠢᠳᠠᠯ ᠮᠦᠨ ᠯᠨ ᠣᠷᠣᠰᠢᠭᠰᠠᠭᠠᠷ ᠪᠠᠶᠢᠨ᠎ᠠ᠃ ᠡᠨ᠋ᠨ ᠵᠢᠯ ᠪᠢᠳᠠ ᠬᠢᠨᠠᠨ ᠬᠠᠮᠢᠶᠠᠷᠣᠯᠳᠠ  ᠶᠢᠨ ᠡᠷᠴᠢᠮ  ᠢᠶᠠᠨ ᠣᠯᠠᠮ ᠨᠢᠬᠡ ᠠᠯᠬᠤᠮ ᠴᠢᠩᠭᠠᠷᠠᠭᠤᠯᠵᠣ᠂ ᠨᠠᠶᠢᠳᠠᠮ ᠪᠠᠶᠢᠴᠠᠭᠠᠯᠳᠠ  ᠶᠢᠨ ᠳ᠋ᠦᠩ  ᠢ ᠦᠨᠳᠣᠰᠣᠯᠡᠨ᠂ ᠨᠢᠬᠡᠨᠳᠠ ᠲᠣᠭᠳᠠᠭᠰᠠᠨ ︽ᠮᠠᠯ ᠪᠠᠯᠴᠢᠬᠡᠷ ᠤᠨ ᠲᠠᠩᠴᠡᠬᠦᠷᠢ  ᠶᠢᠨ ᠬᠠᠷᠢᠭᠤᠴᠠᠯᠭ᠎ᠠ  ᠶᠢᠨ ᠪᠢᠴᠢᠭ︾  ᠢ ᠪᠦᠬᠦ ᠲᠠᠯ᠎ᠠ ᠪᠠᠷ ᠬᠢᠨᠠᠨ ᠰᠢᠯᠭᠠᠵᠣ᠂ ᠲᠠᠭᠠᠭᠠᠴᠨ ᠠᠴᠠ ᠬᠡᠳᠣᠷᠡᠬᠦᠯᠦᠭᠰᠡᠨ ᠮᠠᠯᠵᠢᠬᠤ ᠡᠷᠣᠬᠡ ᠶᠢ ᠴᠢᠩᠭ᠎ᠠ ᠲᠣᠷᠭᠠᠵᠣ ᠰᠢᠢᠳᠪᠣᠷᠢᠯᠠᠨ᠂ ᠬᠤᠭᠤᠴᠠᠭ᠎ᠠ ᠬᠢᠵᠠᠭᠠᠷᠯᠠᠨ ᠮᠠᠯ  ᠢ  ᠨᠢ ᠭᠠᠷᠭᠠᠯᠭᠠᠬᠤ  ᠠᠴᠠ ᠭᠠᠳᠠᠨ᠎ᠠ ᠡᠯ᠎ᠠ ᠵᠦᠢᠯ  ᠤᠨ ᠲᠦᠷᠦᠯ ᠵᠦᠢᠯ  ᠤᠨ ᠨᠦᠬᠦᠪᠣᠷᠢ  ᠶᠢ ᠨᠢ ᠵᠣᠭᠰᠣᠭᠠᠨ᠎ᠠ᠃ ᠡᠬᠦᠨ  ᠤ ᠬᠠᠮᠳᠣ᠂ ᠪᠡᠯᠴᠢᠬᠡᠷ  ᠤᠨ ᠲᠠᠭᠠᠭᠠᠴᠨ  ᠶᠢ ᠲᠣᠭᠳᠠᠭᠠᠬᠤ ᠦᠶᠠᠰ ᠣᠷᠢᠳᠠᠪᠠᠷ ᠭᠠᠴᠠᠭ᠎ᠠ ᠪᠠᠷ ᠨᠢᠬᠡᠴᠢ ᠪᠣᠯᠭᠠᠨ ᠪᠠᠶᠢᠭᠠᠯᠢᠯᠢᠭ ᠪᠠᠯᠴᠢᠬᠡᠷ  ᠤᠨ ᠮᠠᠯ  ᠤᠨ ᠲᠠᠭᠠᠭᠠᠴᠨ  ᠶᠢ ᠬᠡᠮᠵᠢᠨ ᠲᠣᠭᠳᠠᠭᠠᠵᠣ᠂ ᠲᠠᠷᠠᠭ᠎ᠠ ᠨᠢ ᠮᠠᠯᠵᠢᠬᠤ ᠡᠷᠦᠬᠡ ᠪᠦᠷᠢ  ᠶᠢᠨ ᠡᠪᠡᠰᠣ ᠪᠣᠷᠳᠣᠭᠠᠨ ᠤ ᠪᠣᠳᠠᠳᠠᠢ ᠭᠠᠷᠣᠯᠳᠠ ︵ᠨᠦᠬᠡᠴᠨ︶  ᠶᠢᠨ ᠬᠡᠮᠵᠢᠶ᠎ᠠ  ᠶᠢ ᠦᠨᠳᠣᠰᠣᠯᠡᠨ ᠂ ᠡᠷᠣᠬᠡ ᠲᠠᠷᠠᠭᠠᠯᠠᠨ ᠲᠠᠭᠠᠭᠠᠴᠨ  ᠶᠢᠨ ᠬᠡᠮᠵᠢᠶ᠎ᠠ ᠲᠣᠭᠳᠠᠭᠠᠨ᠂ ᠬᠤᠰᠢᠭᠤ᠂ ᠰᠣᠮᠣ᠂ ᠭᠠᠴᠠᠭ᠎ᠠ  ᠶᠢᠨ ᠮᠠᠯ ᠪᠡᠯᠴᠢᠬᠡᠷ  ᠤᠨ ᠶᠠᠷᠣᠩᠬᠡᠢ ᠲᠠᠩᠴᠡᠬᠦᠷᠢ ᠶᠢ ᠪᠠᠳᠣᠯᠠᠬᠤ  ᠶᠢᠨ ᠬᠠᠮᠳᠣ ᠡᠷᠦᠬᠡ ᠪᠦᠷᠢ  ᠶᠢᠨ ᠮᠠᠯ ᠪᠠᠯᠴᠢᠬᠡᠷ  ᠤᠨ ᠲᠠᠩᠴᠡᠬᠦᠷᠢ  ᠶᠢ ᠪᠠᠶᠠᠯᠡᠬᠦᠯᠬᠦ ᠪᠠᠷ ᠴᠢᠷᠮᠠᠶᠢᠨ᠎ᠠ᠃ᠮᠠᠯᠵᠢᠯ  ᠤᠨ ᠪᠣᠰᠣ ᠬᠦᠮᠦᠰ  ᠤᠨ ᠮᠠᠯ  ᠢ ᠦᠷᠬᠦᠯᠵᠢᠯᠡᠨ ᠴᠡᠪᠡᠷᠯᠡᠵᠣ᠂ ᠭᠤᠣᠯᠳᠠᠭᠤ ᠨᠠᠮ ᠵᠠᠰᠠᠭ ᠤᠨ ᠺᠠᠳᠠᠷ ᠪᠠ  ᠮᠠᠯᠵᠢᠯ  ᠤᠨ ᠪᠣᠰᠣ ᠬᠦᠮᠦᠰ  ᠤᠨ ᠶᠠᠳᠠᠭᠤ ᠡᠷᠣᠬᠡ  ᠶᠢᠨ ᠨᠠᠷ᠎ᠠ  ᠳᠤ ᠰᠢᠯᠵᠢᠬᠦᠯᠦᠭᠰᠡᠨ‌ᠮᠠᠯ  ᠢ ᠴᠡᠪᠡᠷᠯᠡᠬᠦ ᠡᠷᠴᠢᠮ  ᠢᠶᠠᠨ ᠴᠢᠩᠭᠠᠯᠠᠨ᠎ᠠ᠃ ᠨᠣᠳᠤᠭ ᠪᠠᠯᠴᠢᠬᠡᠷ ᠬᠡᠷᠡᠭᠯᠡᠬᠦ ᠡᠷᠬᠡ  ᠶᠢ ᠰᠢᠯᠵᠢᠬᠦᠯᠬᠦ ᠠᠵᠢᠯᠯᠠᠭ᠎ᠠ ᠶᠢ ᠣᠯᠠᠮ ᠨᠢᠬᠡ ᠠᠯᠬᠤᠮ ᠲᠦᠷᠢᠮᠵᠢᠬᠦᠯᠵᠣ᠂ ᠵᠦᠪᠬᠡᠨ ᠭᠠᠴᠠᠭᠠᠨ  ᠤ ᠬᠡᠪᠴᠢᠶᠠᠨ ᠲᠣᠳᠣᠷ᠎ᠠ ᠰᠢᠯᠵᠢᠬᠦᠯᠵᠣ᠂ ᠮᠠᠯᠵᠢᠯ  ᠤᠨ ᠪᠣᠰᠣ ᠬᠦᠮᠦᠰ ᠮᠠᠯᠵᠢᠬᠤ ᠣᠷᠣᠨ  ᠳᠤ ᠨᠣᠳᠤᠭ ᠪᠠᠯᠴᠢᠬᠡᠷ ᠲᠦᠷᠢᠶᠠᠰᠣᠯᠠᠨ᠂ ᠲᠠᠯᠬᠢᠳᠠᠯ ᠤᠨ ᠴᠢᠨᠠᠷᠳᠠᠢ ᠡᠵᠡᠩᠨᠡᠬᠦ ᠪᠠᠶᠢᠳᠠᠯ ᠡᠬᠦᠰᠬᠦ  ᠶᠢ ᠡᠷᠡᠰ ᠬᠤᠷᠢᠭᠯᠠᠨ᠎ᠠ᠃ ᠪᠠᠯᠴᠢᠬᠡᠷ  ᠤᠨ ᠲᠠᠭᠠᠭᠠᠴᠨ  ᠠᠴᠠ ᠬᠡᠳᠣᠷᠠᠳᠠᠯ᠎ᠠ ᠮᠠᠯᠵᠢᠬᠤ ᠪᠠ ᠮᠠᠯᠵᠢᠯ  ᠤᠨ ᠪᠣᠰᠣ ᠡᠷᠦᠬᠡ ᠶᠢᠨ ᠮᠠᠯ ᠮᠠᠯᠵᠢᠬᠤ  ᠶᠢ ᠬᠤᠷᠢᠭᠯᠠᠬᠤ  ᠪᠠᠷ ᠲᠠᠮᠵᠢᠨ᠂ ᠮᠠᠯ  ᠤᠨ ᠲᠤᠭ᠎ᠠ ᠲᠣᠯᠣᠭᠠᠢ  ᠶᠢ ᠦᠨᠡᠨᠬᠦ ᠪᠠᠭᠤᠷᠠᠭᠤᠯᠵᠣ᠂ ᠪᠠᠯᠴᠢᠬᠡᠷ  ᠤᠨ ᠲᠠᠭᠠᠭᠠᠴᠨ  ᠶᠢ ᠬᠦᠩᠬᠡᠷᠡᠬᠦᠯᠦᠭᠰᠡᠨ ᠣᠷᠢᠳᠠᠯ ᠲᠣᠣᠷ᠎ᠠ ᠮᠠᠯ ᠠᠵᠣ ᠠᠬᠤᠢ  ᠶᠢ  ᠬᠦᠭᠵᠢᠬᠦᠯᠦᠨ᠎ᠠ᠃  ᠲᠠᠯ᠎ᠠ ᠨᠣᠳᠤᠭ  ᠤᠨ ᠪᠠᠯᠴᠢᠬᠡᠷ ᠰᠡᠷᠬᠦᠬᠡᠬᠦ᠂ ᠪᠠᠯᠴᠢᠬᠡᠷᠯᠡᠬᠦᠯᠬᠦ  ᠶᠢ ᠵᠣᠭᠰᠣᠭᠠᠬᠤ᠂ ᠰᠡᠯᠬᠦᠨ ᠮᠠᠯᠵᠢᠬᠤ  ᠠᠵᠢᠯ ᠢ ᠰᠠᠶᠢᠳᠣᠷ ᠬᠢᠵᠣ᠂  ᠡᠨ᠋ᠨ ᠵᠢᠯ ᠣᠯᠣᠰ ᠤᠨ ᠲᠦᠷᠦᠯ ᠵᠦᠢᠯ   ᠤᠨ ᠲᠣᠭᠤᠷᠢᠭ  ᠲᠤ 45 ᠡᠳᠣᠷ ᠬᠠᠰᠢᠶᠠᠯᠠᠵᠣ᠂  ᠲᠦᠷᠦᠯ ᠵᠦᠢᠯ  ᠤᠨ ᠪᠣᠰᠣ ᠲᠣᠭᠤᠷᠢᠭ  ᠲᠤ  30 ᠡᠳᠣᠷ ᠦᠪᠡᠷᠳᠡᠬᠡᠨ ᠬᠠᠰᠢᠶᠠᠯᠠᠬᠤ ᠪᠠᠷ ᠲᠣᠭᠳᠠᠪᠠ᠃  ᠡᠬᠦᠨ  ᠤ ᠬᠠᠮᠳᠣ ᠠᠰᠢᠭᠯᠠᠵᠣ ᠪᠣᠯᠬᠤ ᠪᠠᠯᠴᠢᠬᠡᠷ  ᠤᠨ 4.5%  ᠶᠢ ᠨᠢ ᠪᠠᠯᠴᠢᠬᠡᠷᠯᠡᠬᠦᠯᠬᠦ  ᠶᠢ ᠵᠣᠭᠰᠣᠭᠠᠨ᠎ᠠ᠃ ᠰᠡᠯᠬᠦᠨ ᠮᠠᠯᠵᠢᠬᠤ ᠲᠠᠯᠠᠪᠠᠢ  ᠶᠢ ᠠᠭᠠᠵᠢᠮ  ᠢᠶᠠᠷ ᠦᠷᠬᠡᠳᠬᠡᠵᠣ᠂ ᠲᠦᠷᠦᠯ ᠵᠦᠢᠯ  ᠤᠨ ᠲᠣᠭᠤᠷᠢᠭ ᠠᠴᠠ ᠪᠣᠰᠣᠳ᠂ ᠬᠤᠶᠢᠳᠣ ᠰᠣᠮᠣᠨ  ᠤ 40% ᠠᠴᠠ ᠲᠡᠬᠡᠭᠰᠢᠬᠢ ᠪᠠᠯᠴᠢᠬᠡᠷ  ᠲᠤ ᠦᠪᠡᠷᠰᠠᠳ  ᠢᠶᠠᠨ ᠰᠡᠯᠬᠦᠨ ᠮᠠᠯᠵᠢᠬᠤ  ᠶᠢ ᠬᠡᠷᠡᠭᠵᠢᠬᠦᠯᠣᠨ᠎ᠠ᠃ ᠲᠠᠯ᠎ᠠ ᠨᠣᠳᠤᠭ  ᠤᠨ ︽ᠪᠠᠯᠴᠢᠬᠡᠷ ᠰᠡᠷᠬᠦᠬᠡᠬᠦ᠂ ᠪᠠᠯᠴᠢᠬᠡᠷᠯᠡᠬᠦᠯᠬᠦ  ᠶᠢ ᠵᠣᠭᠰᠣᠭᠠᠬᠤ᠂ ᠰᠡᠯᠬᠦᠨ ᠮᠠᠯᠵᠢᠬᠤ︾ ᠠᠵᠢᠯ ᠢ ᠦᠨᠡᠨ ᠪᠣᠳᠠᠳᠠᠢ ᠨᠠᠶᠢᠳᠠᠪᠣᠷᠢᠵᠢᠭᠤᠯᠬᠤ  ᠶᠢᠨ ᠲᠦᠯᠦᠬᠡ᠂ ᠬᠤᠰᠢᠭᠤᠨ  ᠠᠴᠠ ᠱᠠᠯᠠᠪᠳᠠᠨ ᠪᠠᠶᠢᠴᠠᠭᠠᠬᠤ ᠲᠣᠰᠬᠠᠢ ᠲᠣᠭᠤᠶᠢᠯᠠᠩ ᠲᠣᠮᠢᠯᠠᠨ᠂ ᠡᠯ᠎ᠠ ᠰᠣᠮᠣ ᠪᠠᠯᠭᠠᠰᠣᠨ  ᠤ ᠪᠠᠯᠴᠢᠬᠡᠷ ᠰᠡᠷᠬᠦᠬᠡᠵᠣ᠂ ᠪᠡᠯᠴᠢᠬᠡᠷᠯᠡᠬᠦᠯᠬᠦ ᠶᠢ ᠵᠣᠭᠰᠣᠭᠠᠬᠤ ᠠᠵᠢᠯ  ᠤᠨ ᠪᠦᠬᠦ ᠶᠠᠪᠣᠴᠨ  ᠶᠢ ᠮᠦᠷᠳᠠᠨ ᠪᠠᠶᠢᠴᠠᠭᠠᠨ᠎ᠠ᠃ ᠬᠠᠮᠠᠭᠠᠯᠠᠬᠤ ᠠᠷᠭ᠎ᠠ ᠪᠠᠷᠢᠯ  ᠢᠶᠠᠨ ᠣᠯᠠᠮ ᠨᠢᠬᠡ ᠠᠯᠬᠤᠮ ᠪᠦᠷᠢᠨᠰᠢᠬᠦᠯᠵᠣ᠂ ᠬᠠᠮᠢᠶᠠᠷᠣᠯᠳᠠ  ᠶᠢᠨ ᠡᠷᠴᠢᠮ  ᠢᠶᠠᠨ ᠴᠢᠩᠭᠠᠯᠠᠨ᠂  ᠲᠠᠯᠳᠠᠭᠤᠷ ᠮᠠᠯ ᠪᠡᠯᠴᠢᠬᠡᠭᠰᠡᠳ ᠢ ᠴᠢᠩᠭ᠎ᠠ ᠲᠣᠷᠭᠠᠵᠣ ᠰᠢᠳᠬᠡᠨ᠂ ᠦᠨᠡᠨᠬᠦ ᠪᠠᠯᠴᠢᠬᠡᠷᠯᠡᠬᠦᠯᠬᠦ ᠶᠢ ᠵᠣᠭᠰᠣᠭᠠᠵᠣ᠂ ᠠᠮᠵᠢᠯᠳᠠ ᠪᠦᠳᠦᠮᠵᠢᠳᠠᠢ ᠪᠠᠶᠢᠬᠤ  ᠶᠢ ᠪᠠᠳᠣᠯᠠᠨ᠎ᠠ᠃ ᠡᠬᠦᠨ ᠠᠴᠠ ᠭᠠᠳᠠᠨ᠎ᠠ᠂ ᠲᠠᠯ᠎ᠠ ᠨᠣᠳᠤᠭ  ᠤᠨ ᠭᠠᠯ ᠰᠡᠷᠬᠡᠶᠢᠯᠡᠬᠦ ᠪᠠ ᠬᠤᠯᠣᠭᠠᠨ᠎ᠠ ᠴᠠᠷᠴᠠᠬᠠᠢ  ᠶᠢᠨ ᠭᠠᠮᠰᠢᠭ ᠢ ᠰᠡᠷᠬᠡᠶᠢᠯᠡᠨ ᠵᠠᠰᠠᠬᠤ ᠠᠵᠢᠯ  ᠢ  ᠬᠢᠨᠠᠮᠠᠭᠠᠢ ᠰᠠᠶᠢᠳᠣᠷ ᠬᠢᠨ᠎ᠠ᠃ᠮᠠᠯᠵᠢᠬᠤ ᠣᠷᠣᠨ  ᠤ ᠬᠦᠮᠦᠨ ᠠᠮᠨ  ᠶᠢ ᠨᠡᠬᠦᠯᠬᠡᠨ ᠰᠢᠯᠵᠢᠬᠦᠯᠬᠦ  ᠶᠢ ᠲᠦᠷᠬᠡᠳᠬᠡᠨ᠎ᠠ᠃ ᠮᠠᠯᠴᠢᠳ  ᠢ ︽ᠭᠤᠷᠪᠠᠨ ᠣᠷᠣᠨ ᠭᠤᠷᠪᠠᠨ ᠪᠦᠰᠨ︾ ᠪᠣᠯᠣᠨ ᠠᠮᠢ ᠠᠬᠤᠢ ᠬᠠᠷᠢᠴᠠᠩᠭᠤᠢ ᠮᠠᠭᠤᠳᠠᠭᠰᠠᠨ᠂ ᠬᠦᠮᠦᠨ ᠪᠦᠷᠢ  ᠶᠢᠨ ᠲᠡᠭᠰᠢᠳᠬᠡᠭᠰᠡᠨ ᠨᠣᠳᠤᠭ ᠪᠠᠯᠴᠢᠬᠡᠷ  ᠤᠨ ᠲᠠᠯᠠᠪᠠᠢ ᠪᠠᠭ᠎ᠠ᠂ ᠬᠦᠨᠳᠣ ᠨᠣᠴᠢᠳᠠᠢ ᠣᠰᠣ ᠲᠣᠳᠠᠭᠳᠠᠬᠤ ᠭᠠᠵᠠᠷ ᠣᠷᠣᠨ  ᠠᠴᠠ ᠨᠡᠬᠦᠨ ᠭᠠᠷᠬᠤ  ᠶᠢ ᠵᠣᠷᠢᠭᠵᠢᠭᠤᠯᠣᠨ ᠲᠠᠮᠵᠢᠵᠣ᠂ ᠮᠠᠯᠴᠢᠳ  ᠢ ᠨᠡᠬᠦᠯᠬᠡᠨ ᠴᠦᠬᠡᠳᠬᠡᠬᠦ ᠪᠠᠷ ᠲᠠᠮᠵᠢᠨ᠂ ︽ᠪᠠᠯᠴᠢᠬᠡᠷ ᠰᠡᠷᠬᠦᠬᠡᠬᠦ᠂ ᠪᠠᠯᠴᠢᠬᠡᠷᠯᠡᠬᠦᠯᠬᠦ  ᠶᠢ ᠵᠣᠭᠰᠣᠭᠠᠬᠤ᠂ ᠰᠡᠯᠬᠦᠨ ᠮᠠᠯᠵᠢᠬᠤ︾ ᠠᠰᠠᠭᠤᠳᠠᠯ  ᠢ ᠰᠢᠢᠳᠪᠣᠷᠢᠯᠠᠨ᠎ᠠ᠃ ᠨᠢᠬᠡ  ᠳᠤ᠂ ᠠᠮᠢ ᠠᠬᠤᠢ  ᠶᠢᠨ ᠨᠡᠬᠦᠳᠠᠯ ᠠᠷᠠᠳ  ᠢ ᠨᠡᠬᠦᠯᠬᠡᠨ ᠰᠢᠯᠵᠢᠬᠦᠯᠬᠦ ᠠᠵᠢᠯ  ᠢ ᠢᠳᠡᠪᠬᠢᠳᠠᠢ ᠯᠠᠪᠳᠠᠭᠤᠨ ᠰᠠᠶᠢᠳᠣᠷ  ᠬᠢᠨ᠎ᠠ᠃  ᠡᠨ᠋ᠨ ᠵᠢᠯ᠂ ᠠᠮᠢ ᠠᠬᠤᠢ  ᠶᠢᠨ ᠨᠡᠬᠦᠳᠠᠯ ᠠᠷᠠᠳ 140  ᠡᠷᠦᠬᠡ  ᠶᠢᠨ 700 ᠬᠦᠮᠦᠨ  ᠢ ᠨᠡᠬᠦᠯᠬᠡᠬᠦ ᠪᠠᠷ ᠲᠦᠯᠦᠪᠯᠡᠪᠡ᠃ ᠨᠡᠬᠦᠳᠠᠯ ᠠᠷᠠᠳ  ᠤᠨ ᠨᠠᠬᠦᠵᠣ ᠭᠠᠷᠬᠤ᠂ ᠰᠠᠭᠤᠷᠢᠰᠢᠬᠤ ᠪᠠ ᠪᠠᠶᠠᠵᠢᠬᠤ ᠶᠢ ᠦᠨᠡᠨᠬᠦ ᠪᠠᠳᠣᠯᠠᠬᠤ  ᠶᠢᠨ ᠲᠦᠯᠦᠬᠡ᠂ ᠲᠠᠳᠠᠨ  ᠤ ᠦᠢᠯᠡᠳᠪᠣᠷᠢᠯᠠᠯ  ᠤᠨ ᠠᠰᠠᠭᠤᠳᠠᠯ  ᠢ ᠵᠣᠬᠢᠰᠳᠠᠢ ᠰᠢᠢᠳᠪᠣᠷᠢᠯᠡᠬᠦ ᠲᠡᠬᠡᠷ᠎ᠠ ᠬᠦᠴᠦ ᠲᠠᠯᠪᠢᠨ᠎ᠠ᠃ ︽ᠠᠪᠠᠭ᠎ᠠ ᠬᠤᠰᠢᠭᠤᠨ  ᠤ ᠮᠠᠯᠵᠢᠬᠤ ᠣᠷᠣᠨ  ᠤ ᠬᠦᠮᠦᠨ ᠠᠮᠨ  ᠶᠢ ᠨᠡᠬᠦᠯᠬᠡᠨ ᠰᠢᠯᠵᠢᠬᠦᠯᠬᠦ  ᠳᠤ ᠬᠡᠷᠡᠭᠵᠢᠬᠦᠯᠬᠦ ᠬᠠᠮᠢᠶ᠎ᠠ ᠪᠦᠬᠦᠢ ᠲᠦᠷᠦ  ᠶᠢᠨ ᠪᠣᠳᠣᠯᠭ᠎ᠠ︾  ᠶᠣᠰᠣᠭᠠᠷ ᠮᠠᠯᠴᠢᠳ  ᠢ ᠵᠣᠷᠢᠭᠵᠢᠭᠤᠯᠵᠣ ᠵᠢᠯᠣᠭᠤᠳᠬᠤ ᠪᠠᠷ ᠲᠠᠮᠵᠢᠨ᠂ ᠰᠠᠶᠢᠨ ᠡᠬᠦᠯᠳᠠᠷ  ᠤᠨ ᠮᠢᠬᠠᠨ  ᠤ ᠦᠬᠡᠷ ᠲᠠᠵᠢᠬᠡᠬᠦ᠂ ᠰᠠᠭᠠᠯᠢ  ᠶᠢᠨ ᠦᠨᠢᠶ᠎ᠠ ᠲᠠᠵᠢᠬᠡᠬᠦ ᠦᠢᠯᠡᠰ  ᠢ ᠬᠦᠭᠵᠢᠬᠦᠯᠬᠦ᠂ ᠬᠤᠳᠠ ᠣᠷᠣᠵᠣ ᠬᠤᠶᠠᠷ ᠭᠤᠷᠪᠠᠳᠣᠭᠠᠷ ᠠᠵᠣ ᠦᠢᠯᠡᠰ ᠡᠷᠬᠢᠯᠡᠬᠦ᠂ ᠬᠤᠶᠠᠷ ᠶᠡᠭᠡ ᠠᠵᠣ ᠦᠢᠯᠡᠳᠪᠣᠷᠢ  ᠶᠢᠨ ᠰᠠᠭᠤᠷᠢᠨ ᠭᠠᠵᠠᠷ ᠣᠷᠣᠵᠣ  ᠠᠵᠢᠯ ᠬᠢᠬᠦ ᠪᠣᠶᠣ ᠲᠡᠬᠡᠬᠡᠪᠣᠷᠢ  ᠶᠢᠨ ᠦᠢᠯᠡᠰ ᠡᠷᠬᠢᠯᠡᠬᠦ ᠵᠠᠷᠬᠡ ᠣᠯᠠᠨ ᠵᠦᠢᠯ ᠤᠨ ᠠᠷᠭ᠎ᠠ ᠵᠠᠮ  ᠢᠶᠠᠷ ᠨᠡᠬᠦᠳᠠᠯ ᠠᠷᠠᠳ  ᠤᠨ ᠦᠢᠯᠡᠳᠪᠣᠷᠢᠯᠠᠯ  ᠤᠨ ᠠᠰᠠᠭᠤᠳᠠᠯ  ᠢ ᠰᠢᠢᠳᠪᠣᠷᠢᠯᠠᠨ᠎ᠠ᠃ ᠬᠤᠶᠠᠷ  ᠲᠤ᠂ ᠨᠡᠬᠦᠯᠬᠡᠨ ᠰᠢᠯᠵᠢᠬᠦᠯᠬᠦ ᠬᠦᠮᠦᠨ ᠠᠮᠨ  ᠶᠢᠨ ᠠᠵᠢᠯ ᠣᠯᠬᠤ ᠴᠢᠳᠠᠪᠣᠷᠢ  ᠶᠢ ᠣᠯᠠᠮ ᠨᠢᠬᠡ ᠠᠯᠬᠤᠮ ᠲᠡᠬᠡᠭᠰᠢᠯᠡᠬᠦᠯᠦᠨ᠎ᠠ᠃ ᠡᠯ᠎ᠠ ᠵᠦᠢᠯ ᠤᠨ ᠪᠣᠯᠪᠠᠰᠣᠷᠠᠯ ᠬᠦᠮᠦᠵᠢᠯ  ᠤᠨ ᠪᠡᠯᠨ ᠮᠦᠩᠬᠦ  ᠶᠢ ᠲᠦᠪᠯᠡᠷᠡᠬᠦᠯᠵᠣ᠂ ᠨᠡᠬᠦᠯᠬᠡᠬᠦ ᠮᠠᠯᠴᠢᠳ  ᠲᠤ ᠬᠡᠷᠡᠭᠯᠡᠬᠡᠨ  ᠤ ᠮᠠᠷᠬᠡᠵᠢᠯ ᠪᠣᠯᠣᠨ ᠮᠡᠷᠬᠡᠵᠢᠯ  ᠤᠨ ᠪᠣᠯᠪᠠᠰᠣᠷᠠᠯ ᠬᠦᠷᠳᠡᠬᠡᠬᠦ ᠡᠷᠴᠢᠮ  ᠢᠶᠠᠨ ᠦᠨᠡᠨᠬᠦ ᠴᠢᠩᠭᠠᠷᠠᠭᠤᠯᠵᠣ᠂ ᠣᠨᠴᠠᠭᠠᠶᠢᠯᠠᠨ ᠵᠠᠯᠠᠭᠤ ᠮᠠᠯᠴᠢᠳ  ᠢ ᠵᠣᠷᠢᠭᠵᠢᠭᠤᠯᠣᠨ᠂ ᠬᠠᠨᠳᠣᠯᠭ᠎ᠠ ᠲᠠᠢ ᠪᠠᠷ ᠠᠵᠢᠯ ᠮᠡᠷᠬᠡᠵᠢᠯ  ᠤᠨ ᠰᠣᠷᠭᠠᠨ ᠬᠦᠮᠦᠵᠢᠯ  ᠳᠤ ᠣᠷᠣᠯᠴᠠᠭᠤᠯᠵᠣ᠂ ᠠᠵᠢᠯ ᠣᠯᠬᠤ ᠮᠡᠷᠬᠡᠵᠢᠯ ᠴᠢᠳᠠᠪᠣᠷᠢ  ᠶᠢ ᠨᠢ  ᠲᠡᠬᠡᠭᠰᠢᠯᠡᠬᠦᠯᠦᠨ᠎ᠠ᠃ ᠡᠬᠦᠨ  ᠠᠴᠠ ᠭᠠᠳᠠᠨ᠎ᠠ᠂ ᠶᠠᠳᠠᠭᠤ ᠬᠦᠴᠢᠷᠳᠠᠯᠳᠠᠢ ᠬᠡᠰᠡᠭ ᠮᠠᠯᠴᠢᠳ  ᠤᠨ ᠦᠷ᠎ᠠ ᠬᠡᠣᠬᠡᠳ ᠦᠷᠬᠦᠯᠵᠢᠯᠡᠨ ᠦᠨᠳᠣᠷ ᠲᠣᠮᠳᠠᠳᠣ  ᠶᠢᠨ ᠰᠣᠷᠭᠠᠨ ᠬᠦᠮᠦᠵᠢᠯ ᠬᠦᠷᠳᠡᠵᠣ ᠲᠠᠶᠢᠯᠬᠦ ᠦᠬᠡᠢ ᠪᠠᠶᠢᠭ᠎ᠠ ᠦᠵᠡᠭᠳᠠᠯ  ᠢ ᠦᠨᠳᠣᠰᠣᠨ ᠠᠴᠠ ᠨᠢ ᠰᠢᠢᠳᠪᠣᠷᠢᠯᠡᠬᠦ  ᠶᠢᠨ ᠲᠦᠯᠦᠬᠡ᠂ ᠡᠨ᠋ᠨ ᠵᠢᠯ  ᠠᠴᠠ ᠡᠬᠢᠯᠡᠨ᠂ ᠠᠶᠢᠮᠠᠭ ᠬᠤᠰᠢᠭᠤ ᠬᠤᠶᠠᠷ ᠱᠠᠳᠣᠨ  ᠤ ᠡᠳ᠋  ᠤᠨ ᠵᠠᠰᠠᠭ  ᠠᠴᠠ ᠲᠣᠰ ᠲᠣᠰ ᠵᠣᠬᠢᠬᠤ ᠬᠡᠮᠵᠢᠶᠠᠨ ᠤ ᠲᠣᠰᠬᠠᠢ ᠪᠡᠯᠨ ᠮᠦᠩᠬᠦ ᠭᠠᠷᠭᠠᠨ᠂ ᠠᠮᠢᠳᠣᠷᠠᠯ ᠬᠦᠴᠢᠷᠳᠠᠯᠳᠠᠢ ᠮᠠᠯᠴᠢᠳ  ᠤᠨ ᠦᠷ᠎ᠠ ᠬᠡᠣᠬᠡᠳ  ᠤᠨ ᠦᠨᠳᠣᠷ ᠲᠣᠮᠳᠠᠳᠣ  ᠶᠢᠨ ᠰᠣᠷᠭᠠᠨ ᠬᠦᠮᠦᠵᠢᠯ ᠬᠦᠷᠳᠡᠬᠦ ᠡᠯ᠎ᠠ ᠵᠦᠢᠯ  ᠤᠨ ᠰᠦᠢᠳᠬᠡᠯ  ᠢ ᠨᠦᠬᠦᠪᠣᠷᠢᠯᠠᠵᠣ᠂ ᠲᠠᠳᠠᠨ  ᠢ  ᠬᠠᠪᠰᠣᠷᠣᠨ ᠰᠣᠷᠣᠯᠭ᠎ᠠ ᠲᠡᠬᠦᠰᠬᠡᠵᠣ᠂ ᠮᠠᠯᠵᠢᠬᠤ ᠣᠷᠣᠨ  ᠤ ᠬᠦᠮᠦᠨ ᠠᠮᠨ  ᠶᠢ ᠦᠨᠳᠣᠰᠣᠨ  ᠠᠴᠠ ᠨᠢ ᠨᠡᠬᠦᠯᠬᠡᠨ ᠰᠢᠯᠵᠢᠬᠦᠯᠬᠦ  ᠳᠤ ᠨᠦᠬᠦᠴᠡᠯ ᠪᠦᠷᠢᠯᠳᠣᠬᠦᠯᠦᠨ᠎ᠠ᠃  ᠮᠠᠯ  ᠤᠨ ᠪᠦᠳᠦᠴᠨ  ᠳᠤ ᠲᠣᠬᠢᠷᠠᠭᠤᠯᠣᠯᠳᠠ ᠬᠢᠬᠦ ᠠᠯᠬᠤᠴᠨ ᠪᠠᠨ ᠲᠦᠷᠬᠡᠳᠬᠡᠨ᠎ᠠ᠃ ᠦᠷᠬᠦᠯᠵᠢᠯᠡᠨ ︽ᠡᠮᠣᠨ᠎ᠠ ᠰᠣᠮᠣᠨ ᠳᠤ ᠦᠬᠡᠷ᠂ ᠬᠤᠶᠢᠳᠣ ᠰᠣᠮᠣᠨ ᠳᠤ ᠬᠤᠨᠢ᠂ ᠡᠬᠦᠯᠳᠠᠷ ᠰᠠᠶᠢᠵᠢᠷᠠᠭᠤᠯᠣᠨ ᠮᠠᠯᠵᠢᠬᠤ︾ ᠰᠡᠳᠬᠢᠴᠨ ᠶᠣᠰᠣᠭᠠᠷ᠂ ᠴᠢᠨᠠᠷ  ᠢ ᠰᠢᠯᠢᠳᠡᠭᠵᠢᠬᠦᠯᠵᠣ᠂ ᠣᠷᠣᠯᠭ᠎ᠠ  ᠶᠢ ᠨᠡᠮᠡᠭᠳᠡᠬᠦᠯᠬᠦ ᠪᠠᠷ ᠭᠤᠣᠯᠳᠠᠯᠭ᠎ᠠ ᠪᠣᠯᠭᠠᠵᠣ᠂ ᠮᠠᠯ ᠲᠠᠵᠢᠬᠡᠪᠣᠷᠢ ᠶᠢᠨ ᠡᠬᠦᠯᠳᠠᠷ ᠰᠢᠯᠢᠳᠡᠭᠵᠢᠬᠦᠯᠬᠦ ᠢᠨᠵᠧᠨᠧᠷᠢᠩ  ᠢ ᠬᠡᠷᠡᠭᠵᠢᠬᠦᠯᠦᠨ᠂ ︽ᠨᠣᠳᠤᠭ  ᠤᠨ ᠡᠬᠦᠯᠳᠠᠷ  ᠢ ᠰᠢᠯᠢᠳᠡᠭ ᠡᠬᠦᠯᠳᠠᠷ  ᠢᠶᠠᠷ ᠰᠣᠯᠢᠵᠣ᠂ ᠮᠠᠭᠤ  ᠶᠢ ᠰᠠᠶᠢᠨ  ᠢᠶᠠᠷ ᠰᠣᠯᠢᠬᠤ︾ ᠠᠬᠢᠴᠨ ᠪᠠᠨ ᠲᠦᠷᠬᠡᠳᠬᠡᠨ᠎ᠠ᠃ ᠠᠶᠢᠮᠠᠭ  ᠤᠨ ᠨᠢᠬᠡᠳᠣᠯᠳᠠᠢ ᠪᠠᠶᠢᠷᠢᠯᠠᠭᠤᠯᠣᠯᠳᠠ  ᠶᠢ ᠦᠨᠳᠣᠰᠣᠯᠡᠨ ᠡᠨ᠋ᠨ ᠵᠢᠯ ᠮᠠᠨ  ᠤ ᠬᠤᠰᠢᠭᠤ ᠦᠬᠡᠷ  ᠤᠨ ᠡᠬᠦᠯᠳᠠᠷ ᠰᠠᠶᠢᠵᠢᠷᠠᠭᠤᠯᠬᠤ᠂ ᠰᠢᠯᠢᠳᠡᠭ  ᠡᠬᠦᠯᠳᠠᠷ  ᠤᠨ ᠰᠢᠮᠧᠨ᠋ᠲ᠋ᠧᠷ ᠮᠢᠬᠠᠨ  ᠤ ᠦᠬᠡᠷ ᠣᠷᠣᠭᠤᠯᠬᠤ᠂ ᠦᠵᠣᠮᠦᠴᠢᠨ ᠬᠤᠨᠢ  ᠶᠢ ᠰᠣᠩᠭᠤᠨ ᠪᠣᠶᠢᠵᠢᠭᠤᠯᠬᠤ ᠠᠵᠢᠯ ᠢᠶᠠᠷ ᠭᠤᠣᠯᠯᠠᠭᠰᠠᠨ ᠮᠠᠯ ᠲᠡᠵᠢᠬᠡᠪᠣᠷᠢ  ᠶᠢᠨ ᠡᠬᠦᠯᠳᠠᠷ ᠰᠢᠯᠢᠳᠡᠭᠵᠢᠬᠦᠯᠬᠦ ᠢᠨᠵᠧᠨᠧᠷᠢᠩ  ᠢ ᠦᠷᠬᠦᠯᠵᠢᠯᠡᠨ ᠬᠡᠷᠡᠭᠵᠢᠬᠦᠯᠦᠨ᠎ᠠ᠃  ᠡᠮᠣᠨ᠎ᠠ ᠭᠤᠷᠪᠠᠨ ᠰᠣᠮᠣ ᠪᠠᠷ ᠭᠤᠣᠯᠯᠠᠨ᠂ 1.48 ᠲᠦᠮᠡᠨ ᠲᠣᠯᠣᠭᠠᠢ  ᠦᠨᠢᠶᠠᠨ  ᠳᠤ ᠢᠴᠡᠬᠡᠯ ᠦᠷ᠎ᠠ ᠶᠢᠨ ᠬᠡᠬᠡᠯᠳᠣᠬᠦᠯᠬᠡ ᠬᠢᠵᠣ᠂ ᠪᠣᠰᠣᠳ ᠭᠠᠵᠠᠷ ᠲᠤ ᠰᠠᠶᠢᠨ ᠡᠬᠦᠯᠳᠠᠷ  ᠤᠨ ᠪᠣᠬ᠎ᠠ ᠪᠠᠷ ᠡᠬᠦᠯᠳᠠᠷ ᠰᠠᠶᠢᠵᠢᠷᠠᠭᠤᠯᠣᠨ᠂ ᠰᠢᠯᠢᠳᠡᠭ ᠡᠬᠦᠯᠳᠠᠷ  ᠤᠨ ᠰᠢᠮᠧᠨ᠋ᠲ᠋ᠧᠷ ᠮᠢᠬᠠᠨ  ᠤ ᠦᠬᠡᠷ ᠢ 5300 ᠲᠣᠯᠣᠭᠠᠢ  ᠣᠷᠣᠭᠤᠯᠵᠣ᠂ 10 ᠭᠠᠴᠠᠭᠠᠨ  ᠳᠤ ᠦᠷ᠎ᠠ ᠶᠢᠨ ᠮᠠᠯ  ᠤᠨ ᠨᠢᠬᠡᠳᠣᠯᠳᠠᠢ ᠬᠠᠮᠢᠶᠠᠷᠣᠯᠳᠠ  ᠶᠢ ᠬᠡᠷᠡᠭᠵᠢᠬᠦᠯᠦᠨ᠂ ᠬᠤᠷᠠᠭᠠᠨ ᠬᠤᠴᠨ ᠪᠣᠶᠢᠵᠢᠭᠤᠯᠬᠤ ᠭᠤᠣᠯᠳᠠᠯᠭ᠎ᠠ ᠲᠠᠢ ᠰᠦᠷᠦᠭ 50 ᠶᠢ  ᠪᠠᠶᠢᠭᠤᠯᠵᠣ᠂ ᠢᠬᠢᠷ᠎ᠠ ᠬᠤᠷᠠᠭᠠᠯᠠᠬᠤ ᠭᠧᠨ ᠲᠠᠢ ᠦᠷᠬᠡᠳᠬᠡᠭᠰᠡᠨ ᠰᠦᠷᠦᠭ 8 ᠶᠢ ᠪᠠᠶᠢᠭᠤᠯᠬᠤ ᠪᠠᠷ ᠪᠠᠶᠢᠷᠢᠯᠠᠭᠤᠯᠵᠣ ᠂ ᠮᠠᠯᠵᠢᠯ  ᠤᠨ ᠣᠨ  ᠤ ᠮᠠᠯ  ᠤᠨ ᠡᠬᠦᠯᠳᠠᠷ ᠰᠠᠶᠢᠵᠢᠷᠠᠭᠤᠯᠣᠭᠰᠠᠨ ᠨᠣᠷᠮ᠎ᠠ  ᠶᠢ 85%  ᠠᠴᠠ ᠲᠡᠬᠡᠭᠰᠢ ᠪᠣᠯᠭᠠᠬᠤ ᠪᠠᠷ ᠴᠢᠷᠮᠠᠶᠢᠨ᠎ᠠ᠃ ᠦᠬᠡᠷ  ᠤᠨ ᠡᠬᠦᠯᠳᠠᠷ ᠰᠠᠶᠢᠵᠢᠷᠠᠭᠤᠯᠬᠤ ᠠᠵᠢᠯ ᠤᠨ ᠡᠷᠴᠢᠮ  ᠢᠶᠠᠨ ᠣᠯᠠᠮ ᠨᠢᠬᠡ ᠠᠯᠬᠤᠮ ᠴᠢᠩᠭᠠᠯᠠᠵᠣ᠂ᠢᠴᠡᠬᠡᠯ ᠦᠷ᠎ᠠ  ᠶᠢᠨ ᠬᠡᠬᠡᠯᠳᠣᠬᠦᠯᠬᠡ  ᠶᠢᠨ ᠰᠠᠭᠤᠷᠢ ᠲᠦᠬᠦᠬᠡᠷᠣᠮᠵᠢ  ᠶᠢᠨ ᠪᠦᠳᠦᠬᠡᠨ ᠪᠠᠶᠢᠭᠤᠯᠣᠯᠳᠠ᠂ ᠦᠨᠢᠶ᠎ᠠ ᠲᠦᠪᠯᠡᠷᠡᠬᠦᠯᠬᠦ ᠪᠡᠯᠴᠢᠬᠡᠷ᠂ ᠪᠣᠬ᠎ᠠ ᠶᠢ ᠴᠡᠪᠡᠷᠯᠡᠬᠦ ᠵᠡᠷᠬᠡ ᠠᠵᠢᠯ  ᠢ ᠭᠤᠣᠯᠳᠠᠯᠭ᠎ᠠ ᠲᠠᠢ ᠰᠠᠶᠢᠳᠣᠷ ᠬᠢᠵᠣ᠂ ᠢᠴᠡᠬᠡᠯ ᠦᠷ᠎ᠠ  ᠶᠢᠨ ᠬᠡᠬᠡᠯᠳᠣᠬᠦᠯᠬᠡ  ᠶᠢᠨ ᠠᠵᠢᠯ  ᠢ ᠴᠢᠨᠠᠷ  ᠤᠨ ᠰᠢᠪᠳᠣᠯᠣᠯᠳᠠ ᠲᠠᠢ ᠪᠣᠯᠭᠠᠬᠤ ᠪᠠᠷ ᠴᠢᠷᠮᠠᠶᠢᠨ᠎ᠠ᠃ ᠰᠠᠶᠢᠨ ᠡᠬᠦᠯᠳᠠᠷ  ᠤᠨ ᠪᠣᠬ᠎ᠠ ᠪᠠᠷ ᠡᠬᠦᠯᠳᠠᠷ ᠰᠠᠶᠢᠵᠢᠷᠠᠭᠤᠯᠬᠤ ᠭᠠᠵᠠᠷ ᠣᠷᠣᠨ ᠳᠤ ᠦᠷ᠎ᠠ  ᠶᠢᠨ ᠮᠠᠯ ᠤᠨ ᠬᠢᠨᠠᠨ ᠲᠣᠭᠳᠠᠭᠠᠯ ᠪᠠ ᠲᠣᠬᠢᠷᠠᠭᠤᠯᠵᠣ ᠬᠡᠷᠡᠭᠯᠡᠬᠦ ᠠᠵᠢᠯ ᠢ ᠭᠤᠣᠯᠳᠠᠯᠭ᠎ᠠ ᠲᠠᠢ ᠰᠠᠶᠢᠳᠣᠷ ᠬᠢᠨ᠎ᠠ᠃ ᠮᠠᠯ ᠤᠨ ᠪᠦᠳᠦᠴᠨ  ᠶᠢᠨ ᠲᠣᠬᠢᠷᠠᠭᠤᠯᠣᠯᠳᠠ  ᠶᠢ ᠣᠯᠠᠮ ᠴᠢᠨᠠᠭᠰᠢᠳᠠ ᠬᠦᠨᠵᠡᠬᠡᠶᠢᠷᠡᠬᠦᠯᠬᠦ  ᠶᠢᠨ ᠲᠦᠯᠦᠬᠡ ᠪᠢᠳᠠ ᠮᠠᠯ ᠲᠠᠵᠢᠬᠡᠪᠣᠷᠢ  ᠶᠢᠨ ᠡᠬᠦᠯᠳᠠᠷ ᠰᠢᠯᠢᠳᠡᠭᠵᠢᠬᠦᠯᠬᠦ ᠢᠨᠵᠧᠨᠧᠷᠢᠩ  ᠤᠨ ᠵᠣᠷᠢᠭᠵᠢᠭᠤᠯᠬᠤ ᠲᠦᠷᠦ  ᠶᠢᠨ ᠪᠣᠳᠣᠯᠭ᠎ᠠ ᠲᠣᠭᠳᠠᠭᠠᠵᠣ᠂ ᠪᠠᠩᠬᠢ  ᠶᠢᠨ ᠵᠢᠬᠡᠯᠡᠯᠬᠡ ᠬᠠᠷᠢᠴᠠᠬᠤ᠂ ᠵᠢᠬᠡᠯᠡᠯᠬᠡ  ᠶᠢᠨ ᠬᠦᠦ ᠮᠦᠩᠬᠦ  ᠶᠢ ᠨᠦᠬᠦᠪᠦᠷᠢᠯᠡᠬᠦ᠂ ᠬᠢᠵᠢᠭ ᠰᠡᠷᠬᠡᠶᠢᠯᠡᠬᠦ ᠰᠦᠢᠳᠬᠡᠯ ᠬᠤᠷᠢᠶᠠᠬᠤ ᠪᠣᠯᠣᠨ ᠮᠠᠯ ᠪᠡᠯᠴᠢᠬᠡᠷ  ᠤᠨ ᠲᠠᠩᠴᠡᠬᠦᠷᠢ  ᠶᠢ ᠨᠣᠭᠤᠯᠣᠨ ᠪᠣᠳᠣᠬᠤ ᠵᠡᠷᠬᠡ ᠲᠠᠯ᠎ᠠ ᠪᠠᠷ ᠮᠠᠯ  ᠤᠨ ᠡᠬᠦᠯᠳᠠᠷ ᠰᠠᠶᠢᠵᠢᠷᠠᠭᠤᠯᠣᠭᠰᠠᠨ ᠡᠷᠦᠬᠡ ᠳᠤ ᠬᠠᠷᠠᠭᠠᠯᠵᠠᠭᠰᠠᠨ ᠲᠠᠮᠵᠢᠯᠬᠡ ᠦᠵᠡᠬᠦᠯᠦᠨ᠎ᠠ᠃  ᠦᠷᠬᠡᠨ ᠣᠯᠠᠨ ᠮᠠᠯᠴᠢᠨ ᠲᠦᠮᠡᠨ  ᠤ ᠣᠬᠠᠮᠰᠠᠷ  ᠠᠴᠠ ᠪᠠᠨ ᠮᠠᠯ  ᠤᠨ ᠡᠬᠦᠯᠳᠠᠷ ᠰᠠᠶᠢᠵᠢᠷᠠᠭᠤᠯᠬᠤ ᠢᠳᠡᠪᠬᠢᠵᠢᠯ  ᠢ ᠪᠠᠳᠠᠷᠠᠭᠤᠯᠣᠨ᠎ᠠ᠃ ᠮᠠᠯ  ᠤᠨ ᠬᠢᠵᠢᠭ ᠬᠡᠮ ᠢ ᠰᠡᠷᠬᠡᠶᠢᠯᠡᠨ ᠵᠠᠰᠠᠬᠤ ᠠᠵᠢᠯ  ᠢ ᠦᠷᠬᠦᠯᠵᠢᠯᠡᠨ ᠴᠢᠩᠭ᠎ᠠ ᠠᠳᠬᠤᠵᠣ᠂ ᠠᠮᠢᠳᠠᠨ  ᠤ ᠬᠢᠵᠢᠭ  ᠢ ᠰᠡᠷᠬᠡᠶᠢᠯᠡᠬᠦ ᠰᠢᠰᠲ᠋ᠧᠮ ᠤᠨ ᠪᠦᠳᠦᠬᠡᠨ ᠪᠠᠶᠢᠭᠤᠯᠣᠯᠳᠠ  ᠶᠢ ᠴᠢᠩᠭᠠᠳᠬᠠᠵᠣ᠂ ᠡᠯ᠎ᠠ ᠵᠦᠢᠯ  ᠤᠨ ᠬᠢᠵᠢᠭ ᠰᠡᠷᠬᠡᠶᠢᠯᠡᠬᠦ ᠠᠷᠭ᠎ᠠ ᠬᠡᠮᠵᠢᠶ᠎ᠠ  ᠶᠢ ᠨᠠᠶᠢᠳᠠᠪᠣᠷᠢᠵᠢᠭᠤᠯᠣᠨ᠂  ᠦᠢᠯᠡᠴᠢᠯᠡᠬᠦ ᠣᠬᠠᠮᠰᠠᠷ  ᠢᠶᠠᠨ ᠴᠢᠩᠭᠠᠳᠬᠠᠵᠣ᠂ ᠰᠢᠯᠢᠳᠡᠭ ᠰᠠᠶᠢᠨ ᠦᠢᠯᠡᠴᠢᠯᠡᠭᠡ ᠬᠠᠩᠭᠠᠨ᠎ᠠ᠃ ᠮᠠᠯ  ᠤᠨ ᠰᠢᠯᠣᠬᠡᠢ ᠡᠪᠡᠳᠴᠢᠨ ᠪᠣᠯᠣᠨ ᠬᠡᠬᠡᠯ ᠡᠪᠡᠳᠴᠢᠨ ᠵᠡᠷᠬᠡ  ᠶᠢ ᠲᠣᠰᠬᠠᠢ ᠰᠡᠷᠬᠡᠶᠢᠯᠡᠨ ᠵᠠᠰᠠᠬᠤ ᠪᠠ ᠪᠣᠰᠣᠳ ᠶᠠᠷᠣᠳᠠ  ᠶᠢᠨ ᠴᠢᠨᠠᠷᠳᠠᠢ ᠰᠡᠷᠬᠡᠶᠢᠯᠡᠨ ᠵᠠᠰᠠᠬᠤ ᠠᠵᠢᠯ  ᠢ ᠦᠨᠡᠨᠬᠦ ᠰᠠᠶᠢᠳᠣᠷ ᠬᠢᠵᠣ᠂ ᠰᠡᠷᠬᠡᠶᠢᠯᠡᠨ ᠵᠠᠰᠠᠬᠤ ᠨᠢᠭᠳᠠᠴᠨ  ᠶᠢ 100%  ᠳᠤ ᠬᠦᠷᠬᠡᠨ᠎ᠠ᠃ ᠡᠪᠡᠰᠣᠨ  ᠤ ᠠᠵᠣ ᠦᠢᠯᠡᠰ  ᠢ ᠶᠡᠬᠡᠪᠡᠷ ᠬᠦᠭᠵᠢᠬᠦᠯᠦᠨ᠎ᠠ᠃ ᠪᠠᠷᠣᠭᠴᠠᠭᠠᠯᠠᠭᠰᠠᠨ  ᠢᠶᠠᠷ ᠡᠩ  ᠤᠨ ᠵᠢᠯ  ᠳᠤ ᠮᠠᠨ  ᠤ ᠬᠤᠰᠢᠭᠤᠨ  ᠤ ᠡᠪᠣᠯᠵᠢᠬᠦ ᠮᠠᠯ  ᠤᠨ ᠲᠠᠵᠢᠬᠡᠯ ᠡᠪᠡᠰᠣ ᠬᠡᠷᠡᠭᠰᠡᠬᠦ ᠬᠡᠮᠵᠢᠶ᠎ᠠ ᠪᠠᠷᠤᠭ 2.5 ᠳ᠋ᠦᠩᠰᠢᠭᠤᠷ ᠺᠢᠯᠦᠭᠷᠠᠮ᠂  ᠬᠡᠳᠠᠯ᠎ᠠ ᠦᠪᠡᠷᠳᠡᠬᠡᠨ ᠬᠠᠳᠣᠵᠣ ᠨᠦᠬᠡᠴᠡᠯᠡᠬᠦ ᠡᠪᠡᠰᠣᠨ  ᠤ ᠬᠡᠮᠵᠢᠶ᠎ᠠ ᠨᠢ 1.5 ᠳ᠋ᠦᠩᠰᠢᠭᠤᠷ ᠺᠢᠯᠦᠭᠷᠠᠮ  ᠯᠠ ᠪᠠᠶᠢᠵᠣ᠂ ᠬᠠᠭᠠᠰ ᠰᠢᠬᠠᠮ ᠲᠠᠵᠢᠬᠡᠯ ᠡᠪᠡᠰᠣ  ᠶᠢ ᠭᠠᠳᠠᠨ᠎ᠠ ᠠᠴᠠ ᠣᠷᠣᠭᠤᠯᠬᠤ ᠳᠤ ᠲᠦᠰᠢᠭᠯᠡᠨ ᠰᠢᠢᠳᠪᠣᠷᠢᠯᠠᠵᠣ᠂ ᠮᠠᠯᠴᠢᠳ  ᠤᠨ ᠡᠪᠡᠰᠣ ᠨᠦᠬᠡᠴᠡᠯᠡᠬᠦ ᠦᠪᠡᠷ  ᠤᠨ ᠦᠷᠳᠡᠭ  ᠤᠨ ᠵᠠᠷᠣᠴᠠᠭᠤᠯᠣᠯᠳᠠ ᠶᠡᠭᠡ ᠪᠠᠶᠢᠨ᠎ᠠ᠃ ᠡᠨᠡᠬᠦ ᠪᠠᠶᠢᠳᠠᠯ  ᠳᠤ ᠴᠢᠭᠯᠡᠬᠦᠯᠦᠨ᠂ ᠦᠨᠦ ᠵᠢᠯ ᠪᠢᠳᠠ‌ᠡᠪᠡᠰᠣᠨ  ᠤ ᠠᠵᠣ ᠦᠢᠯᠡᠰ  ᠢ ᠬᠦᠭᠵᠢᠬᠦᠯᠬᠦ  ᠶᠢ ᠮᠠᠯᠵᠢᠬᠤ ᠣᠷᠣᠨ ᠤ ᠠᠵᠢᠯ  ᠤᠨ ᠨᠢᠬᠡᠨ ᠭᠤᠣᠯᠳᠠᠯᠭ᠎ᠠ  ᠪᠣᠯᠭᠠᠨ᠂ ᠡᠯ᠎ᠠ ᠵᠦᠢᠯ  ᠤᠨ ᠪᠦᠳᠦᠮᠵᠢᠳᠠᠢ ᠠᠷᠭ᠎ᠠ ᠬᠡᠮᠵᠢᠶ᠎ᠠ ᠠᠪᠴᠣ᠂ ᠬᠦᠴᠦᠳᠠᠢ ᠲᠦᠯᠬᠢᠨ ᠠᠬᠢᠭᠤᠯᠣᠨ᠎ᠠ᠃ ᠨᠢᠬᠡ ᠳᠤ᠂ ︽ᠭᠤᠷᠪᠠᠨ ᠣᠷᠣᠨ ᠭᠤᠷᠪᠠᠨ ᠪᠦᠰᠨ︾  ᠳᠤ ᠲᠦᠰᠢᠭᠯᠡᠨ ᠡᠪᠡᠰᠣᠨ  ᠤ ᠠᠵᠣ ᠦᠢᠯᠡᠰ  ᠢ  ᠬᠦᠭᠵᠢᠬᠦᠯᠦᠨ᠎ᠠ᠃ ︽ᠭᠤᠷᠪᠠᠨ ᠣᠷᠣᠨ ᠭᠤᠷᠪᠠᠨ ᠪᠦᠰᠨ︾  ᠶᠢ ᠪᠦᠳᠦᠬᠡᠨ ᠪᠠᠶᠢᠭᠤᠯᠬᠤ ᠵᠣᠷᠢᠯᠭ᠎ᠠ ᠨᠢ ᠲᠠᠷᠣᠢ ᠲᠦᠪᠯᠡᠷᠡᠬᠦᠯᠦᠨ ᠵᠠᠯᠭᠠᠯᠳᠣᠭᠤᠯᠵᠣ ᠪᠢᠳᠡᠬᠦᠮᠵᠢᠯᠠᠵᠣ ᠪᠠᠯᠴᠢᠬᠡᠷᠯᠡᠬᠦᠯᠬᠦ  ᠶᠢ ᠵᠣᠭᠰᠣᠭᠠᠬᠤ ᠪᠠᠷ ᠲᠠᠮᠵᠢᠨ᠂ ᠠᠮᠢ ᠠᠬᠤᠢ ᠶᠢ ᠪᠦᠳᠦᠬᠡᠨ ᠪᠠᠶᠢᠭᠤᠯᠵᠣ ᠬᠠᠮᠠᠭᠠᠯᠠᠬᠤ ᠶᠢ ᠴᠢᠩᠭᠠᠳᠬᠠᠵᠣ᠂ ᠡᠪᠡᠰᠣᠨ  ᠤ ᠣᠨᠠᠯᠳᠠ  ᠶᠢ ᠲᠡᠬᠡᠭᠰᠢᠯᠡᠬᠦᠯᠬᠦ  ᠳᠤ ᠪᠣᠢ᠃ ᠲᠦᠯᠦᠪᠯᠡᠭᠰᠡᠨ  ᠢᠶᠠᠷ ︽ᠭᠤᠷᠪᠠᠨ ᠣᠷᠣᠨ᠂ ᠭᠤᠷᠪᠠᠨ ᠪᠦᠰᠨ︾  ᠳᠤ 169  ᠲᠦᠮᠡᠨ ᠮᠣ᠋ ᠬᠠᠳᠣᠯᠠᠩ ᠨᠡᠮᠡᠭᠳᠠᠵᠣ᠂ ᠮᠣ᠋ ᠪᠦᠷᠢ ᠶᠢᠨ ᠡᠪᠡᠰᠣᠨ  ᠤ ᠣᠨᠠᠯᠳᠠ  ᠶᠢ 40 ᠺᠢᠯᠦᠭᠷᠠᠮ ᠢᠶᠠᠷ ᠪᠣᠳᠣᠪᠠᠯ᠂ ᠲᠠᠵᠢᠬᠡᠯ ᠡᠪᠡᠰᠣ 0.68 ᠳ᠋ᠦᠩᠰᠢᠭᠤᠷ ᠺᠢᠯᠦᠭᠷᠠᠮ ᠨᠡᠮᠡᠭᠳᠡᠬᠦ ᠪᠣᠯᠣᠨ᠎ᠠ︔ ᠬᠤᠶᠠᠷ  ᠲᠤ ᠮᠠᠯᠴᠢᠳ  ᠤᠨ ᠬᠠᠳᠣᠯᠠᠩ  ᠢᠶᠠᠨ ᠬᠦᠷᠢᠶᠠᠯᠡᠬᠦ  ᠶᠢ ᠵᠣᠷᠢᠭᠵᠢᠭᠤᠯᠬᠤ ᠪᠠᠷ ᠲᠠᠮᠵᠢᠨ ᠡᠪᠡᠰᠣᠨ  ᠤ ᠠᠵᠣ ᠦᠢᠯᠡᠰ ᠢ ᠬᠦᠭᠵᠢᠬᠦᠯᠦᠨ᠎ᠠ᠃ ᠬᠤᠶᠢᠳᠣ ᠰᠣᠮᠣᠨ  ᠤ ᠨᠣᠳᠤᠭ ᠪᠡᠯᠴᠢᠬᠡᠷ  ᠤᠨ ᠲᠠᠯᠠᠪᠠᠢ ᠨᠠᠯᠢᠶᠠᠳ ᠶᠡᠭᠡ ᠮᠠᠯᠴᠢᠨ ᠡᠷᠦᠬᠡ  ᠶᠢ ᠢᠳᠠᠪᠬᠢᠳᠠᠢ  ᠵᠢᠯᠣᠭᠤᠳᠣᠨ ᠵᠣᠷᠢᠭᠵᠢᠭᠤᠯᠵᠣ᠂  ᠬᠡᠰᠡᠭ ᠪᠡᠯᠴᠢᠬᠡᠷ  ᠢᠶᠠᠨ ᠪᠢᠳᠡᠬᠦᠮᠵᠢᠯᠡᠨ ᠬᠠᠳᠣᠯᠠᠩ ᠪᠣᠯᠭᠠᠵᠣ᠂ ᠡᠪᠡᠰᠣᠨ  ᠤ ᠣᠨᠠᠯᠳᠠ  ᠶᠢ ᠲᠡᠬᠡᠭᠰᠢᠯᠡᠬᠦᠯᠦᠨ᠎ᠠ᠃ ᠡᠨ᠋ᠨ ᠵᠢᠯ 200 ᠡᠷᠤᠬᠡ  ᠳᠤ ᠬᠡᠷᠡᠭᠵᠢᠬᠦᠯᠬᠦ ᠪᠠᠷ ᠪᠠᠶᠢᠷᠢᠯᠠᠭᠤᠯᠪᠠ︔ ᠭᠤᠷᠪᠡ  ᠳᠤ ᠤᠰᠤ  ᠪᠠᠷ ᠭᠤᠣᠯ ᠪᠣᠯᠭᠠᠬᠤ ᠵᠠᠷᠴᠢᠮ  ᠢ ᠪᠠᠷᠢᠮᠳᠠᠯᠠᠵᠤ᠂ ᠡᠮᠤᠨ᠎ᠠ ᠰᠣᠮᠣᠨ  ᠤ ᠡᠪᠡᠰᠤ ᠪᠤᠷᠳᠤᠭ᠎ᠠ ᠲᠠᠷᠢᠬᠤ ᠪᠠᠶᠢᠳᠠᠯ ᠠᠩᠬ᠎ᠠ ᠠᠯᠬᠤᠮ ᠬᠡᠪᠴᠢᠶᠠᠵᠢᠭ᠍ᠰᠡᠨ ᠰᠠᠭᠤᠷᠢᠨ ᠲᠡᠬᠡᠷ᠎ᠠ᠂ ᠲᠤᠮᠳᠠ ᠬᠤᠶᠢᠳᠤ ᠰᠣᠮᠣᠨ  ᠤ ᠤᠰᠤᠨ  ᠤ ᠨᠦᠬᠦᠴᠡᠯ ᠲᠠᠢ ᠭᠠᠵᠡᠷ  ᠲᠤ ᠦᠡᠳᠤᠷ ᠤᠨᠠᠯᠳᠠᠳᠤ ᠡᠪᠡᠰᠤ ᠪᠤᠷᠳᠤᠭ᠎ᠠ ᠲᠠᠷᠢᠬᠤ  ᠶᠢ ᠢᠳᠡᠪᠬᠢᠳᠡᠢ ᠬᠦᠭᠵᠢᠬᠦᠯᠤᠨ᠂ ᠮᠠᠯ  ᠢ ᠤᠬᠤᠷ ᠬᠤᠭᠤᠴᠠᠭᠠᠨ ᠳᠤ ᠪᠤᠷᠳᠤᠨ ᠲᠠᠷᠭᠤᠯᠠᠭᠤᠯᠬᠤ ᠪᠠ ᠬᠠᠰᠢᠶᠠᠯᠠᠨ ᠲᠠᠵᠢᠬᠡᠬᠦ ᠬᠤᠭᠤᠴᠠᠭᠠᠨ  ᠤ ᠡᠪᠡᠰᠤ ᠪᠤᠷᠳᠤᠭ᠎ᠠ ᠨᠦᠬᠦᠪᠤᠷᠢᠯᠡᠬᠦ ᠠᠰᠠᠭᠤᠳᠠᠯ  ᠢ ᠰᠢᠢᠳᠪᠤᠷᠢᠯᠡᠨ᠎ᠠ᠃ ᠡᠨ᠋ᠨ ᠵᠢᠯ 2000 ᠮᠤ᠋ ᠦᠨᠳᠣᠷ ᠣᠨᠠᠯᠳᠠᠳᠣ ᠡᠪᠡᠰᠣ ᠪᠣᠷᠳᠤᠭ᠎ᠠ ᠨᠠᠮᠠᠵᠤ ᠲᠠᠷᠢᠨ᠂  ᠬᠦᠮᠦᠨ  ᠤ ᠬᠦᠴᠦ ᠪᠠᠷ 3000 ᠮᠣ᠋  ᠡᠪᠡᠰᠣ ᠲᠠᠷᠢᠨ᠎ᠠ︔ ᠲᠦᠷᠪᠡ ᠳᠤ ᠪᠦᠷᠢᠳᠤ ᠪᠤᠷᠳᠤᠭ᠎ᠠ ᠪᠤᠯᠪᠠᠰᠤᠷᠠᠭᠤᠯᠬᠤ ᠦᠢᠯᠡᠳᠪᠤᠷᠢ ᠶᠢ ᠬᠠᠪᠰᠣᠷᠣᠨ᠂  ᠪᠣᠯᠬᠤ  ᠶᠢᠨ ᠲᠣᠳᠣᠷ᠎ᠠ ᠪᠦᠬᠦ ᠴᠢᠳᠠᠯ  ᠢᠶᠠᠷ ᠨᠢ ᠦᠢᠯᠡᠳᠪᠣᠷᠢᠯᠡᠬᠦᠯᠵᠣ᠂ ᠬᠠᠰᠢᠶᠠᠯᠠᠨ ᠲᠠᠵᠢᠬᠡᠬᠦ ᠪᠤᠯᠤᠨ ᠦᠬᠡᠷ ᠬᠤᠨᠢ ᠪᠤᠷᠳᠤᠨ ᠲᠠᠷᠭᠤᠯᠠᠭᠤᠯᠬᠤ ᠵᠢᠴᠢ ᠰᠠᠭᠠᠯᠢ  ᠶᠢᠨ ᠦᠨᠢᠶ᠎ᠠ ᠲᠡᠵᠢᠬᠡᠬᠦ ᠵᠡᠷᠬᠡ ᠲᠠᠯ᠎ᠠ  ᠶᠢᠨ ᠲᠡᠵᠢᠬᠡᠯ ᠪᠤᠷᠳᠤᠭ᠎ᠠ ᠶᠢ ᠬᠠᠩᠭᠠᠨ᠎ᠠ᠃  ᠲᠡᠬᠡᠷᠡᠬᠢ ᠮᠠᠳᠤ ᠪᠦᠳᠦᠮᠵᠢᠳᠠᠢ ᠠᠷᠭ᠎ᠠ ᠬᠡᠮᠵᠢᠶ᠎ᠠ ᠠᠪᠬᠤ  ᠪᠠᠷ ᠲᠠᠮᠵᠢᠨ᠂  2 ᠊᠊᠊᠊᠊᠊᠊ 3 ᠵᠢᠯ  ᠤᠨ ᠲᠤᠳᠤᠷ᠎ᠠ ᠬᠤᠰᠢᠭᠤᠨ  ᠤ ᠲᠤᠳᠤᠭᠠᠳᠤ ᠳᠠᠭᠠᠨ ᠡᠪᠡᠰᠤ ᠪᠤᠷᠳᠤᠭ᠎ᠠ  ᠪᠠᠨ ᠦᠪᠡᠷ  ᠢᠶᠠᠨ ᠬᠠᠩᠭᠠᠬᠤ  ᠶᠢ ᠪᠠᠶᠠᠯᠠᠬᠦᠯᠬᠦ  ᠪᠠᠷ ᠴᠢᠷᠮᠠᠶᠢᠨ᠎ᠠ᠃ ᠮᠠᠯ ᠠᠵᠤ ᠠᠬᠤᠢ  ᠶᠢᠨ ᠠᠵᠤ ᠦᠢᠯᠡᠰᠵᠢᠯᠳᠠ  ᠶᠢᠨ ᠠᠬᠢᠴᠠ  ᠶᠢ ᠲᠦᠷᠬᠡᠳᠬᠡᠨ᠎ᠠ᠃ ᠰᠠᠭᠤᠷᠢᠨ ᠭᠠᠵᠡᠷ ᠪᠤᠯᠤᠨ ᠮᠠᠯᠵᠢᠬᠤ ᠤᠷᠤᠨ  ᠤ ᠬᠤᠷᠰᠢᠭᠰᠠᠨ ᠠᠵᠤ ᠠᠬᠤᠢ  ᠶᠢᠨ ᠵᠤᠬᠢᠶᠠᠨ ᠪᠠᠶᠢᠭᠤᠯᠤᠯᠳᠠ ᠶᠢ ᠪᠠᠶᠢᠭᠤᠯᠬᠤ ᠪᠠᠷ ᠭᠤᠤᠯᠳᠠᠯᠭ᠎ᠠ ᠪᠤᠯᠭᠠᠨ᠂ ᠰᠠᠭᠤᠷᠢᠨ ᠭᠠᠵᠡᠷ ᠪᠠ ᠠᠵᠤ ᠠᠬᠤᠢ  ᠶᠢᠨ ᠵᠤᠬᠢᠶᠠᠨ ᠪᠠᠶᠢᠭᠤᠯᠤᠯᠳᠠ  ᠶᠢᠨ ᠲᠠᠭᠠᠭᠤᠯᠤᠭᠴᠢ ᠬᠦᠴᠤᠨ  ᠢ ᠦᠳᠳᠡᠷ ᠲᠡᠬᠡᠭᠰᠢᠯᠡᠬᠦᠯᠵᠤ᠂ ᠲᠤᠯᠤᠭᠤᠶᠢᠯᠠᠭᠴᠢ ᠠᠵᠤ ᠠᠬᠤᠶᠢᠯᠡᠯ ᠪᠤᠯᠤᠨ ᠮᠠᠯᠴᠢᠨ ᠡᠷᠤᠬᠡ  ᠶᠢ ᠵᠢᠯᠤᠭᠤᠳᠤᠨ᠂ ᠪᠦᠳᠤᠮᠵᠢᠳᠡᠢ ᠬᠠᠷᠢᠯᠴᠠᠭᠤᠯᠬᠤ ᠳᠤᠨᠢ  ᠭᠤᠣᠯᠯᠠᠭᠴᠢ ᠦᠢᠯᠡᠳᠤᠯ ᠦᠵᠡᠬᠦᠯᠦᠨ᠎ᠠ᠃ ᠨᠢᠬᠡ ᠳᠤ᠂ ᠭᠠᠵᠡᠷ ᠤᠷᠤᠨ  ᠤ ᠬᠠᠮᠳᠤᠷᠠᠯᠴᠠᠭ᠎ᠠ  ᠪᠠᠨ ᠴᠢᠩᠭᠠᠳᠬᠠᠨ᠂ ᠰᠢᠯᠢ  ᠶᠢᠨ ᠬᠤᠳᠠ ᠳᠠᠬᠢ ᠲᠤᠯᠤᠭᠠᠶᠢᠯᠠᠭᠴᠢ ᠠᠵᠤ ᠠᠬᠤᠶᠢᠯᠠᠯ  ᠤᠨ ᠲᠠᠭᠠᠭᠤᠯᠭ᠎ᠠ ᠶᠢ ᠢᠳᠡᠪᠬᠢᠳᠡᠢ ᠬᠦᠯᠢᠶᠠᠵᠤ᠂ ᠮᠢᠬᠠᠨ  ᠤ ᠬᠤᠨᠢ᠂  ᠮᠢᠬᠠᠨ ᠤ ᠦᠬᠡᠷ᠂ ᠰᠦᠨ  ᠤ ᠢᠷᠠᠯᠳᠠ  ᠶᠢᠨ ︽ ᠭᠤᠷᠪᠡᠨ ᠶᠡᠭᠡ ᠰᠠᠭᠤᠷᠢᠨ ᠭᠠᠵᠡᠷ︾  ᠢ ᠪᠠᠶᠢᠭᠤᠯᠣᠨ᠎ᠠ᠃  ᠪᠤᠳᠡᠳᠡᠢ  ᠪᠠᠷ ᠶᠠᠷᠢᠪᠠᠯ᠂ ᠲᠤᠮᠳᠠ ᠬᠤᠶᠢᠳᠤ ᠰᠤᠮᠤ  ᠪᠠᠷ ᠭᠤᠤᠯ ᠪᠤᠯᠭᠠᠵᠤ ᠮᠢᠬᠠᠨ  ᠤ ᠬᠤᠨᠢᠨ  ᠤ ᠰᠠᠭᠤᠷᠢᠨ ᠭᠠᠵᠡᠷ  ᠢ ᠪᠠᠶᠢᠭᠤᠯᠤᠨ᠂ ᠡᠷᠳᠡ  ᠶᠢᠨ ᠲᠦᠯ ᠲᠤᠰᠴᠤ  ᠪᠣᠷᠳᠣᠬᠤ ᠪᠠᠷ ᠲᠠᠮᠵᠢᠨ᠂ ᠤᠯᠡᠷᠢᠯ ᠪᠦᠬᠦᠨ  ᠳᠤ ᠵᠠᠷᠤᠴᠠᠭᠤᠯᠬᠤ  ᠶᠢ ᠪᠠᠶᠡᠯᠡᠬᠦᠯᠦᠨ᠎ᠠ︔ ᠡᠮᠤᠨ᠎ᠠ ᠰᠤᠮᠤ  ᠪᠠᠷ ᠭᠤᠤᠯ ᠪᠤᠯᠭᠠᠨ ᠦᠬᠡᠷ  ᠤᠨ ᠢᠴᠡᠬᠡᠯ ᠦᠷ᠎ᠠ ᠶᠢᠨ ᠬᠡᠬᠡᠯᠳᠤᠬᠦᠯᠬᠡ ᠬᠢᠬᠦ ᠪᠤᠯᠤᠨ ᠰᠢᠯᠢᠳᠡᠭ ᠡᠬᠦᠯᠳᠡᠷ  ᠤᠨ ᠰᠢᠮᠧᠨ᠋ᠲ᠋ᠧᠷ ᠮᠢᠬᠠᠨ  ᠤ ᠦᠬᠡᠷ  ᠢ ᠤᠷᠤᠭᠤᠯᠬᠤ  ᠪᠠᠷ ᠲᠠᠮᠵᠢᠨ ᠮᠢᠬᠠᠨ  ᠤ ᠦᠬᠡᠷ  ᠤᠨ ᠠᠵᠤ ᠦᠢᠯᠡᠰ  ᠢ ᠬᠦᠭᠵᠢᠬᠦᠯᠬᠦ  ᠶᠢ ᠲᠦᠷᠬᠡᠳᠬᠡᠵᠤ᠂ ᠰᠢᠯᠢᠳᠡᠭ ᠡᠬᠦᠯᠳᠡᠷ  ᠤᠨ ᠦᠬᠡᠷ  ᠢ ᠲᠡᠵᠢᠬᠡᠵᠤ ᠦᠷᠡᠵᠢᠬᠦᠯᠬᠦ ᠰᠠᠭᠤᠷᠢᠨ ᠭᠠᠵᠡᠷ  ᠢ ᠪᠠᠶᠢᠭᠤᠯᠣᠨ᠎ᠠ︔ ᠤᠳᠤ ᠪᠠᠶᠢᠭ᠎ᠠ  3 ᠰᠠᠭᠠᠯᠢ  ᠶᠢᠨ ᠦᠨᠢᠶ᠎ᠠ ᠲᠡᠵᠢᠬᠡᠬᠦ ᠰᠠᠭᠤᠷᠢᠨ ᠭᠠᠵᠠᠷ  ᠢᠶᠠᠷ ᠭᠤᠤᠯ ᠪᠤᠯᠭᠠᠵᠤ᠂ ᠰᠠᠭᠠᠯᠢ ᠶᠢᠨ ᠦᠨᠢᠶ᠎ᠠ ᠪᠠ ᠮᠢᠬ᠎ᠠ ᠰᠦᠨ  ᠤ ᠬᠤᠤᠰ ᠬᠡᠷᠡᠭᠴᠡᠬᠡᠳᠤ ᠰᠠᠶᠢᠨ ᠡᠬᠦᠯᠳᠡᠷ  ᠤᠨ ᠦᠬᠡᠷ ᠲᠡᠵᠢᠬᠡᠬᠦ ᠦᠢᠯᠡᠰ  ᠢ ᠬᠦᠭᠵᠢᠬᠦᠯᠵᠤ᠂ ᠰᠦᠨ  ᠤ ᠢᠷᠠᠯᠳᠠ  ᠶᠢᠨ ᠰᠠᠭᠤᠷᠢᠨ ᠭᠠᠵᠡᠷ  ᠢ  ᠪᠠᠶᠢᠭᠤᠯᠣᠨ᠎ᠠ᠃ ᠬᠤᠶᠡᠷ  ᠲᠤ ᠮᠠᠨ  ᠤ ᠬᠤᠰᠢᠭᠤᠨ  ᠤ  ᠪᠠᠨ ᠮᠠᠯ ᠤᠨ ᠠᠰᠢᠭ ᠰᠢᠮ᠎ᠠ  ᠶᠢᠨ ᠡᠬᠢ ᠪᠠᠶᠠᠯᠢᠭ  ᠤᠨ ᠲᠠᠪᠠᠭᠤᠯᠢᠭ  ᠤᠨ ᠲᠤᠭᠤᠷᠢᠨ  ᠳᠤ᠂ 1 ᠊᠊᠊᠊᠊᠊ 2 ᠠᠵᠤ ᠦᠢᠯᠡᠰᠵᠢᠯᠳᠠ  ᠶᠢᠨ ᠠᠷᠠᠯᠵᠢᠶᠠᠴᠢᠨ ᠤᠷᠢᠬᠤ ᠲᠦᠷᠥᠯ ᠵᠥᠢᠯ  ᠢ ᠨᠠᠶᠢᠷᠠᠭᠤᠯᠵᠤ᠂ ᠲᠦᠷᠥᠯ ᠵᠥᠢᠯ  ᠢ ᠲᠦᠯᠤᠪᠵᠢᠬᠦᠯᠬᠦ ᠴᠢᠮᠡᠭᠯᠡᠬᠦ ᠪᠡᠯᠡᠳᠬᠡᠯ ᠠᠵᠢᠯ  ᠢ ᠰᠠᠶᠢᠳᠤᠷ ᠬᠢᠨ᠎ᠠ᠃ ᠡᠬᠦᠨ  ᠤ ᠬᠠᠮᠳᠤ᠂ ᠠ ᠱᠸᠡᠭ ᠺᠤᠮᠫᠠᠨᠢ  ᠶᠢᠨ ᠰᠦᠨ ᠲᠠᠯᠬ᠎ᠠ ᠪᠤᠯᠪᠠᠰᠤᠷᠠᠭᠤᠯᠬᠤ ᠲᠦᠷᠥᠯ ᠵᠥᠢᠯ  ᠢ ᠲᠠᠷᠥᠢ ᠲᠦᠷᠬᠡᠨ ᠪᠦᠳᠤᠬᠡᠨ ᠪᠠᠶᠢᠭᠤᠯᠬᠤ ᠶᠢ ᠢᠳᠡᠪᠬᠢᠳᠡᠢ ᠲᠠᠮᠵᠢᠨ᠂ ᠰᠢᠮᠧᠨ᠋ᠲ᠋ᠧᠷ ᠮᠢᠬ᠎ᠠ ᠰᠦᠨ  ᠤ ᠬᠤᠤᠰ ᠬᠡᠷᠡᠭᠴᠡᠬᠡᠳᠣ ᠦᠬᠡᠷ   ᠢ ᠲᠠᠵᠢᠬᠡᠵᠣ ᠦᠷᠡᠵᠢᠬᠦᠯᠬᠦ ᠦᠢᠯᠡᠰ  ᠤᠨ ᠬᠦᠭᠵᠢᠯᠳᠠ  ᠶᠢ ᠲᠠᠶᠢᠴᠢᠯᠠᠨ᠎ᠠ᠃ ᠭᠤᠷᠪᠡ  ᠳᠤ᠂ ᠮᠠᠯᠵᠢᠬᠤ ᠤᠷᠤᠨ  ᠤ  ᠬᠤᠷᠰᠢᠭᠰᠠᠨ ᠠᠵᠤ ᠠᠬᠤᠢ  ᠶᠢᠨ ᠵᠤᠬᠢᠶᠠᠨ ᠪᠠᠶᠢᠭᠤᠯᠤᠯᠳᠠ  ᠶᠢ ᠶᠡᠬᠡᠪᠡᠷ ᠬᠦᠭᠵᠢᠬᠦᠯᠵᠤ᠂ ᠪᠦᠬᠦ ᠬᠤᠰᠢᠭᠤᠨ  ᠤ ᠮᠠᠯ ᠠᠵᠤ ᠠᠬᠤᠢ  ᠶᠢ ᠤᠷᠤᠨ ᠲᠤᠭᠤᠷᠢᠭᠴᠢᠯᠡᠨ ᠬᠦᠭᠵᠢᠬᠦᠯᠬᠦ ᠪᠠᠶᠢᠷᠢᠯᠠᠭᠤᠯᠤᠯᠳᠠ ᠶᠤᠰᠤᠭᠠᠷ᠂ ᠲᠤᠰ ᠵᠢᠯ  ᠲᠤ 50 ᠨᠠᠶᠢᠬᠡᠮᠯᠢᠭ ᠪᠠ ᠵᠠᠭᠤᠴᠢ ᠪᠠᠶᠢᠭᠤᠯᠤᠮᠵᠢ ᠵᠠᠷᠬᠡ ᠬᠤᠷᠰᠢᠭᠰᠠᠨ ᠠᠵᠤ ᠠᠬᠤᠢ  ᠶᠢᠨ ᠵᠤᠬᠢᠶᠠᠨ ᠪᠠᠶᠢᠭᠤᠯᠤᠯᠳᠠ  ᠶᠢ ᠪᠠᠶᠢᠭᠤᠯᠬᠤ  ᠪᠠᠷ ᠴᠢᠷᠮᠠᠶᠢᠬᠤ  ᠶᠢᠨ ᠬᠠᠮᠳᠤ᠂ ᠦᠡᠳᠤᠰᠤᠨ ᠱᠠᠳᠤᠨ  ᠤ ᠵᠤᠬᠢᠶᠠᠨ ᠪᠠᠶᠢᠭᠤᠯᠤᠯᠳᠠ  ᠶᠢᠨ ᠪᠦᠳᠤᠬᠡᠨ ᠪᠠᠶᠢᠭᠤᠯᠤᠯᠳᠠ  ᠲᠠᠢ ᠨᠢᠭᠳᠠ ᠤᠶᠠᠯᠳᠤᠭᠤᠯᠵᠤ᠂ ᠲᠠᠭᠠᠭᠤᠯᠬᠤ ᠴᠢᠳᠠᠪᠬᠢ  ᠶᠢ ᠲᠡᠬᠡᠭᠰᠢᠯᠡᠬᠦᠯᠦᠨ᠂ ᠲᠡᠬᠦᠨ  ᠢᠶᠠᠷ ᠮᠠᠯᠴᠢᠳ  ᠤᠨ ᠠᠶᠢᠮᠠᠭ  ᠤᠨ ᠲᠤᠳᠤᠭᠠᠳᠤᠬᠢ ᠪᠤᠯᠤᠨ ᠬᠤᠰᠢᠭᠤᠨ ᠤ ᠲᠤᠳᠤᠭᠠᠳᠤᠬᠢ ᠮᠠᠯ ᠡᠳ᠋ᠰᠢᠬᠦᠯᠬᠦ ᠲᠤᠯᠤᠭᠠᠶᠢᠯᠠᠭᠴᠢ ᠠᠵᠤ ᠠᠬᠤᠶᠢᠯᠡᠯ ᠲᠠᠢ ᠪᠦᠳᠤᠮᠵᠢᠳᠡᠢ ᠬᠠᠷᠢᠯᠴᠠᠭᠤᠯᠬᠤ  ᠶᠢ ᠪᠠᠶᠡᠯᠡᠬᠦᠯᠵᠣ᠂ ᠲᠠᠷᠥᠢ ᠲᠦᠷᠬᠡᠨ ᠠᠵᠤ ᠠᠬᠤᠶᠢᠯᠡᠯ᠂ ᠠᠵᠤ ᠠᠬᠤᠢ  ᠶᠢᠨ ᠵᠤᠬᠢᠶᠠᠨ ᠪᠠᠶᠢᠭᠤᠯᠤᠯᠳᠠ  ᠪᠠ  ᠮᠠᠯᠴᠢᠨ ᠡᠷᠤᠬᠡ ᠤᠶᠠᠯᠳᠤᠭᠰᠡᠨ ᠠᠵᠤ ᠦᠢᠯᠡᠰᠵᠢᠯᠳᠠ ᠶᠢᠨ ᠬᠡᠪ ᠪᠠᠶᠢᠳᠠᠯ  ᠢ ᠪᠦᠷᠢᠯᠳᠦᠬᠦᠯᠦᠨ᠎ᠠ᠃  ︵ᠬᠤᠶᠠᠷ︶ ᠲᠠᠪᠠᠭᠤᠯᠢᠭ ᠠᠵᠣ ᠦᠢᠯᠡᠰ ᠪᠣᠯᠣᠨ ᠦᠪᠡᠷᠮᠢᠴᠨ ᠪᠦᠳᠦᠬᠡᠭᠳᠡᠬᠦᠨ  ᠢ ᠪᠣᠶᠢᠵᠢᠭᠤᠯᠵᠣ᠂ ᠠᠵᠣ ᠦᠢᠯᠡᠳᠪᠣᠷᠢᠵᠢᠯᠳᠠ  ᠶᠢᠨ ᠠᠬᠢᠴᠨ  ᠶᠢ ᠲᠦᠷᠬᠡᠳᠬᠡᠨ᠎ᠠ᠃ ᠡᠯᠪᠡᠭ ᠪᠠᠶᠠᠯᠢᠭ ᠠᠭᠤᠷᠬᠠᠢ ᠶᠢᠨ ᠭᠠᠷᠣᠯᠳᠠ ᠪᠣᠯᠣᠨ ᠮᠠᠯ  ᠤᠨ ᠭᠠᠷᠣᠯᠳᠠ ᠵᠡᠷᠬᠡ ᠬᠤᠶᠠᠷ ᠶᠡᠭᠡ ᠡᠬᠢ ᠪᠠᠶᠠᠯᠢᠭ  ᠤᠨ ᠲᠠᠪᠠᠭᠤᠯᠢᠭ ᠲᠠᠭᠠᠨ ᠲᠦᠰᠢᠭᠯᠡᠨ᠂ ᠲᠦᠷᠪᠠᠨ  ᠠᠵᠣ ᠦᠢᠯᠡᠳᠪᠣᠷᠢ  ᠶᠢᠨ ᠠᠵᠣ ᠦᠢᠯᠡᠰ  ᠢ ᠬᠦᠭᠵᠢᠬᠦᠯᠦᠨ᠎ᠠ᠃ ᠲᠠᠷᠣᠢ᠄ ᠨᠡᠬᠦᠷᠡᠰᠣ ᠪᠣᠯᠣᠨ ᠰᠡᠯᠬᠢᠨ ᠡᠨᠧᠷᠬᠢ  ᠶᠢᠨ ᠡᠬᠢ ᠪᠠᠶᠠᠯᠢᠭ  ᠢᠶᠠᠨ ᠠᠰᠢᠭᠯᠠᠨ ᠡᠨᠧᠷᠬᠢ  ᠶᠢᠨ ᠠᠵᠣ ᠦᠢᠯᠡᠳᠪᠣᠷᠢ  ᠶᠢ ᠬᠦᠭᠵᠢᠬᠦᠯᠵᠣ᠂ ᠨᠡᠬᠦᠷᠡᠰᠣ ᠪᠣᠯᠣᠨ ᠴᠣᠬᠤᠢ  ᠶᠢᠨ ᠴᠢᠯᠠᠭᠤᠯᠢᠭ  ᠤᠨ ᠡᠬᠢ ᠪᠠᠶᠠᠯᠢᠭ ᠢᠶᠠᠨ ᠠᠰᠢᠭᠯᠠᠨ ᠬᠢᠮᠢ  ᠶᠢᠨ ᠠᠵᠣ ᠦᠢᠯᠡᠳᠪᠣᠷᠢ  ᠶᠢ ᠬᠦᠭᠵᠢᠬᠦᠯᠦᠨ᠂ ᠲᠠᠮᠣᠷ᠂ ᠵᠠᠰ᠂ ᠵᠣᠭᠠᠩ ᠵᠡᠷᠬᠡ ᠡᠬᠢ ᠪᠠᠶᠠᠯᠢᠭ  ᠢᠶᠠᠨ ᠠᠰᠢᠭᠯᠠᠨ ᠠᠭᠤᠷᠬᠠᠢ  ᠶᠢᠨ ᠦᠢᠯᠡᠰ  ᠢ ᠬᠦᠭᠵᠢᠬᠦᠯᠵᠣ᠂ ᠮᠠᠯ ᠤᠨ ᠭᠠᠷᠣᠯᠳᠠ  ᠶᠢᠨ ᠡᠬᠢ ᠪᠠᠶᠠᠯᠢᠭ  ᠢᠶᠠᠨ ᠠᠰᠢᠭᠯᠠᠨ ᠮᠠᠯ  ᠤᠨ ᠠᠰᠢᠭ ᠰᠢᠮ᠎ᠠ  ᠶᠢ ᠪᠣᠯᠪᠠᠰᠣᠷᠠᠭᠤᠯᠬᠤ ᠦᠢᠯᠡᠰ  ᠢ  ᠬᠦᠭᠵᠢᠬᠦᠯᠦᠨ᠎ᠠ᠃ ᠡᠨ᠋ᠨ ᠵᠢᠯ  ᠂ ︽ᠶᠡᠭᠡ  ᠶᠢ ᠠᠳᠬᠤᠬᠤ  ᠶᠢᠨ ᠬᠠᠮᠳᠣ ᠪᠠᠭ᠎ᠠ  ᠶᠢ ᠰᠣᠯᠠᠷᠠᠭᠤᠯᠬᠤ ᠦᠬᠡᠢ︾ ᠵᠠᠷᠴᠢᠮ  ᠢ ᠪᠠᠷᠢᠮᠳᠠᠯᠠᠨ᠂ ᠲᠦᠷᠦᠯ ᠵᠦᠢᠯ  ᠤᠨ ᠪᠦᠳᠦᠬᠡᠨ ᠪᠠᠶᠢᠭᠤᠯᠣᠯᠳᠠ ᠪᠠᠷ ᠠᠵᠣ ᠦᠢᠯᠡᠳᠪᠣᠷᠢ  ᠶᠢ ᠬᠦᠭᠵᠢᠬᠦᠯᠬᠦ ᠭᠤᠣᠯᠳᠠᠯᠭ᠎ᠠ ᠪᠣᠯᠭᠠᠨ ᠠᠳᠬᠤᠵᠣ᠂ ᠪᠠᠶᠢᠭᠤᠯᠵᠣ ᠪᠠᠶᠢᠭ᠎ᠠ ᠲᠦᠷᠦᠯ ᠵᠦᠢᠯ  ᠤᠨ ᠠᠬᠢᠴᠨ  ᠶᠢ ᠠᠳᠬᠤᠬᠤ᠂ ᠡᠬᠢᠨ  ᠤ ᠬᠤᠭᠤᠴᠠᠭᠠᠨ ᠤ ᠲᠦᠷᠦᠯ ᠵᠦᠢᠯ  ᠤᠨ ᠡᠬᠢᠯᠠᠯᠳᠠ  ᠶᠢᠨ ᠠᠵᠢᠯ  ᠢ ᠠᠳᠬᠤᠬᠤ᠂ ᠦᠢᠯᠡᠳᠪᠣᠷᠢᠯᠡᠵᠣ ᠪᠠᠶᠢᠭ᠎ᠠ ᠠᠵᠣ ᠠᠬᠤᠶᠢᠯᠠᠯ  ᠤᠨ ᠣᠷᠴᠢᠯᠳᠠ ᠶᠢ ᠠᠳᠬᠤᠬᠤ ᠱᠠᠭᠠᠷᠳᠠᠯᠭ᠎ᠠ ᠶᠣᠰᠣᠭᠠᠷ᠂ ᠨᠡᠬᠦᠷᠡᠰᠣ᠂ ᠴᠠᠬᠢᠯᠭᠠᠨ᠂ ᠬᠢᠮᠢ ᠨᠢᠬᠡ ᠴᠣᠭᠴᠠᠵᠢᠭᠤᠯᠣᠭᠰᠠᠨ ᠲᠣᠮᠣ ᠲᠦᠷᠦᠯ ᠵᠦᠢᠯ  ᠤᠨ ᠪᠦᠳᠦᠬᠡᠨ ᠪᠠᠶᠢᠭᠤᠯᠣᠯᠳᠠ  ᠶᠢ ᠪᠦᠬᠦ ᠬᠦᠴᠦ ᠪᠠᠷ ᠲᠦᠯᠬᠢᠨ ᠠᠬᠢᠭᠤᠯᠬᠤ  ᠶᠢᠨ ᠬᠠᠮᠳᠣ᠂ ᠲᠠᠮᠣᠷ᠂ ᠵᠠᠰ᠂ ᠨᠡᠬᠦᠷᠡᠰᠣ᠂ ᠵᠣᠭᠠᠩ᠂ ᠮᠢᠬᠠᠨ ᠤ ᠪᠦᠳᠦᠬᠡᠭᠳᠡᠬᠦᠨ  ᠢ ᠪᠣᠯᠪᠠᠰᠣᠷᠠᠭᠤᠯᠬᠤ ᠵᠡᠷᠬᠡ ᠲᠣᠮᠳᠠ ᠪᠠᠭ᠎ᠠ ᠲᠦᠷᠦᠯ ᠵᠦᠢᠯ ᠤᠨ ᠪᠦᠳᠦᠬᠡᠨ ᠪᠠᠶᠢᠭᠤᠯᠣᠯᠳᠠ  ᠶᠢ  ᠴᠣ᠋ ᠠᠩᠬᠠᠷᠣᠯ  ᠢᠶᠠᠨ ᠲᠠᠯᠪᠢᠨ ᠠᠳᠬᠤᠨ᠎ᠠ᠃ ᠲᠡᠯᠬᠡᠷ ᠬᠦᠨᠳᠣ ᠬᠢᠮᠢ  ᠶᠢᠨ ᠠᠵᠣ ᠦᠢᠯᠡᠳᠪᠣᠷᠢ  ᠶᠢᠨ ᠰᠠᠭᠤᠷᠢᠨ ᠭᠠᠵᠠᠷ᠃ ᠦᠨᠳᠣᠷ ᠬᠠᠷᠠᠯᠳᠠᠳᠣ ᠪᠠᠷᠢᠮᠵᠢᠶ᠎ᠠ  ᠪᠠᠷ ᠪᠦᠳᠦᠬᠡᠨ ᠪᠠᠶᠢᠭᠤᠯᠬᠤ  ᠶᠢ ᠪᠠᠷᠢᠮᠳᠠᠯᠠᠨ᠂ ᠰᠠᠭᠤᠷᠢᠨ ᠭᠠᠵᠠᠷ  ᠢ ᠪᠣᠬᠢᠷᠳᠣᠯ ᠪᠠᠭ᠎ᠠ᠂ ᠣᠯᠣᠰ ᠤᠨ ᠣᠷᠴᠢᠨ ᠲᠣᠭᠤᠷᠢᠨ  ᠢ ᠬᠠᠮᠠᠭᠠᠯᠠᠬᠤ ᠪᠠᠷᠢᠮᠵᠢᠶ᠎ᠠ  ᠳᠤ ᠨᠡᠶᠢᠴᠡᠭᠰᠡᠨ ᠬᠢᠮᠢ  ᠶᠢᠨ ᠠᠵᠣ ᠦᠢᠯᠡᠳᠪᠣᠷᠢ  ᠶᠢᠨ ᠰᠠᠭᠤᠷᠢᠨ ᠭᠠᠵᠠᠷ ᠪᠣᠯᠭᠠᠵᠣ ᠪᠦᠳᠦᠬᠡᠨ ᠪᠠᠶᠢᠭᠤᠯᠬᠤ ᠪᠠᠷ ᠴᠢᠷᠮᠠᠶᠢᠨ᠎ᠠ᠃ ᠨᠢᠬᠡ ᠳᠤ᠂ ᠰᠠᠭᠤᠷᠢᠨ ᠭᠠᠵᠠᠷ ᠤᠨ ᠰᠠᠭᠤᠷᠢ ᠲᠦᠬᠦᠬᠡᠷᠦᠮᠵᠢ  ᠶᠢᠨ ᠪᠦᠳᠦᠬᠡᠨ ᠪᠠᠶᠢᠭᠤᠯᠣᠯᠳᠠ  ᠶᠢ ᠣᠯᠠᠮ ᠨᠢᠬᠡ ᠠᠯᠬᠤᠮ ᠴᠢᠩᠭᠠᠳᠬᠠᠨ᠎ᠠ᠃ 6 ᠰᠠᠷ᠎ᠠ  ᠳᠤ  ᠂ ᠣᠰᠣᠨ  ᠤ ᠢᠷᠠᠯᠳᠠ  ᠶᠢᠨ ᠢᠵᠢ ᠪᠦᠷᠢᠳᠦᠭᠰᠡᠨ ᠪᠦᠳᠦᠬᠡᠨ ᠪᠠᠶᠢᠭᠤᠯᠣᠯᠳᠠ ᠪᠣᠯᠣᠨ ᠣᠰᠣ ᠬᠠᠩᠭᠠᠬᠤ ᠢᠨᠵᠧᠨᠧᠷᠢᠩ  ᠢ ᠪᠠᠶᠠᠯᠡᠬᠦᠯᠵᠣ᠂ ᠰᠠᠭᠤᠷᠢᠨ ᠭᠠᠵᠠᠷ  ᠤᠨ ᠦᠢᠯᠡᠳᠪᠣᠷᠢᠯᠡᠯ ᠠᠮᠢᠳᠣᠷᠠᠯ  ᠳᠤ ᠬᠡᠷᠡᠭᠰᠡᠬᠦ  ᠣᠰᠣ  ᠶᠢ ᠬᠠᠩᠭᠠᠵᠣ᠂ 220  ᠺᠢᠯᠣᠸᠣᠯᠲ  ᠶᠢᠨ ᠬᠦᠴᠦᠳᠠᠯ ᠦᠬᠡᠷᠡᠴᠢᠯᠡᠬᠦ ᠴᠠᠬᠢᠯᠭᠠᠨ ᠱᠣᠭᠤᠮ  ᠤᠨ ᠭᠤᠶᠣᠴᠢᠯᠠᠯ  ᠢ ᠴᠢᠩᠭᠠᠳᠬᠠᠭᠰᠠᠨ ᠰᠠᠭᠤᠷᠢᠨ ᠲᠡᠬᠡᠷ᠎ᠠ 110 ᠺᠢᠯᠣᠸᠣᠯᠲ ᠬᠦᠴᠦᠳᠠᠯ ᠦᠬᠡᠷᠡᠴᠢᠯᠡᠬᠦ ᠴᠠᠬᠢᠯᠭᠠᠨ ᠱᠣᠭᠤᠮ  ᠤᠨ ᠪᠠᠷᠢᠯᠭ᠎ᠠ ᠶᠢ ᠡᠷᠳᠠ ᠡᠬᠢᠯᠠᠬᠦᠯᠵᠣ᠂ 8 ᠰᠠᠷ᠎ᠠ  ᠳᠤ ᠪᠠᠷᠢᠯᠭ᠎ᠠ ᠲᠠᠭᠤᠰᠬᠠᠬᠤ ᠪᠠᠷ ᠴᠢᠷᠮᠠᠶᠢᠵᠣ᠂ ᠠᠵᠣ ᠠᠬᠤᠶᠢᠯᠠᠯ  ᠤᠨ ᠲᠣᠭᠳᠠᠭᠰᠠᠨ ᠬᠤᠭᠤᠴᠠᠭᠠᠨ ᠳᠠᠭᠠᠨ ᠦᠢᠯᠡᠳᠪᠣᠷᠢᠯᠠᠯ ᠡᠬᠢᠯᠡᠬᠦᠯᠬᠦ  ᠶᠢ ᠪᠠᠳᠣᠯᠠᠨ᠎ᠠ᠃ ᠬᠤᠶᠠᠷ ᠲᠤ᠂ ᠠᠵᠣ ᠠᠬᠤᠶᠢᠯᠠᠯ  ᠢ ᠬᠠᠪᠰᠣᠷᠣᠨ ᠪᠦᠳᠦᠬᠡᠨ ᠪᠠᠶᠢᠭᠤᠯᠬᠤ ᠠᠬᠢᠴᠨ  ᠶᠢ ᠲᠦᠷᠬᠡᠳᠬᠡᠵᠣ᠂ ᠰᠠᠭᠤᠷᠢᠨ ᠭᠠᠵᠠᠷ  ᠲᠤ ᠣᠷᠣᠭᠰᠠᠨ 3 ᠠᠵᠣ ᠠᠬᠤᠶᠢᠯᠠᠯ  ᠢ ᠢᠳᠡᠪᠬᠢᠳᠠᠢ ᠲᠠᠮᠵᠢᠨ᠂ ᠦᠢᠯᠡᠳᠪᠣᠷᠢᠯᠠᠯ ᠡᠬᠢᠯᠡᠬᠦᠯᠬᠦ  ᠠᠴᠠ ᠡᠮᠣᠨᠡᠬᠢ ᠡᠯ᠎ᠠ ᠵᠦᠢᠯ  ᠤᠨ ᠪᠡᠯᠡᠳᠬᠡᠯ ᠠᠵᠢᠯ  ᠢ ᠪᠠᠶᠠᠯᠡᠬᠦᠯᠦᠨ᠂ ᠠᠵᠣ ᠠᠬᠤᠶᠢᠯᠠᠯ  ᠢ ᠬᠠᠪᠰᠣᠷᠣᠨ ᠡᠯ᠎ᠠ ᠵᠦᠢᠯ  ᠤᠨ ᠵᠦᠪᠰᠢᠶᠠᠷᠠᠯ ᠤᠨ ᠬᠡᠷᠡᠴᠢ ᠪᠠ ᠭᠠᠷ ᠬᠦᠢᠴᠡᠳᠬᠡᠯ ᠬᠢᠵᠣ᠂ ᠣᠷᠴᠢᠨ ᠲᠣᠭᠤᠷᠢᠨ  ᠢ ᠬᠠᠮᠠᠭᠠᠯᠠᠬᠤ ᠦᠨᠡᠯᠡᠯᠳᠠ ᠪᠠᠷ ᠲᠠᠮᠵᠢᠨ᠂ ᠦᠢᠯᠡᠳᠪᠣᠷᠢᠯᠠᠯ ᠡᠬᠢᠯᠡᠬᠦ ᠨᠦᠬᠦᠴᠡᠯ  ᠳᠤ ᠬᠦᠷᠬᠡᠵᠣ᠂  ᠪᠠᠶᠢᠭᠤᠯᠵᠣ ᠪᠠᠶᠢᠭ᠎ᠠ  6 ᠰᠠᠭᠤᠷᠢ ᠴᠠᠬᠢᠯᠠᠭᠤᠷ ᠴᠢᠯᠠᠭᠤᠨ ᠵᠣᠤᠬ᠎ᠠ ᠶᠢ 9 ᠰᠠᠷ᠎ᠠ  ᠳᠤ  ᠪᠠᠷᠢᠯᠭ᠎ᠠ ᠲᠡᠬᠦᠰᠬᠡᠨ  ᠲᠤᠷᠰᠢᠵᠤ ᠦᠢᠯᠡᠳᠪᠤᠷᠢᠯᠡᠬᠦᠯᠤᠨ᠂ ᠲᠣᠰ ᠵᠢᠯ  ᠳᠡᠭᠡᠨ 4.5 ᠲᠦᠮᠡᠨ ᠲᠣᠨ ᠴᠠᠬᠢᠯᠠᠭᠤᠷ ᠴᠢᠯᠠᠭᠤ ᠦᠢᠯᠡᠳᠪᠣᠷᠢᠯᠡᠬᠦᠯᠬᠦ ᠪᠠᠷ ᠴᠢᠷᠮᠠᠶᠢᠨ᠎ᠠ᠃ ᠭᠤᠷᠪᠠ ᠳᠤ᠂ ᠦᠷᠬᠦᠯᠵᠢᠯᠡᠨ ᠠᠷᠠᠯᠵᠢᠶᠠᠴᠢᠨ ᠣᠷᠢᠵᠣ ᠪᠡᠯᠨ ᠲᠠᠳᠠᠬᠤ ᠠᠵᠢᠯ  ᠤᠨ ᠡᠷᠴᠢᠮ  ᠢᠶᠠᠨ ᠴᠢᠩᠭᠠᠯᠠᠵᠣ᠂ ᠡᠨ᠋ᠨ ᠵᠢᠯ ᠲᠠᠬᠢᠨ 2│3 ᠠᠵᠣ ᠠᠬᠤᠶᠢᠯᠠᠯ  ᠢ ᠰᠠᠭᠤᠷᠢᠨ ᠭᠠᠵᠠᠷ  ᠲᠤ ᠣᠷᠣᠭᠤᠯᠬᠤ ᠪᠠᠷ  ᠴᠢᠷᠮᠠᠶᠢᠨ᠂ 2006  ᠣᠨ ᠪᠣᠯᠬᠤ  ᠳᠤ ᠴᠠᠬᠢᠯᠠᠭᠤᠷ ᠴᠢᠯᠠᠭᠤ ᠦᠢᠯᠡᠳᠪᠣᠷᠢᠯᠡᠬᠦ ᠴᠢᠳᠠᠪᠣᠷᠢ  ᠶᠢ 40  ᠲᠦᠮᠡᠨ ᠲᠣᠨ  ᠳᠤ ᠬᠦᠷᠬᠡᠨ᠎ᠠ᠃ ᠲᠦᠷᠪᠠ  ᠳᠤ᠂ ᠰᠠᠭᠤᠷᠢᠨ ᠭᠠᠵᠠᠷ  ᠲᠤ ᠠᠵᠣ ᠦᠢᠯᠡᠰ ᠬᠦᠭᠵᠢᠬᠦᠯᠬᠦ ᠲᠦᠯᠦᠪᠵᠢᠬᠦᠯᠬᠡ  ᠶᠢ ᠰᠠᠶᠢᠳᠣᠷ  ᠬᠢᠵᠣ᠂ ᠣᠷᠳᠣ ᠬᠤᠭᠤᠴᠠᠭ᠎ᠠ ᠪᠠᠷ ᠬᠦᠭᠵᠢᠬᠦᠯᠵᠣ ᠪᠣᠯᠬᠤᠶᠢᠴᠨ ᠲᠦᠷᠦᠯ ᠵᠦᠢᠯ ᠪᠠ ᠪᠠᠯᠠᠳᠬᠡᠯ ᠲᠦᠷᠦᠯ ᠵᠦᠢᠯ  ᠢ ᠣᠷᠢᠳᠴᠢᠯᠠᠵᠣ ᠪᠣᠳᠣᠯᠬᠢᠯᠠᠨ᠂ ᠲᠠᠷᠠᠭᠠᠴᠢ ᠶᠢᠨ ᠪᠦᠳᠦᠬᠡᠭᠳᠡᠬᠦᠨ  ᠢ ᠬᠦᠭᠵᠢᠬᠦᠯᠦᠨ᠂ ᠠᠵᠣ ᠦᠢᠯᠡᠰ  ᠤᠨ ᠬᠡᠯᠬᠢᠶ᠎ᠠ ᠶᠢ ᠣᠷᠳᠣᠳᠬᠠᠵᠣ᠂ ᠦᠢᠯᠡᠳᠪᠣᠷᠢᠯᠠᠯ ᠢ ᠨᠡᠮᠡᠭᠳᠡᠬᠦᠯᠦᠨ᠂ ᠠᠭᠠᠵᠢᠮ  ᠢᠶᠠᠷ ᠠᠵᠣ ᠦᠢᠯᠡᠰ  ᠤᠨ ᠪᠦᠯᠦᠭᠯᠡᠯ  ᠢ ᠪᠣᠢ ᠪᠣᠯᠭᠠᠨ᠎ᠠ᠃ ᠲᠣᠰ ᠵᠢᠯ  ᠳᠤ ᠪᠦᠬᠡᠮᠨᠡᠷᠡᠯ ᠡᠾᠯᠣᠷᠳᠣ  ᠡᠸ᠋ᠲ᠋ᠧᠨ ᠤ ᠲᠦᠷᠦᠯ ᠵᠦᠢᠯ  ᠢ ᠨᠡᠬᠡᠬᠡᠨ ᠠᠰᠢᠭᠯᠠᠬᠤ ᠡᠵᠡᠩᠨᠡᠭᠴᠢ  ᠶᠢ ᠨᠠᠶᠢᠳᠠᠪᠣᠷᠢᠵᠢᠭᠤᠯᠬᠤ ᠶᠢᠨ ᠬᠠᠮᠳᠣ ᠪᠠᠷᠢᠯᠭ᠎ᠠ  ᠶᠢᠨ ᠠᠵᠢᠯ  ᠢ ᠡᠬᠢᠯᠡᠬᠦᠯᠬᠦ ᠪᠠᠷ ᠴᠢᠷᠮᠠᠶᠢᠨ᠎ᠠ᠃ ᠲᠠᠪᠤ  ᠳᠤ᠂ ᠰᠠᠭᠤᠷᠢᠨ ᠭᠠᠵᠠᠷ  ᠤᠨ ᠬᠠᠮᠢᠶᠠᠷᠣᠯᠳᠠ ᠶᠢᠨ ᠪᠠᠶᠢᠭᠤᠯᠣᠮᠵᠢ  ᠶᠢ ᠪᠠᠶᠢᠭᠤᠯᠣᠨ᠎ᠠ᠃ 4 ᠰᠠᠷ᠎ᠠ  ᠳᠤ ᠬᠦᠮᠦᠨ  ᠢᠶᠠᠨ ᠲᠣᠭᠳᠠᠭᠠᠵᠣ᠂ ᠣᠷᠣᠨ ᠲᠤᠭ᠎ᠠ  ᠶᠢ ᠨᠠᠶᠢᠳᠠᠪᠣᠷᠢᠵᠢᠭᠤᠯᠬᠤ ᠠᠵᠢᠯ  ᠢ ᠪᠠᠶᠠᠯᠡᠬᠦᠯᠦᠨ᠂ ᠰᠠᠭᠤᠷᠢᠨ ᠭᠠᠵᠠᠷ ᠤᠨ ᠬᠠᠮᠢᠶᠠᠷᠣᠯᠳᠠ ᠤᠨ ᠵᠦᠪᠯᠡᠯ ᠢ ᠪᠠᠶᠢᠭᠤᠯᠣᠨ᠂ ᠰᠠᠭᠤᠷᠢᠨ ᠭᠠᠵᠠᠷ  ᠤᠨ ᠲᠦᠷᠢᠮᠵᠢᠭᠰᠡᠨ ᠬᠠᠮᠢᠶᠠᠷᠣᠯᠳᠠ  ᠶᠢ ᠪᠠᠶᠡᠯᠡᠬᠦᠯᠵᠣ᠂  ᠰᠠᠭᠤᠷᠢᠰᠢᠭᠰᠠᠨ ᠠᠵᠣ ᠠᠬᠤᠶᠢᠯᠠᠯ  ᠳᠤ ᠨᠡᠩ ᠰᠠᠶᠢᠨ ᠦᠢᠯᠡᠴᠢᠯᠡᠭᠡ ᠬᠠᠩᠭᠠᠬᠤ ᠶᠢᠨ ᠬᠠᠮᠳᠣ ᠂ ᠦᠪᠡᠷᠳᠡᠬᠡᠨ ᠵᠠᠰᠠᠬᠤ ᠣᠷᠣᠨ  ᠤ ᠭᠤᠣᠯᠳᠠᠯᠭ᠎ᠠ ᠲᠠᠢ ᠠᠵᠣ ᠦᠢᠯᠡᠳᠪᠣᠷᠢ  ᠶᠢᠨ ᠰᠠᠭᠤᠷᠢᠨ ᠭᠠᠵᠠᠷ ᠪᠣᠯᠭᠠᠬᠤ  ᠪᠠᠷ  ᠭᠤᠶᠣᠴᠢᠯᠠᠨ ᠮᠡᠳᠡᠬᠦᠯᠬᠦ ᠡᠯ᠎ᠠ ᠵᠦᠢᠯ  ᠤᠨ ᠪᠡᠯᠡᠳᠬᠡᠯ ᠠᠵᠢᠯ  ᠢ ᠰᠠᠶᠢᠳᠣᠷ ᠬᠢᠨ᠎ᠠ᠃ ᠴᠠᠭᠠᠨᠨᠠᠭᠤᠷ ᠨᠡᠬᠦᠷᠡᠰᠣ ᠴᠠᠬᠢᠯᠭᠠᠨ  ᠤ ᠲᠦᠷᠦᠯ ᠵᠦᠢᠯ᠃ 300 ᠲᠦᠮᠡᠨ ᠲᠣᠨ ᠨᠡᠬᠦᠷᠡᠰᠣ ᠮᠠᠯᠳᠠᠬᠤ ᠪᠣᠯᠣᠨ 2 ×135 ᠮᠧᠭᠠᠸᠠᠲ ᠤᠨ ᠦᠪᠡᠷᠳᠡᠬᠡᠨ ᠬᠡᠷᠡᠭᠯᠡᠬᠦ ᠴᠠᠬᠢᠯᠭᠠᠨ ᠦᠢᠯᠡᠳᠪᠣᠷᠢ ᠶᠢᠨ ᠲᠦᠷᠦᠯ ᠵᠦᠢᠯ  ᠢ ᠬᠡᠷᠡᠭᠵᠢᠬᠦᠯᠬᠦ  ᠶᠢ ᠪᠦᠬᠦ ᠬᠦᠴᠦ ᠪᠠᠷ ᠲᠦᠯᠬᠢᠨ ᠠᠬᠢᠭᠤᠯᠣᠨ᠂ 5 ᠰᠠᠷ᠎ᠠ  ᠳᠤ ᠲᠦᠷᠦᠯ ᠵᠦᠢᠯ  ᠤᠨ ᠰᠠᠭᠤᠷᠢ ᠲᠦᠬᠦᠬᠡᠷᠦᠮᠵᠢ  ᠶᠢᠨ ᠪᠦᠳᠦᠬᠡᠨ ᠪᠠᠶᠢᠭᠤᠯᠣᠯᠳᠠ ᠳᠤ ᠬᠡᠷᠡᠭᠰᠡᠬᠦ 10 ᠺᠢᠯᠣᠸᠣᠯᠲ ᠶᠢᠨ ᠬᠦᠴᠦᠳᠠᠯ ᠦᠬᠡᠷᠡᠴᠢᠯᠡᠬᠦ ᠴᠠᠬᠢᠯᠭᠠᠨ ᠱᠣᠭᠤᠮ ᠲᠠᠳᠠᠬᠤ ᠠᠵᠢᠯ  ᠢ ᠪᠠᠶᠠᠯᠡᠬᠦᠯᠵᠣ᠂  ᠠᠮᠢᠳᠣᠷᠠᠯ  ᠤᠨ ᠲᠣᠭᠤᠷᠢᠭ  ᠢ ᠡᠬᠢᠯᠠᠵᠣ ᠪᠠᠶᠢᠭᠤᠯᠣᠨ᠎ᠠ᠃ 6 ᠰᠠᠷ᠎ᠠ  ᠳᠤ ᠨᠡᠬᠦᠷᠡᠰᠣᠨ ᠠᠭᠤᠷᠬᠠᠢ  ᠶᠢᠨ ᠨᠠᠷᠢᠨ ᠪᠠᠶᠢᠴᠠᠭᠠᠯᠳᠠ  ᠶᠢ ᠪᠠᠶᠡᠯᠡᠬᠦᠯᠵᠣ᠂ 8 ᠰᠠᠷ᠎ᠠ  ᠳᠤ ᠲᠦᠷᠦᠯ ᠵᠦᠢᠯ  ᠤᠨ ᠪᠣᠯᠣᠮᠵᠢᠳᠣ ᠮᠡᠳᠡᠬᠦᠯᠣᠯᠳᠠ᠂ ᠲᠦᠯᠦᠪᠯᠡᠭᠡ ᠪᠠ ᠲᠦᠷᠦᠯ ᠵᠦᠢᠯ  ᠳᠤ ᠣᠷᠣᠭᠤᠯᠬᠤ ᠪᠠᠷ ᠵᠦᠪᠰᠢᠶᠠᠷᠡᠬᠦᠯᠬᠦ ᠠᠵᠢᠯ  ᠢ  ᠪᠠᠶᠡᠯᠡᠬᠦᠯᠬᠦ ᠶᠢᠨ ᠬᠠᠮᠳᠣ᠂ ᠨᠡᠬᠦᠷᠡᠰᠣᠨ ᠠᠭᠤᠷᠬᠠᠢ  ᠶᠢᠨ ᠲᠦᠷᠦᠯ ᠵᠦᠢᠯ  ᠢ ᠪᠦᠬᠦ ᠲᠠᠯ᠎ᠠ ᠪᠠᠷ ᠡᠬᠢᠯᠡᠬᠦᠯᠦᠨ᠎ᠠ᠃ ᠡᠬᠦᠨ  ᠤ ᠬᠠᠮᠳᠣ  35 ᠺᠢᠯᠣᠸᠣᠯᠲ  ᠶᠢᠨ ᠬᠦᠴᠦᠳᠠᠯ ᠦᠬᠡᠷᠡᠴᠢᠯᠡᠬᠦ ᠴᠠᠬᠢᠯᠭᠠᠨ ᠱᠣᠭᠤᠮ  ᠢ ᠲᠦᠷᠦᠯ ᠵᠦᠢᠯ ᠳᠤ ᠣᠷᠣᠭᠤᠯᠵᠣ ᠪᠦᠳᠦᠬᠡᠨ ᠪᠠᠶᠢᠭᠤᠯᠬᠤ ᠪᠠᠷ ᠢᠳᠡᠪᠬᠢᠳᠠᠢ ᠭᠤᠶᠣᠴᠢᠯᠠᠨ᠂ 8 ᠰᠠᠷ᠎ᠠ  ᠳᠤ ᠬᠡᠷᠡᠭᠯᠡᠯᠳᠠ ᠳᠤ ᠣᠷᠣᠭᠤᠯᠵᠣ᠂ ᠨᠡᠬᠦᠷᠡᠰᠣ ᠴᠠᠬᠢᠯᠭᠠᠨ  ᠤ ᠲᠦᠷᠦᠯ ᠵᠦᠢᠯ  ᠤᠨ ᠦᠢᠯᠡᠳᠪᠣᠷᠢᠯᠠᠯ  ᠤᠨ ᠬᠡᠷᠡᠭᠴᠡᠭᠡ  ᠶᠢ ᠪᠠᠳᠣᠯᠠᠬᠤ ᠪᠠᠷ ᠴᠢᠷᠮᠠᠶᠢᠨ᠎ᠠ᠃ ᠲᠡᠯᠬᠡᠷ ᠬᠦᠨᠳᠣ ᠬᠢᠮᠢ ᠶᠢᠨ ᠠᠵᠣ ᠦᠢᠯᠡᠳᠪᠣᠷᠢ  ᠶᠢᠨ ᠰᠠᠭᠤᠷᠢᠨ ᠭᠠᠵᠠᠷ  ᠠᠴᠠ ᠴᠠᠭᠠᠨᠨᠠᠭᠤᠷ ᠨᠡᠬᠦᠷᠡᠰᠣ ᠴᠠᠬᠢᠯᠭᠠᠨ  ᠤ ᠲᠦᠷᠦᠯ ᠵᠦᠢᠯ  ᠤᠨ ᠣᠷᠣᠨ ᠬᠦᠷᠬᠦ ᠦᠨᠳᠣᠷ ᠲᠠᠰ  ᠤᠨ ᠬᠠᠶᠢᠷ ᠴᠢᠯᠠᠭᠤᠨ ᠵᠠᠮ  ᠢ ᠪᠠᠷᠢᠯᠭ᠎ᠠ ᠡᠬᠢᠯᠡᠬᠦᠯᠬᠦ ᠪᠠᠷ ᠴᠢᠷᠮᠠᠶᠢᠵᠣ᠂ ᠮᠠᠨ  ᠤ ᠬᠤᠰᠢᠭᠤᠨ  ᠤ ᠡᠬᠢ ᠪᠠᠶᠠᠯᠢᠭ  ᠢ ᠨᠡᠬᠡᠬᠡᠨ ᠬᠦᠭᠵᠢᠬᠦᠯᠬᠦ  ᠳᠤ ᠵᠠᠮ ᠬᠠᠷᠢᠯᠴᠠᠭᠠᠨ  ᠤ ᠪᠠᠳᠣᠯᠠᠭ᠎ᠠ  ᠶᠢ ᠬᠠᠩᠭᠠᠨ᠎ᠠ᠃ᠣᠯᠠᠭᠠᠨ ᠢᠳᠡᠬᠡᠨ ᠡᠳ᠋ᠰᠢᠬᠦᠯᠬᠦ᠃  ᠬᠤᠪᠢᠶᠠᠷᠢᠯᠠᠨ ᠦᠢᠯᠡᠳᠪᠣᠷᠢᠯᠠᠵᠣ ᠬᠤᠯᠪᠣᠭᠠᠯᠠᠨ ᠪᠣᠷᠣᠯᠠᠭᠤᠯᠬᠤ᠂ ᠲᠣᠮᠣ ᠠᠵᠣ ᠠᠬᠤᠶᠢᠯᠠᠯ  ᠤᠨ ᠪᠦᠯᠦᠭᠯᠡᠯ ᠲᠠᠢ ᠬᠤᠯᠪᠣᠭᠠᠯᠠᠬᠤ᠂ ᠮᠡᠷᠬᠡᠵᠢᠯ  ᠤᠨ ᠦᠬᠡᠷᠡᠴᠢᠯᠠᠯᠳᠠ ᠬᠢᠬᠦ᠂ ᠡᠳ᠋ ᠬᠦᠷᠦᠩᠬᠡ ᠪᠠᠨ ᠨᠢᠬᠡᠳᠬᠡᠬᠦ ᠵᠡᠷᠬᠡ ᠲᠠᠯ᠎ᠠ ᠪᠠᠷ ᠬᠦᠴᠦ ᠲᠠᠯᠪᠢᠵᠣ  ᠂ ᠮᠠᠨ  ᠤ ᠬᠤᠰᠢᠭᠤᠨ  ᠤ ᠣᠯᠠᠭᠠᠨ ᠢᠳᠡᠬᠡᠨ ᠡᠳ᠋ᠰᠢᠬᠦᠯᠬᠦ ᠠᠵᠣ ᠠᠬᠤᠶᠢᠯᠠᠯ  ᠤᠳ  ᠤᠨ ᠲᠣᠰᠠᠭᠠᠷ ᠰᠠᠯᠣᠩᠬᠢ᠂  ᠪᠠᠭ᠎ᠠ ᠬᠡᠪᠴᠢᠶ᠎ᠠ   ᠪᠠᠷ ᠡᠵᠡᠩᠨᠡᠬᠦ ᠪᠠᠶᠢᠳᠠᠯ  ᠢ ᠬᠤᠪᠢᠷᠠᠭᠤᠯᠣᠨ᠂ ᠠᠵᠣ ᠠᠬᠤᠶᠢᠯᠠᠯ  ᠤᠨ ᠦᠢᠯᠡᠳᠪᠣᠷᠢᠯᠠᠯ  ᠤᠨ ᠴᠢᠳᠠᠪᠣᠷᠢ  ᠶᠢ ᠲᠡᠬᠡᠭᠰᠢᠯᠡᠬᠦᠯᠵᠣ᠂ ᠦᠢᠯᠡᠳᠪᠣᠷᠢᠯᠠᠯ  ᠤᠨ ᠬᠡᠪᠴᠢᠶ᠎ᠠ  ᠶᠢ ᠦᠷᠬᠡᠳᠬᠡᠨ᠎ᠠ᠃ ᠨᠢᠬᠡ  ᠳᠤ ᠵᠠᠰᠠᠭ ᠤᠨ ᠣᠷᠳᠣᠨ  ᠤ  ᠵᠢᠯᠣᠭᠤᠳᠣᠯᠭ᠎ᠠ ᠪᠠᠷ ᠲᠠᠮᠵᠢᠭᠤᠯᠣᠨ᠂ ᠠᠵᠣ ᠠᠬᠤᠶᠢᠯᠠᠯ ᠨᠢ ᠣᠬᠠᠮᠰᠠᠷ  ᠠᠴᠠ ᠪᠠᠨ ᠣᠯᠠᠭᠠᠨ ᠢᠳᠡᠬᠡᠨ  ᠤ ᠠᠵᠢᠯ ᠦᠢᠯᠡᠰ  ᠤᠨ ᠨᠡᠶᠢᠬᠡᠮᠯᠢᠭ  ᠢ ᠪᠠᠶᠢᠭᠤᠯᠣᠨ᠂ ᠨᠡᠶᠢᠬᠡᠮᠯᠢᠭ  ᠢᠶᠠᠷ ᠲᠠᠮᠵᠢᠭᠤᠯᠣᠨ ᠡᠯ᠎ᠠ ᠡᠳ᠋ᠰᠢᠬᠦᠯᠬᠦ ᠠᠵᠣ ᠠᠬᠤᠶᠢᠯᠠᠯ ᠤᠨ ᠦᠢᠯᠡᠳᠪᠣᠷᠢᠯᠠᠯ ᠡᠵᠡᠩᠨᠡᠯᠳᠠ  ᠶᠢᠨ ᠬᠤᠭᠤᠷᠣᠨᠳᠣᠬᠢ ᠬᠠᠷᠢᠴᠠᠭ᠎ᠠ  ᠶᠢ ᠵᠣᠬᠢᠴᠠᠯᠳᠣᠭᠤᠯᠵᠣ᠂ ᠠᠵᠣ ᠠᠬᠤᠶᠢᠯᠠᠯ  ᠢ ᠨᠢᠭᠳᠠ ᠬᠠᠷᠢᠯᠴᠠᠭᠤᠯᠣᠨ᠂ ᠨᠡᠩ ᠶᠡᠭᠡ ᠵᠠᠬ᠎ᠠ ᠲᠡᠯᠬᠡᠬᠦᠷ ᠪᠠ ᠠᠵᠣ ᠠᠬᠤᠢ  ᠶᠢᠨ ᠦᠷ᠎ᠠ ᠠᠰᠢᠭ ᠣᠯᠣᠭᠤᠯᠣᠨ᠎ᠠ᠃ ᠬᠤᠶᠠᠷ  ᠲᠤ ᠠᠷᠡᠰᠣ ᠰᠢᠷᠢ᠂ ᠬᠡᠳᠡᠰᠣ ᠲᠣᠳᠣᠷ ᠵᠡᠷᠬᠡ ᠲᠠᠭᠠᠯᠳᠣᠭᠤᠯ ᠦᠢᠯᠡᠳᠬᠡᠬᠦᠨ  ᠤ ᠲᠣᠰᠬᠠᠶᠢᠵᠢᠭᠰᠠᠨ ᠵᠠᠬ᠎ᠠ ᠲᠡᠯᠬᠡᠬᠦᠷ ᠢ ᠶᠡᠭᠡ ᠬᠦᠴᠦᠨ  ᠢᠶᠠᠷ  ᠪᠣᠶᠢᠵᠢᠭᠤᠯᠵᠣ᠂  ᠡᠬᠦᠨ  ᠢᠶᠠᠷ ᠲᠠᠮᠵᠢᠨ᠂ ᠲᠠᠭᠠᠯᠳᠣᠭᠤᠯ ᠦᠢᠯᠡᠳᠬᠡᠬᠦᠨ  ᠢ ᠪᠣᠷᠣᠯᠠᠭᠤᠯᠬᠤ  ᠳᠤ ᠬᠦᠴᠢᠷ᠂ ᠦᠨ᠎ᠠ ᠬᠠᠩᠰᠢ ᠲᠣᠣᠷ᠎ᠠ ᠠᠴᠠ ᠪᠣᠯᠵᠣ᠂ ᠶᠡᠭᠡ ᠬᠡᠮᠵᠢᠶᠠᠨ  ᠤ ᠮᠠᠯ ᠭᠠᠳᠠᠭᠰᠢ ᠵᠦᠬᠡᠬᠡᠪᠣᠷᠢᠯᠡᠭᠳᠠᠵᠣ᠂ ᠲᠣᠰ ᠬᠤᠰᠢᠭᠤᠨ  ᠤ ᠡᠳ᠋ᠰᠢᠬᠦᠯᠬᠦ ᠠᠵᠣ ᠠᠬᠤᠶᠢᠯᠠᠯ  ᠤᠨ ᠡᠳ᠋ᠰᠢᠬᠦᠯᠬᠦ  ᠮᠠᠯ ᠨᠢ ᠬᠦᠷᠦᠯᠴᠡᠬᠦ ᠦᠬᠡᠢ ᠪᠠᠶᠢᠳᠠᠯ  ᠢ  ᠬᠤᠪᠢᠷᠠᠭᠤᠯᠵᠣ ᠴᠢᠳᠠᠬᠤ  ᠶᠢᠨ ᠬᠠᠮᠳᠣ᠂ ᠣᠯᠠᠭᠠᠨ ᠢᠳᠡᠬᠡᠨ ᠡᠳ᠋ᠰᠢᠬᠦᠯᠬᠦ ᠠᠵᠣ ᠠᠬᠤᠶᠢᠯᠠᠯ ᠤᠨ ᠲᠠᠭᠠᠯᠳᠣᠭᠤᠯ ᠦᠢᠯᠡᠳᠬᠡᠬᠦᠨ  ᠬᠤᠳᠠᠯᠳᠣᠨ ᠠᠪᠬᠤ ᠠᠴᠠ ᠪᠣᠯᠵᠣ ᠪᠡᠯᠨ ᠮᠦᠩᠬᠦ ᠶᠡᠭᠡ ᠪᠠᠷ ᠲᠠᠷᠣᠭᠳᠠᠨ᠂ ᠡᠷᠬᠢᠯᠳᠠ  ᠶᠢ ᠣᠳᠠᠭᠠᠰᠢᠷᠠᠭᠤᠯᠬᠤ ᠠᠰᠠᠭᠤᠳᠠᠯ  ᠢ ᠴᠣ᠋ ᠰᠢᠢᠳᠪᠣᠷᠢᠯᠠᠵᠣ ᠴᠢᠳᠠᠨ᠎ᠠ᠃ ᠭᠤᠷᠪᠠ  ᠳᠤ ᠨᠠᠷᠠᠳᠣ ᠲᠠᠮᠳᠡᠭ  ᠤᠨ ᠣᠬᠠᠮᠰᠠᠷ  ᠢ ᠪᠣᠢ ᠪᠣᠯᠭᠠᠨ᠂ ᠨᠠᠷᠢᠯᠢᠭ ᠡᠳ᠋ᠰᠢᠬᠦᠯᠬᠦ ᠪᠠᠷ ᠲᠠᠮᠵᠢᠨ᠂ ᠦᠢᠯᠡᠳᠬᠡᠬᠦᠨ  ᠤ ᠴᠢᠨᠠᠷ ᠲᠠᠰ  ᠢ ᠲᠡᠬᠡᠭᠰᠢᠯᠡᠬᠦᠯᠦᠨ᠎ᠠ᠃  ᠲᠦᠷᠪᠠ  ᠳᠤ᠂ ᠵᠠᠰᠠᠭ  ᠤᠨ ᠣᠷᠳᠣᠨ  ᠤ ᠦᠢᠯᠡᠴᠢᠯᠡᠬᠦ ᠣᠬᠠᠮᠰᠠᠷ  ᠢ ᠣᠯᠠᠮ ᠴᠢᠩᠭᠠᠳᠬᠠᠨ᠂ ᠡᠳ᠋ᠰᠢᠬᠦᠯᠬᠦ ᠠᠵᠣ ᠠᠬᠤᠶᠢᠯᠠᠯ  ᠤᠨ ᠦᠢᠯᠡᠳᠪᠣᠷᠢᠯᠠᠯ ᠡᠵᠡᠩᠨᠡᠯᠳᠠ  ᠳᠤ ᠣᠬᠢ ᠰᠠᠶᠢᠨ ᠭᠠᠳᠠᠭᠠᠳᠣ ᠣᠷᠴᠢᠨ ᠢ ᠪᠦᠷᠢᠯᠳᠣᠬᠦᠯᠦᠨ ᠦᠭᠴᠣ᠂ ᠲᠦᠷᠦ  ᠶᠢᠨ ᠪᠣᠳᠣᠯᠭ᠎ᠠ ᠪᠠᠷ ᠵᠢᠯᠣᠭᠤᠳᠬᠤ ᠪᠠ ᠵᠢᠬᠡᠯᠡᠯᠬᠡ ᠵᠣᠬᠢᠴᠠᠯᠳᠣᠭᠤᠯᠬᠤ ᠵᠡᠷᠬᠡ ᠲᠠᠯ᠎ᠠ ᠪᠠᠷ ᠲᠠᠮᠵᠢᠯᠬᠡ ᠦᠵᠡᠬᠦᠯᠦᠨ᠂ ᠮᠠᠨ  ᠤ ᠬᠤᠰᠢᠭᠤᠨ  ᠤ ᠣᠯᠠᠭᠠᠨ ᠢᠳᠡᠬᠡᠨ ᠡᠳ᠋ᠰᠢᠬᠦᠯᠬᠦ ᠦᠢᠯᠡᠰ  ᠤᠨ ᠡᠷᠡᠬᠦᠯ  ᠢᠶᠠᠷ ᠬᠦᠭᠵᠢᠬᠦ  ᠶᠢ ᠵᠢᠯᠣᠭᠤᠳᠣᠨ ᠲᠠᠭᠠᠭᠤᠯᠣᠨ᠎ᠠ᠃   ᠠᠭᠤᠷᠬᠠᠢ  ᠶᠢ ᠨᠡᠬᠡᠬᠡᠨ ᠠᠰᠢᠭᠯᠠᠬᠤ᠃ ᠦᠷᠬᠦᠯᠵᠢᠯᠡᠨ ᠬᠤᠩᠭᠤᠷ ᠲᠠᠮᠣᠷ  ᠤᠨ ᠠᠭᠤᠷᠬᠠᠢ᠂ ᠮᠠᠨᠢᠳᠣ  ᠶᠢᠨ ᠨᠠᠬᠦᠷᠡᠰᠣᠨ ᠠᠭᠤᠷᠬᠠᠢ᠂ ᠴᠣᠬᠤᠢ  ᠶᠢᠨ ᠴᠢᠯᠠᠭᠤᠯᠢᠭ᠂ ᠵᠣᠭᠠᠩ ᠵᠡᠷᠬᠡ ᠠᠭᠤᠷᠬᠠᠢ ᠰᠣᠩᠭᠤᠬᠤ ᠦᠢᠯᠡᠰ  ᠢ ᠰᠠᠶᠢᠳᠣᠷ ᠠᠳᠬᠤᠵᠣ᠂  ᠣᠯᠣᠰ  ᠤᠨ ᠲᠣᠳᠣᠭᠠᠳᠣ  ᠶᠢᠨ ᠬᠦᠳᠠᠷ ᠴᠢᠯᠠᠭᠤ ᠪᠠ ᠨᠡᠬᠦᠷᠡᠰᠣᠨ  ᠤ ᠵᠠᠬ᠎ᠠ ᠲᠡᠯᠬᠡᠬᠦᠷ ᠰᠠᠶᠢᠨ᠂ ᠦᠨ᠎ᠠ ᠬᠠᠩᠰᠢ ᠦᠰᠴᠣ ᠪᠠᠶᠢᠭ᠎ᠠ ᠰᠠᠶᠢᠨ ᠲᠣᠬᠢᠶᠠᠯ  ᠢ ᠴᠢᠩᠭ᠎ᠠ ᠡᠵᠡᠮᠳᠠᠨ᠂  ᠠᠭᠤᠷᠬᠠᠢ ᠮᠠᠯᠳᠠᠬᠤ ᠬᠡᠪᠴᠢᠶ᠎ᠠ ᠪᠠᠨ ᠲᠦᠷᠬᠡᠬᠡᠨ ᠦᠷᠬᠡᠳᠬᠡᠵᠣ᠂ ᠭᠠᠷᠣᠯᠳᠠ ᠪᠠ ᠦᠷ᠎ᠠ ᠠᠰᠢᠭ  ᠢ ᠲᠡᠬᠡᠭᠰᠢᠯᠡᠬᠦᠯᠵᠣ᠂ ᠲᠣᠰ ᠵᠢᠯ  ᠳᠤ ᠲᠠᠮᠣᠷ  ᠤᠨ ᠬᠦᠳᠠᠷ 25 ᠲᠦᠮᠡᠨ ᠲᠣᠨ᠂ ᠨᠡᠬᠦᠷᠡᠰᠣ 30  ᠲᠦᠮᠡᠨ ᠲᠣᠨ ᠦᠢᠯᠡᠳᠪᠣᠷᠢᠯᠡᠬᠦ ᠪᠠᠷ ᠴᠢᠷᠮᠠᠶᠢᠨ᠎ᠠ᠃ ᠡᠬᠦᠨ  ᠠᠴᠠ ᠭᠠᠳᠠᠨ᠎ᠠ᠂ ᠮᠠᠨᠢᠳᠣ  ᠶᠢᠨ ᠨᠠᠬᠦᠷᠡᠰᠣᠨ ᠠᠭᠤᠷᠬᠠᠢ  ᠶᠢᠨ ᠬᠠᠮᠢᠶᠠᠷᠣᠯᠳᠠ  ᠶᠢᠨ ᠲᠣᠭᠳᠠᠴᠨ  ᠶᠢ ᠦᠬᠡᠷᠡᠴᠢᠯᠡᠬᠦ ᠠᠵᠢᠯ ᠢ ᠰᠠᠶᠢᠳᠣᠷ ᠬᠢᠬᠦ   ᠶᠢᠨ ᠬᠠᠮᠳᠣ᠂ ᠠᠷᠠᠳ  ᠤᠨ ᠡᠵᠡᠩᠨᠡᠯᠳᠣ ᠠᠵᠣ ᠠᠬᠤᠶᠢᠯᠠᠯ ᠪᠠ ᠣᠯᠣᠰ  ᠤᠨ ᠲᠦᠷᠦᠯ ᠵᠦᠢᠯ  ᠢ ᠭᠤᠶᠣᠴᠢᠯᠠᠬᠤ ᠵᠡᠷᠬᠡ ᠬᠤᠶᠠᠷ ᠭᠤᠣᠯ ᠠᠷᠭ᠎ᠠ ᠵᠠᠮ ᠢᠶᠠᠷ ᠠᠭᠤᠷᠬᠠᠢ ᠶᠢᠨ ᠡᠬᠢ ᠪᠠᠶᠠᠯᠢᠭ  ᠢ ᠬᠠᠶᠢᠨ ᠪᠠᠶᠢᠴᠠᠭᠠᠬᠤ ᠠᠵᠢᠯ  ᠢ ᠲᠦᠷᠬᠡᠰᠬᠡᠨ᠂ ᠡᠨ᠋ᠨ ᠵᠢᠯ ᠭᠤᠣᠯᠳᠠᠭᠤ ᠬᠤᠩᠭᠤᠷ ᠨᠡᠬᠦᠷᠡᠰᠣᠨ ᠠᠭᠤᠷᠬᠠᠢ᠂  ᠲᠡᠯᠬᠡᠷ  ᠤᠨ ᠴᠣᠬᠤᠢ  ᠶᠢᠨ ᠴᠢᠯᠠᠭᠤᠯᠢᠭ  ᠤᠨ ᠠᠭᠤᠷᠬᠠᠢ᠂ ᠮᠡᠷᠬᠡᠴᠢᠨ ᠣᠯᠠᠨ ᠲᠠᠮᠦᠷᠯᠢᠭ  ᠤᠨ ᠠᠭᠤᠷᠬᠠᠢ᠂ ᠮᠠᠨᠢᠳᠣ  ᠶᠢᠨ ᠨᠠᠬᠦᠷᠡᠰᠣᠨ ᠠᠭᠤᠷᠬᠠᠢ᠂ ᠴᠠᠭᠠᠨᠨᠠᠭᠤᠷ ᠵᠠᠰ  ᠤᠨ ᠠᠭᠤᠷᠬᠠᠢ ᠵᠢᠴᠢ ᠴᠠᠬᠢᠭᠤᠷ ᠴᠢᠯᠠᠭᠤᠨ ᠠᠭᠤᠷᠬᠠᠢ  ᠳᠤ ᠣᠯᠠᠮ ᠨᠢᠬᠡ  ᠠᠯᠬᠤᠮ ᠤᠨ ᠭᠠᠵᠠᠷ ᠰᠢᠨᠵᠢᠯᠡᠬᠡᠨ  ᠤ ᠠᠵᠢᠯ  ᠢ ᠦᠷᠨᠢᠬᠦᠯᠵᠣ᠂  ︽ᠭᠠᠵᠠᠷ ᠲᠣᠣᠷ᠎ᠠ ᠶᠠᠭᠤ ᠪᠠᠶᠢᠬᠤ ᠪᠠᠨ ᠮᠠᠳᠠᠨ︾᠂ ᠠᠵᠣ ᠦᠢᠯᠡᠳᠪᠣᠷᠢ  ᠶᠢᠨ ᠠᠵᠣ ᠠᠬᠤᠢ  ᠶᠢᠨ ᠬᠦᠭᠵᠢᠯᠳᠠ  ᠳᠤ ᠪᠡᠯᠡᠳᠬᠡᠯ ᠡᠬᠢ ᠪᠠᠶᠠᠯᠢᠭ ᠬᠠᠩᠭᠠᠨ᠎ᠠ᠃  ᠡᠬᠦᠨ  ᠤ ᠬᠠᠮᠳᠣ᠂ ᠡᠯ᠎ᠠ ᠲᠦᠷᠦᠯ  ᠤᠨ ᠠᠵᠣ ᠦᠢᠯᠡᠳᠪᠣᠷᠢ  ᠶᠢᠨ ᠲᠦᠷᠦᠯ ᠵᠦᠢᠯ  ᠤᠨ ᠭᠠᠵᠠᠷ ᠰᠢᠷᠣᠢ  ᠶᠢ ᠲᠠᠳᠠᠪᠣᠷᠢᠯᠡᠬᠤ ᠪᠠ ᠲᠦᠷᠢᠶᠠᠰᠣᠯᠠᠵᠣ ᠬᠡᠷᠡᠭᠯᠡᠬᠦ ᠠᠵᠢᠯ  ᠢ ᠰᠠᠶᠢᠳᠣᠷ ᠬᠢᠵᠣ᠂ ᠨᠦᠬᠦᠪᠣᠷᠢ ᠮᠦᠩᠬᠦ  ᠶᠢ ᠡᠷᠳᠠ ᠡᠳᠣᠷ ᠮᠠᠯᠴᠢᠳ ᠲᠤ ᠣᠯᠭᠤᠬᠤ ᠪᠠᠷ ᠴᠢᠷᠮᠠᠶᠢᠨ᠎ᠠ᠃ ︵ᠭᠤᠷᠪᠠ︶ ᠭᠤᠣᠯᠳᠠᠯᠭ᠎ᠠ ᠪᠠᠨ ᠠᠳᠬᠤᠨ᠂ ᠭᠤᠷᠪᠠᠳᠣᠭᠠᠷ ᠠᠵᠣ ᠦᠢᠯᠡᠰ  ᠢ ᠶᠡᠭᠡ ᠬᠦᠴᠦᠨ  ᠢᠶᠠᠷ ᠬᠦᠭᠵᠢᠬᠦᠯᠦᠨ᠎ᠠ᠃ ᠭᠤᠷᠪᠠᠳᠣᠭᠠᠷ ᠠᠵᠣ ᠦᠢᠯᠡᠰ  ᠢ ᠬᠦᠭᠵᠢᠬᠦᠯᠬᠦ ᠪᠣᠯ ᠦᠢᠯᠡᠳᠪᠣᠷᠢᠯᠠᠯ ᠢ ᠠᠬᠢᠭᠤᠯᠣᠨ᠂ ᠬᠡᠷᠡᠭᠯᠡᠬᠡᠨ  ᠢ ᠬᠦᠭᠵᠢᠬᠡᠵᠣ᠂ ᠪᠦᠳᠦᠴᠨ  ᠶᠢ ᠰᠢᠯᠢᠳᠡᠭᠵᠢᠬᠦᠯᠦᠨ᠂ ᠠᠵᠢᠯ ᠣᠯᠭᠤᠬᠤ  ᠶᠢ ᠦᠷᠬᠡᠳᠬᠡᠬᠦ ᠪᠦᠳᠦᠮᠵᠢᠳᠠᠢ ᠠᠷᠭ᠎ᠠ ᠵᠠᠮ ᠮᠦᠨ᠃ ᠣᠳᠣᠬᠠᠨ  ᠳᠤ ᠮᠠᠨ  ᠤ ᠬᠤᠰᠢᠭᠤᠨ  ᠤ ᠭᠤᠷᠪᠠᠳᠣᠭᠠᠷ ᠠᠵᠣ ᠦᠢᠯᠡᠰ  ᠤᠨ ᠬᠦᠭᠵᠢᠯᠳᠠ  ᠶᠢᠨ ᠬᠢᠷᠢ ᠬᠡᠮᠵᠢᠶ᠎ᠠ ᠪᠠᠰᠨ ᠨᠠᠯᠢᠶᠠᠳ ᠬᠤᠴᠣᠷᠣᠩᠭᠤᠢ᠂ ᠰᠢᠨ᠎ᠠ ᠨᠡᠮᠡᠭᠳᠠᠯ  ᠤᠨ ᠴᠢᠭ  ᠢ ᠬᠠᠷᠠᠬᠠᠨ ᠪᠦᠷᠢᠯᠳᠣᠬᠦᠯᠵᠣ ᠲᠠᠶᠢᠯᠣᠬᠡᠳᠣᠢ ᠪᠠᠶᠢᠭᠰᠠᠭᠠᠷ᠃ ᠪᠢᠳᠠ ᠠᠶᠢᠮᠠᠭ  ᠤᠨ ᠨᠠᠮ ᠤᠨ ᠬᠤᠷᠢᠶ᠎ᠠ᠂ ᠠᠶᠢᠮᠠᠭ ᠤᠨ ᠵᠠᠬᠢᠷᠭ᠎ᠠ  ᠶᠢᠨ ︽ᠭᠤᠷᠪᠠᠳᠣᠭᠠᠷ ᠠᠵᠣ ᠦᠢᠯᠡᠰ  ᠤᠨ ᠬᠦᠭᠵᠢᠯᠳᠠ  ᠶᠢ ᠣᠯᠠᠮ ᠲᠦᠷᠬᠡᠳᠬᠡᠬᠦ ᠲᠣᠬᠠᠢ ᠵᠢᠯᠣᠭᠤᠳᠬᠤ ᠰᠠᠨᠠᠯ︾ ᠶᠣᠰᠣᠭᠠᠷ᠂ ᠣᠷᠣᠨ  ᠤ ᠭᠤᠷᠪᠠᠳᠣᠭᠠᠷ ᠠᠵᠣ ᠦᠢᠯᠡᠰ ᠢ  ᠬᠦᠭᠵᠢᠬᠦᠯᠬᠦ  60 ᠵᠣᠷᠪᠣᠰ ᠬᠠᠷᠠᠭᠠᠯᠵᠠᠯ  ᠤᠨ ᠲᠦᠷᠦ  ᠶᠢᠨ ᠪᠣᠳᠣᠯᠭ᠎ᠠ ᠶᠢ ᠬᠦᠢᠴᠡᠳ ᠠᠰᠢᠭᠯᠠᠨ᠂ ᠪᠦᠳᠦᠬᠡᠯᠴᠢ ᠪᠠᠷ ᠠᠵᠢᠯ  ᠢᠶᠠᠨ ᠦᠷᠨᠢᠬᠦᠯᠦᠨ᠂ ᠲᠠᠯ᠎ᠠ ᠨᠣᠳᠤᠭ  ᠤᠨ ᠵᠣᠭᠠᠴᠠᠯ ᠤᠨ ᠦᠢᠯᠡᠰ ᠪᠠ ᠪᠣᠳᠠᠰ ᠤᠨ ᠬᠦᠢᠯᠬᠡᠬᠡᠨ  ᠤ ᠦᠢᠯᠠᠰ  ᠢ ᠣᠳᠣᠬᠠᠨ  ᠤ ᠭᠤᠷᠪᠠᠳᠣᠭᠠᠷ ᠠᠵᠣ ᠦᠢᠯᠡᠰ  ᠢ ᠬᠦᠭᠵᠢᠬᠦᠯᠬᠦ ᠭᠤᠣᠯᠳᠠᠯᠭ᠎ᠠ ᠲᠠᠢ ᠠᠵᠢᠯ ᠦᠢᠯᠡᠰ ᠪᠣᠯᠭᠠᠵᠣ᠂ ᠠᠷᠭ᠎ᠠ ᠪᠦᠬᠦᠨ  ᠢ ᠰᠦᠪᠡᠭᠴᠢᠯᠠᠨ ᠬᠦᠭᠵᠢᠯᠳᠠ ᠪᠠᠨ  ᠲᠦᠷᠬᠡᠳᠬᠡᠨ᠎ᠠ᠃ ᠨᠢᠬᠡ ᠳᠤ᠂ ᠲᠠᠯ᠎ᠠ ᠨᠣᠳᠤᠭ  ᠤᠨ ᠵᠣᠭᠠᠴᠠᠯ ᠤᠨ ᠦᠢᠯᠡᠰ  ᠢ ᠬᠦᠴᠦᠷᠬᠡᠭᠵᠢᠬᠦᠯᠦᠨ ᠪᠣᠵᠠᠭᠠᠶᠢᠷᠠᠭᠤᠯᠣᠨ᠎ᠠ᠃ ︽ᠠᠪᠠᠭ᠎ᠠ ᠬᠤᠰᠢᠭᠤᠨ  ᠤ ᠵᠣᠭᠠᠴᠠᠯ ᠤᠨ ᠬᠦᠭᠵᠢᠯᠳᠠ  ᠶᠢᠨ ᠶᠠᠷᠣᠩᠬᠡᠢ ᠲᠦᠯᠦᠪᠵᠢᠬᠦᠯᠬᠡ︾ ᠶᠣᠰᠣᠭᠠᠷ᠂  ᠵᠣᠭᠠᠴᠠᠯ  ᠤᠨ ᠡᠬᠢ ᠪᠠᠶᠠᠯᠢᠭ  ᠢ ᠨᠡᠬᠡᠬᠡᠨ ᠠᠰᠢᠭᠯᠠᠬᠤ ᠡᠷᠴᠢᠮ  ᠢᠶᠠᠨ ᠴᠢᠩᠭᠠᠯᠠᠨ᠂ ᠬᠤᠩᠭᠤᠷᠭᠤᠣᠯ  ᠡᠯᠡᠰᠣᠨ ᠨᠣᠳᠤᠭ ᠤᠨ ᠲᠠᠯ᠎ᠠ ᠨᠣᠳᠤᠭ ᠤᠨ ᠠᠮᠢ ᠠᠬᠤᠢ  ᠶᠢᠨ ᠵᠣᠭᠠᠴᠠᠯ  ᠤᠨ ᠣᠷᠣᠨ ᠪᠠ ᠴᠢᠩᠬᠢᠰ ᠪᠣᠭᠳᠠ ᠠᠭᠤᠯᠨ  ᠶᠢᠨ ᠲᠠᠬᠢᠯᠭ᠎ᠠ ᠶᠢᠨ ᠰᠣᠶᠣᠯ  ᠤᠨ ᠵᠣᠭᠠᠴᠠᠯ  ᠤᠨ  ᠣᠷᠣᠨ ᠵᠡᠷᠬᠡ ᠬᠤᠶᠠᠷ ᠲᠦᠷᠦᠯ ᠵᠦᠢᠯ  ᠤᠨ ᠨᠡᠬᠡᠬᠡᠨ ᠠᠰᠢᠭᠯᠠᠬᠤ ᠪᠦᠳᠦᠬᠡᠨ ᠪᠠᠶᠢᠭᠤᠯᠣᠯᠳᠠ  ᠶᠢ ᠭᠤᠣᠯᠳᠠᠯᠭ᠎ᠠ ᠲᠠᠢ ᠰᠠᠶᠢᠳᠣᠷ ᠬᠢᠵᠣ᠂ ᠪᠣᠳᠠᠳᠣ ᠰᠢᠪᠳᠣᠯᠣᠯᠳᠠ ᠲᠠᠢ ᠪᠣᠯᠬᠤ ᠪᠠᠷ  ᠴᠢᠷᠮᠠᠶᠢᠨ᠎ᠠ᠃ ᠡᠬᠦᠨ  ᠤ ᠬᠠᠮᠳᠣ᠂ ᠬᠤᠩᠭᠤᠷᠭᠤᠣᠯ ᠵᠣᠭᠠᠴᠠᠯ  ᠤᠨ ᠣᠷᠣᠨ  ᠤ ᠪᠦᠬᠦ ᠠᠶᠢᠮᠠᠭ  ᠤᠨ ᠭᠤᠣᠯᠳᠠᠯᠭ᠎ᠠ ᠲᠠᠢ ᠵᠣᠭᠠᠴᠠᠯ ᠤᠨ ᠲᠦᠷᠦᠯ ᠵᠦᠢᠯ  ᠳᠤ ᠣᠷᠣᠭᠰᠠᠨ ᠲᠣᠬᠢᠶᠠᠯ  ᠢ ᠠᠰᠢᠭᠯᠠᠨ᠂ ᠪᠡᠬᠡᠵᠢᠩ  ᠤᠨ ᠲᠠᠮᠣᠷ ᠵᠠᠮ  ᠤᠨ ᠲᠣᠪᠴᠢᠶ᠎ᠠ  ᠶᠢᠨ ᠠᠵᠣ ᠦᠢᠯᠡᠳᠪᠣᠷᠢ  ᠶᠢᠨ ᠶᠠᠷᠣᠩᠬᠡᠢ ᠺᠣᠮᠫᠠᠨᠢ  ᠲᠠᠢ ᠲᠣᠭᠳᠠᠭᠰᠠᠨ ᠬᠤᠩᠭᠤᠷᠭᠤᠣᠯ  ᠤᠨ ᠵᠣᠭᠠᠴᠠᠯ ᠤᠨ ᠡᠬᠢ ᠪᠠᠶᠠᠯᠢᠭ  ᠢ ᠨᠡᠬᠡᠬᠡᠨ ᠠᠰᠢᠭᠯᠠᠬᠤ ᠵᠦᠪᠳᠡᠯᠴᠡᠬᠡᠷ  ᠢ ᠨᠠᠶᠢᠳᠠᠪᠣᠷᠢᠵᠢᠭᠤᠯᠬᠤ ᠠᠵᠢᠯ ᠢ ᠪᠦᠬᠦ ᠬᠦᠴᠦᠨ  ᠢᠶᠠᠷ ᠰᠠᠶᠢᠳᠣᠷ ᠬᠢᠵᠣ᠂ ᠲᠦᠷᠦᠯ ᠵᠦᠢᠯ  ᠤᠨ ᠡᠷᠳᠡᠬᠡᠨ ᠬᠡᠷᠡᠭᠵᠢᠬᠦᠯᠦᠭᠳᠡᠬᠦ  ᠶᠢ  ᠠᠬᠢᠭᠤᠯᠣᠨ᠎ᠠ᠃ ᠡᠬᠦᠨ ᠠᠴᠠ ᠭᠠᠳᠠᠨ᠎ᠠ᠂ ᠦᠷᠬᠦᠯᠵᠢᠯᠡᠨ 101  ᠮᠣᠵᠢ  ᠶᠢᠨ ᠵᠠᠮ  ᠪᠠ  207  ᠣᠯᠣᠰ  ᠤᠨ ᠵᠠᠮ ᠲᠠᠭᠠᠣ ᠮᠠᠯᠴᠢᠳ  ᠤᠨ ︽ᠮᠠᠯᠴᠢᠨ ᠠᠶᠢᠯ︾ ᠵᠣᠭᠠᠴᠠᠯ ᠤᠨ ᠴᠢᠭ ᠡᠷᠬᠢᠯᠡᠬᠦ  ᠶᠢ ᠵᠣᠷᠢᠭᠵᠢᠭᠤᠯᠣᠨ ᠲᠠᠮᠵᠢᠬᠦ ᠶᠢᠨ ᠬᠠᠮᠳᠣ᠂ ᠵᠣᠭᠠᠴᠠᠯ ᠤᠨ ᠵᠢᠵᠢᠭ ᠲᠠᠸᠠᠷ  ᠢ ᠨᠡᠬᠡᠬᠡᠨ ᠠᠰᠢᠭᠯᠠᠬᠤ  ᠶᠢ ᠲᠠᠮᠵᠢᠬᠦ ᠡᠷᠴᠢᠮ  ᠢᠶᠠᠨ ᠴᠢᠩᠭᠠᠯᠠᠨ᠎ᠠ᠃ ᠵᠣᠭᠠᠴᠠᠯ  ᠤᠨ ᠲᠣᠰᠬᠠᠢ ᠴᠢᠳᠠᠪᠣᠷᠢᠳᠠᠨ  ᠢ ᠣᠷᠢᠨ᠂ ᠵᠣᠭᠠᠴᠠᠯ ᠤᠨ ᠲᠦᠷᠦᠯ ᠵᠦᠢᠯ  ᠢ ᠲᠦᠰᠦᠪᠯᠡᠨ ᠣᠬᠠᠭᠤᠯᠬᠤ ᠵᠡᠷᠬᠡ ᠠᠵᠢᠯ  ᠢ ᠰᠠᠶᠢᠳᠣᠷ ᠬᠢᠵᠣ᠂ ᠨᠡᠩ ᠣᠯᠠᠨ ᠠᠷᠠᠯᠵᠢᠶᠠᠴᠢᠨ  ᠢ  ᠮᠠᠨ  ᠤ ᠬᠤᠰᠢᠭᠤᠨ ᠳᠤ  ᠣᠷᠢᠨ ᠢᠷᠡᠬᠦᠯᠵᠣ᠂ ᠵᠣᠭᠠᠴᠠᠯ ᠤᠨ ᠦᠢᠯᠡᠰ ᠲᠤ ᠪᠡᠯᠨ ᠣᠷᠣᠭᠤᠯᠣᠨ ᠨᠡᠬᠡᠬᠡᠨ ᠠᠰᠢᠭᠯᠠᠭᠤᠯᠣᠨ᠎ᠠ᠃ ᠬᠤᠶᠠᠷ  ᠲᠤ᠂ ᠪᠣᠳᠠᠰ  ᠤᠨ ᠬᠦᠢᠯᠬᠡᠬᠡ  ᠶᠢᠨ ᠦᠢᠯᠡᠰ  ᠢ  ᠬᠦᠭᠵᠢᠬᠦᠯᠦᠨ᠎ᠠ᠃ ᠣᠳᠣ ᠦᠶ᠎ᠠ  ᠶᠢᠨ ᠪᠣᠳᠠᠰ  ᠤᠨ ᠬᠦᠢᠯᠬᠡᠬᠡ  ᠶᠢᠨ ᠦᠢᠯᠡᠰ ᠨᠢ ᠠᠵᠣ ᠠᠬᠤᠢ  ᠶᠢᠨ ᠨᠡᠮᠡᠭᠳᠠᠯ ᠴᠢᠭ  ᠢ ᠪᠣᠶᠢᠵᠢᠭᠤᠯᠣᠨ᠂ ᠬᠦᠭᠵᠢᠯᠳᠠ  ᠶᠢᠨ ᠣᠷᠴᠢᠨ ᠲᠣᠭᠤᠷᠢᠨ  ᠢ ᠰᠠᠶᠢᠵᠢᠷᠠᠭᠤᠯᠬᠤ  ᠳᠤ ᠴᠢᠬᠤᠯᠨ ᠣᠳᠬ᠎ᠠ ᠠᠭᠤᠯᠭ᠎ᠠ ᠲᠠᠢ ᠶᠣᠮ᠃  ᠨᠢᠬᠡᠨᠳᠠ ᠲᠠᠩᠰᠠᠯᠠᠭᠰᠠᠨ ᠪᠣᠳᠠᠰ  ᠤᠨ ᠬᠦᠢᠯᠬᠡᠬᠡᠨ  ᠤ ᠺᠣᠮᠫᠠᠨᠢ ᠳᠤ ᠠᠷᠠᠯᠵᠢᠶᠠᠴᠢᠨ ᠣᠷᠢᠬᠤ ᠡᠯ᠎ᠠ ᠵᠦᠢᠯ ᠤᠨ ᠬᠠᠷᠠᠭᠠᠯᠵᠠᠯ  ᠤᠨ ᠲᠦᠷᠦ  ᠶᠢᠨ ᠪᠣᠳᠣᠯᠭ᠎ᠠ  ᠶᠢ ᠲᠣᠣᠱᠯᠠᠭᠤᠯᠬᠤ  ᠶᠢᠨ ᠬᠠᠮᠳᠣ ᠠᠵᠢᠯ  ᠤᠨ ᠡᠷᠴᠢᠮ  ᠢᠶᠠᠨ ᠴᠢᠩᠭᠠᠯᠠᠨ᠂ ᠢᠯᠡᠬᠦᠦ ᠬᠡᠳᠣᠨ ᠪᠣᠳᠠᠰ  ᠤᠨ ᠬᠦᠢᠯᠬᠡᠬᠡ ᠶᠢᠨ ᠺᠣᠮᠫᠠᠨᠢ  ᠶᠢ ᠪᠠᠶᠢᠭᠤᠯᠬᠤ ᠪᠠᠷ ᠴᠢᠷᠮᠠᠶᠢᠵᠣ᠂ ᠪᠣᠳᠠᠰ  ᠤᠨ ᠬᠦᠢᠯᠬᠡᠬᠡᠨ  ᠤ ᠠᠵᠣ ᠠᠬᠤᠢ  ᠶᠢ ᠮᠠᠨ  ᠤ ᠬᠤᠰᠢᠭᠤᠨ  ᠤ ᠡᠳ᠋  ᠤᠨ ᠵᠠᠰᠠᠭ  ᠤᠨ ᠣᠷᠣᠯᠭ᠎ᠠ  ᠶᠢ ᠣᠬᠤᠷ ᠬᠤᠭᠤᠴᠠᠭᠠᠨ ᠳᠤ ᠨᠡᠮᠡᠭᠳᠡᠬᠦᠯᠬᠦ ᠰᠢᠨ᠎ᠠ ᠣᠷᠣᠯᠭ᠎ᠠ  ᠶᠢᠨ ᠰᠣᠷᠪᠣᠯᠵᠢ ᠪᠣᠯᠭᠠᠨ ᠪᠣᠶᠢᠵᠢᠭᠤᠯᠣᠨ᠎ᠠ᠃ ᠡᠬᠦᠨ  ᠠᠴᠠ ᠭᠠᠳᠠᠨ᠎ᠠ᠂ ᠲᠡᠯᠬᠡᠷ ᠬᠦᠨᠳᠣ ᠬᠢᠮᠢ  ᠶᠢᠨ ᠠᠵᠣ ᠦᠢᠯᠡᠳᠪᠣᠷᠢ  ᠶᠢᠨ ᠰᠠᠭᠤᠷᠢᠨ ᠭᠠᠵᠠᠷ ᠪᠠ ᠴᠠᠭᠠᠨᠨᠠᠭᠤᠷ ᠦᠪᠡᠷᠳᠡᠬᠡᠨ ᠬᠡᠷᠡᠭᠯᠡᠬᠦ ᠴᠠᠬᠢᠯᠭᠠᠨ ᠦᠢᠯᠡᠳᠪᠣᠷᠢ ᠵᠡᠷᠬᠡ ᠨᠢᠬᠡ ᠪᠦᠯᠦᠭ ᠲᠣᠮᠣ ᠲᠦᠷᠦᠯ ᠵᠦᠢᠯ ᠨᠢ ᠶᠡᠭᠡ ᠬᠡᠮᠵᠢᠶᠠᠨ  ᠤ ᠵᠦᠬᠡᠬᠡᠪᠣᠷᠢ  ᠶᠢᠨ ᠬᠡᠷᠡᠭᠴᠡᠭᠡ ᠲᠠᠢ ᠪᠠᠶᠢᠵᠣ᠂ ᠮᠠᠨ  ᠤ ᠬᠤᠰᠢᠭᠤᠨ  ᠤ ᠪᠣᠳᠠᠰ  ᠤᠨ ᠬᠦᠢᠯᠬᠡᠬᠡᠨ  ᠤ ᠦᠢᠯᠡᠰ  ᠤᠨ ᠬᠦᠭᠵᠢᠯᠳᠠ  ᠳᠤ ᠠᠰᠢᠭᠳᠠᠢ ᠲᠣᠬᠢᠶᠠᠯ ᠢ ᠠᠪᠴᠢᠷᠠᠵᠠᠢ᠃   ︵ᠲᠦᠷᠪᠠ︶ ᠨᠡᠬᠡᠬᠡᠯᠳᠠ  ᠶᠢᠨ ᠣᠷᠴᠢᠨ ᠲᠣᠭᠤᠷᠢᠨ  ᠢ ᠰᠢᠯᠢᠳᠡᠭᠵᠢᠬᠦᠯᠦᠨ᠂ ᠨᠡᠬᠡᠬᠡᠯᠳᠠ  ᠶᠢᠨ ᠬᠡᠯᠪᠡᠷᠢ  ᠶᠢᠨ ᠠᠵᠣ ᠠᠬᠤᠢ  ᠶᠢ ᠶᠡᠭᠡ ᠬᠦᠴᠦᠨ  ᠢᠶᠠᠷ ᠬᠦᠭᠵᠢᠬᠦᠯᠦᠨ᠎ᠠ᠃ ᠣᠬᠢ ᠰᠠᠶᠢᠨ ᠵᠦᠬᠡᠯᠡᠨ ᠣᠷᠴᠢᠨ ᠲᠣᠭᠤᠷᠢᠨ  ᠢ ᠪᠣᠢ ᠪᠣᠯᠭᠠᠬᠤ ᠪᠠᠷ ᠴᠢᠷᠮᠠᠶᠢᠬᠤ  ᠶᠢᠨ ᠬᠠᠮᠳᠣ ᠠᠵᠣ ᠠᠬᠤᠢ  ᠶᠢᠨ ᠲᠦᠷᠬᠡᠨ ᠬᠦᠭᠵᠢᠯᠳᠠ  ᠶᠢ ᠨᠦᠯᠦᠬᠡᠯᠡᠬᠦ ᠬᠠᠳᠠᠭᠤ ᠣᠷᠴᠢᠨ ᠲᠣᠭᠤᠷᠢᠨ  ᠤ ᠠᠰᠠᠭᠤᠳᠠᠯ  ᠢ ᠶᠡᠭᠡ ᠬᠦᠴᠦᠨ ᠢᠶᠠᠷ  ᠰᠢᠢᠳᠪᠣᠷᠢᠯᠠᠨ᠎ᠠ᠃ ᠭᠠᠳᠠᠭᠰᠢ ᠴᠢᠯᠣᠬᠡᠳᠠᠢ ᠶᠠᠪᠣᠯᠴᠠᠬᠤ ᠵᠦᠬᠡᠯᠡᠨ ᠣᠷᠴᠢᠨ ᠲᠣᠭᠤᠷᠢᠨ  ᠢ ᠲᠠᠰᠣᠷᠠᠯᠳᠠ ᠦᠬᠡᠢ  ᠰᠢᠯᠢᠳᠡᠭᠵᠢᠬᠦᠯᠦᠨ᠎ᠠ᠃  ᠵᠠᠰᠠᠭ  ᠤᠨ ᠣᠷᠳᠣᠨ  ᠤ ᠴᠢᠳᠠᠪᠬᠢ  ᠶᠢ ᠣᠯᠠᠮ ᠬᠤᠪᠢᠷᠠᠭᠤᠯᠣᠨ᠂ ᠢᠳᠡᠬᠡᠯᠳᠣ ᠵᠠᠰᠠᠭ  ᠤᠨ ᠣᠷᠳᠣᠨ  ᠤ  ᠲᠦᠷᠢ ᠲᠦᠷᠬᠦ  ᠶᠢ ᠪᠣᠢ ᠪᠣᠯᠭᠠᠵᠣ᠂ ᠪᠡᠯᠨ ᠣᠷᠣᠭᠤᠯᠣᠭᠰᠠᠳ  ᠲᠤ ᠡᠯ᠎ᠠ ᠵᠦᠢᠯ  ᠤᠨ ᠬᠠᠷᠠᠭᠠᠯᠵᠠᠯ  ᠤᠨ ᠲᠦᠷᠦ  ᠶᠢᠨ ᠪᠣᠳᠣᠯᠭ᠎ᠠ  ᠶᠢ ᠲᠣᠣᠱᠳᠠᠢ ᠨᠠᠶᠢᠳᠠᠪᠣᠷᠢᠵᠢᠭᠤᠯᠣᠨ᠂ ᠦᠨᠡᠨᠬᠦ  ᠲᠠᠳᠠᠨ  ᠤ ᠡᠮᠣᠨ᠎ᠠ  ᠠᠴᠠ ᠪᠣᠳᠣᠯᠬᠢᠯᠠᠵᠣ᠂ ᠠᠷᠠᠯᠵᠢᠶᠠᠴᠢᠨ  ᠤ ᠪᠣᠳᠣᠭᠰᠠᠨ  ᠢ ᠲᠠᠷᠣᠶᠢᠬᠠᠨ ᠬᠦᠢᠴᠡᠳᠬᠡᠨ᠂ ᠪᠣᠳᠣᠵᠣ ᠣᠯᠣᠭᠠᠳᠣᠢ  ᠶᠢ ᠨᠢ ᠣᠷᠢᠳᠴᠢᠯᠠᠵᠣ ᠪᠣᠳᠣᠯᠬᠢᠯᠠᠨ᠂ ᠴᠢᠳᠠᠬᠤ  ᠶᠢᠨ ᠴᠢᠨᠡᠭᠡ ᠪᠠᠷ ᠪᠡᠯᠨ ᠣᠷᠣᠭᠤᠯᠣᠭᠰᠠᠳ ᠲᠤ ᠲᠦᠬᠦᠮ ᠲᠦᠳᠠ ᠦᠢᠯᠡᠴᠢᠯᠡᠭᠡ ᠬᠠᠩᠭᠠᠵᠣ᠂ ᠠᠪᠠᠭ᠎ᠠ ᠬᠤᠰᠢᠭᠤ ᠪᠠᠨ ᠲᠦᠷᠦ  ᠶᠢᠨ ᠪᠣᠳᠣᠯᠭ᠎ᠠ ᠠᠭᠤᠵᠢᠮ᠂ ᠦᠢᠯᠡᠴᠢᠯᠡᠭᠡ ᠦᠨᠳᠣᠷ᠂ ᠠᠮᠣᠷ ᠲᠦᠪᠰᠢᠨ᠂ ᠦᠢᠯᠡᠰ ᠪᠣᠰᠬᠠᠬᠤ ᠠᠰᠢᠭᠳᠠᠢ ᠣᠷᠣᠨ ᠪᠣᠯᠭᠠᠨ ᠪᠠᠶᠢᠭᠤᠯᠵᠣ᠂ ᠵᠦᠬᠡᠯᠡᠨ ᠣᠷᠴᠢᠨ ᠲᠣᠭᠤᠷᠢᠨ  ᠤ ᠪᠦᠳᠦᠬᠡᠨ ᠪᠠᠶᠢᠭᠤᠯᠣᠯᠳᠠ ᠪᠠᠨ ᠨᠢᠬᠡᠨ ᠬᠠᠷᠢᠴᠠᠩᠭᠤᠢ ᠲᠠᠪᠠᠭᠤᠯᠢᠭ ᠪᠣᠯᠭᠠᠨ᠂ ᠠᠵᠣ ᠠᠬᠤᠶᠢᠯᠠᠯ  ᠤᠳ  ᠤᠨ ᠮᠠᠨ  ᠤ ᠬᠤᠰᠢᠭᠤᠨ ᠳᠤ ᠦᠢᠯᠡᠰ  ᠢᠶᠠᠨ ᠬᠦᠭᠵᠢᠬᠦᠯᠬᠦ ᠢᠳᠡᠬᠡᠯ  ᠢ ᠪᠠᠳᠣᠳᠬᠠᠨ᠎ᠠ᠃ ᠲᠦᠷᠦ  ᠶᠢᠨ ᠪᠣᠳᠣᠯᠭ᠎ᠠ  ᠶᠢᠨ ᠣᠷᠴᠢᠨ ᠲᠣᠭᠤᠷᠢᠨ  ᠢ ᠣᠯᠠᠮ ᠰᠢᠯᠢᠳᠡᠭᠵᠢᠬᠦᠯᠦᠨ᠂ ᠵᠠᠰᠠᠭ ᠵᠠᠬᠢᠷᠭᠠᠨ  ᠤ ᠬᠢᠨᠠᠨ ᠵᠦᠪᠰᠢᠶᠡᠷᠡᠬᠦ ᠲᠦᠷᠢᠮ ᠤᠨ ᠦᠬᠡᠷᠡᠴᠢᠯᠠᠯᠳᠠ  ᠶᠢ ᠦᠷᠬᠦᠯᠵᠢᠯᠡᠨ ᠬᠦᠨᠵᠡᠬᠡᠶᠢᠷᠠᠬᠦᠯᠵᠣ᠂ ᠵᠠᠰᠠᠭ ᠵᠠᠬᠢᠷᠭᠠᠨ  ᠤ ᠦᠢᠯᠡᠴᠢᠯᠡᠬᠡᠨ  ᠤ ᠦᠷ᠎ᠠ ᠠᠰᠢᠭ ᠪᠠ ᠬᠢᠷᠢ ᠬᠡᠮᠵᠢᠶ᠎ᠠ  ᠶᠢ ᠲᠠᠰᠣᠷᠠᠯᠳᠠ ᠦᠬᠡᠢ ᠲᠡᠬᠡᠭᠰᠢᠯᠡᠬᠦᠯᠦᠨ᠂ ᠪᠡᠯᠨ ᠣᠷᠣᠭᠤᠯᠬᠤ ᠬᠠᠳᠠᠪᠴᠢ  ᠶᠢ ᠲᠣᠷᠣᠭᠰᠢᠯᠠᠭᠤᠯᠵᠣ᠂ ᠪᠡᠯᠨ ᠣᠷᠣᠭᠤᠯᠬᠤ ᠣᠷᠴᠢᠨ  ᠢ ᠦᠷᠬᠡᠳᠬᠡᠨ᠂ ᠴᠢᠬᠤᠯᠨ ᠶᠡᠭᠡ ᠲᠦᠷᠦᠯ ᠵᠦᠢᠯ  ᠢ ᠬᠤᠭᠤᠴᠠᠭ᠎ᠠ ᠬᠢᠵᠠᠭᠠᠷᠯᠠᠨ ᠰᠢᠢᠳᠪᠣᠷᠢᠯᠡᠬᠦ ᠪᠠ  ᠣᠴᠢᠷ ᠪᠣᠯᠭᠠᠨ  ᠢ ᠲᠣᠰᠬᠠᠢ ᠶᠠᠷᠢᠯᠴᠠᠵᠣ᠂ ᠣᠨᠴᠣᠭᠤᠢ ᠣᠴᠢᠷ  ᠢ ᠣᠨᠴᠣᠭᠤᠢ ᠰᠢᠢᠳᠪᠣᠷᠢᠯᠡᠬᠦ ᠶᠢ ᠬᠡᠷᠡᠭᠵᠢᠬᠦᠯᠵᠣ᠂ ᠭᠠᠳᠠᠨᠡᠬᠢ ᠪᠡᠯᠨ ᠣᠷᠣᠭᠤᠯᠣᠭᠰᠠᠳ  ᠲᠤ ᠠᠭᠤᠵᠢᠮ ᠴᠢᠯᠣᠬᠡᠳᠠᠢ ᠲᠦᠷᠦ  ᠶᠢᠨ ᠪᠣᠳᠣᠯᠭ᠎ᠠ  ᠶᠢᠨ ᠣᠷᠴᠢᠨ ᠲᠣᠭᠤᠷᠢᠨ  ᠢ ᠪᠦᠷᠢᠯᠳᠣᠬᠦᠯᠵᠣ ᠦᠭᠬᠦᠨ᠎ᠠ᠃ ᠬᠤᠳᠠ ᠪᠠᠯᠭᠠᠰᠣᠨ  ᠤ ᠰᠠᠭᠤᠷᠢ ᠲᠦᠬᠦᠬᠡᠷᠣᠮᠵᠢ  ᠶᠢᠨ ᠪᠦᠳᠦᠬᠡᠨ ᠪᠠᠶᠢᠭᠤᠯᠣᠯᠳᠠ  ᠶᠢ ᠲᠦᠷᠬᠡᠳᠬᠡᠨ᠎ᠠ᠃  ᠬᠤᠳᠠ ᠪᠠᠯᠭᠠᠰᠣᠵᠢᠯᠳᠠ  ᠶᠢᠨ ᠪᠠᠶᠢᠯᠳᠣᠬᠤ ᠪᠣᠳᠣᠯᠭ᠎ᠠ  ᠶᠢᠨ ᠠᠯᠬᠤᠴᠨ  ᠶᠢ ᠲᠦᠷᠬᠡᠳᠬᠡᠬᠦ ᠪᠠᠷ ᠠᠵᠣ ᠠᠬᠤᠢ  ᠶᠢᠨ ᠬᠦᠭᠵᠢᠯᠳᠠ  ᠶᠢ ᠠᠬᠢᠭᠤᠯᠬᠤ ᠴᠢᠬᠤᠯᠨ ᠬᠦᠴᠦᠯᠡᠬᠦ‍ ᠴᠢᠭ ᠪᠣᠯᠭᠠᠵᠣ᠂ ︽ᠲᠦᠯᠦᠪᠵᠢᠬᠦᠯᠬᠦ᠂ ᠪᠦᠳᠦᠬᠡᠨ ᠪᠠᠶᠢᠭᠤᠯᠬᠤ᠂ ᠬᠠᠮᠢᠶᠠᠷᠬᠤ᠂ ᠡᠵᠡᠩᠨᠡᠬᠦ︾ ᠲᠦᠷᠪᠠᠨ ᠭᠤᠭᠴᠤᠭ᠎ᠠ  ᠶᠢ ᠴᠢᠩᠭ᠎ᠠ ᠠᠳᠬᠤᠨ᠂ ᠬᠤᠳᠠ ᠪᠠᠯᠭᠠᠰᠣᠨ  ᠤ ᠰᠠᠭᠤᠷᠢ ᠲᠦᠬᠦᠬᠡᠷᠣᠮᠵᠢ  ᠶᠢᠨ ᠪᠦᠳᠦᠬᠡᠨ ᠪᠠᠶᠢᠭᠤᠯᠣᠯᠳᠠ  ᠶᠢ ᠭᠤᠣᠯᠳᠠᠯᠭ᠎ᠠ ᠲᠠᠢ ᠠᠳᠬᠤᠵᠣ᠂ ᠬᠤᠰᠢᠭᠤ ᠲᠣᠭᠤᠷᠢᠭ  ᠤᠨ ᠠᠵᠣ ᠠᠬᠤᠢ  ᠳᠤ ᠠᠭᠤᠵᠢᠮ ᠴᠢᠯᠣᠬᠡᠳᠠᠢ ᠬᠦᠭᠵᠢᠯᠳᠠ  ᠶᠢᠨ ᠲᠠᠪᠴᠡᠩ  ᠢ ᠪᠣᠢ  ᠪᠣᠯᠭᠠᠨ᠎ᠠ᠃ ᠨᠢᠬᠡ ᠳᠤ ᠪᠠᠶᠠᠨᠴᠠᠭᠠᠨ ᠪᠠᠯᠭᠠᠰᠣᠨ  ᠤ ᠪᠦᠳᠦᠬᠡᠨ ᠪᠠᠶᠢᠭᠤᠯᠣᠯᠳᠠ  ᠶᠢ ᠭᠤᠣᠯᠳᠠᠯᠭ᠎ᠠ ᠲᠠᠢ ᠰᠠᠶᠢᠳᠣᠷ ᠬᠢᠵᠣ᠂ ᠲᠡᠬᠦᠨ  ᠤ ᠪᠦᠬᠦ ᠬᠤᠰᠢᠭᠤᠨ  ᠤ ᠬᠦᠭᠵᠢᠯᠳᠠ ᠶᠢᠨ ᠲᠦᠪ ᠪᠣᠯᠬᠤ ᠲᠠᠶᠢᠴᠢᠯᠠᠨ ᠲᠠᠭᠠᠭᠤᠯᠬᠤ ᠴᠢᠳᠠᠪᠣᠷᠢ  ᠶᠢ ᠲᠠᠰᠣᠷᠠᠯᠳᠠ ᠦᠬᠡᠢ ᠲᠡᠬᠡᠭᠰᠢᠯᠡᠬᠦᠯᠦᠨ᠎ᠠ᠃ 2005  ᠣᠨ  ᠳᠤ  6000 ᠲᠦᠮᠡᠨ ᠲᠦᠬᠦᠷᠢᠭ  ᠤᠨ ᠪᠡᠯᠨ ᠣᠷᠣᠭᠤᠯᠣᠨ᠂ ᠭᠤᠣᠯᠳᠠᠭᠤ 2.8 ᠲᠦᠮᠡᠨ ᠲᠡᠭᠰᠢ ᠲᠦᠷᠪᠡᠯᠵᠢᠨ ᠮᠧᠲᠷ  ᠤᠨ ᠵᠠᠮ ᠵᠠᠰᠠᠬᠤ᠂ 0.5 ᠲᠦᠮᠡᠨ ᠲᠡᠭᠰᠢ ᠲᠦᠷᠪᠡᠯᠵᠢᠨ ᠮᠧᠲᠷ ᠤᠨ 10 ᠭᠤᠳᠣᠮᠵᠢᠨ ᠵᠠᠮ  ᠢ ᠬᠠᠳᠠᠭᠤᠵᠢᠭᠤᠯᠬᠤ᠂ 1.2  ᠲᠦᠮᠡᠨ ᠲᠡᠭᠰᠢ ᠲᠦᠷᠪᠡᠯᠵᠢᠨ ᠮᠧᠲᠷ  ᠤᠨ ᠠᠭᠤᠳᠠᠮ ᠲᠠᠯᠠᠪᠠᠢ ᠪᠠᠶᠢᠭᠤᠯᠬᠤ᠂ ᠣᠰᠣ ᠬᠠᠩᠭᠠᠬᠤ ᠪᠠ ᠪᠣᠬᠢᠷ ᠣᠰᠣ ᠭᠠᠳᠠᠭᠰᠢᠯᠠᠭᠤᠯᠬᠤ ᠬᠤᠭᠤᠯᠠᠢ  ᠶᠢ  0.8 ᠲᠦᠮᠡᠨ ᠮᠧᠲᠷ ᠣᠷᠳᠣᠳᠬᠠᠬᠤ᠂ ᠲᠦᠪᠯᠡᠷᠡᠩᠬᠦᠢ ᠲᠣᠯᠠᠭᠠᠯᠭ᠎ᠠ  ᠶᠢᠨ ᠬᠡᠪᠴᠢᠶ᠎ᠠ  ᠶᠢ 2.5  ᠲᠦᠮᠡᠨ ᠲᠡᠭᠰᠢ ᠲᠦᠷᠪᠡᠯᠵᠢᠨ ᠮᠧᠲᠷ ᠦᠷᠬᠡᠳᠬᠡᠬᠦ᠂  3 ᠲᠦᠮᠡᠨ ᠲᠡᠭᠰᠢ ᠲᠦᠷᠪᠡᠯᠵᠢᠨ ᠮᠧᠲᠷ  ᠤᠨ ᠬᠡᠷ ᠬᠦᠷᠦᠩᠬᠡ  ᠶᠢᠨ ᠨᠡᠬᠡᠬᠡᠨ ᠠᠰᠢᠭᠯᠠᠯᠳᠠ ᠬᠢᠬᠦ᠂ 2 ᠲᠦᠮᠡᠨ ᠰᠠᠭᠤᠷᠢ ᠮᠣᠳᠣ ᠲᠠᠷᠢᠬᠤ ᠪᠠᠷ ᠲᠦᠯᠦᠪᠯᠡᠪᠡ᠃  ᠡᠬᠦᠨ ᠠᠴᠠ ᠭᠠᠳᠠᠨ᠎ᠠ᠂ ᠣᠰᠣ ᠲᠣᠳᠠᠭᠳᠠᠵᠣ ᠪᠠᠶᠢᠭ᠎ᠠ ᠬᠦᠴᠢᠷᠳᠠᠢ ᠠᠰᠠᠭᠤᠳᠠᠯ  ᠢ ᠬᠢᠨᠠᠮᠠᠭᠠᠢ ᠰᠢᠢᠳᠪᠣᠷᠢᠯᠡᠬᠦ  ᠶᠢᠨ ᠬᠠᠮᠳᠣ᠂ ᠪᠠᠶᠠᠨᠴᠠᠭᠠᠨ ᠪᠠᠯᠭᠠᠰᠣᠨ  ᠤ ᠲᠦᠷᠰᠦ ᠪᠠᠶᠢᠳᠠᠯ  ᠢ ᠶᠠᠷᠣᠩᠬᠡᠶᠢᠯᠡᠨ ᠵᠠᠰᠠᠬᠤ ᠡᠷᠴᠢᠮ  ᠢᠶᠠᠨ ᠴᠢᠩᠭᠠᠯᠠᠨ᠂ ᠲᠦᠪᠯᠡᠷᠡᠩᠬᠦᠢ ᠵᠠᠰᠠᠭ ᠵᠠᠬᠢᠷᠭᠠᠨ  ᠤ ᠰᠢᠳᠬᠡᠯ  ᠤᠨ ᠡᠷᠬᠡ ᠪᠠ ᠡᠷᠡᠬᠦᠯ ᠬᠠᠮᠠᠭᠠᠯᠠᠯ  ᠤᠨ ᠴᠡᠪᠡᠷᠯᠡᠯᠳᠠ  ᠶᠢ  ᠠᠭᠠᠵᠢᠮ  ᠢᠶᠠᠷ ᠵᠠᠬ᠎ᠠ ᠲᠠᠯᠬᠡᠬᠦᠷᠵᠢᠬᠦᠯᠬᠦ ᠵᠡᠷᠬᠡ ᠲᠠᠯ᠎ᠠ ᠪᠠᠷ ᠬᠦᠴᠦ ᠲᠠᠯᠪᠢᠵᠣ᠂ ᠬᠠᠮᠢᠶᠠᠷᠣᠯᠳᠠ  ᠶᠢᠨ ᠬᠢᠷᠢ ᠲᠦᠪᠰᠢᠨ  ᠢᠶᠠᠨ ᠲᠡᠬᠡᠭᠰᠢᠯᠡᠬᠦᠯᠦᠨ᠎ᠠ᠃ ᠬᠤᠶᠠᠷ  ᠲᠤ᠂ ᠬᠦᠨᠳᠣ ᠬᠢᠮᠢ  ᠶᠢᠨ ᠠᠵᠣ ᠦᠢᠯᠡᠳᠪᠣᠷᠢ᠂ ᠨᠡᠬᠦᠷᠡᠰᠣ ᠴᠠᠬᠢᠯᠭᠠᠨ  ᠢ ᠨᠡᠬᠡᠬᠡᠨ ᠠᠰᠢᠭᠯᠠᠬᠤ ᠪᠠ ᠵᠣᠭᠠᠴᠠᠯ ᠤᠨ ᠲᠦᠷᠦᠯ ᠵᠦᠢᠯ ᠤᠨ ᠪᠦᠳᠦᠬᠡᠨ ᠪᠠᠶᠢᠭᠤᠯᠣᠯᠳᠠ  ᠳᠤ ᠲᠦᠰᠢᠭᠯᠡᠨ᠂ ᠲᠡᠯᠬᠡᠷ ᠬᠦᠨᠳᠣ ᠬᠢᠮᠢ  ᠶᠢᠨ ᠠᠵᠣ ᠦᠢᠯᠡᠳᠪᠣᠷᠢ ᠶᠢᠨ ᠰᠠᠭᠤᠷᠢᠨ ᠭᠠᠵᠠᠷ᠂ ᠴᠠᠭᠠᠨᠨᠠᠭᠤᠷ ᠨᠡᠬᠦᠷᠡᠰᠣ ᠴᠠᠬᠢᠯᠭᠠᠨ  ᠤ ᠲᠦᠷᠦᠯ ᠵᠦᠢᠯ  ᠤᠨ ᠲᠣᠭᠤᠷᠢᠭ ᠪᠠ  ᠬᠤᠩᠭᠤᠷᠭᠤᠣᠯ ᠰᠣᠮᠣᠨ  ᠳᠤ ᠮᠠᠨ  ᠤ ᠬᠤᠰᠢᠭᠤᠨ  ᠤ ᠬᠤᠶᠠᠳᠣᠭᠠᠷ ᠲᠠᠰ  ᠤᠨ ᠬᠤᠳᠠ ᠪᠠᠯᠭᠠᠰᠣ  ᠶᠢ ᠲᠦᠯᠦᠪᠵᠢᠬᠦᠯᠦᠨ ᠪᠠᠶᠢᠭᠤᠯᠬᠤ ᠪᠠᠷ ᠪᠠᠶᠢᠨ᠎ᠠ᠃ ᠡᠨ᠋ᠨ ᠵᠢᠯ ᠭᠤᠣᠯᠳᠠᠭᠤ ᠲᠦᠯᠦᠪᠵᠢᠬᠦᠯᠬᠡ  ᠶᠢᠨ ᠠᠵᠢᠯ  ᠢ ᠰᠠᠶᠢᠳᠣᠷ ᠬᠢᠨ᠎ᠠ᠃ ᠪᠡᠯᠨ ᠮᠦᠩᠬᠦ ᠬᠦᠷᠦᠯᠴᠡᠬᠦ ᠦᠬᠡᠢ ᠠᠰᠠᠭᠤᠳᠠᠯ  ᠢ ᠰᠢᠢᠳᠪᠣᠷᠢᠯᠡᠬᠦ  ᠶᠢᠨ ᠲᠦᠯᠦᠬᠡ ᠪᠢᠳᠠ ᠬᠤᠳᠠ ᠪᠠᠯᠭᠠᠰᠣ  ᠶᠢ ᠡᠵᠡᠩᠨᠡᠬᠦ ᠲᠠᠨᠢᠯᠳᠠ  ᠶᠢ ᠪᠣᠢ ᠪᠣᠯᠭᠠᠵᠣ᠂ ᠵᠠᠰᠠᠭ  ᠤᠨ ᠣᠷᠳᠣᠨ ᠠᠴᠠ ᠭᠠᠵᠠᠷ ᠰᠢᠷᠣᠢ ᠶᠢᠨ ᠡᠬᠢ ᠪᠠᠶᠠᠯᠢᠭ  ᠢ ᠬᠤᠷᠢᠶᠠᠨ ᠡᠵᠡᠮᠰᠢᠬᠦ ᠡᠷᠴᠢᠮ  ᠢᠶᠠᠨ ᠴᠢᠩᠭᠠᠯᠠᠨ᠂ ᠪᠠᠶᠠᠨᠴᠠᠭᠠᠨ ᠪᠠᠯᠭᠠᠰᠣ ᠪᠠ ᠪᠠᠶᠢᠭᠤᠯᠬᠤ ᠪᠠᠷ ᠪᠠᠶᠢᠭ᠎ᠠ ᠭᠤᠷᠪᠠᠨ ᠬᠤᠶᠠᠳᠣᠭᠠᠷ ᠲᠠᠰ  ᠤᠨ ᠪᠠᠯᠭᠠᠰᠣ ᠶᠢᠨ ᠡᠯ᠎ᠠ ᠲᠦᠷᠦᠯ  ᠤᠨ ᠭᠠᠵᠠᠷ ᠰᠢᠷᠣᠢ  ᠶᠢ ᠬᠤᠷᠢᠶᠠᠨ ᠨᠦᠬᠡᠴᠡᠯᠡᠬᠦ ᠠᠵᠢᠯ  ᠢ ᠰᠠᠶᠢᠳᠣᠷ ᠬᠢᠵᠣ᠂ ᠲᠠᠭᠠᠭᠠᠴᠢᠯᠠᠯᠳᠠ ᠵᠠᠷᠯᠠᠬᠤ᠂ ᠦᠨ᠎ᠠ ᠬᠠᠶᠠᠯᠴᠠᠨ ᠬᠤᠳᠠᠯᠳᠣᠬᠤ᠂ ᠫᠠᠶᠢᠰᠨ ᠡᠯᠬᠦᠨ ᠰᠢᠯᠵᠢᠬᠦᠯᠬᠦ ᠬᠡᠯᠪᠡᠷᠢ ᠪᠠᠷ ᠵᠠᠬ᠎ᠠ ᠲᠠᠯᠬᠡᠬᠦᠷᠵᠢᠬᠦᠯᠦᠨ᠂ ᠪᠡᠯᠨ ᠬᠤᠷᠠᠮᠳᠣᠭᠤᠯᠬᠤ ᠵᠠᠮ  ᠢᠶᠠᠨ ᠦᠷᠬᠡᠳᠬᠡᠨ᠎ᠠ᠃ ᠬᠤᠳᠠ  ᠶᠢᠨ ᠪᠦᠳᠦᠬᠡᠨ ᠪᠠᠶᠢᠭᠤᠯᠣᠯᠳᠠ  ᠶᠢᠨ ᠵᠢᠬᠡᠯᠡᠯᠬᠡ  ᠶᠢ ᠢᠳᠡᠪᠬᠢᠳᠠᠢ ᠭᠤᠶᠣᠴᠢᠯᠠᠨ᠂ ᠬᠤᠳᠠ ᠪᠠᠯᠭᠠᠰᠣᠨ  ᠤ ᠪᠦᠳᠦᠬᠡᠨ ᠪᠠᠶᠢᠭᠤᠯᠣᠯᠳᠠ ᠬᠢᠬᠦ  ᠳᠤ ᠵᠣᠬᠢᠬᠤ ᠬᠡᠮᠵᠢᠶ᠎ᠠ ᠪᠠᠷ ᠦᠷᠢᠳᠦᠬᠦ ᠵᠣᠷᠢᠭᠳᠠᠢ ᠪᠠᠶᠢᠬᠤ ᠬᠡᠷᠡᠭᠳᠠᠢ᠃ ᠡᠬᠦᠨ  ᠤ ᠬᠠᠮᠳᠣ᠂ ᠬᠡᠷ ᠬᠦᠷᠦᠩᠬᠡ  ᠶᠢᠨ ᠨᠡᠬᠡᠬᠡᠯᠳᠠ᠂ ᠬᠤᠳᠠ ᠪᠠᠯᠭᠠᠰᠣᠨ  ᠤ ᠰᠠᠭᠤᠷᠢ ᠲᠦᠬᠦᠬᠡᠷᠦᠮᠵᠢ  ᠶᠢᠨ ᠪᠦᠳᠦᠬᠡᠨ ᠪᠠᠶᠢᠭᠤᠯᠣᠯᠳᠠ ᠶᠢᠨ ᠲᠠᠯ᠎ᠠ ᠪᠠᠷ ᠠᠷᠠᠯᠵᠢᠶᠠᠴᠢᠨ ᠣᠷᠢᠵᠣ ᠪᠠᠯᠨ ᠲᠠᠳᠠᠬᠤ ᠡᠷᠴᠢᠮ  ᠢᠶᠠᠨ ᠴᠢᠩᠭᠠᠯᠠᠵᠣ᠂ ᠬᠤᠳᠠ ᠪᠠᠯᠭᠠᠰᠣᠨ  ᠤ ᠪᠦᠳᠦᠬᠡᠨ ᠪᠠᠶᠢᠭᠤᠯᠣᠯᠳᠠ  ᠳᠤ ᠬᠤᠰᠢᠭᠤᠨ  ᠤ ᠭᠠᠳᠠᠨᠠᠬᠢ ᠪᠡᠯᠨ ᠮᠦᠩᠬᠦ  ᠶᠢ  ᠲᠠᠳᠠᠨ ᠤᠷᠤᠭᠤᠯᠤᠨ᠎ᠠ᠃ᠠᠷᠠᠯᠵᠢᠶᠠᠴᠢᠨ ᠣᠷᠢᠵᠣ ᠪᠡᠯᠨ ᠲᠠᠳᠠᠬᠤ ᠬᠡᠪᠴᠢᠶ᠎ᠠ ᠪᠠᠨ ᠦᠷᠬᠡᠳᠬᠡᠨ᠎ᠠ᠃ ᠠᠷᠠᠯᠵᠢᠶᠠᠴᠢᠨ ᠣᠷᠢᠵᠣ ᠪᠡᠯᠨ ᠲᠠᠳᠠᠬᠤ ᠬᠡᠯᠪᠡᠷᠢ ᠪᠠᠨ ᠲᠠᠰᠣᠷᠠᠯᠳᠠ ᠦᠬᠡᠢ ᠬᠤᠪᠢᠷᠠᠭᠤᠯᠵᠣ᠂ ᠠᠷᠭ᠎ᠠ ᠵᠠᠮ  ᠢᠶᠠᠨ ᠦᠷᠬᠡᠳᠬᠡᠨ᠂ ᠠᠷᠠᠯᠵᠢᠶᠠᠴᠢᠨ ᠣᠷᠢᠵᠣ ᠪᠡᠯᠨ ᠲᠠᠳᠠᠬᠤ ᠠᠵᠢᠯ  ᠤᠨ ᠰᠢᠨ᠎ᠠ ᠪᠠᠶᠢᠳᠠᠯ  ᠢ ᠲᠠᠰᠣᠷᠠᠯᠳᠠ ᠦᠬᠡᠢ ᠪᠣᠢ ᠪᠣᠯᠭᠠᠨ᠎ᠠ᠃ ᠡᠨ᠋ᠨ ᠵᠢᠯ᠂ ᠣᠯᠣᠰ  ᠤᠨ ᠲᠣᠳᠣᠭᠠᠳᠣ ︵ᠠᠶᠢᠮᠠᠭ  ᠤᠨ ᠭᠠᠳᠠᠨᠡᠬᠢ︶ ᠶᠢᠨ ᠪᠡᠯᠨ ᠮᠦᠩᠬᠦ 28000  ᠲᠦᠮᠡᠨ ᠲᠦᠬᠦᠷᠢᠭ ᠲᠠᠳᠠᠨ ᠣᠷᠣᠭᠤᠯᠵᠣ᠂ 92%  ᠢᠶᠠᠷ ᠨᠡᠮᠡᠭᠳᠡᠬᠦᠯᠬᠦ ᠪᠠᠷ ᠲᠦᠯᠣᠪᠯᠡᠵᠣ ᠪᠠᠶᠢᠨ᠎ᠠ᠃ ᠡᠬᠦᠨ  ᠳᠤ ᠣᠷᠣᠨ  ᠤ ᠭᠠᠳᠠᠨᠠᠬᠢ ᠪᠡᠯᠨ ᠮᠦᠩᠬᠦ 21000  ᠲᠦᠮᠡᠨ ᠲᠦᠬᠦᠷᠢᠭ ᠲᠠᠳᠠᠨ ᠣᠷᠣᠭᠤᠯᠵᠣ᠂ 97 % ᠪᠠᠷ ᠨᠡᠮᠡᠭᠳᠡᠬᠦᠯᠦᠨ᠎ᠠ᠃ ᠪᠢᠳᠠ ᠡᠯ᠎ᠠ ᠶᠡᠭᠡ ᠣᠳᠣᠷᠢᠳᠬᠤ ᠪᠠᠭ ᠪᠠ ᠡᠯ᠎ᠠ ᠰᠠᠯᠠᠭ᠎ᠠ ᠮᠦᠴᠢᠷ  ᠢ ᠪᠦᠬᠦ ᠲᠠᠯ᠎ᠠ ᠪᠠᠷ ᠲᠠᠶᠢᠴᠢᠯᠠᠨ᠂ ᠣᠷᠢᠳᠠ  ᠶᠢᠨ ᠠᠷᠠᠯᠵᠢᠶᠠᠴᠢᠨ ᠣᠷᠢᠵᠣ ᠪᠡᠯᠨ ᠲᠠᠳᠠᠭᠰᠠᠨ ᠠᠵᠢᠯ  ᠤᠨ ᠲᠣᠷᠰᠢᠯᠭ᠎ᠠ ᠪᠠᠨ ᠬᠢᠨᠠᠮᠠᠭᠠᠢ ᠳ᠋ᠦᠩᠨᠡᠵᠣ᠂  ᠲᠣᠰ ᠲᠣᠰ  ᠤᠨ ᠲᠠᠪᠠᠭᠤᠯᠢᠭ ᠢᠶᠠᠨ ᠬᠦᠢᠴᠡᠳ ᠪᠠᠳᠠᠷᠠᠭᠤᠯᠵᠣ᠂ ᠭᠤᠶᠣᠴᠢᠯᠠᠬᠤ ᠣᠬᠠᠮᠰᠠᠷ  ᠢᠶᠠᠨ ᠴᠢᠩᠭᠠᠳᠬᠠᠨ᠂ ᠭᠤᠶᠣᠴᠢᠯᠠᠬᠤ ᠡᠷᠴᠢᠮ  ᠢᠶᠠᠨ ᠴᠢᠩᠭᠠᠯᠠᠵᠣ᠂ ᠣᠯᠣᠰ  ᠤᠨ ᠲᠣᠳᠣᠭᠠᠳᠣ ᠭᠠᠳᠠᠭᠠᠳᠣ  ᠳᠤ ᠠᠪᠠᠭ᠎ᠠ ᠬᠤᠰᠢᠭᠤ ᠪᠠᠨ ᠦᠷᠬᠡᠨ ᠢᠶᠠᠷ ᠣᠬᠠᠭᠤᠯᠣᠨ᠂ ᠣᠯᠠᠨ ᠲᠠᠢ ᠨᠠᠶᠢᠵᠠᠯᠠᠵᠣ᠂ ᠠᠷᠠᠯᠵᠢᠶᠠᠴᠢᠨ ᠲᠠᠢ ᠬᠠᠷᠢᠯᠴᠠᠨ᠂ ᠬᠠᠮᠵᠢᠯᠭ᠎ᠠ ᠪᠠᠨ ᠦᠷᠬᠡᠳᠬᠡᠵᠣ᠂ ᠬᠦᠮᠦᠨ ᠪᠦᠬᠦᠨ ᠠᠷᠠᠯᠵᠢᠶᠠᠴᠢᠨ ᠣᠷᠢᠬᠤ ᠣᠬᠢ ᠰᠠᠶᠢᠨ ᠣᠷᠴᠢᠨ ᠲᠣᠭᠤᠷᠢᠨ  ᠢ ᠪᠦᠷᠢᠯᠳᠦᠬᠦᠯᠦᠨ ᠂ ᠠᠷᠠᠯᠵᠢᠶᠠᠴᠢᠨ ᠣᠷᠢᠵᠣ ᠪᠡᠯᠨ ᠲᠠᠳᠠᠬᠤ ᠠᠵᠢᠯ  ᠤᠨ ᠶᠠᠰᠣ ᠴᠢᠨᠠᠷ ᠪᠠ ᠦᠷ᠎ᠠ ᠠᠰᠢᠭ  ᠢ ᠴᠢᠷᠮᠠᠶᠢᠨ ᠲᠡᠬᠡᠭᠰᠢᠯᠡᠬᠦᠯᠦᠨ᠎ᠠ᠃ ᠡᠬᠦᠨ  ᠠᠴᠠ ᠭᠠᠳᠠᠨ᠎ᠠ᠂ ᠠᠶᠢᠮᠠᠭ ᠬᠤᠰᠢᠭᠤ ᠬᠤᠶᠠᠷ ᠱᠠᠳᠣᠨ  ᠤ ᠲᠦᠷᠦᠯ ᠵᠦᠢᠯ  ᠤᠨ ᠨᠦᠬᠡᠴᠨ ᠬᠦᠷᠦᠯᠴᠠᠬᠦ ᠦᠬᠡᠢ ᠪᠠᠶᠢᠳᠠᠯ  ᠳᠤ ᠴᠢᠭᠯᠡᠬᠦᠯᠦᠨ᠂ ᠭᠤᠣᠯᠳᠠᠯᠭ᠎ᠠ ᠲᠠᠢ ᠠᠵᠣ ᠦᠢᠯᠡᠳᠪᠣᠷᠢ  ᠶᠢᠨ ᠲᠦᠷᠦᠯ ᠵᠦᠢᠯ᠂ ᠠᠭᠤᠷᠬᠠᠢ  ᠶᠢᠨ ᠡᠬᠢ ᠪᠠᠶᠠᠯᠢᠭ ᠤᠨ ᠨᠡᠬᠡᠬᠡᠨ ᠠᠰᠢᠭᠯᠠᠯᠳᠠ᠂ ᠮᠠᠯ  ᠤᠨ ᠠᠰᠢᠭ ᠰᠢᠮ᠎ᠠ  ᠶᠢᠨ ᠨᠡᠬᠡᠬᠡᠨ ᠠᠰᠢᠭᠯᠠᠯᠳᠠ᠂ ᠬᠡᠷ ᠬᠦᠷᠦᠩᠬᠡ  ᠶᠢᠨ ᠨᠡᠬᠡᠬᠡᠯᠳᠠ᠂ ᠬᠤᠳᠠ ᠪᠠᠯᠭᠠᠰᠣᠨ  ᠤ ᠰᠠᠭᠤᠷᠢ ᠲᠦᠬᠦᠬᠡᠷᠦᠮᠵᠢ  ᠶᠢᠨ ᠪᠦᠳᠦᠬᠡᠨ ᠪᠠᠶᠢᠭᠤᠯᠣᠯᠳᠠ᠂ ᠵᠣᠭᠠᠴᠠᠯ ᠤᠨ ᠡᠬᠢ ᠪᠠᠶᠠᠯᠢᠭ  ᠤᠨ ᠨᠡᠬᠡᠬᠡᠨ ᠠᠰᠢᠭᠯᠠᠯᠳᠠ ᠵᠠᠷᠬᠡ ᠲᠠᠯ᠎ᠠ ᠪᠠᠷ ᠨᠢᠬᠡ ᠪᠦᠯᠦᠭ  ᠬᠠᠷᠢᠴᠠᠩᠭᠤᠢ ᠲᠠᠪᠠᠭᠤᠯᠢᠭ ᠲᠠᠢ᠂ ᠣᠷᠣᠨ ᠲᠣᠭᠤᠷᠢᠭ  ᠤᠨ ᠣᠨᠴᠠᠯᠢᠭ ᠲᠠᠢ ᠰᠢᠨ᠎ᠠ ᠲᠦᠷᠦᠯ ᠵᠦᠢᠯ  ᠢ ᠲᠦᠰᠦᠪᠯᠡᠨ ᠴᠢᠮᠡᠭᠯᠡᠬᠦ  ᠶᠢᠨ ᠬᠠᠮᠳᠣ ᠠᠶᠢᠮᠠᠭ  ᠤᠨ ᠲᠠᠰ  ᠤᠨ ᠲᠦᠷᠦᠯ ᠵᠦᠢᠯ  ᠤᠨ ᠬᠦᠮᠦᠷᠬᠡ  ᠳᠤ ᠮᠡᠳᠡᠬᠦᠯᠬᠦ ᠠᠵᠢᠯ ᠢ ᠢᠳᠡᠪᠬᠢᠳᠠᠢ ᠰᠠᠶᠢᠳᠣᠷ ᠬᠢᠵᠣ᠂ ᠲᠦᠷᠦᠯ ᠵᠦᠢᠯ  ᠤᠨ ᠡᠮᠣᠨ᠎ᠠ ᠬᠤᠭᠤᠴᠠᠭᠠᠨ  ᠤ ᠵᠠᠷᠣᠳᠠᠯ ᠮᠦᠩᠬᠦ  ᠶᠢ ᠭᠤᠶᠣᠴᠢᠯᠠᠬᠤ ᠪᠠᠷ  ᠴᠢᠷᠮᠠᠶᠢᠨ᠎ᠠ᠃ ︵ᠲᠠᠪᠤ︶ ᠡᠳ᠋  ᠤᠨ ᠵᠠᠰᠠᠭ᠂ ᠭᠠᠶᠢᠯᠢ᠂ ᠮᠦᠩᠬᠦᠨ ᠬᠦᠢᠯᠬᠡᠬᠡᠨ  ᠤ ᠠᠵᠢᠯ  ᠢ ᠰᠠᠶᠢᠳᠣᠷ ᠬᠢᠵᠣ᠂ ᠦᠢᠯᠡᠴᠢᠯᠡᠭᠡ ᠪᠠᠳᠣᠯᠠᠭ᠎ᠠ  ᠶᠢᠨ ᠴᠢᠳᠠᠪᠣᠷᠢ  ᠶᠢ  ᠲᠡᠬᠡᠭᠰᠢᠯᠡᠬᠦᠯᠦᠨ᠎ᠠ᠃ ᠡᠳ᠋  ᠤᠨ ᠵᠠᠰᠠᠭ  ᠤᠨ ᠠᠵᠢᠯ ᠤᠨ ᠲᠠᠯ᠎ᠠ ᠪᠠᠷ ᠡᠳ᠋  ᠶᠢᠨ ᠢᠷᠠᠯᠳᠠ  ᠶᠢᠨ ᠪᠦᠳᠦᠬᠡᠨ ᠪᠠᠶᠢᠭᠤᠯᠣᠯᠳᠠ  ᠶᠢ ᠦᠷᠬᠦᠯᠵᠢᠯᠡᠨ ᠰᠠᠶᠢᠳᠣᠷ ᠠᠳᠬᠤᠵᠣ᠂ ᠰᠢᠨ᠎ᠠ ᠣᠷᠣᠯᠭ᠎ᠠ  ᠶᠢᠨ ᠨᠡᠮᠡᠭᠳᠠᠯ ᠴᠡᠭ  ᠢ ᠶᠡᠭᠡ ᠬᠦᠴᠦᠨ  ᠢᠶᠠᠷ ᠪᠣᠶᠢᠵᠢᠭᠤᠯᠣᠨ᠂ ᠵᠠᠰᠠᠭ ᠵᠠᠬᠢᠷᠭ᠎ᠠ ᠠᠵᠢᠯ ᠦᠢᠯᠡᠰ  ᠤᠨ  ᠴᠢᠨᠠᠷᠳᠠᠢ ᠰᠦᠢᠳᠬᠡᠯ ᠬᠤᠷᠢᠶᠠᠬᠤ᠂ ᠭᠠᠵᠠᠷ ᠰᠢᠷᠣᠢ  ᠶᠢᠨ ᠲᠠᠭᠠᠭᠠᠴᠢᠯᠠᠯᠳᠠ ᠵᠠᠷᠯᠠᠬᠤ ᠦᠨ᠎ᠠ ᠬᠠᠶᠠᠯᠴᠠᠨ ᠬᠤᠳᠠᠯᠳᠣᠬᠤ ᠪᠠ ᠫᠠᠶᠢᠰᠨ ᠡᠯᠬᠦᠬᠦ᠂ ᠠᠭᠤᠷᠬᠠᠢ  ᠶᠢᠨ ᠡᠬᠢ ᠪᠠᠶᠠᠯᠢᠭ ᠶᠢ ᠦᠨ᠎ᠠ ᠲᠦᠯᠦᠪᠣᠷᠢ ᠲᠠᠢ ᠰᠢᠯᠵᠢᠬᠦᠯᠬᠦ ᠵᠡᠷᠬᠡ ᠭᠠᠶᠢᠯᠢ  ᠶᠢᠨ ᠪᠣᠰᠣ ᠣᠷᠣᠯᠭ᠎ᠠ  ᠶᠢ ᠪᠦᠬᠦᠨ  ᠢ ᠲᠦᠰᠦᠪ  ᠲᠤ ᠣᠷᠣᠭᠤᠯᠣᠨ ᠬᠠᠮᠢᠶᠠᠷᠴᠣ᠂ ᠡᠳ᠋  ᠤᠨ ᠵᠠᠰᠠᠭ  ᠤᠨ ᠣᠷᠣᠯᠭ᠎ᠠ  ᠶᠢᠨ GDP ᠳᠠᠬᠢ ᠡᠵᠡᠯᠡᠬᠦ ᠬᠠᠷᠢᠴᠠᠯ  ᠢ ᠲᠠᠰᠣᠷᠠᠯᠳᠠ ᠦᠬᠡᠢ  ᠲᠡᠬᠡᠭᠰᠢᠯᠡᠬᠦᠯᠦᠨ᠎ᠠ︔ ᠡᠳ᠋  ᠤᠨ ᠵᠠᠰᠠᠭ  ᠤᠨ ᠵᠣᠬᠢᠴᠠᠮᠵᠢ  ᠶᠢᠨ ᠦᠬᠡᠷᠡᠴᠢᠯᠠᠯᠳᠠ  ᠶᠢ ᠦᠷᠬᠦᠯᠵᠢᠯᠡᠨ ᠠᠬᠢᠭᠤᠯᠵᠣ᠂ ᠲᠦᠪᠯᠡᠷᠡᠬᠦᠯᠦᠨ ᠲᠦᠯᠦᠪᠣᠷᠢᠯᠡᠬᠦ ᠬᠡᠪᠴᠢᠶ᠎ᠠ  ᠶᠢ ᠦᠷᠬᠡᠳᠬᠡᠨ᠂  ︽ᠭᠠᠴᠠᠭᠠᠨ  ᠤ ᠲᠠᠩᠰᠨ  ᠶᠢ ᠰᠣᠮᠣ ᠬᠠᠮᠢᠶᠠᠷᠬᠤ︾ ᠠᠵᠢᠯ  ᠢ ᠪᠠᠶᠠᠯᠡᠬᠦᠯᠣᠬᠡᠳᠣᠢ  ᠭᠠᠴᠠᠭᠠᠨ ᠤ ᠲᠠᠩᠰᠠ ᠶᠢ ᠰᠤᠮᠤᠨ ᠳᠤ ᠬᠠᠮᠢᠶᠠᠷᠤᠭᠤᠯᠬᠤ ᠶᠢ ᠪᠠᠶᠠᠯᠠᠬᠦᠯᠤᠨ᠎ᠠ︔  ᠬᠤᠶᠠᠳᠣᠭᠠᠷ ᠠᠯᠬᠤᠮ  ᠤᠨ ᠮᠠᠯᠵᠢᠬᠤ ᠣᠷᠣᠨ  ᠤ ᠭᠠᠶᠢᠯᠢ ᠰᠦᠢᠳᠬᠡᠯ ᠤᠨ ᠦᠬᠡᠷᠡᠴᠢᠯᠠᠯᠳᠠ  ᠶᠢᠨ ᠠᠵᠢᠯ  ᠢ ᠬᠦᠨᠵᠡᠬᠡᠶᠢᠷᠡᠬᠦᠯᠦᠨ᠂ ᠮᠠᠯᠴᠢᠳ  ᠤᠨ ᠲᠠᠷᠣᠭᠠᠰᠣ  ᠶᠢ ᠦᠨᠡᠨᠬᠦ ᠬᠦᠩᠬᠡᠯᠡᠨ᠎ᠠ᠃ ᠡᠳ᠋  ᠤᠨ ᠵᠠᠰᠠᠭ  ᠤᠨ ᠣᠷᠣᠯᠭ᠎ᠠ ᠵᠠᠷᠣᠯᠭ᠎ᠠ ᠶᠢᠨ ᠪᠦᠳᠦᠴᠨ  ᠶᠢ ᠣᠯᠠᠮ ᠰᠢᠯᠢᠳᠡᠭᠵᠢᠬᠦᠯᠦᠨ᠂ ᠠᠵᠢᠯᠴᠢᠨ  ᠤ ᠴᠠᠯᠢᠩ  ᠢ ᠴᠠᠭ ᠲᠣᠬᠠᠢ ᠳᠤᠨᠢ ᠣᠯᠭᠤᠬᠤ ᠪᠠ ᠡᠯ᠎ᠠ ᠵᠦᠢᠯ ᠤᠨ ᠭᠤᠣᠯᠳᠠᠯᠭ᠎ᠠ ᠲᠠᠢ ᠵᠠᠷᠣᠯᠭ᠎ᠠ  ᠶᠢᠨ ᠬᠡᠷᠡᠭᠴᠡᠭᠡ  ᠶᠢ ᠪᠠᠳᠣᠯᠠᠵᠣ᠂ ᠴᠠᠯᠢᠩ ᠦᠰᠬᠡᠬᠦ ᠬᠠᠮᠢᠶ᠎ᠠ ᠪᠦᠬᠦᠢ ᠲᠦᠷᠦ ᠶᠢᠨ ᠪᠣᠳᠣᠯᠭ᠎ᠠ  ᠶᠢ ᠬᠢᠨᠠᠮᠠᠭᠠᠢ ᠨᠠᠶᠢᠳᠠᠪᠣᠷᠢᠵᠢᠭᠤᠯᠵᠣ᠂ 43  ᠲᠦᠬᠦᠷᠢᠭ  ᠤᠨ ᠡᠯᠡᠰᠣ ᠰᠠᠯᠬᠢᠨ ᠤ ᠨᠦᠬᠦᠪᠣᠷᠢ ᠪᠠ 45 ᠲᠦᠬᠦᠷᠢᠭ  ᠤᠨ ᠬᠠᠬᠢᠷ ᠬᠦᠢᠳᠠᠨ  ᠤ ᠨᠦᠬᠦᠪᠣᠷᠢ  ᠶᠢ ᠦᠷᠬᠦᠯᠵᠢᠯᠡᠨ ᠣᠯᠭᠤᠬᠤ ᠰᠠᠭᠤᠷᠢᠨ ᠲᠡᠬᠡᠷ᠎ᠠ 7 ᠰᠠᠷ᠎ᠠ  ᠠᠴᠠ ᠡᠬᠢᠯᠡᠨ ᠦᠯᠡᠳᠡᠭᠰᠡᠨ 45  ᠲᠦᠬᠦᠷᠢᠭ  ᠤᠨ ᠬᠠᠬᠢᠷ ᠬᠦᠢᠳᠠᠨ  ᠤ ᠨᠦᠬᠦᠪᠣᠷᠢ ᠶᠢ ᠦᠭᠬᠦ ᠪᠠᠷ ᠴᠢᠷᠮᠠᠶᠢᠨ᠎ᠠ᠃ ᠭᠠᠶᠢᠯᠢ ᠬᠤᠷᠢᠶᠠᠬᠤ ᠠᠵᠢᠯ  ᠤᠨ ᠲᠠᠯ᠎ᠠ ᠪᠠᠷ ᠭᠠᠶᠢᠯᠢ ᠬᠤᠷᠢᠶᠠᠬᠤ ᠡᠮᠬᠢ ᠲᠢᠭᠯᠢᠮ  ᠢ ᠣᠯᠠᠮ ᠨᠢᠬᠡ ᠠᠯᠬᠤᠮ ᠴᠡᠭᠴᠡᠯᠡᠵᠣ ᠲᠦᠷᠢᠮᠵᠢᠬᠦᠯᠦᠨ᠂ ᠭᠠᠶᠢᠯᠢ ᠬᠤᠷᠢᠶᠠᠵᠣ ᠬᠠᠮᠢᠶᠠᠷᠬᠤ ᠪᠠᠨ ᠴᠢᠩᠭᠠᠳᠬᠠᠵᠣ᠂ ᠭᠠᠶᠢᠯᠢ  ᠶᠢᠨ ᠣᠷᠣᠯᠭ᠎ᠠ  ᠶᠢᠨ ᠡᠳ᠋ ᠤᠨ ᠵᠠᠰᠠᠭ ᠤᠨ ᠣᠷᠣᠯᠭ᠎ᠠ ᠳᠠᠬᠢ ᠡᠵᠡᠯᠡᠬᠦ ᠬᠠᠷᠢᠴᠠᠯ  ᠢ ᠲᠡᠬᠡᠭᠰᠢᠯᠡᠬᠦᠯᠦᠨ᠎ᠠ᠃  ᠮᠦᠩᠬᠦᠨ ᠬᠦᠢᠯᠬᠡᠬᠡᠨ  ᠤ ᠰᠠᠯᠠᠭ᠎ᠠ ᠮᠦᠴᠢᠷ ᠲᠠᠢ ᠢᠳᠡᠪᠬᠢᠳᠠᠢ  ᠬᠠᠷᠢᠯᠴᠠᠨ᠂ ᠣᠯᠣᠰ  ᠤᠨ ᠮᠦᠩᠬᠦᠨ ᠬᠦᠢᠯᠬᠡᠬᠡᠨ  ᠤ ᠲᠦᠷᠦ  ᠶᠢᠨ ᠪᠣᠳᠣᠯᠭ᠎ᠠ  ᠳᠤ ᠨᠡᠶᠢᠴᠡᠭᠰᠡᠨ ᠣᠷᠢᠳᠠᠯ ᠲᠣᠣᠷ᠎ᠠ᠂  ᠭᠤᠣᠯᠳᠠᠯᠭ᠎ᠠ ᠲᠠᠢ ᠲᠦᠷᠦᠯ ᠵᠦᠢᠯ ᠪᠠ ᠭᠤᠣᠯᠳᠠᠯᠭ᠎ᠠ ᠲᠠᠢ ᠠᠵᠢᠯ  ᠢ ᠲᠠᠮᠵᠢᠬᠦᠯᠬᠦ ᠡᠷᠴᠢᠮ  ᠢᠶᠠᠨ ᠴᠢᠩᠭᠠᠳᠬᠠᠨ᠎ᠠ᠃ ᠡᠬᠦᠨ  ᠤ ᠬᠠᠮᠳᠣ ᠦᠪᠡᠷᠳᠡᠬᠡᠨ ᠵᠠᠰᠠᠬᠤ ᠣᠷᠣᠨ  ᠤ ᠨᠢᠬᠡᠳᠣᠯᠳᠠᠢ ᠪᠠᠶᠢᠷᠢᠯᠠᠭᠤᠯᠣᠯᠳᠠ ᠶᠣᠰᠣᠭᠠᠷ ᠬᠦᠳᠡᠭᠡ ᠲᠣᠰᠬᠤᠨ  ᠤ ᠢᠳᠡᠬᠡᠮᠵᠢ  ᠶᠢᠨ ᠬᠤᠷᠰᠢᠶᠠᠨ  ᠤ ᠦᠬᠡᠷᠡᠴᠢᠯᠡᠯᠳᠠ  ᠶᠢ ᠣᠯᠠᠮ ᠬᠦᠨᠵᠡᠬᠡᠶᠢᠷᠡᠬᠦᠯᠵᠣ᠂ ᠲᠡᠬᠦᠨ  ᠤ ︽ᠮᠠᠯᠵᠢᠬᠤ ᠣᠷᠣᠨ᠂ ᠮᠠᠯᠵᠢᠬᠤ ᠦᠢᠯᠡᠳᠪᠣᠷᠢᠯᠠᠯ᠂ ᠮᠠᠯᠵᠢᠬᠤ ᠡᠷᠦᠬᠡ︾  ᠪᠠ ᠪᠦᠬᠦ ᠬᠤᠰᠢᠭᠤᠨ  ᠤ ᠠᠵᠣ ᠠᠬᠤᠢ  ᠶᠢᠨ ᠪᠦᠳᠦᠬᠡᠨ ᠪᠠᠶᠢᠭᠤᠯᠣᠯᠳᠠ  ᠳᠤ ᠦᠢᠯᠡᠴᠢᠯᠡᠬᠦ ᠴᠢᠳᠠᠪᠣᠷᠢ  ᠶᠢ ᠲᠡᠬᠡᠭᠰᠢᠯᠡᠬᠦᠯᠦᠨ᠎ᠠ᠃ ︵ᠵᠢᠷᠭᠤᠭ᠎ᠠ︶ ᠬᠦᠮᠦᠨ  ᠢᠶᠠᠷ ᠭᠤᠣᠯ ᠪᠣᠯᠭᠠᠬᠤ  ᠶᠢ ᠪᠠᠷᠢᠮᠳᠠᠯᠠᠵᠣ᠂ ᠡᠶ᠎ᠡ ᠨᠠᠶᠢᠷᠠᠮᠳᠠᠭᠤ ᠨᠡᠶᠢᠬᠡᠮ  ᠢ ᠪᠠᠶᠢᠭᠤᠯᠬᠤ  ᠪᠠᠷ ᠴᠢᠷᠮᠠᠶᠢᠨ᠎ᠠ᠃ ᠨᠡᠶᠢᠬᠡᠮ  ᠤᠨ ᠠᠮᠣᠷ ᠲᠣᠭᠳᠠᠭᠤᠨ  ᠢ ᠬᠠᠮᠠᠭᠠᠯᠠᠬᠤ ᠠᠵᠢᠯ  ᠢ ᠰᠠᠶᠢᠳᠣᠷ ᠬᠢᠵᠣ᠂ ᠨᠠᠰᠣᠵᠢᠯ  ᠤᠨ ᠲᠠᠭᠠᠳᠬᠠᠯ ᠪᠠ ᠡᠮᠴᠢᠯᠡᠬᠡᠨ  ᠤ ᠲᠠᠭᠠᠳᠬᠠᠯ  ᠤᠨ ᠨᠡᠶᠢᠬᠡᠮ  ᠤᠨ ᠬᠤᠷᠠᠮᠳᠣᠭᠤᠯᠭ᠎ᠠ  ᠶᠢᠨ ᠪᠦᠷᠬᠦᠴᠨ  ᠶᠢᠨ ᠨᠣᠷᠮ᠎ᠠ  ᠶᠢ ᠣᠯᠠᠮ ᠦᠷᠬᠡᠳᠬᠡᠨ᠂ ᠨᠠᠶᠢᠳᠠ  ᠶᠢᠨ ᠦᠮᠴᠢᠯᠠᠯ  ᠤᠨ ᠪᠣᠰᠣ ᠠᠵᠣ ᠠᠬᠤᠶᠢᠯᠠᠯ  ᠤᠨ ᠠᠵᠢᠯᠳᠠᠨ ᠤ ᠨᠠᠰᠣᠵᠢᠯ ᠪᠠ ᠡᠮᠴᠢᠯᠡᠬᠡᠨ  ᠤ ᠲᠠᠭᠠᠳᠬᠠᠯ  ᠤᠨ ᠮᠦᠩᠬᠦ ᠬᠤᠷᠢᠶᠠᠬᠤ ᠠᠵᠢᠯ  ᠢ ᠭᠤᠣᠯᠳᠠᠯᠭ᠎ᠠ ᠲᠠᠢ  ᠰᠠᠶᠢᠳᠣᠷ ᠬᠢᠨ᠎ᠠ᠃ ᠲᠠᠬᠢᠨ ᠠᠵᠢᠯ ᠣᠯᠭᠤᠬᠤ ᠠᠵᠢᠯ  ᠤᠨ ᠡᠷᠴᠢᠮ ᠢᠶᠠᠨ ᠦᠷᠬᠦᠯᠵᠢᠯᠡᠨ ᠴᠢᠩᠭᠠᠯᠠᠵᠣ᠂ ᠲᠣᠰ ᠵᠢᠯ  ᠳᠤ ᠬᠤᠳᠠ ᠪᠠᠯᠭᠠᠰᠣᠨ  ᠤ ᠠᠵᠢᠯ ᠠᠯᠳᠠᠭᠰᠠᠳ  650 ᠬᠦᠮᠦᠨ  ᠢ ᠲᠦᠪᠬᠢᠨᠠᠬᠦᠯᠵᠣ᠂ 200  ᠬᠦᠮᠤᠨ ᠢ ᠭᠠᠳᠠᠭᠰᠢ ᠭᠠᠷᠭᠠᠵᠤ ᠠᠵᠢᠯ ᠬᠢᠯᠬᠡᠬᠦ ᠪᠠᠷ ᠲᠦᠯᠦᠪᠯᠡᠵᠣ ᠪᠠᠶᠢᠨ᠎ᠠ᠃ ᠬᠤᠳᠠ ᠪᠠᠯᠭᠠᠰᠣᠨ  ᠤ ᠬᠠᠮᠤᠭ ᠲᠣᠣᠷ᠎ᠠ ᠠᠮᠢᠳᠣᠷᠠᠯ  ᠤᠨ ᠪᠠᠳᠣᠯᠠᠭ᠎ᠠ  ᠶᠢᠨ ᠠᠵᠢᠯ  ᠢ ᠴᠢᠩᠭᠠᠳᠬᠠᠨ᠂ ︽ᠲᠦᠷᠦᠯ ᠬᠤᠪᠢᠶᠠᠨ ᠲᠠᠭᠠᠳᠬᠠᠯ  ᠳᠤ ᠣᠷᠣᠯᠴᠠᠭᠤᠯᠬᠤ︾ ᠲᠦᠷᠢᠮ  ᠢ ᠪᠦᠬᠦ ᠲᠠᠯ᠎ᠠ ᠪᠠᠷ ᠠᠬᠢᠭᠤᠯᠵᠣ᠂ ᠲᠠᠭᠠᠳᠬᠠᠯ  ᠳᠤ ᠤᠷᠤᠬᠤ ᠵᠣᠬᠢᠰᠳᠠᠢ ᠪᠦᠬᠦᠨ  ᠢ ᠤᠷᠤᠭᠤᠯᠬᠤ ᠪᠠᠷ ᠴᠢᠷᠮᠠᠶᠢᠨ᠎ᠠ᠃ ᠮᠠᠯᠵᠢᠬᠤ ᠣᠷᠣᠨ  ᠤ ᠡᠮᠴᠢᠯᠡᠭᠡ  ᠶᠢᠨ ᠠᠪᠣᠷᠠᠨ ᠲᠠᠳᠬᠦᠬᠦ ᠲᠦᠷᠢᠮ  ᠢ ᠪᠠᠶᠢᠭᠤᠯᠣᠨ᠎ᠠ᠃ ᠣᠷᠣᠨ  ᠤ ᠡᠯ᠎ᠠ ᠬᠠᠪᠰᠣᠷᠣᠨ ᠲᠠᠳᠬᠦᠬᠦ ᠪᠠᠶᠢᠭᠤᠯᠭ᠎ᠠ   ᠲᠠᠢ ᠬᠠᠮᠵᠢᠯᠴᠠᠨ ᠬᠠᠮᠤᠭ ᠡᠴᠣᠰ  ᠤᠨ ᠨᠢᠬᠡ ᠵᠢᠯ  ᠤᠨ ᠬᠠᠪᠰᠣᠷᠣᠨ ᠲᠠᠳᠬᠦᠬᠦ ᠠᠵᠢᠯ  ᠢ ᠰᠠᠶᠢᠳᠣᠷ ᠬᠢᠬᠦ  ᠶᠢᠨ ᠬᠠᠮᠳᠣ᠂ ᠬᠠᠪᠰᠣᠷᠣᠨ ᠲᠠᠳᠬᠦᠭᠰᠡᠨ ᠲᠦᠷᠥᠯ ᠵᠥᠢᠯ ᠤᠨ ᠲᠣᠭᠳᠠᠮᠠᠯ ᠬᠦᠷᠦᠩᠬᠡ  ᠶᠢ ᠬᠦᠯᠢᠶᠠᠨ ᠠᠪᠴᠣ ᠬᠠᠮᠢᠶᠠᠷᠬᠤ ᠪᠡᠯᠡᠳᠬᠡᠯ ᠠᠵᠢᠯ  ᠢ ᠰᠠᠶᠢᠳᠣᠷ ᠬᠢᠵᠣ᠂ ᠬᠠᠪᠰᠣᠷᠣᠨ ᠲᠠᠳᠬᠦᠭᠰᠡᠨ ᠲᠣᠭᠳᠠᠮᠠᠯ ᠬᠦᠷᠦᠩᠬᠡ  ᠶᠢᠨ ᠬᠡᠬᠡᠭᠳᠠᠵᠣ ᠬᠤᠬᠢᠷᠠᠬᠤ  ᠠᠴᠠ ᠰᠡᠷᠬᠡᠶᠢᠯᠡᠵᠣ᠂ ᠦᠪᠡᠷᠳᠡᠬᠡᠨ ᠵᠠᠰᠠᠬᠤ ᠣᠷᠣᠨ  ᠤ ᠠᠩᠬᠠᠳᠣᠭᠠᠷ ᠣᠳᠠᠭᠠᠨ  ᠤ ᠬᠤᠶᠠᠳᠣᠭᠠᠷ ᠡᠬᠡᠯᠵᠢᠶᠠᠨ  ᠤ ︽ᠮᠢᠩᠭᠠᠨ ᠲᠣᠰᠬᠤᠨ  ᠤ ᠶᠠᠳᠠᠭᠤ  ᠶᠢ ᠲᠠᠳᠬᠦᠬᠦ︾ ᠢᠨᠵᠧᠨᠧᠷᠢᠩ  ᠤᠨ ᠲᠦᠷᠦᠯ ᠵᠦᠢᠯ  ᠢ ᠰᠠᠶᠢᠳᠣᠷ ᠬᠡᠷᠡᠭᠵᠢᠬᠦᠯᠦᠨ᠎ᠠ᠃ ᠣᠯᠣᠰ ᠲᠦᠷᠦ ᠬᠠᠣᠯᠢ ᠴᠠᠭᠠᠵᠠ  ᠶᠢᠨ ᠡᠩᠨᠡᠬᠡᠨ  ᠤ ᠪᠦᠳᠦᠬᠡᠨ ᠪᠠᠶᠢᠭᠤᠯᠣᠯᠳᠠ  ᠶᠢ ᠣᠯᠠᠮ ᠴᠢᠩᠭᠠᠳᠬᠠᠨ᠂ ᠬᠠᠣᠯᠢ ᠬᠡᠷᠡᠭᠵᠢᠬᠦᠯᠦᠭᠴᠢᠳ  ᠤᠨ ᠬᠡᠪ ᠴᠢᠨᠠᠷ  ᠢ ᠲᠡᠬᠡᠭᠰᠢᠯᠡᠬᠦᠯᠵᠣ᠂ ︽ᠴᠣᠬᠢᠯᠳᠠ ᠦᠭᠬᠦ ᠪᠠ ᠰᠡᠷᠬᠡᠶᠢᠯᠡᠬᠦ  ᠶᠢ ᠣᠶᠠᠯᠳᠣᠭᠤᠯᠣᠨ᠂ ᠰᠡᠷᠬᠡᠶᠢᠯᠡᠬᠦ  ᠪᠠᠷ ᠭᠤᠣᠯᠯᠠᠬᠤ︾ ᠠᠵᠢᠯ  ᠤᠨ ᠴᠢᠭᠯᠡᠯᠳᠠ ᠶᠣᠰᠣᠭᠠᠷ᠂ ᠨᠡᠶᠢᠬᠡᠮ  ᠤᠨ ᠠᠮᠣᠷ ᠲᠦᠪᠰᠢᠨ  ᠢ ᠶᠠᠷᠣᠩᠬᠡᠶᠢᠯᠡᠨ ᠵᠠᠰᠠᠬᠤ ᠠᠵᠢᠯ  ᠢ ᠴᠢᠩᠭᠠᠳᠬᠠᠨ᠂ ᠡᠯ᠎ᠠ ᠲᠦᠷᠦᠯ  ᠤᠨ ᠡᠷᠡᠬᠦᠦ  ᠶᠢᠨ ᠶᠠᠯᠠᠳᠣ ᠠᠵᠢᠯᠯᠠᠭ᠎ᠠ  ᠳᠤ ᠴᠢᠩᠭ᠎ᠠ ᠴᠣᠬᠢᠯᠳᠠ ᠦᠭᠴᠣ᠂ ︽ᠠᠮᠣᠷ ᠲᠦᠪᠰᠢᠨ ᠠᠪᠠᠭ᠎ᠠ︾  ᠶᠢ ᠡᠬᠦᠳᠣᠨ ᠪᠠᠶᠢᠭᠤᠯᠬᠤ ᠠᠵᠢᠯᠯᠠᠭ᠎ᠠ  ᠶᠢ ᠰᠠᠶᠢᠳᠣᠷ  ᠦᠷᠨᠢᠬᠦᠯᠦᠨ᠎ᠠ᠃ ᠠᠭᠤᠷᠬᠠᠢ᠂ ᠵᠠᠮ ᠬᠠᠷᠢᠯᠴᠠᠭᠠᠨ  ᠤ ᠠᠶᠣᠯᠬᠦᠢ ᠦᠢᠯᠡᠳᠪᠣᠷᠢᠯᠡᠯ  ᠤᠨ ᠬᠠᠷᠢᠭᠤᠴᠠᠯᠭ᠎ᠠ  ᠶᠢᠨ ᠲᠦᠷᠢᠮ  ᠢ ᠪᠠᠶᠢᠭᠤᠯᠣᠨ ᠪᠦᠷᠢᠨᠰᠢᠬᠦᠯᠵᠣ᠂ ᠬᠢᠨᠠᠨ ᠪᠠᠶᠢᠴᠠᠭᠠᠬᠤ ᠡᠷᠴᠢᠮ  ᠢᠶᠠᠨ ᠦᠨᠡᠨᠬᠦ ᠴᠢᠩᠭᠠᠳᠬᠠᠨ᠂ ᠣᠨᠴᠨ ᠶᠡᠭᠡ ᠠᠳᠠᠯ ᠡᠬᠦᠰᠬᠦ  ᠶᠢ ᠴᠢᠩᠭ᠎ᠠ ᠰᠡᠷᠬᠡᠶᠢᠯᠡᠨ᠎ᠠ᠃ ᠢᠳᠡᠪᠬᠢᠳᠠᠢ ᠪᠠᠷ ᠵᠠᠬᠢᠳᠠᠯ ᠰᠣᠷᠪᠣᠯᠵᠢᠯᠠᠭ᠎ᠠ  ᠶᠢᠨ ᠭᠤᠭᠴᠤᠭ᠎ᠠ  ᠶᠢ ᠰᠢᠯᠣᠭᠤᠳᠬᠠᠨ᠂ ︽ᠬᠠᠷᠢᠶ᠎ᠠ ᠭᠠᠵᠠᠷ ᠨᠢ ᠬᠠᠮᠢᠶᠠᠷᠴᠣ᠂ ᠱᠠᠳᠣ ᠬᠤᠪᠢᠶᠠᠵᠣ ᠬᠠᠷᠢᠭᠤᠴᠠᠨ᠂ ᠬᠡᠨ ᠭᠤᠣᠯᠯᠠᠨ ᠬᠠᠮᠢᠶᠠᠷᠪᠠᠯ ᠬᠡᠨ ᠬᠠᠷᠢᠭᠤᠴᠠᠬᠤ︾ ᠵᠠᠷᠴᠢᠮ  ᠢ ᠪᠠᠷᠢᠮᠳᠠᠯᠠᠨ᠂ ᠵᠠᠬᠢᠳᠠᠯ ᠰᠣᠷᠪᠣᠯᠵᠢᠯᠠᠭ᠎ᠠ  ᠶᠢ ᠬᠢᠨᠠᠮᠠᠭᠠᠢ ᠬᠦᠯᠢᠶᠠᠨ ᠠᠪᠴᠣ ᠰᠢᠢᠳᠪᠣᠷᠢᠯᠠᠨ᠂ ᠠᠰᠠᠭᠤᠳᠠᠯ  ᠢ ᠦᠨᠳᠣᠰᠣᠨ ᠱᠠᠳᠣᠨ ᠳᠤ ᠰᠢᠢᠳᠪᠣᠷᠢᠯᠠᠵᠣ᠂ ᠵᠢᠭᠤᠷᠭᠠᠨ  ᠢ ᠴᠣᠬᠤᠶᠢᠭᠰᠠᠨ ᠪᠠᠶᠢᠳᠠᠯ ᠳᠤᠨᠢ ᠰᠢᠢᠳᠪᠣᠷᠢᠯᠠᠨ᠎ᠠ᠃ ᠦᠨᠳᠣᠰᠣᠳᠠᠨ ᠱᠠᠰᠢᠨ ᠰᠣᠷᠳᠠᠬᠤᠨ  ᠤ ᠠᠵᠢᠯ  ᠤᠨ ᠣᠳᠣᠷᠢᠳᠣᠯᠭ᠎ᠠ ᠪᠠᠨ ᠴᠢᠩᠭᠠᠳᠬᠠᠨ᠂ ᠦᠨᠳᠣᠰᠣᠳᠠᠨ  ᠤ ᠪᠦᠯᠬᠦᠮᠳᠠᠨ ᠲᠠᠪᠰᠢᠬᠤ ᠣᠬᠢ ᠰᠠᠶᠢᠨ ᠪᠠᠶᠢᠳᠠᠯ  ᠢ  ᠬᠠᠮᠠᠭᠠᠯᠠᠨ᠎ᠠ᠃ ᠨᠡᠶᠢᠬᠡᠮ  ᠤᠨ ᠠᠵᠢᠯ ᠦᠢᠯᠡᠰ  ᠤᠨ ᠪᠦᠬᠦ ᠲᠠᠯ᠎ᠠ  ᠶᠢᠨ ᠲᠠᠪᠰᠢᠯᠳᠠ ᠶᠢ ᠠᠬᠢᠭᠤᠯᠣᠨ᠎ᠠ᠃ ᠰᠣᠶᠣᠯ  ᠤᠨ ᠠᠵᠢᠯ  ᠤᠨ ᠲᠠᠯ᠎ᠠ ᠪᠠᠷ ᠦᠨᠳᠣᠰᠣᠳᠠᠨ  ᠤ ᠰᠣᠶᠣᠯ  ᠤᠨ ᠲᠣᠮᠣ ᠬᠤᠰᠢᠭᠤ  ᠶᠢ ᠪᠠᠶᠢᠭᠤᠯᠬᠤ ᠲᠣᠭᠤᠷᠢᠨ  ᠳᠤ ᠠᠭᠤᠯᠭ᠎ᠠ ᠪᠠᠶᠠᠯᠢᠭ ᠣᠯᠠᠨ ᠲᠦᠮᠡᠨᠴᠢ ᠰᠣᠶᠣᠯ ᠪᠠᠶ᠎ᠠ ᠲᠠᠮᠢᠷ  ᠤᠨ ᠠᠵᠢᠯᠯᠠᠭ᠎ᠠ  ᠶᠢ ᠦᠷᠬᠡᠨ ᠲᠡᠯᠬᠡᠷᠡᠩᠬᠦᠢ ᠦᠷᠨᠢᠬᠦᠯᠦᠨ᠎ᠠ︔ ᠰᠡᠬᠦᠳᠡᠷᠯᠡᠵᠣ ᠨᠠᠶᠢᠷᠠᠭᠤᠯᠣᠨ ᠨᠡᠪᠳᠠᠷᠡᠬᠦᠯᠬᠦ ᠲᠦᠬᠦᠬᠡᠷᠦᠮᠵᠢ  ᠶᠢ ᠰᠠᠶᠢᠵᠢᠷᠠᠭᠤᠯᠬᠤ ᠪᠠᠷ ᠴᠢᠷᠮᠠᠶᠢᠨ᠂ ᠰᠣᠨᠢᠨ ᠮᠡᠳᠡᠬᠡᠨ  ᠤ ᠲᠡᠯᠬᠡᠴᠨ  ᠶᠢᠨ ᠶᠠᠰᠣ ᠴᠢᠨᠠᠷ  ᠢ ᠲᠡᠬᠡᠭᠰᠢᠯᠡᠬᠦᠯᠵᠣ᠂ ᠷᠠᠳᠢᠣ᠋ ᠲᠧᠯᠸᠢᠰ  ᠤᠨ ︽ᠲᠣᠰᠬᠤᠨ  ᠳᠤ ᠨᠠᠪᠳᠠᠷᠡᠬᠦᠯᠬᠦ︾ ᠢᠨᠵᠧᠨᠧᠷᠢᠩ ᠢ ᠶᠡᠭᠡ ᠬᠦᠴᠦᠨ  ᠢᠶᠠᠷ ᠠᠬᠢᠭᠤᠯᠣᠨ᠂ ᠮᠠᠯᠴᠢᠨ ᠲᠦᠮᠡᠨ  ᠤ ᠲᠧᠯᠸᠢᠰ ᠦᠵᠡᠬᠦ ᠠᠰᠠᠭᠤᠳᠠᠯ  ᠢ ᠭᠤᠣᠯᠳᠠᠯᠭ᠎ᠠ ᠲᠠᠢ ᠰᠢᠢᠳᠪᠣᠷᠢᠯᠠᠨ᠎ᠠ᠃ ᠰᠣᠷᠭᠠᠨ ᠬᠦᠮᠦᠵᠢᠯ  ᠤᠨ ᠠᠵᠢᠯ  ᠤᠨ ᠲᠠᠯ᠎ᠠ ᠪᠠᠷ ︽ᠬᠤᠶᠠᠷ ᠦᠨᠳᠣᠰᠣᠨ︾  ᠢ ᠪᠠᠷᠢᠮᠵᠢᠶᠠᠨ  ᠳᠤ ᠬᠦᠷᠬᠡᠭᠰᠡᠨ ᠦᠷ᠎ᠠ ᠪᠦᠳᠦᠮᠵᠢ ᠪᠠᠨ ᠦᠷᠬᠦᠯᠵᠢᠯᠡᠨ ᠪᠠᠳᠣᠳᠬᠠᠨ ᠲᠡᠬᠡᠭᠰᠢᠯᠡᠬᠦᠯᠵᠣ᠂ ᠰᠣᠷᠣᠯᠭ᠎ᠠ ᠲᠣᠷᠭᠤᠨ ᠵᠣᠭᠰᠣᠬᠤ  ᠶᠢ ᠰᠡᠷᠬᠡᠶᠢᠯᠡᠬᠦ ᠠᠵᠢᠯ  ᠢ ᠴᠢᠩᠭ᠎ᠠ ᠠᠳᠬᠤᠨ᠂ ᠬᠤᠶᠠᠳᠣᠭᠠᠷ ᠪᠠᠭ᠎ᠠ ᠰᠣᠷᠭᠠᠭᠤᠯᠢ  ᠶᠢᠨ ᠵᠢᠭᠠᠨ ᠰᠣᠷᠭᠠᠯᠳᠠ  ᠶᠢᠨ ᠠᠰᠠᠷ ᠪᠠ ᠨᠢᠬᠡᠳᠣᠬᠡᠷ ᠲᠣᠮᠳᠠᠳᠣ ᠰᠣᠷᠭᠠᠭᠤᠯᠢ  ᠶᠢᠨ ᠲᠣᠷᠰᠢᠯᠳᠠ  ᠶᠢᠨ ᠠᠰᠠᠷ  ᠤᠨ ︽ᠠᠶᠣᠯᠳᠣ ᠬᠡᠷ ᠪᠠᠶᠢᠰᠢᠩ  ᠢ ᠦᠬᠡᠷᠡᠴᠢᠯᠡᠨ ᠰᠢᠨᠡᠳᠬᠡᠬᠦ︾ ᠲᠦᠷᠦᠯ ᠵᠦᠢᠯ  ᠤᠨ ᠢᠨᠵᠧᠨᠧᠷᠢᠩ ᠵᠢᠴᠢ ᠵᠠᠯᠠᠭᠤᠴᠣᠳ ᠪᠠᠭᠠᠴᠣᠳ  ᠤᠨ ᠬᠦᠳᠡᠯᠬᠡᠬᠡᠨ  ᠤ ᠲᠦᠪ  ᠤᠨ ᠪᠦᠳᠦᠬᠡᠨ ᠪᠠᠶᠢᠭᠤᠯᠣᠯᠳᠠ  ᠶᠢᠨ ᠡᠬᠦᠷᠬᠡ  ᠶᠢ ᠪᠠᠶᠡᠯᠡᠬᠦᠯᠦᠨ᠎ᠠ︔  ︽ᠬᠤᠶᠠᠷ  ᠢ ᠬᠡᠯᠳᠣᠷᠢᠬᠦᠯᠵᠣ ᠨᠢᠬᠡ  ᠶᠢ ᠨᠦᠬᠦᠪᠣᠷᠢᠯᠡᠬᠦ︾ ᠲᠦᠷᠦ ᠶᠢᠨ ᠪᠣᠳᠣᠯᠭ᠎ᠠ ᠶᠢ ᠴᠢᠩᠭ᠎ᠠ ᠬᠡᠷᠡᠭᠵᠢᠬᠦᠯᠦᠨ ᠰᠠᠶᠢᠳᠣᠷ ᠨᠠᠶᠢᠳᠠᠪᠣᠷᠢᠵᠢᠭᠤᠯᠵᠣ᠂ ᠰᠣᠷᠭᠠᠨ ᠬᠦᠮᠦᠵᠢᠯ  ᠤᠨ ᠰᠢᠰᠲ᠋ᠧᠮ  ᠤᠨ ᠠᠵᠢᠯ ᠦᠢᠯᠡᠰ  ᠤᠨ ᠨᠢᠬᠡᠴᠨ  ᠶᠢᠨ ᠠᠵᠢᠯᠳᠠᠨ ᠤ ᠲᠦᠷᠢᠮ  ᠤᠨ ᠦᠬᠡᠷᠡᠴᠢᠯᠠᠯᠳᠠ ᠶᠢ ᠦᠷᠬᠦᠯᠵᠢᠯᠡᠨ ᠬᠦᠨᠵᠡᠬᠡᠶᠢᠷᠡᠬᠦᠯᠦᠨ᠎ᠠ᠃ ᠡᠷᠡᠬᠦᠯ ᠬᠠᠮᠠᠭᠠᠯᠠᠯ  ᠤᠨ ᠠᠵᠢᠯ  ᠤᠨ ᠲᠠᠯ᠎ᠠ ᠪᠠᠷ ᠬᠤᠯᠣᠭᠠᠨ᠎ᠠ ᠬᠢᠵᠢᠭ᠂  ᠬᠡᠬᠡᠯ ᠡᠪᠡᠳᠴᠢᠨ ᠵᠡᠷᠬᠡ ᠬᠠᠯᠳᠠᠪᠣᠷᠢᠳᠣ ᠡᠪᠡᠳᠴᠢᠨ ᠪᠠ ᠣᠷᠣᠨ ᠨᠣᠳᠤᠭ  ᠤᠨ ᠡᠪᠡᠳᠴᠢᠨ ᠢ ᠰᠡᠷᠬᠡᠶᠢᠯᠡᠨ ᠵᠠᠰᠠᠬᠤ᠂ ᠠᠭᠤᠰᠬᠢᠨ ᠰᠦᠷᠢᠶ᠎ᠠ ᠡᠪᠡᠳᠴᠢᠨ  ᠢ ᠬᠢᠵᠠᠭᠠᠷᠯᠠᠬᠤ ᠠᠵᠢᠯ  ᠢ ᠭᠤᠣᠯᠳᠠᠯᠭ᠎ᠠ ᠲᠠᠢ ᠰᠠᠶᠢᠳᠣᠷ ᠬᠢᠵᠣ᠂ ᠮᠠᠯᠵᠢᠬᠤ ᠣᠷᠣᠨ  ᠤ ᠰᠢᠨ᠎ᠠ ᠬᠡᠯᠪᠡᠷᠢ  ᠶᠢᠨ ᠬᠤᠷᠰᠢᠭᠰᠠᠨ ᠡᠮᠴᠢᠯᠡᠬᠡᠨ  ᠤ ᠲᠣᠷᠰᠢᠯᠳᠠ ᠶᠢᠨ ᠴᠢᠭ ᠤᠨ ᠠᠵᠢᠯ  ᠢ ᠢᠳᠡᠪᠬᠢᠳᠠᠢ ᠠᠬᠢᠭᠤᠯᠣᠨ᠂ ᠢᠳᠡᠬᠡᠨ  ᠤ ᠠᠮᠣᠷ ᠲᠦᠪᠰᠢᠨ  ᠤ ᠬᠢᠨᠠᠨ ᠬᠠᠮᠢᠶᠠᠷᠣᠯᠳᠠ  ᠶᠢᠨ ᠠᠵᠢᠯ  ᠢ ᠴᠢᠩᠭᠠᠳᠬᠠᠵᠣ᠂ 50%  ᠠᠴᠠ ᠲᠡᠬᠡᠭᠰᠢ ᠭᠠᠴᠠᠭᠠᠨ  ᠤ ᠡᠷᠡᠬᠦᠯ ᠬᠠᠮᠠᠭᠠᠯᠠᠯ  ᠤᠨ ᠲᠠᠰᠤᠭ  ᠢ ᠰᠡᠷᠬᠦᠬᠡᠨ ᠪᠠᠶᠢᠭᠤᠯᠣᠨ᠎ᠠ᠃ ᠰᠢᠨᠵᠢᠯᠡᠭᠡ ᠮᠡᠷᠬᠡᠵᠢᠯ  ᠤᠨ ᠠᠵᠢᠯ ᠤᠨ ᠲᠠᠯ᠎ᠠ ᠪᠠᠷ ᠮᠣᠩᠭᠤᠯ ᠬᠢᠳᠠᠳ ᠬᠡᠯᠡᠨ  ᠤ ᠰᠢᠨᠵᠢᠯᠡᠭᠡ ᠮᠡᠷᠬᠡᠵᠢᠯ  ᠤᠨ ᠮᠡᠳᠡᠭᠡ ᠵᠠᠩᠬᠢ  ᠶᠢᠨ ᠲᠣᠣᠷ ᠰᠦᠯᠵᠢᠶ᠎ᠠ  ᠶᠢ ᠦᠷᠬᠦᠯᠵᠢᠯᠡᠨ ᠪᠦᠷᠢᠨᠰᠢᠬᠦᠯᠵᠣ᠂ ᠰᠣᠮᠣ᠂ ᠭᠠᠴᠠᠭ᠎ᠠ  ᠪᠠ ᠮᠠᠯᠵᠢᠬᠤ ᠡᠷᠦᠬᠡ  ᠶᠢ ᠬᠠᠮᠣᠷᠣᠭᠰᠠᠨ ᠭᠤᠷᠪᠠᠨ ᠱᠠᠳᠣᠨ  ᠤ ᠮᠡᠳᠡᠭᠡ ᠵᠠᠩᠬᠢ  ᠶᠢᠨ ᠲᠣᠣᠷ  ᠤᠨ ᠪᠦᠳᠦᠬᠡᠨ ᠪᠠᠶᠢᠭᠤᠯᠣᠯᠳᠠ  ᠶᠢᠨ ᠠᠬᠢᠴᠨ  ᠶᠢ  ᠲᠦᠷᠬᠡᠰᠬᠡᠨ᠂ ᠪᠠᠷᠠᠭᠤᠨ ᠣᠷᠣᠨ  ᠤ ᠰᠢᠨᠵᠢᠯᠡᠬᠦ ᠣᠬᠠᠭᠠᠨ  ᠤ ᠮᠡᠳᠡᠯᠬᠡ  ᠶᠢ ᠲᠦᠬᠡᠮᠡᠯᠵᠢᠬᠦᠯᠬᠦ ᠢᠨᠵᠧᠨᠧᠷᠢᠩ  ᠤᠨ ︽ᠠᠢ ᠳ᠋ᠧ ᠪᠠᠷᠠᠭᠤᠨ ᠣᠷᠣᠨ  ᠢ ᠦᠷᠬᠦᠯᠵᠢᠯᠡᠨ ᠬᠦᠭᠵᠢᠬᠦᠯᠬᠦ  ᠲᠦᠷᠦᠯ ᠵᠦᠢᠯ︾  ᠢ ᠢᠳᠡᠪᠬᠢᠳᠠᠢ ᠭᠤᠶᠣᠴᠢᠯᠠᠨ᠎ᠠ᠃ ᠬᠦᠮᠦᠨ ᠠᠮᠨ ᠪᠠ ᠲᠦᠯᠦᠪᠯᠡᠬᠡᠳᠣ ᠦᠷᠡᠵᠢᠯ  ᠤᠨ ᠠᠵᠢᠯ  ᠤᠨ ᠲᠠᠯ᠎ᠠ  ᠪᠠᠷ ᠬᠠᠷᠠᠯᠳᠠᠳᠣ ᠬᠠᠮᠢᠶᠠᠷᠣᠯᠳᠠ  ᠶᠢᠨ ᠬᠠᠷᠢᠭᠤᠴᠠᠯᠭ᠎ᠠ  ᠶᠢᠨ ᠲᠦᠷᠢᠮ  ᠢ ᠦᠷᠬᠦᠯᠵᠢᠯᠡᠨ ᠪᠦᠷᠢᠨᠰᠢᠬᠦᠯᠵᠣ᠂ ︽ᠲᠦᠯᠦᠪᠯᠡᠬᠡᠳᠣ ᠦᠷᠡᠵᠢᠯ ᠤᠨ ᠰᠢᠯᠢᠳᠡᠭ ᠦᠢᠯᠡᠴᠢᠯᠡᠬᠡᠨ ᠤ ᠬᠤᠰᠢᠭᠤ︾  ᠶᠢ ᠡᠬᠦᠳᠣᠨ ᠪᠠᠶᠢᠭᠤᠯᠬᠤ ᠠᠵᠢᠯᠯᠠᠭ᠎ᠠ  ᠶᠢ ᠶᠡᠬᠡᠪᠡᠷ ᠦᠷᠨᠢᠬᠦᠯᠦᠨ᠂ ᠲᠦᠯᠦᠪᠯᠡᠬᠡᠳᠣ ᠦᠷᠡᠵᠢᠯ  ᠤᠨ ᠦᠢᠯᠡᠴᠢᠯᠡᠬᠡᠨ  ᠤ ᠬᠢᠷᠢ ᠲᠦᠪᠰᠢᠨ  ᠢ  ᠲᠡᠬᠡᠭᠰᠢᠯᠡᠬᠦᠯᠦᠨ᠎ᠠ᠃ ︵ᠲᠣᠯᠤᠭ᠎ᠠ︶ ᠵᠠᠰᠠᠭ  ᠤᠨ ᠣᠷᠳᠣᠨ  ᠤ ᠲᠣᠰ ᠪᠠᠶ᠎ᠠ ᠶᠢᠨ ᠪᠠᠶᠢᠭᠤᠯᠣᠯᠳᠠ ᠪᠠᠨ ᠴᠢᠩᠭᠠᠳᠬᠠᠵᠣ᠂ ᠠᠷᠠᠳ ᠲᠦᠮᠡᠨ ᠬᠠᠨᠣᠮᠵᠢᠳᠠᠢ ᠵᠠᠰᠠᠭ  ᠤᠨ ᠣᠷᠳᠣᠨ ᠪᠣᠯᠭᠠᠨ ᠪᠠᠶᠢᠭᠤᠯᠬᠤ ᠪᠠᠷ ᠴᠢᠷᠮᠠᠶᠢᠨ᠎ᠠ᠃ᠣᠳᠣᠬᠠᠨ ᠦᠷᠨᠢᠬᠦᠯᠵᠤ ᠪᠠᠶᠢᠭ᠎ᠠ ᠡᠪ ᠬᠠᠮᠳᠣ ᠨᠠᠮ  ᠤᠨ ᠬᠡᠰᠢᠬᠦᠨ  ᠤ ᠲᠡᠷᠢᠬᠦᠨ  ᠤ ᠴᠢᠨᠠᠷ  ᠢ ᠪᠠᠳᠣᠯᠠᠬᠤ ᠬᠦᠮᠦᠵᠢᠯ  ᠤᠨ ᠬᠦᠳᠡᠯᠬᠡᠬᠡᠨ  ᠲᠠᠢ ᠣᠶᠠᠯᠳᠣᠭᠤᠯᠣᠨ᠂ ᠵᠠᠰᠠᠭ  ᠤᠨ ᠣᠷᠳᠣᠨ  ᠤ ᠵᠠᠰᠠᠭ ᠪᠠᠷᠢᠬᠤ ᠴᠢᠳᠠᠪᠣᠷᠢ  ᠶᠢᠨ ᠪᠦᠳᠦᠬᠡᠨ ᠪᠠᠶᠢᠭᠤᠯᠣᠯᠳᠠ  ᠶᠢ ᠪᠦᠬᠦ ᠲᠠᠯ᠎ᠠ ᠪᠠᠷ ᠴᠢᠩᠭᠠᠳᠬᠠᠵᠣ᠂ ᠵᠠᠰᠠᠭ  ᠤᠨ ᠣᠷᠳᠣᠨ  ᠤ ᠠᠵᠣ ᠠᠬᠤᠢ ᠪᠠ ᠨᠡᠶᠢᠬᠡᠮ  ᠤᠨ ᠬᠡᠷᠡᠭ ᠶᠠᠪᠣᠳᠠᠯ  ᠢ ᠬᠠᠮᠢᠶᠠᠷᠬᠤ ᠴᠢᠳᠠᠪᠣᠷᠢ  ᠶᠢ ᠲᠠᠰᠣᠷᠠᠯᠳᠠ ᠦᠬᠡᠢ ᠲᠡᠬᠡᠭᠰᠢᠯᠡᠬᠦᠯᠦᠨ᠎ᠠ᠃ ᠨᠢᠬᠡ  ᠳᠤ᠂ ᠵᠠᠰᠠᠭ  ᠤᠨ ᠣᠷᠳᠣᠨ  ᠤ ᠴᠢᠳᠠᠪᠬᠢ  ᠶᠢᠨ ᠬᠤᠪᠢᠷᠠᠭᠤᠯᠣᠯᠳᠠ  ᠶᠢ ᠲᠦᠷᠬᠡᠳᠬᠡᠨ᠎ᠠ᠃ ᠵᠠᠰᠠᠭ ᠵᠠᠬᠢᠷᠭ᠎ᠠ ᠪᠠ ᠠᠵᠣ ᠠᠬᠤᠶᠢᠯᠠᠯ ᠠᠵᠢᠯ  ᠢᠶᠠᠨ ᠬᠤᠪᠢᠶᠠᠷᠢᠯᠠᠵᠣ᠂ ᠵᠠᠰᠠᠭ ᠵᠠᠬᠢᠷᠭ᠎ᠠ ᠪᠠ ᠠᠵᠢᠯ ᠦᠢᠯᠡᠰ ᠢ ᠰᠠᠯᠭᠠᠬᠤ ᠵᠠᠷᠴᠢᠮ  ᠢᠶᠠᠷ᠂ ᠠᠵᠣ ᠠᠬᠤᠢ  ᠶᠢᠨ ᠲᠣᠬᠢᠷᠠᠭᠤᠯᠣᠯᠳᠠ᠂ ᠵᠠᠬ᠎ᠠ ᠲᠡᠯᠬᠡᠬᠦᠷ  ᠤᠨ ᠬᠢᠨᠠᠨ ᠬᠠᠮᠢᠶᠠᠷᠣᠯᠳᠠ᠂ ᠨᠡᠶᠢᠬᠡᠮ  ᠤᠨ ᠬᠠᠮᠢᠶᠠᠷᠣᠯᠳᠠ ᠪᠠ ᠣᠯᠠᠨ ᠨᠠᠶᠢᠳᠠ  ᠶᠢᠨ ᠦᠢᠯᠡᠴᠢᠯᠡᠬᠡᠨ  ᠤ ᠴᠢᠳᠠᠪᠬᠢ ᠪᠠᠨ ᠪᠦᠬᠦ ᠲᠠᠯ᠎ᠠ ᠪᠠᠷ ᠬᠦᠢᠴᠡᠳᠬᠡᠨ᠎ᠠ᠃ ᠠᠵᠣ ᠦᠢᠯᠡᠰ  ᠤᠨ ᠲᠦᠷᠦ  ᠶᠢᠨ ᠪᠣᠳᠣᠯᠭ᠎ᠠ᠂ ᠬᠦᠭᠵᠢᠯᠳᠠ  ᠶᠢᠨ ᠲᠦᠯᠦᠪᠵᠢᠬᠦᠯᠬᠡ ᠵᠡᠷᠬᠡ  ᠶᠢ ᠲᠣᠭᠳᠠᠭᠠᠬᠤ ᠪᠠᠷ ᠲᠠᠮᠵᠢᠨ᠂ ᠵᠠᠬ᠎ᠠ ᠲᠡᠯᠬᠡᠬᠦᠷ  ᠤᠨ ᠭᠤᠣᠯ ᠴᠣᠭᠴᠨ  ᠳᠤ ᠰᠢᠯᠢᠳᠡᠭ ᠰᠠᠶᠢᠨ ᠬᠦᠭᠵᠢᠯᠳᠠ  ᠶᠢᠨ ᠣᠷᠴᠢᠨ ᠪᠠ ᠡᠷᠬᠡ ᠲᠡᠭᠰᠢ ᠦᠷᠢᠰᠣᠯᠳᠣᠬᠡᠨ  ᠤ ᠨᠦᠬᠦᠴᠡᠯ  ᠢ ᠡᠬᠦᠳᠴᠣ ᠦᠭᠬᠦᠨ᠎ᠠ︔ ᠠᠵᠣ ᠠᠬᠤᠢ ᠨᠡᠶᠢᠬᠡᠮ  ᠤᠨ ᠬᠦᠭᠵᠢᠯᠳᠠ ᠶᠢᠨ ᠴᠢᠬᠤᠯᠨ ᠶᠡᠭᠡ ᠪᠠᠶᠢᠯᠳᠣᠬᠤ ᠪᠣᠳᠣᠯᠭᠠᠳᠣ ᠠᠰᠠᠭᠤᠳᠠᠯ  ᠢ ᠰᠣᠳᠣᠯᠬᠤ  ᠶᠢ ᠴᠢᠬᠤᠯᠠᠴᠢᠯᠠᠨ᠂ ︽ᠠᠷᠪᠠᠨ ᠨᠢᠬᠡᠳᠣᠬᠡᠷ ᠲᠠᠪᠣᠨ ᠵᠢᠯ︾  ᠤᠨ ᠲᠦᠯᠦᠪᠵᠢᠬᠦᠯᠬᠡ  ᠶᠢ ᠨᠠᠶᠢᠷᠠᠭᠤᠯᠬᠤ ᠠᠵᠢᠯ  ᠢ ᠬᠢᠨᠠᠮᠠᠭᠠᠢ ᠰᠠᠶᠢᠨ ᠬᠢᠨ᠎ᠠ︔ ᠨᠡᠶᠢᠬᠡᠮ  ᠤᠨ ᠬᠠᠮᠢᠶᠠᠷᠣᠯᠳᠠ ᠶᠢᠨ ᠡᠬᠦᠷᠬᠡ ᠴᠢᠳᠠᠪᠬᠢ ᠪᠠᠨ ᠬᠢᠨᠠᠮᠠᠭᠠᠢ ᠬᠦᠢᠴᠡᠳᠬᠡᠵᠣ᠂ ᠬᠠᠣᠯᠢ ᠶᠣᠰᠣᠭᠠᠷ ᠨᠡᠶᠢᠬᠡᠮ  ᠤᠨ ᠬᠡᠷᠡᠭ ᠶᠠᠪᠣᠳᠠᠯ  ᠢ ᠬᠠᠮᠢᠶᠠᠷᠣᠨ᠎ᠠ︔ ᠣᠯᠠᠨ ᠨᠠᠶᠢᠳᠠ  ᠶᠢᠨ ᠦᠢᠯᠡᠴᠢᠯᠡᠬᠡᠨ  ᠤ ᠴᠢᠳᠠᠪᠬᠢ ᠪᠠᠨ ᠴᠢᠩᠭᠠᠳᠬᠠᠵᠣ᠂ ᠣᠯᠠᠨ ᠨᠠᠶᠢᠳᠠ ᠶᠢᠨ ᠦᠢᠯᠡᠴᠢᠯᠡᠬᠡᠨ  ᠤ ᠰᠢᠰᠲ᠋ᠧᠮ  ᠢ ᠪᠦᠷᠢᠨᠰᠢᠬᠦᠯᠦᠨ᠎ᠠ᠃ ᠬᠤᠶᠠᠷ  ᠲᠤ᠂ ᠬᠠᠣᠯᠢ ᠶᠣᠰᠣᠭᠠᠷ ᠵᠠᠰᠠᠭᠯᠠᠬᠤ  ᠶᠢ ᠴᠢᠩᠭᠠᠳᠬᠠᠨ᠎ᠠ᠃ ᠬᠠᠣᠯᠢ ᠶᠣᠰᠣᠭᠠᠷ ᠵᠠᠰᠠᠭᠯᠠᠬᠤ ᠬᠡᠷᠡᠭᠵᠢᠬᠦᠯᠬᠦ ᠬᠦᠳᠣᠯᠪᠣᠷᠢ  ᠶᠢ ᠬᠦᠨᠵᠡᠬᠡᠢ ᠲᠣᠣᠱᠯᠠᠭᠤᠯᠣᠨ ᠨᠠᠶᠢᠳᠠᠪᠣᠷᠢᠵᠢᠭᠤᠯᠵᠣ᠂ ᠬᠠᠣᠯᠢ  ᠳᠤ ᠲᠣᠭᠳᠠᠭᠠᠭᠰᠠᠨ ᠡᠷᠬᠡ  ᠶᠢᠨ ᠬᠢᠵᠠᠭᠠᠷ ᠪᠠ ᠡᠮᠬᠢ ᠲᠠᠷᠠᠭᠠᠯᠠᠯ  ᠢ ᠴᠢᠩᠭ᠎ᠠ ᠵᠢᠷᠣᠮᠯᠠᠵᠣ ᠡᠷᠬᠡ ᠡᠬᠦᠷᠬᠡ ᠪᠠᠨ ᠬᠦᠢᠴᠡᠳᠬᠡᠨ᠂ ᠬᠠᠣᠯᠢ ᠶᠣᠰᠣᠭᠠᠷ ᠵᠠᠰᠠᠭᠯᠠᠬᠤ ᠴᠢᠳᠠᠪᠣᠷᠢ ᠪᠠ ᠬᠢᠷᠢ ᠲᠦᠪᠰᠢᠨ  ᠢᠶᠠᠨ ᠴᠢᠷᠮᠠᠶᠢᠨ ᠲᠡᠬᠡᠭᠰᠢᠯᠡᠬᠦᠯᠦᠨ᠎ᠠ︔ ᠬᠠᠣᠯᠢ  ᠶᠢᠨ ᠠᠷᠭ᠎ᠠ ᠪᠠᠷᠢᠯ  ᠢ ᠰᠠᠶᠢᠳᠣᠷ ᠬᠡᠷᠡᠭᠯᠡᠨ ᠠᠵᠣ ᠠᠬᠤᠢ ᠨᠡᠶᠢᠬᠡᠮ  ᠤᠨ ᠬᠡᠷᠡᠭ ᠶᠠᠪᠣᠳᠠᠯ  ᠢ ᠬᠠᠮᠢᠶᠠᠷᠴᠤ᠂ ᠬᠠᠣᠯᠢ ᠶᠣᠰᠣᠭᠠᠷ ᠨᠡᠶᠢᠬᠡᠮ  ᠤᠨ ᠡᠯ᠎ᠠ ᠵᠦᠢᠯ  ᠤᠨ ᠵᠦᠷᠢᠴᠡᠯ  ᠢ ᠵᠣᠬᠢᠰᠳᠠᠢ ᠰᠢᠢᠳᠪᠣᠷᠢᠯᠠᠨ᠎ᠠ︔ ᠵᠠᠰᠠᠭ ᠵᠠᠬᠢᠷᠭᠠᠨ  ᠤ ᠬᠠᠣᠯᠢ ᠬᠡᠷᠡᠭᠵᠢᠬᠦᠯᠬᠦ ᠲᠣᠭᠳᠠᠴᠨ  ᠶᠢ ᠲᠡᠬᠦᠯᠳᠡᠷᠵᠢᠬᠦᠯᠦᠨ᠂ ᠵᠠᠰᠠᠭ ᠵᠠᠬᠢᠷᠭᠠᠨ ᠤ ᠬᠠᠣᠯᠢ ᠬᠡᠷᠡᠭᠵᠢᠬᠦᠯᠬᠦ ᠡᠩᠨᠡᠬᠡᠨ  ᠤ ᠪᠠᠶᠢᠭᠤᠯᠣᠯᠳᠠ ᠪᠠ ᠬᠢᠨᠠᠯᠳᠠ ᠪᠠᠨ ᠴᠢᠩᠭᠠᠳᠬᠠᠨ᠂ ᠵᠠᠰᠠᠭ ᠵᠠᠬᠢᠷᠭᠠᠨ  ᠤ ᠬᠠᠣᠯᠢ ᠬᠡᠷᠡᠭᠵᠢᠬᠦᠯᠬᠦ ᠬᠠᠷᠢᠭᠤᠴᠠᠯᠭ᠎ᠠ  ᠶᠢᠨ ᠲᠦᠷᠢᠮ  ᠢ ᠪᠦᠬᠦ ᠲᠠᠯ᠎ᠠ ᠪᠠᠷ ᠬᠡᠷᠡᠭᠵᠢᠬᠦᠯᠦᠨ᠎ᠠ᠃ ᠭᠤᠷᠪᠠ  ᠳᠤ᠂ ᠵᠠᠰᠠᠭ  ᠤᠨ ᠰᠣᠷᠳᠠᠯ  ᠢ ᠦᠨᠡᠨᠬᠦ ᠬᠠᠯᠠᠨ ᠰᠠᠶᠢᠵᠢᠷᠠᠭᠤᠯᠣᠨ᠎ᠠ᠃ ᠰᠢᠨᠵᠢᠯᠡᠬᠦ ᠣᠬᠠᠭᠠᠨᠴᠢ ᠬᠦᠭᠵᠢᠯᠳᠠ  ᠶᠢᠨ ᠦᠵᠡᠯᠳᠠ ᠪᠠ ᠵᠦᠪ ᠣᠨᠣᠪᠴᠢᠳᠠᠢ ᠵᠠᠰᠠᠭ ᠪᠠᠷᠢᠬᠤ ᠦᠷ᠎ᠠ ᠪᠦᠳᠦᠮᠵᠢ ᠶᠢᠨ ᠦᠵᠡᠯᠳᠠ  ᠶᠢ ᠪᠠᠬᠢᠵᠢᠬᠦᠯᠵᠣ᠂ ᠦᠨᠡᠨ ᠢ ᠪᠠᠷᠢᠮᠳᠠᠯᠠᠵᠣ᠂ ᠪᠣᠰᠣᠳᠴᠢ ᠵᠢᠮ᠎ᠠ ᠶᠣᠰᠣ  ᠶᠢ ᠦᠨᠳᠣᠰᠣᠯᠡᠨ ᠠᠵᠢᠯ  ᠢᠶᠠᠨ ᠡᠷᠬᠢᠯᠡᠬᠦ  ᠶᠢ ᠪᠠᠷᠢᠮᠳᠠᠯᠠᠨ᠂ ᠬᠡᠯᠪᠡᠷᠢᠴᠢ ᠦᠵᠡᠯ᠂ ᠨᠣᠶᠠᠨᠴᠢ ᠦᠵᠡᠯ  ᠶᠢ ᠡᠷᠡᠰ ᠡᠰᠡᠷᠬᠦᠴᠡᠨ᠎ᠠ︔ ᠡᠯᠧᠺᠲᠷᠣᠨᠴᠢᠯᠠᠭᠰᠠᠨ ᠵᠠᠰᠠᠭ  ᠤᠨ ᠶᠠᠪᠣᠳᠠᠯ  ᠤᠨ ᠪᠦᠳᠦᠬᠡᠨ ᠪᠠᠶᠢᠭᠤᠯᠣᠯᠳᠠ  ᠶᠢ ᠲᠦᠷᠬᠡᠳᠬᠡᠨ᠂ ᠵᠠᠰᠠᠭ  ᠤᠨ ᠣᠷᠳᠣᠨ  ᠤ ᠠᠵᠢᠯ  ᠤᠨ ᠪᠦᠳᠦᠮᠵᠢ ᠪᠠ  ᠵᠠᠰᠠᠭ  ᠤᠨ ᠶᠠᠪᠤᠳᠠᠯ ‍ᠣᠨ‌ᠢᠯᠨ ᠲᠣᠳᠣ ᠬᠡᠮᠵᠢᠶ᠎ᠠ  ᠶᠢ ᠲᠡᠬᠡᠭᠰᠢᠯᠡᠬᠦᠯᠦᠨ᠎ᠠ︔ ᠨᠡᠮ  ᠤᠨ ᠰᠣᠷᠳᠠᠯ᠂ ᠠᠷᠢᠭᠤᠨ ᠴᠢᠭᠡᠴᠢ ᠪᠠᠷ ᠵᠠᠰᠠᠭᠯᠠᠬᠤ ᠪᠦᠳᠦᠬᠡᠨ ᠪᠠᠶᠢᠭᠤᠯᠣᠯᠳᠠ  ᠶᠢᠨ ᠬᠠᠷᠢᠭᠤᠴᠠᠯᠭ᠎ᠠ  ᠶᠢᠨ ᠲᠦᠷᠢᠮ  ᠢ ᠴᠢᠩᠭ᠎ᠠ ᠨᠠᠶᠢᠳᠠᠪᠣᠷᠢᠵᠢᠭᠤᠯᠵᠣ᠂ ᠣᠳᠣᠷᠢᠳᠬᠤ ᠺᠠᠳᠠᠷ  ᠤᠨ ᠠᠷᠢᠭᠤᠨ ᠴᠢᠬᠡᠴᠢ ᠪᠠᠷ ᠦᠪᠡᠷ  ᠢ ᠪᠠᠨ ᠱᠠᠭᠠᠷᠳᠠᠬᠤ ᠡᠯ᠎ᠠ ᠵᠦᠢᠯ  ᠤᠨ ᠲᠦᠷᠢᠮ ᠲᠣᠭᠳᠠᠭᠠᠯ  ᠢ ᠬᠢᠨᠠᠮᠠᠭᠠᠢ ᠲᠣᠣᠱᠯᠠᠭᠤᠯᠣᠨ᠂ ᠬᠠᠣᠯᠢ ᠰᠠᠬᠢᠯᠭ᠎ᠠ ᠵᠦᠷᠢᠴᠡᠭᠰᠡᠨ ᠬᠡᠷᠡᠭ  ᠢ ᠡᠷᠡᠰ  ᠢᠶᠠᠷ ᠪᠠᠶᠢᠴᠠᠭᠠᠨ ᠰᠢᠢᠳᠪᠣᠷᠢᠯᠠᠵᠣ᠂ ᠢᠯᠵᠠᠷᠠᠨ ᠲᠣᠷᠣᠶᠢᠳᠠᠭᠰᠠᠳ  ᠢ ᠴᠢᠩᠭ᠎ᠠ ᠰᠢᠳᠬᠡᠨ᠎ᠠ︔ ᠰᠠᠯᠠᠭ᠎ᠠ ᠮᠦᠴᠢᠷ ᠪᠠ ᠠᠵᠢᠯ ᠦᠢᠯᠡᠰ  ᠤᠨ ᠲᠦᠪ ᠪᠣᠰᠣ ᠰᠣᠷᠳᠠᠯ  ᠢ ᠡᠷᠡᠰ ᠵᠠᠯᠠᠷᠠᠭᠤᠯᠣᠨ᠂ ᠡᠷᠬᠡ ᠪᠠᠨ ᠠᠰᠢᠭᠯᠠᠨ ᠬᠤᠪᠢ  ᠪᠠᠨ ᠪᠣᠷᠳᠣᠬᠤ᠂  ᠠᠷᠠᠳ   ᠲᠠᠢ ᠠᠰᠢᠭ  ᠪᠤᠯᠢᠶᠠᠯᠳᠤᠬᠤ ᠪᠠ ᠣᠯᠠᠨ ᠲᠦᠮᠡᠨ  ᠤ ᠠᠰᠢᠭ ᠲᠣᠰᠨ  ᠶᠢ ᠬᠤᠬᠢᠷᠠᠭᠤᠯᠬᠤ ᠠᠰᠠᠭᠤᠳᠠᠯ  ᠢ ᠦᠨᠡᠨᠬᠦ ᠰᠢᠢᠳᠪᠣᠷᠢᠯᠠᠨ᠎ᠠ᠃ ᠲᠦᠯᠦᠬᠡᠯᠡᠭᠴᠢᠳ ᠡ᠂ ᠡᠨ᠋ᠨ ᠵᠢᠯ  ᠤᠨ ᠪᠦᠬᠦ ᠬᠤᠰᠢᠭᠤᠨ  ᠤ ᠠᠵᠣ ᠠᠬᠤᠢ ᠨᠡᠶᠢᠬᠡᠮ  ᠤᠨ ᠬᠦᠭᠵᠢᠯᠳᠠ  ᠶᠢᠨ ᠡᠬᠦᠷᠬᠡ ᠲᠣᠩ ᠬᠦᠨᠳᠣ ᠪᠠᠶᠢᠨ᠎ᠠ᠃ ᠪᠢᠳᠠ ᠳ᠋ᠧᠩ ᠰᠢᠶᠣᠣ ᠫᠢᠩ  ᠤᠨ ᠣᠨᠣᠯ ᠪᠠ     ︽ᠭᠤᠷᠪᠠ  ᠶᠢ ᠲᠦᠯᠦᠬᠡᠯᠡᠬᠦ︾ ᠴᠢᠬᠤᠯᠨ ᠦᠵᠡᠯ ᠰᠠᠨᠠᠭᠠᠨ  ᠤ ᠠᠤᠭ᠎ᠠ ᠲᠤᠭ  ᠢ ᠦᠨᠳᠣᠷ ᠮᠠᠨᠳᠣᠭᠤᠯᠵᠣ᠂ ᠦᠵᠡᠯ ᠰᠠᠨᠠᠭ᠎ᠠ ᠪᠠ ᠠᠵᠢᠯᠯᠠᠭ᠎ᠠ ᠪᠠᠨ ᠴᠦᠮ ᠬᠤᠰᠢᠭᠤ ᠨᠠᠮ  ᠤᠨ ᠬᠤᠷᠢᠶᠠᠨ  ᠤ ᠰᠢᠢᠳᠪᠣᠷᠢᠳᠣ ᠪᠣᠳᠣᠯᠭ᠎ᠠ ᠪᠠ ᠪᠠᠶᠢᠷᠢᠯᠠᠭᠤᠯᠣᠯᠳᠠ ᠲᠡᠬᠡᠷ᠎ᠠ ᠨᠢᠬᠡᠳᠬᠡᠵᠣ᠂ ᠣᠳᠣᠬᠠᠨ ᠶᠠᠪᠣᠭᠳᠠᠵᠣ ᠪᠠᠶᠢᠭ᠎ᠠ ᠡᠪ ᠬᠠᠮᠳᠣ ᠨᠠᠮ  ᠤᠨ ᠬᠡᠰᠢᠬᠦᠨ  ᠤ ᠲᠡᠷᠢᠬᠦᠨ  ᠤ ᠴᠢᠨᠠᠷ  ᠢ ᠪᠠᠳᠣᠯᠠᠬᠤ ᠬᠦᠮᠦᠵᠢᠯ  ᠤᠨ ᠬᠦᠳᠡᠯᠬᠡᠬᠡᠨ  ᠢᠶᠠᠷ ᠬᠦᠳᠡᠯᠬᠡᠬᠦ ᠬᠦᠴᠦᠨ ᠪᠣᠯᠭᠠᠵᠣ᠂ ᠢᠳᠡᠪᠬᠢᠳᠠᠢ ᠣᠷᠣᠭᠰᠢᠯᠠᠨ᠂ ᠪᠣᠳᠠᠳᠠᠢ ᠠᠵᠢᠯᠯᠠᠵᠣ᠂ ᠮᠠᠨ  ᠤ ᠬᠤᠰᠢᠭᠤᠨ  ᠤ ᠠᠵᠣ ᠠᠬᠤᠢ ᠨᠡᠶᠢᠬᠡᠮ  ᠤᠨ ᠬᠦᠭᠵᠢᠯᠳᠠ  ᠶᠢᠨ ᠰᠢᠨ᠎ᠠ ᠪᠠᠶᠢᠳᠠᠯ  ᠢ ᠣᠯᠠᠮ ᠨᠢᠬᠡ ᠠᠯᠬᠤᠮ ᠡᠬᠦᠳᠬᠦ ᠪᠠᠷ ᠴᠢᠷᠮᠠᠶᠢᠨ ᠲᠡᠮᠡᠴᠡᠰᠣᠬᠡᠢ  ︕
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号